ᠯᠢᠨᠰᠢ ᠰᠢᠶᠠᠨ ᠢ  ᠪᠠᠶᠢᠭᠤᠯᠤᠭᠰᠠᠨ  ᠵᠠᠩ  ᠸᠧᠨ  ᠬᠤᠤ  ᠶᠢᠨ  ᠲᠤᠬᠠᠢ  ᠦᠭᠦᠯᠡᠬᠦ ᠨᠢ
ᠨᠡᠶᠢᠲᠡᠯᠡᠭᠰᠡᠨ ᠴᠠᠭ᠄
2020-06-30
     ᠵᠠᠩ  ᠸᠧᠨ  ᠬᠤᠤ  ᠠᠨᠤ  ᠵᠧᠵᠢᠶᠠᠩ   ᠮᠤᠵᠢ ᠶᠢᠨ  ᠱᠤᠤᠰᠢᠩ   ᠤᠨ  ᠬᠦᠮᠦᠨ  ᠂ ᠡᠷᠭᠦᠭᠰᠡᠨ ᠨᠡᠷ᠎ᠡ ᠨᠢ ᠯᠠᠨ  ᠹᠠᠩ  ᠃ ᠰᠢᠶᠠᠨ ᠤ ᠨᠤᠶᠠᠨ   ᠢᠶᠠᠷ ᠰᠢᠯᠭᠠᠵᠦ   ᠡᠯᠰᠡᠭᠳᠡᠭᠡᠳ  ᠂  ᠨᠤᠳᠤᠭ  ᠨᠢᠭᠡᠳᠠᠢ ᠰᠠᠶᠢᠨ  ᠨᠠᠶᠢᠵᠠ  ᠬᠠᠨ ᠠᠢ  ᠡᠦ ᠵᠡᠷᠭᠡ  ᠰᠢᠯᠭᠠᠯᠳᠠ   ᠠᠴᠠ   ᠭᠡᠭᠡᠭᠳᠡᠭᠰᠡᠳ   ᠲᠠᠢ   ᠪᠡᠭᠡᠵᠢᠩ ᠤᠨ  ᠱᠤᠤᠰᠢᠩ  ᠤᠷᠳᠦᠨ ᠳᠤ    ᠬᠤᠪᠢᠶᠠᠷᠯᠠᠯᠳᠠ   ᠬᠦᠯᠢᠶᠡᠨ  ᠂ ᠪᠠᠭᠠᠷᠢᠨ   ᠤ ᠠᠳᠠᠷ  ᠬᠠᠭᠠᠯᠪᠤᠶᠢᠯᠠᠯᠳᠠ   ᠲᠤ  ᠲᠤᠬᠢᠶᠠᠯᠳᠤᠨ  ᠂ ᠴᠢᠩ   ᠤᠨ  ᠵᠠᠰᠠᠭ   ᠤᠨ  ᠭᠠᠵᠠᠷ   ᠲᠤ  ᠪᠠᠭᠠᠷᠢᠨ ᠤ  ᠠᠳᠠᠷ ᠬᠠᠭᠠᠯᠪᠤᠷᠢᠯᠠᠯᠳᠠ   ᠶᠢᠨ  ᠶᠡᠷᠦᠩᠬᠢ  ᠮᠡᠳᠡᠭᠴᠢ  ᠂  ᠯᠢᠨᠰᠢ  ᠰᠢᠶᠠᠨ ᠤ ᠮᠡᠳᠡᠭᠴᠢ ᠪᠠᠷ   ᠲᠤᠮᠢᠯᠠᠭᠳᠠᠵᠠᠢ  ᠃ ᠲᠡᠭᠦᠨ   ᠢᠶᠠᠷ᠂  ᠪᠠᠳᠠᠷᠠᠭᠤᠯᠳᠦ  ᠲᠦᠷᠦ   ᠶᠢᠨ 34  ︵1908︶  ᠤᠨ   ᠠᠴᠠ  ᠢᠷᠭᠡᠨ  ᠤᠯᠤᠰ   ᠤᠨ  ᠬᠤᠶᠠᠷ  ᠤᠨ  ︵1913︶ ᠤᠨ  ᠪᠤᠯᠳᠠᠯ᠎ᠠ  ᠯᠢᠨᠰᠢ  ᠰᠢᠶᠠᠨ ᠤ ᠭᠡᠷᠡᠭ ᠮᠡᠳᠡᠭᠴᠢ   ᠪᠠᠷ  ᠬᠤᠶᠠᠷᠳᠠ ᠲᠤᠮᠢᠯᠠᠭᠳᠠᠨ᠂  ᠪᠠᠭᠠᠷᠢᠨ ᠤ ᠠᠳᠠᠷ   ᠬᠠᠭᠠᠯᠪᠤᠷᠢᠯᠠᠯᠳᠠ ᠶᠢᠨ  ᠶᠡᠷᠦᠩᠬᠢ ᠮᠡᠳᠡᠭᠴᠢ   ᠪᠠᠷ ᠭᠤᠷᠪᠠᠨᠳᠠ   ᠬᠡᠷᠡᠭᠯᠡᠩᠳᠡᠵᠠᠢ᠃  ᠰᠦᠩ ᠱᠤᠤ ᠴᠢᠦᠸᠠᠨ ᠤ   ︿︿ᠯᠢᠨᠰᠢ  ᠰᠢᠶᠠᠨ ᠤ  ᠤᠶᠢᠯᠠᠯᠭ᠎ᠠ﹀﹀   ᠳᠤ  ᠲᠡᠭᠦᠨ ᠢ ᠯᠢᠨᠰᠢ   ᠶᠢᠨ   ᠠᠯᠳᠠᠷᠳᠦ  ᠨᠤᠶᠠᠳ   ᠲᠤ  ᠪᠠᠭᠳᠠᠭᠠᠨ  ᠄ ︿︿ ᠯᠢᠨᠰᠢ  ᠰᠢᠶᠠᠨ ᠳᠤ ᠬᠤᠶᠠᠷᠳᠠᠨ   ᠵᠤᠭᠠᠴᠠᠨ  ᠨᠤᠶᠠᠯᠠᠨ  ᠂   ᠲᠦᠷᠦ  ᠵᠠᠰᠠᠭ   ᠲᠤ ᠠᠯᠳᠠᠷ  ᠮᠠᠨᠳᠤᠨ  ᠂ ᠦᠷᠦᠰᠢᠶᠡᠯᠳᠦ ᠵᠠᠰᠠᠭ   ᠶᠠᠪᠤᠭᠤᠯᠠᠨ  ᠂ ᠲᠠᠷᠢᠶᠠᠯᠠᠩ  ᠬᠤᠳᠠᠯᠳᠤᠭ᠎ᠠ   ᠶᠢ  ᠵᠡᠷᠭᠡᠪᠡᠷ  ᠡᠷᠬᠢᠯᠡᠵᠠᠢ  ﹀﹀ ᠭᠡᠵᠦ  ᠦᠨᠡᠯᠡᠵᠠᠢ  ᠃ ᠯᠢᠨᠰᠢ  ᠰᠢᠶᠠᠨ   ᠳᠤ ᠲᠠᠪᠤᠨ   ᠵᠢᠯ  ᠨᠤᠶᠠᠨ  ᠰᠠᠭᠤᠬᠤ   ᠳᠠᠭᠠᠨ  ᠂   ᠬᠡᠪᠳᠦ  ᠶᠤᠰᠤᠳᠦ   ᠶᠢᠨ  ᠲᠡᠷᠢᠭᠦᠨ   ︵1909︶  ᠤᠨ   ᠳᠤ ᠠᠳᠠᠷ   ᠬᠠᠭᠠᠯᠪᠤᠷᠢᠯᠠᠯᠳᠠ   ᠶᠢᠨ  ᠶᠡᠷᠦᠩᠬᠢ  ᠮᠡᠳᠡᠭᠴᠢ   ᠶᠢ   ᠬᠠᠷᠢᠭᠤᠴᠠᠬᠤ   ᠶᠢᠨ   ᠬᠠᠮᠳᠦ  ᠪᠠᠰᠠ  ᠪᠠᠭᠠᠷᠢᠨ ᠵᠡᠭᠦᠨ  ᠬᠤᠰᠢᠭᠤ    ᠂   ᠬᠡᠰᠢᠭᠳᠡᠨ  ᠵᠡᠷᠭᠡ  ᠭᠤᠷᠪᠠᠨ  ᠬᠤᠰᠢᠭᠤ ᠰᠢᠶᠠᠨ ᠤ ᠬᠢᠳᠡᠳ  ᠮᠤᠩᠭᠤᠯ   ᠤᠨ  ᠶᠠᠪᠤᠳᠠᠯ   ᠢ  ᠬᠠᠪᠰᠤᠷᠭᠠᠨ  ᠬᠠᠷᠢᠭᠤᠴᠠᠵᠠᠢ  ᠃    ᠬᠡᠪᠳᠦ  ᠶᠤᠰᠤᠳᠦ   ᠶᠢᠨ  ᠬᠤᠶᠠᠳᠤᠭᠠᠷ   ︵1910︶  ᠤᠨ   ᠳᠤ  ᠭᠡᠰᠢᠭᠳᠡᠨ  ᠬᠤᠰᠢᠭᠤ   ᠶᠢ  ᠰᠠᠯᠭᠠᠨ  ᠭᠠᠷᠭᠠᠵᠦ  ᠵᠢᠩ  ᠫᠧᠩ  ᠰᠢᠶᠠᠨ   ᠢ   ᠪᠠᠶᠢᠭᠤᠯᠤᠭᠰᠠᠨ   ᠨᠢ  ᠪᠠᠰᠠᠴᠦ   ᠵᠠᠩ  ᠸᠧᠨ  ᠬᠤᠤ   ᠶᠢᠨ   ᠰᠤᠶᠤᠷᠬᠠᠯ  ᠮᠦᠨ  ᠃  ᠲᠡᠭᠦᠨ   ᠤ  ᠯᠢᠨᠰᠢ  ᠰᠢᠶᠠᠨ   ᠳᠤ  ᠦᠵᠡᠭᠦᠯᠦᠭᠰᠡᠨ    ᠵᠢᠳᠬᠦᠯ   ᠢ   ᠨᠢ ᠨᠠᠷᠢᠪᠴᠢᠯᠠᠨ  ᠦᠵᠡᠪᠡᠯ  ᠲᠤᠤᠷᠠᠬᠢ  ᠮᠡᠳᠦ  ᠃       ᠨᠢᠭᠡ ᠳᠤ᠄  ᠯᠢᠨᠰᠢ  ᠰᠢᠶᠠᠨ ᠤ  ᠬᠢᠵᠠᠭᠠᠷ   ᠢ  ᠲᠤᠭᠳᠠᠭᠠᠵᠠᠢ  ᠃ ᠵᠠᠩ ᠸᠧᠨ  ᠬᠤᠤ  ᠪᠠᠭᠠᠷᠢᠨ   ᠤ  ᠠᠳᠠᠷ    ᠬᠠᠭᠠᠯᠪᠤᠷᠢᠯᠠᠯᠳᠠ   ᠶᠢᠨ  ᠬᠤᠶᠠᠳᠤᠭᠠᠷ  ᠤᠨ  ᠂  ᠲᠠᠷᠤᠢ  ᠪᠠᠳᠠᠷᠭᠤᠯᠳᠦ  ᠲᠦᠷᠦ   ᠶᠢᠨ 34 ᠤᠨ  ᠤ 3 ᠰᠠᠷ᠎ᠠ   ᠶᠢᠨ  ᠰᠡᠭᠦᠯᠴᠢ   ᠪᠠᠷ  ᠪᠠᠭᠠᠷᠢᠨ   ᠤ  ᠠᠳᠠᠷ  ᠬᠠᠭᠠᠯᠪᠤᠷᠢᠯᠠᠬᠤ  ᠲᠤᠪᠴᠢᠶ᠎ᠠ   ᠶᠢᠨ  ᠶᠡᠷᠦᠩᠭᠬᠢ   ᠬᠡᠷᠡᠭ  ᠮᠡᠳᠡᠭᠴᠢ   ᠪᠠᠷ  ᠢᠷᠡᠭᠰᠡᠨ ᠠᠴᠠ  ᠂ ᠪᠠᠳᠠᠷᠠᠭᠤᠯᠳᠦ  ᠲᠦᠷᠦ   ᠶᠢᠨ   33 ᠤᠨ  ︵1907︶   ᠪᠠᠭᠠᠷᠢᠨ ᠸᠠᠩ  ᠠᠳᠠᠷ  ᠭᠠᠵᠠᠷ ᠡᠷᠭᠦᠨ  ᠪᠠᠷᠢᠭᠰᠠᠨ   ᠠᠴᠠ  ᠭᠠᠳᠠᠨ᠎ᠠ  ᠂  ᠪᠠᠳᠠᠷᠭᠤᠯᠳᠤ  ᠲᠦᠷᠦ   ᠶᠢᠨ 34 ᠤᠨ   ᠠᠴᠠ  ᠡᠬᠢᠯᠡᠵᠦ  ᠢᠷᠭᠡᠨ  ᠤᠯᠤᠰ   ᠤᠨ   ᠬᠤᠶᠠᠳᠤᠭᠠᠷ  ᠤᠨ  ᠪᠠᠭᠠᠷᠢᠨ   ᠤ  ᠠᠳᠠᠷ  ᠬᠠᠭᠠᠯᠪᠤᠷᠢᠯᠠᠯᠳᠠ  ᠲᠡᠭᠦᠰᠳᠡᠯ᠎ᠡ  ᠂ ᠿᠧ  ᠾᠧ   ᠶᠢᠨ   ᠪᠦᠬᠦᠳᠡ   ᠶᠢ  ᠵᠠᠬᠢᠷᠤᠭᠴᠢ  ᠲᠢᠩ  ᠵᠢᠶᠧ   ᠶᠢᠨ   ᠵᠢᠭᠠᠪᠦᠷᠢ   ᠪᠠᠷ  ᠪᠠᠭᠠᠷᠢᠨ ᠸᠠᠩ   ᠳᠤ ︿︿ᠲᠠᠬᠢᠨ  ᠲᠠᠬᠢᠨ  ᠰᠡᠭᠡᠷᠡᠭᠦᠯᠦᠯᠳᠡ  ﹀  ﹀  ᠬᠢᠵᠦ᠂    ᠪᠠᠭᠠᠷᠢᠨ ᠤ  ᠠᠳᠠᠷ   ᠲᠦᠷᠪᠠᠨᠳᠡ  ᠡᠷᠭᠦᠨ   ᠪᠠᠷᠢᠭᠤᠯᠠᠨ  ᠨᠡᠶᠢᠳᠡ 8250 ᠴᠢᠩ  ᠂  ᠠᠭᠤᠯᠠ  ᠂ ᠭᠤᠤᠯ  ᠂  ᠡᠯᠡᠰᠦ  ᠵᠡᠷᠭᠡ   ᠶᠢ  ᠭᠠᠷᠭᠠᠪᠠᠯ  ᠂ ᠬᠠᠭᠠᠯᠪᠤᠷᠢᠯᠠᠵᠤ  ᠪᠤᠯᠬᠤ  ᠭᠠᠵᠠᠷ ᠨᠡᠶᠢᠳᠡ 5000 ᠢᠯᠡᠭᠦᠦ  ᠴᠢᠩ  ᠪᠠᠶᠢᠪᠠ᠃  ᠢᠩᠭᠢᠭᠡᠳ  ᠪᠠᠭᠠᠷᠢᠨ ᠬᠦᠭᠦᠷᠭᠡ   ᠠᠴᠠ  ᠤᠮᠠᠷᠠᠰᠢ  ᠦᠵᠦᠮᠦᠴᠢᠨ ᠤ  ᠬᠢᠵᠠᠭᠠᠷ  ᠬᠦᠷᠳᠡᠯ᠎ᠡ  ᠪᠦᠬᠦ  ᠤᠷᠳᠦ   ᠨᠢ ᠪᠠᠷᠤᠭ 230 ᠢᠯᠡᠭᠦᠦ  ᠭᠠᠵᠠᠷ  ᠂ ᠵᠡᠭᠦᠨᠰᠢ  ᠴᠠᠭᠠᠨᠮᠦᠷᠦᠨ  ᠭᠤᠤᠯ   ᠠᠴᠠ  ᠬᠡᠰᠢᠭᠳᠡᠨ   ᠤ  ᠯᠢᠦ  ᠵᠢᠶᠠ  ᠢᠩᠽᠢ  ᠬᠦᠷᠳᠡᠯ᠎ᠡ  ᠂ ᠦᠷᠭᠡᠨ   ᠨᠢ ᠪᠠᠷᠤᠭ 75ᠭᠠᠵᠠᠷ  ᠤᠷᠳᠦ  ᠭᠠᠵᠠᠷ   ᠢ  ᠲᠠᠳᠠᠪᠤᠷᠢᠯᠠᠨ ᠠᠪᠴᠦ  ᠯᠢᠨᠰᠢ ᠰᠢᠶᠠᠨ ᠤ  ᠲᠦᠷᠪᠡᠨ  ᠬᠢᠵᠠᠭᠠᠷ   ᠶᠢᠨ  