ᠪᠠᠭᠠᠷᠢᠨ ᠴᠡᠷᠢᠭ ᠦ᠋ ᠰᠠᠨ ᠭᠦᠢ ᠶᠢ ᠲᠠᠶᠢᠯᠠᠬᠤ           ᠲᠠᠶᠢᠨ ᠳᠤ  ᠲᠠᠳᠠᠭᠳᠠᠨ ᠶᠠᠪᠤᠭᠰᠠᠨ
ᠨᠡᠶᠢᠲᠡᠯᠡᠭᠰᠡᠨ ᠴᠠᠭ᠄
2020-06-20
   ᠪᠠᠭᠠᠷᠢᠨ ᠴᠡᠷᠢᠭ ᠦ᠋ ᠰᠠᠨ ᠭᠦᠢ ᠶᠢ ᠲᠠᠶᠢᠯᠠᠬᠤ          ᠲᠠᠶᠢᠨ ᠳᠤ  ᠲᠠᠳᠠᠭᠳᠠᠨ ᠶᠠᠪᠤᠭᠰᠠᠨ ᠦᠭᠡᠢ                                                ᠮᠡᠨᠳᠦ    ᠲᠠᠶᠢᠴᠢᠩ ᠭᠦᠷᠦᠨ ᠤ ᠲᠡᠤᠬᠡᠨ ᠲᠠᠬᠢ ᠤᠯᠤᠰ ᠲᠦᠷᠦ ᠴᠡᠷᠢᠭ ᠲᠠᠶᠢᠨ ᠤ ᠦᠢᠯᠡ ᠠᠵᠢᠯᠯᠠᠭ᠎ᠠ ᠳᠤ ᠮᠤᠩᠭᠤᠯ ᠤᠨ ᠡᠯ᠎ᠡ ᠠᠶᠢᠮᠠᠭ ᠠᠴᠠ ᠴᠡᠷᠢᠭ ᠲᠠᠳᠠᠬᠤ ᠤᠴᠢᠷ ᠤᠯᠠᠨᠳᠠ ᠭᠠᠷᠴᠤ ᠪᠠᠶᠢᠵᠠᠢ᠃  ᠪᠠᠭᠠᠷᠢᠨ ᠴᠦ  ᠡᠨᠡᠬᠦ ᠲᠦᠷᠦ ᠠᠴᠠ ᠲᠤᠭᠳᠠᠭᠠᠭᠰᠠᠨ ᠵᠠᠷᠯᠢᠭ ᠤᠨ ᠶᠤᠰᠤᠭᠠᠷ ᠬᠤᠶᠠᠭ ᠭᠠᠷᠭᠠᠨ ᠲᠠᠭᠠᠯᠳᠤᠨ ᠪᠠᠶᠢᠯᠳᠤᠵᠤ ᠪᠠᠶᠢᠭᠰᠡᠨ ᠲᠡᠤᠬᠡ ᠲᠠᠢ᠃ ᠬᠦᠮᠦᠰ ᠤᠨ ᠲᠤᠮᠳᠠ᠄ ︿ᠡᠩᠬᠡ ᠠᠮᠤᠭᠤᠯᠠᠩ ᠬᠠᠭᠠᠨ ᠠᠴᠠ ᠦ᠋ ᠰᠠᠨ ᠭᠦᠢ   ᠶᠢ ᠲᠠᠷᠤᠩᠭᠤᠶᠢᠯᠠᠬᠤ ᠲᠠᠶᠢᠨ ᠳᠤ ᠪᠠᠭᠠᠷᠢᠨ ᠴᠡᠷᠢᠭ ᠮᠤᠷᠳᠠᠭᠰᠠᠨ﹀ ᠭᠡᠬᠦ ᠪᠤᠶᠤ ︿ᠴᠢᠩ ᠤᠯᠤᠰ ᠤᠨ ᠡᠬᠢᠨ ᠤ ᠦᠶ᠎ᠡ ᠶᠢᠨ ᠦ᠋ ᠰᠠᠨ ᠭᠦᠢ ᠶᠢ ᠲᠠᠶᠢᠯᠠᠬᠤ ᠲᠠᠶᠢᠨ ᠳᠤ ᠬᠤᠩᠬᠢᠷᠠᠳ ᠤᠨ ᠠᠬᠠᠯᠠᠭᠴᠢ ᠤᠯᠠᠳᠠᠢ ᠤᠰᠤᠳᠠᠢ ᠬᠤᠶᠠᠭᠤᠯᠠ ᠮᠤᠷᠳᠠᠭᠠᠳ﹀ ᠭᠡᠳᠡᠭ ᠡᠶᠢᠮᠦ ᠬᠡᠯᠡᠯᠭᠡ ᠪᠤᠶᠤ ᠦᠵᠡᠯᠳᠡ ᠪᠠᠶᠢᠳᠠᠭ᠃ ︽ᠪᠤᠯᠤᠷ ᠡᠷᠢᠬᠡ︾ ᠳᠤ  ᠄ ︿ᠡᠳᠡ ᠨᠤᠶᠠᠳ ᠪᠠᠷ ᠤᠯᠤᠰ ᠲᠦᠷᠦ ᠶᠢᠨ ᠦᠢᠯᠡ ᠳᠤᠷ ᠬᠡᠷᠬᠢᠵᠦ ᠵᠢᠳᠬᠦᠨ‌‍ᠶᠠᠪᠤᠭᠰᠠᠨ ᠶᠠᠪᠤᠳᠠᠯ ᠠᠨᠤ ᠲᠡᠮᠳᠡᠭ ᠪᠢᠴᠢᠭ ᠦᠭᠡᠢ ᠶᠢᠨ ᠲᠤᠯᠠ ᠤᠯᠵᠤ ᠮᠡᠳᠡᠬᠦ ᠦᠭᠡᠢ ᠠᠴᠠ ᠭᠠᠳᠠᠨ᠎ᠠ ᠭᠠᠭᠴᠠ ᠭᠤᠳᠠᠭᠠᠷ ᠬᠦᠪᠡᠭᠦᠨ ᠭᠦᠩ ᠭᠡᠷᠡᠯᠳᠦ ᠦ᠋ ᠰᠠᠨ ᠭᠦᠢ ᠶᠢ ᠲᠠᠶᠢᠯᠠᠬᠤ ᠴᠡᠷᠢᠭ ᠲᠤᠷ ᠮᠤᠷᠳᠠᠬᠤᠢ ᠳᠤᠷ ᠲᠡᠭᠡᠷᠡᠴᠡ ᠠᠯᠳᠠᠨ ᠬᠤᠶᠠᠭ ᠲᠤᠭᠤᠯᠭ᠎ᠠ ᠱᠠᠩᠨᠠᠵᠤ᠂ ᠲᠡᠷᠡ ᠴᠡᠷᠢᠭ ᠲᠤᠷ ᠲᠤᠯᠤᠭᠠᠨ ᠵᠢᠯ ᠵᠢᠳᠬᠦᠨ ᠶᠠᠪᠤᠵᠤ᠂ ᠲᠠᠶᠢᠰᠤᠨ ᠢ ᠲᠠᠷᠤᠭᠠᠳ ᠢᠷᠡᠵᠦᠬᠦᠢ﹀︔ ︽ᠵᠠᠷᠯᠢᠭ ᠢᠶᠠᠷ ᠲᠤᠭᠳᠠᠭᠠᠭᠰᠠᠨ ᠭᠠᠳᠠᠭᠠᠳᠤ ᠮᠤᠩᠭᠤᠯ ᠬᠤᠳᠤᠩ ᠠᠶᠢᠮᠠᠭ ᠤᠨ ᠸᠠᠩ  ᠭᠦᠩ ᠤᠳ ᠤᠨ ᠢᠯᠡᠳᠬᠡᠯ ᠱᠠᠰᠳᠢᠷ︾ ᠲᠤ᠄ ︿ᠠᠷᠪᠠᠨ ᠭᠤᠷᠪᠠᠳᠤᠭᠠᠷ ᠤᠨ᠂ ᠵᠠᠷᠯᠢᠭ ᠢ ᠲᠠᠭᠠᠵᠤ ᠲᠡᠭᠦᠨ ᠤ ᠲᠡᠭᠦᠦ ᠭᠡᠷᠡᠯᠳᠦ ᠶᠢ ᠵᠠᠷᠤᠬᠠᠳ᠂ ᠵᠡᠭᠦᠨ ᠬᠠᠷ ᠤᠨ ᠪᠡᠶᠢᠰᠡ ᠤᠨᠴᠤᠨ ᠯᠤᠬ᠎ᠠ ᠬᠠᠮᠳᠤ᠂ ᠴᠡᠷᠢᠭ ᠠᠪᠴᠤ᠂ ᠶᠠᠨ ᠵᠸᠦ ᠳᠤᠷ ᠢᠯᠡᠭᠡᠪᠡᠢ  ﹀ ᠭᠡᠵᠦ ᠭᠠᠷᠳᠠᠭ᠃ ᠬᠦᠮᠦᠰ ᠤᠨ ᠲᠤᠮᠳᠠᠬᠢ ᠬᠡᠯᠡᠯᠭᠡ ᠶᠢ  ︽ᠪᠤᠯᠤᠷ ᠡᠷᠢᠬᠡ︾  ᠂ ︽ᠵᠠᠷᠯᠢᠭ ᠢᠶᠠᠷ ᠲᠤᠭᠳᠠᠭᠠᠭᠰᠠᠨ ᠭᠠᠳᠠᠭᠠᠳᠤ ᠮᠤᠩᠭᠤᠯ ᠬᠤᠳᠤᠩ ᠠᠶᠢᠮᠠᠭ ᠤᠨ ᠸᠠᠩ  ᠭᠦᠩ ᠤᠳ  ᠤᠨ ᠢᠯᠡᠳᠬᠡᠯ ᠱᠠᠰᠳᠢᠷ︾   ᠲᠤ ᠲᠡᠮᠳᠡᠭᠯᠡᠭᠰᠡᠨ ᠲᠠᠢ ᠲᠤᠯᠭᠠᠵᠤ ᠦᠵᠡᠪᠡᠯ ᠦ᠋ ᠰᠠᠨ ᠭᠦᠢ ᠶᠢ ᠲᠠᠶᠢᠯᠠᠬᠤ ᠲᠠᠶᠢᠨ  ᠲᠤ ᠦᠨᠡᠬᠡᠷ ᠪᠠᠭᠠᠷᠢᠨ ᠠᠴᠠ ᠴᠡᠷᠢᠭ ᠮᠤᠷᠳᠠᠭᠰᠠᠨ ᠴᠤ ᠭᠡᠮᠡᠷ᠂ ᠤᠯᠠᠳᠠᠢ ᠶᠠᠪᠤᠭᠰᠠᠨ ᠶᠤᠮ ᠦᠦ ᠭᠡᠬᠦ ᠳ᠋ᠦᠩᠨᠡᠯᠳᠡ  ᠳᠤ ᠬᠦᠷᠬᠦ ᠠᠵᠠᠢ᠃ ᠦ᠋ ᠰᠠᠨ ᠭᠦᠢ ᠴᠢᠩ ᠤᠯᠤᠰ ᠠᠴᠠ ᠤᠷᠪᠠᠭᠰᠠᠨ ᠦᠶ᠎ᠡ ᠪᠤᠯ 1673 ᠤᠨ ᠤ ᠤᠴᠢᠷ᠂ ᠲᠠᠷᠤᠢ ᠡᠩᠬᠡ ᠠᠮᠤᠭᠤᠯᠠᠩ ᠬᠠᠭᠠᠨ ᠤ ᠠᠷᠪᠠᠨ ᠬᠤᠶᠠᠳᠤᠭᠠᠷ ᠤᠨ᠃  ᠲᠡᠷᠡ ᠦᠶ᠎ᠡ ᠳᠤ ᠭᠠᠳᠠᠭᠠᠳᠤ ᠮᠤᠩᠭᠤᠯ ᠤᠨ ᠬᠤᠰᠢᠭᠤᠳ ᠴᠡᠷᠢᠭ ᠮᠤᠷᠢ ᠭᠠᠷᠭᠠᠵᠤ ᠲᠤᠰᠠᠯᠠᠬᠤ ᠪᠠᠷ ᠭᠤᠶᠤᠴᠢᠯᠠᠬᠤ ᠳᠤ ᠡᠩᠬᠡ ᠠᠮᠤᠭᠤᠯᠠᠩ ᠬᠠᠭᠠᠨ ᠡᠬᠢᠯᠡᠩᠭᠦᠳᠡ ᠪᠠᠨ ᠵᠦᠪᠰᠢᠶᠡᠷᠡᠭᠰᠡᠨ ᠦᠭᠡᠢ᠂  ᠵᠠᠷᠯᠢᠭ ᠢ ᠬᠦᠯᠢᠶᠡᠭᠳᠦᠨ ᠭᠡᠵᠡᠢ᠃ ᠲᠠᠶᠢᠨ ᠤ ᠪᠠᠶᠢᠳᠠᠯ ᠪᠠᠴᠢᠮ ᠪᠤᠯᠬᠤ ᠶᠢ ᠲᠠᠭᠠᠯᠳᠤᠨ ᠴᠢᠩ ᠤᠯᠤᠰ ᠤᠨ ᠪᠤᠳᠤᠯᠭ᠎ᠠ ᠳᠤ ᠬᠤᠪᠢᠷᠠᠯᠳᠠ ᠭᠠᠷᠴᠤ ᠭᠠᠳᠠᠭᠠᠳᠤ ᠮᠤᠩᠭᠤᠯ ᠠᠴᠠ ᠴᠡᠷᠢᠭ ᠲᠠᠳᠠᠬᠤ ᠪᠠᠷ ᠰᠢᠢᠳᠴᠠᠢ᠃ ᠡᠨᠡ ᠲᠤᠬᠠᠢ ︽ᠲᠠᠶᠢᠴᠢᠩ ᠤᠯᠤᠰ ᠤᠨ ᠮᠠᠭᠠᠳ ᠬᠠᠤᠯᠢ︾ ᠳᠤ᠄ ︿ᠡᠳᠦᠭᠡ ᠲᠡᠷᠰᠯᠡᠭᠰᠡᠨ ᠬᠤᠯᠠᠭᠠᠢ ᠦ᠋ ᠰᠠᠨ ᠭᠦᠢ…… ᠡᠰᠡᠷᠭᠦᠯᠡᠨ ᠲᠤᠯᠵᠤ ᠪᠠᠰᠠ ᠬᠠᠭ᠋ᠤᠷᠮᠠᠭ ᠠᠷᠬ᠎ᠠ ᠶᠢ ᠬᠡᠷᠡᠭᠯᠡᠵᠦ᠂ ᠴᠡᠷᠢᠭ  ᠢᠷᠭᠡᠨ ᠤ ᠰᠡᠳᠬᠢᠯ ᠢ ᠬᠦᠳᠡᠯᠭᠡᠵᠦ ᠪᠢᠳᠡᠨ ᠤ ᠴᠡᠷᠢᠭ ᠤᠨ ᠬᠦᠴᠦᠨ ᠢ ᠬᠤᠪᠢᠶᠠᠨ ᠶᠠᠪᠤᠮᠤᠢ …… ᠬᠤᠷᠳᠤᠨ᠎ᠠ ᠠᠯᠠᠨ ᠰᠦᠨᠦᠭᠡᠪᠡᠰᠦ ᠵᠤᠬᠢᠮᠤᠢ﹀  ᠂ ᠵᠠᠯᠭᠠᠭᠠᠳ ᠴᠡᠷᠢᠭ ᠲᠠᠳᠠᠭᠰᠠᠨ ᠲᠤᠬᠠᠢ ︿ᠮᠤᠩᠭᠤᠯ ᠤᠨ ᠲᠦᠴᠢᠨ ᠶᠢᠰᠦᠨ ᠵᠠᠰᠠᠭ  ᠤᠨ ᠭᠢᠩ ᠬᠤᠳᠠ ᠳᠤᠷ ᠤᠶᠢᠷ᠎ᠠ ᠠᠭᠴᠢ ᠬᠤᠷᠴᠢᠨ ᠤ ᠠᠷᠪᠠᠨ ᠵᠠᠰᠠᠭ᠂ ᠠᠤᠬᠠᠨ ᠤ ᠨᠢᠭᠡᠨ ᠵᠰᠠᠭ᠂ ᠨᠠᠢᠮᠠᠨ ᠤ ᠨᠢᠭᠡᠨ ᠵᠰᠠᠭ᠂  ᠬᠡᠰᠢᠭᠳᠡᠨ ᠤ ᠨᠢᠭᠡᠨ ᠵᠰᠠᠭ᠂ ᠬᠦᠬᠡ ᠬᠤᠳᠠᠨ ᠤ ᠬᠤᠶᠠᠷ ᠵᠠᠰᠠᠭ ᠤᠨ ᠴᠡᠷᠢᠭ   ᠢ ᠪᠦᠭᠦᠳᠡ  ᠨᠢᠭᠡᠨ ᠲᠦᠮᠡ ᠭᠠᠷᠭᠠᠭᠳᠤᠨ᠂ …… ᠡᠭᠦᠨ ᠳᠤᠷ ᠮᠤᠩᠭᠤᠯ ᠤᠨ ᠪᠡᠶᠢᠯᠡ ᠠᠴᠠ ᠲᠤᠷᠤᠭᠰᠢ ᠰᠤᠩᠭᠤᠵᠤ ᠭᠠᠷᠭᠠᠭᠠᠳ ᠠᠪᠴᠤ ᠶᠠᠪᠤᠳᠤᠭᠠᠢ ᠭᠡᠮᠡᠪᠡᠢ᠃ ᠲᠠᠭᠠᠯᠳᠤᠭ᠎ᠠ ᠪᠠᠷ ᠭᠠᠳᠠᠭᠠᠳᠤ ᠮᠤᠩᠭᠤᠯ ᠤᠨ ᠲᠦᠷᠦ   ᠶᠢ ᠵᠠᠰᠠᠬᠤ ᠶᠠᠪᠤᠳᠠᠯ ᠤᠨ ᠶᠠᠮᠤᠨ ᠠᠴᠠ ᠮᠤᠩᠭᠤᠯ ᠤᠨ ᠪᠡᠶᠢᠯᠡ᠂ ᠪᠡᠶᠢᠰᠡ᠂ ᠭᠦᠩ᠂ ᠲᠠᠶᠢᠵᠢᠨᠠᠷ ᠤᠨ ᠨᠡᠷ᠎ᠡ ᠶᠢ  ᠵᠢᠭᠰᠠᠭᠠᠨ ᠪᠢᠴᠢᠵᠦ ᠠᠶᠢᠯᠠᠳᠬᠠᠭᠰᠠᠨ ᠳᠤᠷ᠂ ᠲᠡᠭᠡᠷ᠎ᠡ ᠠᠴᠠ ᠬᠤᠷᠴᠢᠨ ᠤ ᠤᠯᠤᠰ ᠳᠤᠷ ᠲᠤᠰᠠᠯᠠᠭᠴᠢ ᠭᠦᠩ ᠲᠦᠨᠡᠬᠡᠢ᠂ ᠲᠦᠷᠪᠡᠳ ᠲᠠᠶᠢᠵᠢ ᠤᠮᠪᠤ ᠶᠢ ᠭᠢᠩ ᠵᠸᠤ ᠳᠤᠷ ᠤᠳᠳᠤᠭᠠᠢ᠂ ᠪᠠᠭᠠᠷᠢᠨ ᠤ ᠪᠡᠶᠢᠰᠡ ᠤᠨᠴᠤᠨ᠂  ᠲᠠᠶᠢᠵᠢ ᠭᠡᠷᠡᠯᠳᠦ  ᠶᠢ ᠶᠤ ᠵᠸᠤ ᠳᠤᠷ ᠤᠳᠳᠤᠭᠠᠢ ᠭᠡᠮᠡᠪᠠᠢ﹀ ᠭᠡᠵᠦ ᠪᠢᠴᠢᠨ ᠪᠠᠶᠢᠳᠠᠭ᠃  ᠠᠳᠡ ᠤᠮᠳᠤᠭᠠᠶᠢᠯᠠᠭᠳᠠᠭᠠᠳ ᠪᠠᠶᠢᠭᠰᠠᠨ  ᠮᠡᠳᠡᠭᠡ ᠶᠢ ᠲᠡᠮᠳᠡᠭᠯᠡᠵᠦ ᠪᠤᠢ᠂ ᠲᠠᠷᠤᠢ  ︿ᠡᠭᠦᠨ ᠳᠤᠷ ᠮᠤᠩᠭᠤᠯ ᠤᠨ ᠪᠡᠶᠢᠯᠡ ᠠᠴᠠ ᠲᠤᠷᠤᠭᠰᠢ ᠰᠤᠩᠭᠤᠵᠤ ᠭᠠᠷᠭᠠᠭᠠᠳ ᠠᠪᠴᠤ ᠶᠠᠪᠤᠳᠤᠭᠠᠢ﹀᠂ ︿ᠲᠠᠭᠠᠯᠳᠤᠭ᠎ᠠ ᠪᠠᠷ…… ᠮᠤᠩᠭᠤᠯ ᠤᠨ ᠪᠡᠶᠢᠯᠡ᠂ ᠪᠡᠶᠢᠰᠡ᠂ ᠭᠦᠩ᠂ ᠲᠠᠶᠢᠵᠢᠨᠠᠷ ᠤᠨ ᠨᠡᠷ᠎ᠡ ᠶᠢ  ᠵᠢᠭᠰᠠᠭᠠᠨ ᠪᠢᠴᠢᠵᠦ ᠠᠶᠢᠯᠠᠳᠬᠠᠭᠰᠠᠨ ᠳᠤᠷ᠂ ᠲᠡᠭᠡᠷ᠎ᠡ ᠠᠴᠠ …… ᠪᠠᠭᠠᠷᠢᠨ ᠤ ᠪᠡᠶᠢᠰᠡ ᠤᠨᠴᠤᠨ᠂  ᠲᠠᠶᠢᠵᠢ ᠭᠡᠷᠡᠯᠳᠦ ᠶᠢ  ᠶᠤ  ᠵᠸᠤ ᠳᠤᠷ ᠤᠳᠳᠤᠭᠠᠢ﹀ ᠭᠡᠰᠡᠨ᠃  ᠲᠡᠭᠡᠬᠦ ᠮᠦᠷᠳᠡᠭᠡᠨ ᠴᠢᠩ  ᠤᠨ ᠲᠦᠷᠦ᠂ ᠲᠡᠷᠰᠯᠡᠭᠰᠡᠨ ᠬᠤᠯᠠᠭᠠᠢ ᠦ᠋ ᠰᠠᠨ ᠭᠦᠢ ᠶᠢ ᠲᠠᠶᠢᠯᠠᠬᠤ ᠳᠤ ᠤᠷᠢᠳ ᠬᠤᠵᠢᠳ ᠤᠯᠠᠨ ᠭᠠᠵᠠᠷ ᠠᠴᠠ ᠴᠡᠷᠢᠭ ᠲᠠᠳᠠᠭᠰᠠᠨ ᠢ ᠪᠠ ᠴᠡᠷᠢᠭ ᠲᠠᠳᠠᠭᠳᠠᠭᠰᠠᠨ ᠬᠤᠰᠢᠭᠤᠳ ᠤᠨ ᠨᠡᠷ᠎ᠡ ᠶᠢ ᠨᠢᠭᠡᠳ ᠨᠢᠭᠡᠳ ᠢᠶᠠᠷ ᠲᠤᠳᠤᠷᠬᠠᠢ ᠲᠡᠮᠳᠡᠭᠯᠡᠵᠦ ᠪᠠᠶᠢᠳᠠᠭ᠂ ᠲᠠᠷᠤᠢ ︿ᠴᠠᠬᠠᠷ ᠤᠨ ᠵᠢᠷᠠᠳ᠂ ᠲᠠᠬᠠᠬᠠᠭᠰᠠᠨ ᠴᠡᠷᠢᠭ︔ ᠬᠤᠷᠴᠢᠨ ᠤ ᠠᠷᠪᠠᠨ ᠵᠠᠰᠠᠭ︔ ᠠᠤᠬᠠᠨ ᠤ ᠨᠢᠭᠡᠨ ᠵᠠᠰᠠᠭ  ︔ ᠨᠠᠢᠮᠠᠨ ᠤ ᠨᠢᠭᠡᠨ ᠵᠠᠰᠠᠭ︔ ᠬᠡᠰᠢᠭᠳᠡᠨ‌‍ᠤ ᠨᠢᠭᠡᠨ ᠵᠠᠰᠠᠭ︔ ᠬᠦᠬᠡ ᠬᠤᠳᠠᠨ‌‍ᠤ ᠬᠤᠶᠠᠷ ᠵᠠᠰᠠᠭ︔ ᠬᠤᠶᠠᠷ ᠬᠠᠷᠠᠴᠢᠨ︔ ᠬᠤᠶᠠᠷ ᠲᠦᠮᠡᠳ︔ ᠬᠤᠶᠠᠷ ᠤᠩᠨᠢᠬᠤᠳ  ︔ ᠲᠦᠷᠪᠡᠨ ᠬᠡᠤᠬᠡᠳ︔ ᠰᠦᠨᠢᠳ︔ ᠮᠤᠤᠮᠢᠩᠭᠠᠨ︔ ᠬᠤᠷᠪᠠᠨ ᠤᠷᠠᠳ︔ ᠤᠷᠳᠤᠰ﹀  ᠃  ᠪᠠᠭᠤᠯᠭᠠᠬᠰᠠᠨ ᠵᠠᠷᠯᠢᠭ ᠲᠤ ᠴᠡᠷᠢᠭ ᠲᠠᠳᠠᠬᠤ ᠬᠤᠰᠢᠭᠤᠳ ᠤᠨ ᠨᠡᠷ᠎ᠡ ᠶᠢ ᠤᠷᠢᠳᠠᠪᠠᠷ ᠵᠢᠭᠰᠠᠭᠠᠨ ᠪᠢᠴᠢᠵᠦ᠂ ᠲᠠᠳᠠᠭᠰᠠᠨ ᠴᠡᠷᠢᠭ ᠢ ᠲᠠᠶᠢᠨ ᠤ ᠭᠠᠵᠠᠷ ᠲᠤᠮᠢᠯᠠᠬᠤ ᠪᠤᠶᠤ ᠡᠳᠡᠭᠡᠷ ᠬᠤᠰᠢᠭᠤ ᠶᠢᠨ ᠴᠡᠷᠢᠭ ᠲᠠᠬᠢᠵᠤ ᠲᠤᠷᠠᠳᠤᠭᠳᠠᠬᠤ ᠳᠤ ᠲᠤᠪᠴᠢᠯᠠᠵᠤ ᠪᠢᠴᠢᠬᠦ ᠪᠠᠶᠢᠳᠠᠯ ᠬᠠᠷᠭᠳᠠᠨ᠎ᠠ᠃ ᠵᠢᠱᠢᠶᠡᠯᠡᠪᠡᠯ᠄ ︿1674 ᠤᠨ ᠳᠤ ᠭᠢᠩ ᠬᠤᠳᠠ ᠳᠤᠷ ᠤᠶᠢᠷ᠎ᠠ ᠠᠭᠴᠢ ᠬᠤᠷᠴᠢᠨ ᠤ ᠠᠷᠪᠠᠨ ᠵᠠᠰᠠᠭ…… ᠭᠡᠵᠦ ᠭᠠᠷᠤᠭᠰᠠᠨ ᠪᠤᠯ 1675 ᠤᠨ ᠳᠤ ᠡᠷᠬᠢᠨ ᠲᠦᠰᠢᠮᠡᠯ ᠠᠮᠤᠬᠤᠯᠠᠩ ᠵᠠᠷᠯᠢᠭ ᠢ ᠲᠠᠬᠠᠬᠠᠵᠤ ᠬᠤᠷᠴᠢᠨ ᠤ ᠵᠡᠷᠭᠡ  ᠶᠢᠨ…… ᠭᠡᠵᠤ﹀︔ ︿ᠬᠦᠬᠡ ᠪᠠᠷᠰ ᠡᠳᠦᠷ…… ᠬᠤᠶᠠᠷ ᠬᠠᠷᠠᠴᠢᠨ᠂ ᠬᠤᠶᠠᠷ ᠲᠦᠮᠡᠳ᠂ ᠬᠤᠶᠠᠷ ᠤᠩᠨᠢᠬᠤᠳ  ᠂ ᠠᠤᠬᠠᠨ᠂ ᠨᠠᠢᠮᠠᠨ᠂ ᠲᠦᠷᠪᠡᠨ ᠬᠡᠤᠬᠡᠳ᠂ ᠰᠦᠨᠢᠳ ᠤᠨ ᠵᠡᠷᠭᠡ ᠶᠢᠨ ᠠᠷᠪᠠᠨ  ᠬᠤᠰᠢᠬᠤᠨ ᠳᠤᠷ…… ᠬᠤᠶᠠᠭ ᠤᠳ ᠲᠠᠳᠠᠲᠤᠭᠠᠢ ᠭᠡᠵᠦ ᠪᠢᠴᠢᠭᠰᠡᠨ ᠪᠤᠯ ᠤᠯᠠᠬᠠᠨ ᠪᠡᠴᠢᠨ ᠡᠳᠦᠷ ᠲᠠᠳᠠᠭᠰᠠᠨ ᠤᠩᠨᠢᠬᠤᠳ᠂ ᠬᠠᠷᠠᠴᠢᠨ ᠤ ᠵᠡᠷᠭᠡ ᠶᠢᠨ ᠨᠠᠢᠮᠠᠨ ᠬᠤᠰᠢᠭᠤᠨ   ᠤ ᠪᠦᠭᠦᠳᠡ ᠢᠭᠡᠨ ᠮᠢᠩᠬᠠᠨ ᠲᠠᠪᠤᠨ ᠵᠠᠬᠤᠨ ᠢᠯᠡᠭᠦᠦ ᠴᠡᠷᠢᠭ﹀ ᠭᠡᠵᠦ ᠪᠢᠴᠢᠭᠳᠡᠭᠰᠡᠨ ᠪᠠᠶᠢᠨ᠎ᠠ᠃ ︽ᠲᠠᠩᠰᠠ ᠡᠪᠬᠡᠮᠡᠯ︾ ᠳᠤ᠄ ︿ᠪᠠᠭ᠋ᠠᠷᠢᠨ ᠤ ᠤᠯᠤᠰ ᠤᠨ ᠡᠹᠦ᠋ ᠰᠧᠪᠳᠡᠨ ᠵᠢᠶᠦ᠋ᠨ ᠸᠠᠩ ᠤᠨ ᠬᠤᠰᠢᠬᠤᠨ ᠤ ᠡᠵᠡᠨ᠂ ᠤᠯᠠᠳᠠᠢ  ᠴᠢ ᠢᠵᠠᠬᠤᠷ ᠬᠤᠬᠤᠰᠤᠨ ᠬᠤᠰᠢᠬᠤᠨ ᠤ ᠡᠵᠡᠨ ᠪᠦᠯᠦᠭᠡ᠃…… ᠭᠢᠨᠵᠦ ᠶᠢ ᠬᠠᠭ᠋ᠠᠬᠠᠵᠤ ᠬᠤᠷᠪᠠᠳᠤᠬᠠᠷ ᠶᠠᠪᠤᠳᠠᠯ ᠳᠤᠷ᠂ ᠬᠤᠩ ᠵᠢᠶᠦ᠋ᠨ ᠮᠠᠨ ᠤ ᠬᠤᠷᠪᠠᠨ ᠬᠦᠷᠢᠶ᠎ᠡ ᠴᠡᠷᠢᠭ ᠢ ᠲᠠᠷᠤᠬᠤᠢ ᠳᠤᠷ ᠬᠤᠰᠢᠬᠤᠨ  ᠢᠶᠠᠨ ᠠᠪᠤᠨ ᠲᠠᠷᠤᠪᠠ᠃……  ᠲᠤᠸᠠᠱᠠᠷᠠ‌ᠬᠠᠸᠠᠨ ᠪᠤᠯᠭᠠᠪᠠ᠂ ᠪᠠᠰᠠ ᠢᠭᠡᠨ ᠦᠶ᠎ᠡ ᠵᠠᠯᠬᠠᠮᠵᠢᠯᠠᠬᠤ ᠪᠤᠢ﹀  ᠭᠡᠳᠡᠭ ᠡᠷᠭᠦᠮᠵᠢᠯᠡᠯ ᠤᠨ ᠪᠢᠴᠢᠭ ᠬᠠᠳᠠᠭᠠᠯᠠᠭᠳᠠᠵᠤ ᠪᠤᠢ᠃ ᠡᠨᠡ ᠪᠤᠯ  ᠡᠶᠡᠪᠡᠷ ᠵᠠᠰᠠᠭᠴᠢ ᠬᠠᠭᠠᠨ   ᠤ ᠶᠢᠰᠦᠳᠦᠭᠡᠷ ᠤᠨ ︵1652 ᠤᠨ︶ ᠳᠤ ᠪᠠᠭᠠᠷᠢᠨ ᠤ ᠤᠯᠠᠳᠠᠢ ᠳᠤ ᠲᠤᠸᠠᠱᠠᠷᠠ ᠬᠠᠹᠠᠨ ᠴᠤᠯᠠ ᠡᠷᠭᠦᠮᠵᠢᠯᠡᠭᠰᠡᠨ ᠰᠤᠷᠭᠠᠬᠤ ᠡᠷᠭᠦᠮᠵᠢᠯᠡᠯ ᠪᠤᠯᠤᠨ᠎ᠠ᠃  ᠲᠠᠬᠢᠭᠠᠳ ᠪᠠᠭᠠᠷᠢᠨ ᠤ ᠰᠧᠪᠳᠡᠨ ᠵᠢᠶᠦ᠋ᠨ ᠸᠠᠩ ᠤᠨ ᠲᠤᠸᠠᠱᠠᠷᠠ ᠬᠠᠹᠠᠨ ᠤᠯᠠᠳᠠᠢ ᠦᠩᠭᠡᠷᠡᠭᠰᠡᠨ ᠤ ᠲᠤᠯᠠ ᠡᠶᠡᠪᠡᠷ ᠵᠠᠰᠠᠭᠴᠢ ᠬᠠᠭᠠᠨ ᠤ ᠠᠷᠪᠠᠨ ᠨᠢᠭᠡᠳᠦᠭᠡᠷ ᠤᠨ ︵1654 ᠤᠨ︶ ᠤ ᠠᠷᠪᠠᠨ ᠨᠢᠭᠡᠨ ᠰᠠᠷ᠎ᠠ ᠶᠢᠨ ᠭᠤᠷᠪᠠᠨ ᠳᠤ ᠲᠡᠭᠦᠨ ᠤ ᠤᠮᠪᠤᠯᠤ ᠶᠢ ᠭᠡᠷᠭᠡᠮ ᠢ  ᠵᠠᠯᠭᠠᠮᠵᠢᠯᠠᠭᠤᠯᠬᠤ ᠶᠢ ᠵᠦᠪᠰᠢᠶᠡᠷᠡᠭᠦᠯᠬᠦ ᠪᠠᠷ ᠲᠦᠷᠦ ᠶᠢ ᠵᠠᠰᠠᠬᠤ ᠶᠠᠪᠤᠳᠠᠯ ᠤᠨ ᠶᠠᠮᠤᠨ ᠤ ᠡᠷᠬᠢᠨ ᠰᠠᠶᠢᠳ ᠮᠢᠩᠭᠠᠨ ᠳᠠᠯᠢ ᠵᠡᠷᠭᠡ ᠲᠠᠩᠭᠠᠭᠷᠢᠭᠯᠠᠨ ᠲᠦᠷ ᠤᠷᠤᠯᠠᠵᠤ ᠪᠢᠴᠢᠭᠡᠰᠦ ᠡᠷᠭᠦᠭᠰᠡᠨ ᠪᠠᠶᠢᠳᠠᠭ᠃ ᠲᠡᠭᠡᠪᠡᠯ ᠤᠯᠠᠳᠠᠢ ᠡᠶᠡᠪᠡᠷ ᠵᠠᠰᠠᠭᠴᠢ ᠬᠠᠭᠠᠨ ᠤ ᠠᠷᠪᠠᠨ ᠨᠢᠭᠡᠳᠦᠭᠡᠷ ᠤᠨ ︵1654 ᠤᠨ︶ ᠤ ᠦᠶ᠎ᠡ ᠪᠠᠷ ᠦᠭᠡᠳᠡ ᠪᠤᠯᠤᠭᠰᠠᠨ ᠪᠤᠯᠤᠯᠳᠠᠢ᠃ ᠡᠶᠡᠪᠡᠷ ᠵᠠᠰᠠᠭᠴᠢ ᠬᠠᠭᠠᠨ ᠤ ᠠᠷᠪᠠᠨ ᠲᠤᠯᠤᠳᠤᠭᠠᠷ ᠤᠨ ︵1660 ᠤᠨ︶ ᠤ ᠨᠠᠢᠮᠠᠨ ᠰᠠᠷ᠎ᠠ ᠶᠢᠨ ᠬᠤᠷᠢᠨ ᠶᠢᠰᠦᠨ᠎ᠡ ᠬᠠᠭᠠᠨ ᠡᠵᠡᠨ ᠠᠴᠠ ᠲᠦᠰᠢᠮᠡᠯ ᠲᠤᠮᠢᠯᠠᠨ ᠪᠠᠭᠠᠷᠢᠨ ᠠᠶᠢᠮᠠᠭ ᠤᠨ ᠲᠡᠷᠢᠭᠦᠨ ᠵᠡᠷᠭᠡ ᠶᠢᠨ ᠲᠠᠶᠢᠵᠢ ᠯᠠᠪᠠᠳᠠᠢ ᠶᠢ ᠲᠠᠬᠢᠭᠰᠠᠨ ᠲᠠᠶᠢᠯᠭ᠎ᠠ ᠶᠢᠨ ᠪᠢᠴᠢᠭ  ᠠᠴᠠ ᠦᠵᠡᠪᠡᠯ ᠯᠠᠪᠠᠳᠠᠢ ᠬᠤᠩ ᠲᠠᠶᠢᠵᠢ 1660 ᠤᠨ ᠤ ᠦᠶ᠎ᠡ ᠪᠠᠷ ᠨᠠᠰᠤᠨ ᠡᠴᠦᠰ ᠪᠤᠯᠤᠭᠰᠠᠨ ᠭᠡᠪᠡᠯ ᠦᠨᠳᠦᠰᠦᠯᠡᠯ ᠲᠠᠢ ᠪᠠᠶᠢᠵᠤ ᠲᠠᠭᠠᠷᠠᠨ᠎ᠠ᠃ ︽ᠪᠠᠭᠠᠷᠢᠨ ᠤ ᠲᠡᠤᠬᠡ ᠰᠤᠶᠤᠯ ᠤᠨ ᠰᠤᠷᠪᠤᠯᠵᠢ ᠪᠢᠴᠢᠭ︾ ᠲᠤ᠄ ︿ ᠠᠮᠳᠤᠤ ᠲᠠᠩᠬᠤᠳ ᠤᠨ ᠵᠤᠤ ᠴᠤᠤ ᠮᠠᠨᠴᠤ  ᠶᠢᠨ ᠭᠠᠵᠠᠷ ᠶᠡᠭᠡ ᠴᠡᠷᠢᠭ ᠬᠦᠳᠡᠯᠡᠭᠰᠡᠨ ᠴᠠᠭ ᠳᠤᠷ…… ᠲᠡᠷᠢᠭᠦᠨ ᠵᠡᠷᠭᠡ ᠲᠠᠶᠢᠵᠢ ᠭᠡᠷᠡᠯᠳᠦ ᠶᠢ ᠴᠡᠷᠢᠭ ᠤᠨ ᠨᠤᠶᠠᠨ ᠪᠤᠯᠭᠠᠵᠤ᠂ ᠪᠦᠬᠦᠳᠡᠷ ᠠᠩᠭ᠎ᠠ ᠶᠢᠨ ᠦᠷ᠎ᠡ ᠲᠠᠶᠢᠵᠢ ᠮᠤᠤ ᠬᠢᠳᠠᠳ ᠲᠠᠢ ᠬᠡᠳᠦᠨ ᠮᠢᠩᠭᠠᠨ ᠴᠡᠷᠢᠭ ᠠᠪᠴᠤ…… ᠲᠡᠷᠡ ᠡᠳᠡᠭᠡᠳ ᠤᠨ ᠲᠠᠶᠢᠰᠤᠨ ᠢ ᠲᠠᠷᠤᠵᠤ…… ᠬᠠᠭ᠋ᠠᠨ ᠡᠵᠡᠨ ᠭᠡᠷᠡᠯᠳᠦ ᠴᠢ ᠰᠠᠶᠢᠨ ᠶᠠᠪᠤᠪᠠ ᠭᠡᠮᠡᠨ…… ᠭᠦᠩ ᠲᠤᠰᠠᠯᠠᠭᠴᠢ ᠪᠤᠯᠬᠠᠵᠤ …… ᠲᠠᠶᠢᠵᠢ ᠮᠤᠤ ᠬᠢᠳᠠᠳ ᠶᠢ ᠲᠡᠷᠢᠭᠦᠨ ᠵᠡᠷᠭᠡ ᠪᠤᠯᠭᠠᠪᠠ﹀ ᠭᠡᠵᠦ ᠭᠠᠷᠳᠠᠭ ᠪᠦᠭᠡᠳ ᠡᠭᠦᠨ ᠢ ᠦ᠋ ᠰᠠᠨ ᠭᠦᠢ ᠶᠢ ᠲᠠᠶᠢᠯᠠᠷ᠎ᠠ ᠴᠡᠷᠢᠭ ᠬᠦᠳᠡᠯᠦᠭᠰᠡᠨ ᠶᠠᠪᠤᠳᠠᠯ ᠢ ᠵᠢᠭᠠᠭᠰᠠᠨ ᠭᠡᠮᠡᠨ ᠤᠶᠢᠯᠭᠠᠪᠠᠯ ᠵᠤᠬᠢᠬᠤ ᠰᠢᠭ᠋ ᠭᠡᠵᠦ ᠨᠤᠮ ᠳᠤ ᠲᠠᠶᠢᠯᠪᠤᠷᠢ ᠬᠠᠳᠠᠵᠠᠢ᠃ ᠭᠡᠳᠡᠯ᠎ᠡ ︿ᠠᠮᠳᠤᠤ﹀ ᠨᠢ  ᠬᠦᠬᠡᠨᠠᠭᠤᠷ ᠤᠨ ᠭᠠᠵᠠᠷ ᠢ᠂ ᠠᠮᠳᠤᠤ ᠤᠷᠤᠨ ᠭᠡᠪᠡᠯ ᠲᠦᠪᠡᠳ ᠬᠦᠮᠦᠨ ᠤ ᠲᠦᠪᠯᠡᠷᠡᠨ ᠰᠠᠭᠤᠷᠢᠰᠢᠭᠰᠠᠨ ᠭᠠᠵᠠᠷ ᠢ ᠵᠢᠭᠠᠨ᠎ᠠ᠃ ᠡᠩᠬᠡ ᠠᠮᠤᠭᠤᠯᠠᠩ ᠬᠠᠭᠠᠨ ᠤ ᠲᠡᠷᠢᠭᠦᠨ ᠤᠨ ︵1662 ᠤᠨ︶ ᠤ ᠭᠤᠷᠪᠠᠨ ᠰᠠᠷ᠎ᠠ ᠶᠢᠨ ᠬᠤᠷᠢᠨ ᠲᠠᠪᠤᠨ᠎ᠠ ᠬᠠᠭᠠᠨ ᠡᠵᠡᠨ ᠠᠴᠠ ᠲᠦᠰᠢᠮᠡᠯ ᠲᠤᠮᠢᠯᠠᠨ ᠪᠠᠭᠠᠷᠢᠨ ᠤ ᠲᠡᠷᠢᠭᠦᠨ ᠵᠡᠷᠭᠡ ᠶᠢᠨ ᠲᠠᠶᠢᠵᠢ ᠮᠤᠤᠬᠢᠳᠡᠳ ᠢ ᠲᠠᠬᠢᠭᠰᠠᠨ ᠲᠠᠶᠢᠯᠭ᠎ᠠ  ᠶᠢᠨ ᠪᠢᠴᠢᠭ ᠪᠠᠭᠤᠯᠭᠠᠭᠰᠠᠨ ᠪᠠᠶᠢᠳᠠᠭ  ᠃ ᠲᠡᠭᠡᠪᠡᠯ ᠪᠠᠭᠠᠷᠢᠨ ᠤ ᠲᠡᠷᠢᠭᠦᠨ ᠵᠡᠷᠭᠡ ᠶᠢᠨ ᠲᠠᠶᠢᠵᠢ ᠮᠤᠤᠬᠢᠳᠡᠳ1662 ᠤᠨ ᠤ ᠦᠶ᠎ᠡ ᠪᠠᠷ ᠨᠠᠰᠤᠨ ᠦᠭᠡᠳᠡ ᠪᠤᠯᠤᠭᠰᠠᠨ ᠪᠤᠯᠤᠯᠳᠠᠢ  ᠃  ︽ᠮᠠᠨᠵᠤ ᠮᠤᠩᠭᠤᠯ ᠤᠨ ᠠᠶᠢᠯᠠᠳᠬᠠᠯ ᠤᠨ ᠲᠡᠪᠳᠡᠷ ᠤᠳ︾ ᠲᠤ ᠡᠩᠬᠡ ᠠᠮᠤᠭᠤᠯᠠᠩ ᠬᠠᠭᠠᠨ ᠤ  ᠭᠤᠴᠢᠨ ᠨᠢᠭᠡᠳᠦᠭᠡᠷ ᠤᠨ ︵1692 ᠤᠨ ︶ ᠤ ᠨᠠᠢᠮᠠᠨ ᠰᠠᠷ᠎ᠠ ᠶᠢᠨ ᠰᠢᠨ᠎ᠡ ᠶᠢᠨ ᠲᠦᠷᠪᠡᠨ ᠳᠤ ᠲᠦᠷᠦ ᠶᠢ ᠵᠠᠰᠠᠬᠤ ᠶᠠᠪᠤᠳᠠᠯ ᠤᠨ ᠶᠠᠮᠤᠨ ᠤ ᠡᠷᠬᠢᠨ ᠰᠠᠶᠢᠳ ᠪᠠᠨᠳᠢ ᠵᠡᠷᠭᠡ ᠠᠴᠠ ᠪᠠᠭᠠᠷᠢᠨ ᠤ ᠸᠠᠩ ᠭᠦᠩ ᠤᠨ ᠬᠡᠤᠬᠡᠳ ᠲᠡᠭᠦᠦᠨᠡᠷ ‍ᠤᠨ‌‍ᠲ᠋ᠤᠳᠤᠷ᠎ᠡ ᠠᠴᠠ ᠨᠠᠰᠤᠨ ᠳᠤ ᠬᠦᠷᠦᠭᠰᠡᠨ ᠢ ᠨᠢ ᠬᠤᠶᠠᠳᠤᠭᠠᠷ ᠭᠤᠷᠪᠠᠳᠤᠭᠠᠷ ᠲᠦᠷᠪᠡᠳᠦᠭᠡᠷ ᠵᠡᠷᠭᠡ ᠶᠢᠨ ᠲᠠᠶᠢᠵᠢ ᠪᠠᠷ ᠲᠤᠰᠪᠤᠷᠢ ᠡᠷᠭᠦᠮᠵᠢᠯᠡᠬᠦ ᠪᠠᠷ ᠪᠢᠴᠢᠨ‌ᠵᠦ᠋ᠪᠯᠡᠭᠰᠡᠨ ᠪᠢᠴᠢᠭ ᠪᠠᠶᠢᠳᠠᠭ᠃ ᠲᠤᠰ ᠪᠢᠴᠢᠭ ᠲᠤ᠄ ︿ᠲᠡᠷᠢᠭᠦᠨ ᠵᠡᠷᠭᠡ  ᠶᠢᠨ ᠲᠠᠶᠢᠵᠢ ᠭᠡᠷᠡᠯᠳᠦ ᠶᠢᠨ ᠬᠤᠶᠠᠳᠤᠭᠠᠷ ᠬᠦᠪᠡᠭᠦᠨ ᠰᠦᠷᠦᠭ ᠬᠤᠷᠢᠨ ᠨᠢᠭᠡᠨ ᠨᠠᠰᠤᠳᠠᠢ᠂  ᠭᠤᠷᠪᠠᠳᠤᠭᠠᠷ ᠬᠦᠪᠡᠭᠦᠨ ᠰᠤᠪᠤᠳᠠᠢ ᠠᠷᠪᠠᠨ ᠶᠢᠰᠦᠨ ᠨᠠᠰᠤᠳᠠᠢ  ﹀ ᠭᠡᠵᠦ ᠭᠠᠷᠤᠨ᠎ᠠ  ᠃ ᠲᠡᠭᠡᠪᠡᠯ‌ᠡᠩᠬᠡ ᠠᠮᠤᠭᠤᠯᠠᠩ ᠬᠠᠭᠠᠨ ᠤ ᠭᠤᠴᠢᠨ ᠨᠢᠭᠡᠳᠦᠭᠡᠷ ᠤᠨ ︵1692 ᠤᠨ︶ ᠳᠤ ᠭᠡᠷᠡᠯᠳᠦ ᠮᠦᠨ ᠲᠡᠷᠢᠭᠦᠨ ᠵᠡᠷᠭᠡ ᠶᠢᠨ ᠲᠠᠶᠢᠵᠢ ᠶᠢᠨ ᠵᠡᠷᠭᠡ ᠭᠡᠷᠭᠡᠮ ᠲᠠᠢ ᠪᠠᠶᠢᠵᠠᠢ᠃ ᠭᠡᠷᠡᠯᠳᠦ ᠶᠢᠨ ᠭᠦᠩ ᠶᠢᠨ ᠵᠡᠷᠭᠡ ᠬᠦᠷᠳᠡᠭᠰᠡᠨ ᠲᠤᠬᠠᠢ  ︽ᠵᠠᠷᠯᠢᠭ ᠢᠶᠠᠷ ᠲᠤᠭᠳᠠᠭᠠᠭᠰᠠᠨ ᠭᠠᠳᠠᠭᠠᠳᠤ ᠮᠤᠩᠭᠤᠯ ᠬᠤᠳᠤᠩ ᠠᠶᠢᠮᠠᠭ ᠤᠨ ᠸᠠᠩ  ᠭᠦᠩ ᠤᠳ ᠤᠨ ᠢᠯᠡᠳᠬᠡᠯ ᠱᠠᠰᠳᠢᠷ︾ ᠲᠤ  ᠪᠤᠯ᠄  ︿ᠡᠩᠬᠡ ᠠᠮᠤᠭᠤᠯᠠᠩ ᠬᠠᠭᠠᠨ ᠤ  ᠲᠦᠴᠢᠨ ᠲᠦᠷᠪᠡᠳᠦᠭᠡᠷ ᠤᠨ ︵1705 ᠤᠨ︶᠂  ᠵᠠᠷᠯᠢᠭ ᠪᠠᠭᠤᠯᠭᠠᠭᠰᠠᠨ ᠠᠨᠤ᠂  ᠡᠳᠦᠭᠡ ᠮᠢᠨᠤ ᠠᠪᠠᠭ᠎ᠠ ᠡᠭᠡᠴᠢ ᠨᠠᠷ ᠴᠦᠮ ᠦᠩᠭᠡᠷᠡᠪᠡᠢ᠂ ᠠᠪᠠᠭ᠎ᠠ ᠡᠭᠡᠴᠢ ᠨᠠᠷ ᠤᠨ ᠬᠦᠪᠡᠭᠦᠳ…… ᠭᠡᠷᠡᠯᠳᠦ ᠨᠠᠮᠵᠠ ᠶᠢ ᠭᠦᠩ ᠪᠤᠯᠭᠠᠵᠤ ᠹᠦᠩᠯᠦ ᠢᠳᠡᠭᠦᠯᠳᠦᠭᠡᠢ ᠭᠡᠮᠡᠪᠡᠢ﹀ ᠭᠡᠵᠦ᠂  ︽ᠪᠠᠭᠠᠷᠢᠨ ᠤ ᠲᠡᠤᠬᠡ ᠰᠤᠶᠤᠯ ᠤᠨ ᠰᠤᠷᠪᠤᠯᠵᠢ ᠪᠢᠴᠢᠭ︾ ᠲᠤ᠄ ︿…… ᠭᠦᠩᠵᠦ ᠶᠢᠨ ᠬᠤᠶᠠᠳᠤᠭᠠᠷ ᠬᠦᠪᠡᠭᠦᠨ ᠭᠡᠷᠡᠯᠳᠦ᠂ ᠭᠤᠳᠠᠭᠠᠷ ᠬᠦᠪᠡᠭᠦᠨ ᠨᠠᠮᠴᠢᠨ ᠬᠤᠶᠠᠷ…… ᠶᠡᠭᠡ ᠦᠳᠡᠯᠪᠡ ᠭᠡᠮᠡᠵᠦ…… ᠭᠦᠩ ᠤᠨ ᠵᠡᠷᠭᠡ ᠲᠠᠯᠪᠢᠪᠠ᠂ ᠶᠡᠭᠡ  ᠪᠠᠭ᠎ᠠ ᠭᠦᠩ ᠭᠡᠮᠡᠭᠴᠢ ᠲᠡᠷᠡ ᠪᠤᠢ﹀ ᠭᠡᠵᠦ ᠲᠡᠮᠳᠡᠭᠯᠡᠵᠦ ᠪᠤᠢ᠃  ︽ᠲᠠᠶᠢᠴᠢᠩ ᠤᠯᠤᠰ ᠤᠨ ᠮᠠᠭᠠᠳ ᠬᠠᠤᠯᠢ︾ ᠳᠤ ᠲᠡᠷᠢᠭᠦᠨ ᠵᠡᠷᠭᠡ ᠶᠢᠨ ᠲᠠᠶᠢᠵᠢ ᠭᠡᠷᠡᠯᠳᠦ ᠶᠢᠨ ᠦ᠋ ᠰᠠᠨ ᠭᠦᠢ ᠶᠢ ᠲᠠᠶᠢᠯᠠᠬᠤ ᠲᠠᠶᠢᠨ ᠤ ᠦᠶ᠎ᠡ ᠶᠢᠨ ᠨᠢᠭᠡᠨ ᠪᠠᠶᠢᠳᠠᠯ ᠢ᠄ ︿…… ᠤᠨᠴᠢ ᠶᠠᠯ᠎ᠠ ᠤᠯᠤᠭᠰᠠᠨ ᠬᠦᠮᠦᠨ ᠪᠦᠭᠡᠳ ᠶᠠᠯ᠎ᠠ ᠪᠠᠨ ᠲᠠᠶᠢᠯᠵᠦ ᠵᠢᠳᠬᠦᠰᠦᠭᠡᠢ ᠭᠡᠮᠡᠬᠦ ᠦᠭᠡᠢ᠂ ᠶᠤ ᠵᠸᠤ ᠠᠴᠠ ᠶᠠᠪᠠᠭᠠᠨ ᠪᠤᠷᠤᠭᠤᠯᠠᠵᠤ ᠭᠠᠷᠤᠭᠰᠠᠨ ᠬᠤᠯᠠᠭᠠᠢ ᠶᠢ ᠮᠤᠬᠤᠳᠠᠭᠤᠯ ᠤᠨ ᠨᠡᠬᠡᠭᠰᠡᠨ ᠦᠭᠡᠢ᠂ ᠪᠠᠰᠠ ᠬᠤᠯᠠᠭᠠᠢ ᠶᠢ ᠭᠤᠷᠪᠠᠨ ᠵᠠᠭᠤᠨ ᠦᠯᠡᠭᠦᠦ ᠠᠯᠠᠪᠠᠢ ᠭᠡᠮᠡᠭᠰᠡᠨ ᠶᠠᠪᠤᠳᠠᠯ᠂ ᠢᠵᠠᠭᠤᠷ ᠤᠨ ᠠᠶᠢᠯᠠᠳᠬᠠᠭᠰᠠᠨ ᠶᠠᠪᠤᠳᠠᠯ ᠠᠴᠠ ᠮᠠᠰᠢ ᠦᠪᠡᠷ᠎ᠡ ᠲᠤᠯᠵᠤᠬᠤᠢ᠂ ᠲᠠᠷᠠ ᠴᠠᠭ ᠲᠤᠷ ᠲᠡᠷᠢᠭᠦᠨ ᠵᠡᠷᠭᠡ ᠶᠢᠨ ᠲᠠᠶᠢᠵᠢ ᠭᠡᠷᠡᠯᠳᠦ ᠬᠠᠷᠢᠨᠴᠤ ᠬᠤᠯᠠᠭᠠᠢ ᠶᠢ ᠨᠠᠬᠡᠵᠦ ᠠᠯᠠᠰᠤᠭᠠᠢ᠂ ᠲᠡᠶᠢᠯᠦᠭᠰᠡᠨ ᠬᠦᠴᠦᠨ ᠳᠤᠷ ᠬᠤᠳᠠᠨ ᠢ ᠠᠪᠰᠤᠭᠠᠢ  ᠭᠡᠮᠡᠨ ᠬᠡᠯᠡᠪᠡᠰᠦ᠂  ᠤᠨᠴᠢ  ᠬᠠᠷᠢᠨ  ᠵᠠᠮ ᠴᠢᠬᠤᠯ ᠮᠤᠷᠢᠨ ᠶᠠᠳᠠᠵᠤᠬᠤᠢ᠂ ᠶᠠᠪᠤᠵᠤ ᠦᠯᠦ ᠪᠤᠯᠬᠤ ᠭᠡᠮᠡᠨ ᠠᠶᠤᠨ ᠠᠬᠤᠯᠢᠭᠠᠶᠢᠯᠠᠨ ᠡᠭᠡᠵᠦᠬᠦᠢ﹀ ᠭᠡᠵᠦ ᠲᠡᠮᠳᠡᠭᠯᠡᠵᠦ᠂ ︽ᠵᠠᠷᠯᠢᠭ ᠢᠶᠠᠷ ᠲᠤᠭᠳᠠᠭᠠᠭᠰᠠᠨ ᠭᠠᠳᠠᠭᠠᠳᠤ ᠮᠤᠩᠭᠤᠯ ᠬᠤᠳᠤᠩ ᠠᠶᠢᠮᠠᠭ ᠤᠨ ᠸᠠᠩ  ᠭᠦᠩ ᠤᠳ  ᠤᠨ ᠢᠯᠡᠳᠬᠡᠯ ᠱᠠᠰᠳᠢᠷ︾ ᠲᠤ ᠭᠡᠷᠡᠯᠳᠦ ᠶᠢᠨ ᠭᠠᠯᠳᠠᠨ ᠪᠤᠱᠤᠭᠳᠤ ᠶᠢ ᠲᠠᠶᠢᠯᠠᠬᠤ ᠲᠠᠶᠢᠨ ᠳᠤ ᠱᠠᠯᠠᠮᠠᠭᠠᠶᠢᠯᠠᠨ ᠪᠠᠶᠢᠯᠳᠤᠭᠰᠠᠨ ᠲᠤᠬᠠᠢ᠄  ︿ᠡᠩᠬᠡ ᠠᠮᠤᠭᠤᠯᠠᠩ ᠬᠠᠭᠠᠨ ᠤ  ᠬᠤᠷᠢᠨ ᠶᠢᠰᠦᠳᠦᠭᠡᠷ ᠤᠨ ︵1690 ᠤᠨ︶ ᠵᠠᠷᠯᠢᠭ ᠪᠠᠷ…… ᠺᠠᠯᠳᠠᠨ ᠢ ᠮᠡᠳᠡᠬᠡᠴᠢᠯᠡᠭᠦᠯᠪᠡᠢ᠂…… ᠭᠡᠷᠡᠯᠳᠦ ᠤᠯᠠᠨ ᠠᠴᠠ ᠱᠠᠯᠠᠮᠠᠭᠠᠶᠢᠯᠠᠨ ᠪᠠᠶᠢᠯᠳᠤᠭᠰᠠᠨ ᠤ ᠤᠴᠢᠷ ᠲᠤᠷ ᠴᠡᠷᠢᠭ ᠪᠤᠴᠠᠭᠰᠠᠨ ᠤ ᠬᠤᠶᠢᠨ᠎ᠠ ᠬᠦᠨᠳᠦ ᠪᠠᠷ ᠱᠠᠩᠨᠠᠪᠠᠢ﹀ ᠭᠡᠵᠦ ᠭᠠᠷᠳᠠᠭ ᠪᠠᠶᠢᠨ᠎ᠠ᠃ ᠵᠠᠳᠠᠯᠤᠯᠳᠠ  ᠠᠴᠠ ︽ᠪᠠᠭᠠᠷᠢᠨ ᠤ ᠲᠡᠤᠬᠡ ᠰᠤᠶᠤᠯ ᠤᠨ ᠰᠤᠷᠪᠤᠯᠵᠢ ᠪᠢᠴᠢᠭ︾   ᠲᠠᠬᠢ ᠡᠨᠡ ᠬᠡᠰᠡᠭ ᠲᠡᠮᠳᠡᠭᠯᠡᠯ ᠨᠢ ᠲᠠᠶᠢᠵᠢ ᠭᠡᠷᠡᠯᠳᠦ ᠶᠢᠨ ᠦ᠋ ᠰᠠᠨ ᠭᠦᠢ ᠶᠢ ᠲᠠᠶᠢᠯᠠᠬᠤ   ᠳᠤ ᠮᠤᠷᠳᠠᠭᠰᠠᠨ ᠤ ᠵᠤᠬᠢᠬᠤ ᠦᠨᠳᠦᠰᠦᠯᠡᠯ ᠭᠡᠵᠦ ᠦᠵᠡᠵᠦ ᠪᠤᠯᠬᠤ ᠪᠤᠯᠪᠠᠴᠤ ᠠᠳᠠᠯᠢ ᠪᠤᠰᠤ ᠲᠡᠤᠬᠡᠨ ᠴᠠᠭ ᠦᠶ᠎ᠡ ᠶᠢᠨ ᠠᠳᠠᠯᠢ ᠪᠤᠰᠤ ᠲᠡᠤᠬᠡᠨ ᠬᠦᠮᠦᠨ ᠤ ᠦᠢᠯᠡ ᠶᠠᠪᠤᠳᠠᠯ ᠪᠤᠯᠤᠨ ᠨᠢᠭᠡᠨ ᠬᠦᠮᠦᠨ ᠤ ᠠᠳᠠᠯᠢ ᠪᠤᠰᠤ ᠲᠡᠤᠬᠡᠨ ᠴᠠᠭ ᠦᠶ᠎ᠡ ᠶᠢᠨ ᠦᠢᠯᠡ ᠶᠠᠪᠤᠳᠠᠯ ᠢ ᠬᠤᠳᠬᠤᠯᠳᠤᠭᠤᠯᠤᠨ ᠪᠢᠴᠢᠭᠰᠡᠨ  ᠪᠠᠶᠢᠨ᠎ᠠ᠃ ᠪᠠᠭᠠᠷᠢᠨ ᠤ ᠲᠡᠷᠢᠭᠦᠨ ᠵᠡᠷᠭᠡ ᠶᠢᠨ ᠲᠠᠶᠢᠵᠢ ᠮᠤᠤᠬᠢᠳᠡᠳ1662 ᠤᠨ ᠤ ᠦᠶ᠎ᠡ ᠪᠠᠷ ᠨᠠᠰᠤᠨ ᠦᠭᠡᠳᠡ ᠪᠤᠯᠤᠭᠰᠠᠨ ᠡᠴᠠ‌ᠦ᠋ ᠰᠠᠨ ᠭᠦᠢ ᠶᠢ ᠲᠠᠶᠢᠯᠠᠬᠤ ᠲᠠᠶᠢᠨ   ᠳᠤ ᠮᠤᠷᠳᠠᠭᠰᠠᠨ ᠭᠡᠪᠡᠯ ᠲᠡᠤᠬᠡᠨ ᠠᠳᠡᠭᠦᠷᠡᠯ ᠪᠤᠯᠤᠨ᠎ᠠ᠂ ᠲᠡᠷᠢᠭᠦᠨ ᠵᠡᠷᠭᠡ   ᠶᠢᠨ ᠲᠠᠶᠢᠵᠢ ᠭᠡᠷᠡᠯᠳᠦ ᠦ᠋ ᠰᠠᠨ ᠭᠦᠢ ᠲᠠᠶᠢᠯᠠᠬᠤ ᠲᠠᠶᠢᠨ   ᠳᠤ  ᠭᠠᠪᠢᠶ᠎ᠠ ᠪᠠᠶᠢᠭᠤᠯᠵᠤ ᠭᠦᠩ ᠤᠨ ᠵᠡᠷᠭᠡ ᠬᠦᠷᠳᠡᠭᠰᠡᠨ ᠪᠤᠰᠤ᠂ ᠭᠠᠯᠳᠠᠨ ᠪᠤᠱᠤᠭᠳᠤ ᠶᠢ ᠲᠠᠶᠢᠯᠠᠬᠤ ᠲᠠᠶᠢᠨ ᠳᠤ ᠬᠦᠨᠳᠦ ᠭᠠᠪᠢᠶ᠎ᠠ ᠪᠠᠶᠢᠭᠤᠯᠵᠤ ᠡᠩᠬᠡ ᠠᠮᠤᠭᠤᠯᠠᠩ ᠤᠨ ᠰᠡᠭᠦᠯᠴᠢ ᠶᠢᠨ ᠦᠶ᠎ᠡ ᠳᠤ ᠭᠦᠩ ᠤᠨ ᠵᠡᠷᠭᠡ ᠬᠦᠷᠳᠡᠭᠰᠡᠨ ᠭᠡᠵᠦ ᠤᠶᠢᠯᠭᠠᠪᠠᠯ ᠲᠡᠤᠬᠡᠨ ᠦᠨᠡᠨ  ᠳᠤ  ᠢᠯᠡᠭᠦᠦ ᠤᠶᠢᠷᠠᠳᠤᠬᠤ ᠪᠢᠰᠢᠤ  ︖ ᠲᠡᠭᠡᠪᠡᠯ 1673 ᠤᠨ ᠠᠴᠠ 1681 ᠤᠨ ᠪᠤᠯᠳᠠᠯ᠎ᠠ ᠶᠠᠪᠤᠭᠳᠠᠭᠰᠠᠨ ᠦ᠋ ᠰᠠᠨ ᠭᠦᠢ ᠶᠢ ᠲᠠᠶᠢᠯᠠᠬᠤ ᠲᠠᠶᠢᠨ ᠳᠤ ᠲᠠᠭᠠᠯᠳᠤᠭ᠎ᠠ ᠪᠠᠷ ᠮᠤᠩᠭᠤᠯ ᠤᠨ ᠪᠡᠶᠢᠯᠡ ᠠᠴᠠ ᠲᠤᠷᠤᠭᠰᠢ ᠰᠤᠩᠭᠤᠵᠤ ᠭᠠᠷᠭᠠᠭᠠᠳ  ᠪᠠᠭᠠᠷᠢᠨ ᠠᠴᠠ ᠪᠡᠶᠢᠰᠡ ᠤᠨᠴᠤᠨ ᠲᠠᠶᠢᠵᠢ ᠭᠡᠷᠡᠯᠳᠦ ᠶᠢ ᠯᠠ ᠠᠪᠴᠤ ᠶᠠᠪᠤᠭᠰᠠᠨ  ᠂ ᠪᠠᠭᠠᠷᠢᠨ ᠴᠡᠷᠢᠭ ᠲᠠᠳᠠᠭᠳᠠᠨ ᠶᠠᠪᠤᠭᠰᠠᠨ ᠦᠭᠡᠢ᠃ ᠬᠤᠩᠬᠢᠷᠠᠳ ᠤᠨ ᠯᠠᠪᠠᠳᠠᠢ ᠬᠤᠩ ᠲᠠᠶᠢᠵᠢ 1660 ᠤᠨ ᠤ ᠦᠶ᠎ᠡ ᠪᠠᠷ ᠨᠠᠰᠤᠨ ᠡᠴᠦᠰ ᠪᠤᠯᠤᠭᠰᠠᠨ᠂  ᠯᠠᠪᠠᠳᠠᠢ ᠬᠤᠩ ᠲᠠᠶᠢᠵᠢ ᠶᠢᠨ ᠬᠦᠪᠡᠭᠦᠨ ᠤᠯᠠᠳᠠᠢ ᠡᠴᠢᠭᠡ ᠠᠴᠠ ᠪᠠᠨ ᠤᠷᠢᠳ 1654 ᠤᠨ ᠤ ᠦᠶ᠎ᠡ ᠪᠠᠷ ᠦᠩᠭᠡᠷᠡᠭᠰᠡᠨ ᠲᠤᠯᠠ  ︿ᠦ᠋ ᠰᠠᠨ ᠭᠦᠢ ᠶᠢ ᠲᠠᠶᠢᠯᠠᠬᠤ ᠲᠠᠶᠢᠨ ᠳᠤ ᠬᠤᠩᠬᠢᠷᠠᠳ ᠤᠨ ᠠᠬᠠᠯᠠᠭᠴᠢ ᠤᠯᠠᠳᠠᠢ ᠤᠰᠤᠳᠠᠢ ᠬᠤᠶᠠᠭᠤᠯᠠ ᠮᠤᠷᠳᠠᠭᠠᠳ﹀ ᠭᠡᠳᠡᠭ ᠬᠡᠯᠡᠯᠭᠡ ᠨᠢ ᠲᠡᠤᠬᠡᠨ ᠦᠨᠡᠨ ᠳᠤ ᠨᠡᠶᠢᠴᠡᠬᠦ ᠦᠭᠡᠢ ᠵᠦᠢᠯ ᠪᠤᠯᠤᠨ᠎ᠠ᠃ ᠬᠠᠷᠢᠨ ᠡᠩᠬᠡ ᠠᠮᠤᠭᠤᠯᠠᠩ ᠤᠨ ᠠᠷᠪᠠᠨ ᠲᠦᠷᠪᠡᠳᠦᠭᠡᠷ ᠤᠨ ︵1675 ᠤᠨ︶ ᠳᠤ ᠴᠠᠬᠠᠷ ᠤᠨ ᠬᠤᠱᠤᠢ ᠴᠢᠨ ᠸᠠᠩ ᠪᠤᠷᠨᠢ ᠪᠤᠰᠤᠯᠭ᠎ᠠ ᠭᠠᠷᠭᠠᠨ ᠴᠢᠩ ᠤᠯᠤᠰ ᠢ ᠡᠰᠡᠷᠭᠦᠴᠡᠭᠰᠡᠨ ᠳᠤ ᠪᠠᠭᠠᠷᠢᠨ ᠴᠡᠷᠢᠭ ᠬᠤᠯᠠ ᠳ᠋ᠠᠬᠢᠨ ᠢ ᠲᠠᠭᠠᠭᠤᠯᠤᠭᠴᠢ ᠶᠡᠭᠡ ᠵᠠᠩᠵᠤᠨ ᠲᠦᠷᠦ ᠶᠢᠨ ᠢᠳᠡᠭᠡᠯᠳᠦ ᠬᠢᠶᠤᠨ ᠸᠠᠩ ᠤᠵᠠ ᠲᠠᠨ ᠢ ᠲᠠᠭᠠᠨ ᠪᠤᠷᠨᠢ ᠶᠢᠨ  ᠪᠤᠰᠤᠯᠭ᠎ᠠ ᠶᠢ ᠲᠠᠷᠤᠩᠭᠤᠶᠢᠯᠠᠬᠤ ᠳᠤ ᠤᠷᠤᠯᠴᠠᠵᠠᠢ  ᠃  ᠲᠡᠤᠬᠡᠨ ᠪᠢᠴᠢᠭ ᠲᠤ᠄ ︿ᠶᠡᠭᠡ ᠴᠡᠷᠢᠭ ᠵᠤᠨ ᠤ  ᠲᠡᠷᠢᠭᠦᠨ ᠰᠠᠷ᠎ᠠ ᠶᠢᠨ ᠰᠢᠨ᠎ᠡ ᠶᠢᠨ ᠵᠢᠷᠭᠤᠭᠠᠨ᠎ᠠ ᠭᠢᠩ ᠬᠤᠳᠠᠨ ᠠᠴᠠ ᠮᠤᠷᠳᠠᠮᠤᠢ …… ᠲᠡᠭᠡᠷ᠎ᠡ ᠠᠴᠠ ᠭᠠᠳᠠᠭᠠᠳᠤ ᠮᠤᠩᠭᠤᠯ ᠤᠨ ᠲᠦᠷᠦ   ᠶᠢ ᠵᠠᠰᠠᠬᠤ ᠶᠠᠪᠤᠳᠠᠯ ᠤᠨ ᠶᠠᠮᠤᠨ   ᠤ ᠢᠯᠭᠠᠭᠴᠢ ᠲᠦᠰᠢᠮᠡᠯ ᠮᠠᠯᠠ᠂ ᠲᠤᠰᠠᠯᠠᠭᠴᠢ ᠲᠦᠰᠢᠮᠡᠯ ᠰᠡᠷᠡᠩ ᠢ ᠤᠯᠠᠨ ᠠᠶᠢᠮᠠᠭ ᠠᠴᠠ ᠴᠡᠷᠢᠭ ᠲᠠᠳᠠᠷ᠎ᠠ ᠤᠳᠤᠭᠳᠤᠨ ᠭᠡᠮᠡᠨ ᠭᠠᠷᠭᠠᠵᠤ ……᠂ ᠬᠤᠷᠴᠢᠨ ᠤ ᠬᠤᠱᠤᠢ ᠵᠤᠷᠢᠭᠳᠤ ᠴᠢᠨ ᠸᠠᠩ ᠤᠴᠢᠷ …… ᠠᠷᠤ ᠬᠤᠷᠴᠢᠨ ᠤ ᠲᠦᠷᠦ ᠶᠢᠨ ᠭᠢᠶᠦᠨ ᠸᠠᠩ ᠵᠤᠯᠵᠠᠭ᠎ᠠ᠂ ᠤᠩᠨᠢᠭᠤᠳ ᠤᠨ ᠲᠦᠷᠦ ᠶᠢᠨ ᠲᠦᠭᠦᠷᠡᠩ ᠭᠢᠶᠦᠨ ᠸᠠᠩ ᠪᠢᠯᠢᠭᠦᠨᠳᠠᠯᠠᠢ …… ᠪᠠᠭᠠᠷᠢᠨ ᠤ ᠲᠦᠷᠦ ᠶᠢᠨ ᠭᠢᠶᠦᠨ ᠸᠠᠩ ᠤᠴᠢᠷ᠂ ᠬᠤᠰᠢᠭᠤᠨ ᠪᠠᠶᠢᠰᠡ ᠤᠷᠵᠠᠨ ……  ᠵᠠᠷᠤᠳ ᠤᠨ ᠲᠦᠷᠦ ᠶᠢᠨ ᠲᠠᠷᠬᠠᠨ ᠪᠡᠶᠢᠯᠡ ᠪᠠᠳᠠᠷᠢ …… ᠬᠤᠯᠠ ᠳ᠋ᠠᠬᠢᠨ ᠢ ᠲᠠᠭᠠᠭᠤᠯᠤᠭᠴᠢ ᠶᠡᠭᠡ ᠵᠠᠩᠵᠤᠨ ᠲᠦᠷᠦ ᠶᠢᠨ ᠢᠳᠡᠭᠡᠯᠳᠦ ᠬᠢᠶᠤᠨ ᠸᠠᠩ ᠤᠵᠠ ᠲᠠᠨ ᠴᠡᠷᠢᠭ ᠠᠪᠴᠤ ᠮᠤᠷᠳᠠᠬᠤᠢ ᠳᠤᠷ﹀᠂ ︿  ᠪᠠᠭᠠᠷᠢᠨ᠂ ᠤᠩᠨᠢᠭᠤᠳ᠂ ᠠᠤᠬᠠᠨ᠂ ᠬᠠᠷᠠᠴᠢᠨ᠂ ᠲᠦᠮᠡᠳ ᠤᠨ ᠵᠡᠷᠭᠡ ᠶᠢᠨ ᠭᠠᠵᠠᠷ ᠤᠨ ᠴᠡᠷᠢᠭ ᠢ ᠪᠦᠷᠢᠨ᠎ᠡ ᠲᠠᠳᠠᠵᠤ ᠪᠤᠷᠨᠢ ᠶᠢ ᠲᠠᠶᠢᠯᠠᠷ᠎ᠠ ᠤᠳᠵᠤᠬᠤᠢ……ᠡᠳᠦᠭᠡ ᠴᠠᠬᠠᠷ ᠤᠨ ᠬᠡᠷᠡᠭ ᠲᠤᠭᠳᠠᠭᠰᠠᠨ ᠤ ᠲᠤᠯᠠᠳᠠ ᠶᠡᠭᠡ ᠵᠠᠩᠵᠤᠨ ᠲᠠ ᠤᠯᠠᠨ ᠭᠠᠵᠠᠷ ᠤᠨ ᠸᠠᠩ᠂ ᠪᠡᠶᠢᠯᠡ᠂ ᠲᠠᠶᠢᠵᠢ ᠨᠡᠷ ᠢ ᠴᠡᠷᠢᠭ ᠢᠶᠠᠨ ᠠᠪᠴᠤ ᠬᠤᠷᠳᠤᠨ᠎ᠠ ᠡᠭᠡᠭᠦᠯᠵᠦ᠂ ᠦᠪᠡᠷ ᠦᠪᠡᠷ ᠤᠨ ᠲᠤᠰ ᠭᠠᠵᠠᠷ ᠢ ᠰᠠᠬᠢᠳᠤᠭᠠᠢ﹀ ᠭᠡᠵᠦ ᠴᠠᠬᠠᠷ ᠤᠨ ᠬᠤᠱᠤᠢ ᠴᠢᠨ ᠸᠠᠩ ᠪᠤᠷᠨᠢ ᠶᠢᠨ ᠪᠤᠰᠤᠯᠭ᠎ᠠ ᠶᠢ ᠲᠠᠷᠤᠬᠤ ᠳᠤ ᠪᠠᠭᠠᠷᠢᠨ ᠤ ᠪᠦᠬᠦ ᠴᠡᠷᠢᠭ ᠶᠠᠪᠤᠭᠰᠠᠨ ᠢ ᠪᠠ ᠴᠠᠬᠠᠷ ᠤᠨ ᠪᠤᠷᠨᠢ  ᠶᠢᠨ ᠪᠤᠰᠤᠯᠭ᠎ᠠ ᠶᠢ ᠲᠠᠷᠤᠩᠭᠤᠶᠢᠯᠠᠭᠰᠠᠨ ᠤ ᠲᠠᠷᠠᠭ᠎ᠠ  ᠪᠠᠭᠠᠷᠢᠨ ᠤ  ᠪᠦᠬᠦ ᠴᠡᠷᠢᠭ ᠬᠤᠰᠢᠭᠤᠨ ᠤ ᠬᠢ ᠪᠠᠨ ᠬᠢᠵᠠᠭᠠᠷ ᠲᠤ ᠪᠤᠴᠠᠵᠤ ᠢᠷᠡᠭᠰᠡᠨ ᠢ ᠲᠡᠮᠳᠡᠭᠯᠡᠵᠦ ᠪᠠᠶᠢᠳᠠᠭ᠃ ᠡᠰᠢᠯᠡᠭᠰᠡᠨ ᠨᠤᠮ ᠪᠢᠴᠢᠭ ᠤᠳ᠄1. ︽ᠪᠤᠯᠤᠷ ᠡᠷᠢᠬᠡ︾  ᠂ ᠷᠠᠰᠢᠫᠤᠩᠰᠤᠭ2.︽ᠵᠠᠷᠯᠢᠭ ᠢᠶᠠᠷ ᠲᠤᠭᠳᠠᠭᠠᠭᠰᠠᠨ ᠭᠠᠳᠠᠭᠠᠳᠤ ᠮᠤᠩᠭᠤᠯ ᠬᠤᠳᠤᠩ ᠠᠶᠢᠮᠠᠭ ᠤᠨ ᠸᠠᠩ  ᠭᠦᠩ ᠤᠳ ᠤᠨ ᠢᠯᠡᠳᠬᠡᠯ ᠱᠠᠰᠳᠢᠷ︾3. ︽ᠲᠠᠶᠢᠴᠢᠩ ᠤᠯᠤᠰ ᠤᠨ ᠮᠠᠭᠠᠳ ᠬᠠᠤᠯᠢ︾4. ︽ᠲᠠᠩᠰᠠ ᠡᠪᠬᠡᠮᠡᠯ︾5. ︽ᠪᠠᠭᠠᠷᠢᠨ ᠤ ᠲᠡᠤᠬᠡ ᠰᠤᠶᠤᠯ ᠤᠨ ᠰᠤᠷᠪᠤᠯᠵᠢ ᠪᠢᠴᠢᠭ︾  ᠂  ᠨ᠊᠂  ᠰᠠᠶᠢᠰᠢᠶᠠᠯᠳᠤ᠂  ᠬᠠᠰᠪᠠᠭᠠᠨ᠎ᠠ6. ︽ᠮᠠᠨᠵᠤ ᠮᠤᠩᠭᠤᠯ ᠤᠨ ᠠᠶᠢᠯᠠᠳᠬᠠᠯ ᠤᠨ ᠲᠡᠪᠳᠡᠷ ᠤᠳ︾
 
ᠢᠷᠡᠯᠲᠡ᠄ ᠮᠡᠨᠳᠤ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号