ᠦᠨᠳᠦᠰᠦᠨ   ᠳᠤᠨᠢ  ᠲᠤᠭᠳᠠᠭᠠᠵᠠᠢ  ᠃ 1912 ᠤᠨ   ᠳᠤ  ᠵᠠᠩ ᠸᠧᠨ  ᠬᠤᠤ  ᠬᠦᠮᠦᠨ ᠲᠤᠮᠢᠯᠠᠨ  ᠪᠠᠭᠠᠷᠢᠨ  ᠪᠠᠷᠠᠭᠤᠨ ᠬᠤᠰᠢᠭᠤ ᠲᠠᠢ  ᠬᠠᠮᠳᠦᠪᠡᠷ  ᠬᠤᠰᠢᠭᠤ  ᠰᠢᠶᠠᠨ   ᠤ ᠬᠢᠵᠠᠭᠠᠠᠷ   ᠢ  ᠬᠠᠶᠢᠨ  ᠲᠤᠭᠳᠠᠭᠠᠨ  ᠤᠪᠤᠭ᠎ᠠ  ᠪᠤᠰᠬᠠᠨ  ᠲᠡᠮᠳᠡᠭ ᠪᠤᠯᠭᠠᠵᠠᠢ  ᠃ ᠪᠠᠭᠠᠷᠢᠨ ᠤ ᠠᠳᠠᠷ ᠬᠠᠭᠠᠯᠪᠤᠷᠢᠯᠠᠯᠳᠠ   ᠢᠩᠭᠢᠭᠡᠳ  ᠲᠡᠭᠦᠰᠭᠡᠵᠠᠢ᠃2  ᠂ ᠯᠢᠨᠰᠢ   ᠪᠠᠯᠭᠠᠰᠤᠨ   ᠤ  ᠨᠤᠳᠤᠭ   ᠢ  ᠬᠠᠶᠢᠨ  ᠲᠤᠭᠳᠠᠭᠠᠨ  ᠰᠢᠶᠠᠨ ᠤ  ᠬᠤᠳᠠ   ᠶᠢ  ᠪᠠᠶᠢᠭᠤᠯᠵᠠᠢ᠃  ᠬᠠᠮᠤᠭ   ᠠᠩᠬᠠᠨ   ᠳᠤ   ᠪᠠᠭᠠᠷᠢᠨ   ᠤ  ᠠᠳᠠᠷ  ᠬᠠᠭᠠᠯᠪᠤᠷᠢᠯᠠᠯᠳᠠ   ᠶᠢᠨ  ᠬᠤᠶᠠᠳᠤᠭᠴᠢ    ᠶᠡᠷᠦᠩᠬᠢ ᠬᠡᠷᠡᠭ  ᠮᠡᠳᠡᠭᠴᠢ  ᠯᠢ  ᠲᠠᠨ   ᠰᠢᠶᠠᠨ ᠤ  ᠬᠤᠳᠠ   ᠶᠢᠨ   ᠰᠠᠭᠤᠷᠢᠨ   ᠢ   ᠵᠤᠯᠠᠴᠢᠨ ᠰᠦᠮ᠎ᠡ   ᠶᠢᠨ  ᠤᠷᠴᠢᠮ    ᠲᠤᠭᠳᠠᠭᠠᠵᠠᠢ   ︵ ᠤᠭ   ᠤᠨ  ᠯᠢᠨᠰᠢ  ᠰᠢᠶᠠᠨ   ᠤ  ᠰᠢᠩ  ᠯᠦᠩ  ᠵᠤᠸᠠᠩ  ᠲᠤᠰᠬᠤᠨ ᠤ   ᠪᠠᠷᠠᠭᠤᠨ  ᠵᠠᠬ᠎ᠠ  ︶᠃ ᠪᠠᠳᠠᠷᠭᠤᠯᠳᠦ  ᠲᠦᠷᠦ   ᠶᠢᠨ 34  ᠤᠨ ᠤ  ᠬᠠᠪᠤᠷ  ᠵᠠᠩ  ᠸᠧᠡ  ᠬᠤᠤ   ᠢᠷᠡᠭᠡᠳ  ᠤᠯᠢᠶᠠᠰᠤᠳᠠᠢ  ᠬᠦᠨᠳᠢ   ᠶᠢᠨ  ᠲᠤᠯᠤᠭᠠᠨ  ᠬᠤᠱᠤᠤ  ᠂  ᠪᠠᠶᠢᠬᠠᠳᠦ  ᠂  ᠤᠪᠤᠭ᠎ᠠ  ᠠᠭᠤᠯᠠ   ᠶᠢᠨ  ᠬᠤᠭᠤᠷᠤᠨᠳᠦ  ᠰᠢᠶᠠᠨ ᠤ  ᠬᠤᠳᠠ   ᠶᠢᠨ  ᠰᠠᠭᠤᠷᠢᠨ   ᠢ   ᠲᠤᠭᠳᠠᠭᠠᠨ  ᠂ ᠿᠧ  ᠾᠧ   ᠶᠢᠨ  ᠪᠦᠬᠦᠳᠡ   ᠶᠢ  ᠵᠠᠬᠢᠷᠤᠭᠴᠢ  ᠲᠢᠩ  ᠵᠢᠶᠧ   ᠪᠠᠷ  ᠵᠦᠪᠰᠢᠶᠡᠷᠡᠭᠦᠯᠵᠠᠢ᠃  ᠰᠢᠶᠠᠨ ᠤ  ᠶᠠᠮᠤᠨ   ᠨᠢ  ᠬᠤᠳᠠ   ᠶᠢᠨ  ᠪᠠᠷᠠᠭᠤᠨ  ᠬᠤᠶᠢᠳᠦ  ᠤᠷᠴᠢᠮ  ︵ᠣᠳᠤᠬᠠᠨ   ᠤ  ᠲᠤᠷᠰᠢᠯᠳᠠ   ᠶᠢᠨ  ᠪᠠᠭ᠎ᠠ ᠰᠤᠷᠭᠠᠭᠤᠯᠢ   ᠶᠢᠨ   ᠬᠤᠷᠢᠶ᠎ᠠ︶  ᠪᠠᠶᠢᠵᠦ  ᠂ ᠪᠦᠬᠦ   ᠬᠤᠳᠠ   ᠶᠢᠨ  ᠶᠡᠷᠦᠩᠬᠢ  ᠲᠠᠯᠠᠪᠠᠢ   ᠶᠢ 34.56 ᠴᠢᠩ  ᠪᠠᠶᠢᠵᠦ᠂  ᠠᠷᠪᠠᠨ ᠨᠢᠭᠡᠨ  ᠪᠠᠭ᠎ᠠ ᠲᠤᠭᠤᠷᠢᠭ   ᠪᠠᠶᠢᠭᠤᠯᠬᠤ   ᠪᠠᠷ ᠲᠦᠯᠦᠪᠡᠯᠵᠠᠢ  ᠃ ᠡᠭᠦᠨ   ᠳᠤ  ᠰᠢᠶᠠᠨ ᠤ ᠶᠠᠮᠤᠨ   ᠤ ᠮᠠᠨᠳᠠᠯ ᠰᠦᠮ᠎ᠡ ᠶᠢᠨ  ᠲᠠᠯᠠᠪᠠᠢ   ᠨᠢ 2.94 ᠴᠢᠩ  ᠃  ᠵᠠᠩ   ᠸᠧᠨ  ᠬᠤᠤ  ᠪᠠᠰᠠ  ᠵᠠᠷ  ᠪᠢᠴᠩ  ᠨᠠᠭᠠᠨ  ᠠᠷᠠᠯᠵᠢᠶᠠᠴᠢᠨ  ᠡᠯᠰᠡᠵᠦ  ᠴᠤᠭᠯᠠᠭ᠎ᠠ  ᠲᠡᠯᠭᠡᠭᠦᠷ  ᠡᠷᠬᠢᠯᠠᠵᠢ  ᠃  ᠬᠤᠳᠠ   ᠪᠠᠨ  ᠦᠨᠳᠦᠰᠦᠨ   ᠲᠡᠭᠡᠨ  ᠪᠠᠶᠢᠭᠤᠯᠵᠦ  ᠲᠠᠭᠤᠰᠦᠭ᠌ᠰᠠᠨ   ᠤ  ᠲᠠᠷᠠᠭ᠎ᠠ  ᠬᠡᠷᠬᠡᠮᠳᠡᠨ  ᠂  ᠲᠠᠷᠢᠶᠠᠴᠢᠨ᠂  ᠠᠷᠠᠯᠵᠢᠶᠠᠴᠢᠨ   ᠤ  ᠬᠤᠷᠠᠯ   ᠬᠤᠷᠠᠯᠳᠤᠭᠤᠯᠵᠤ  ᠂ ᠮᠦᠩᠭᠦ ᠵᠤᠭᠤᠰ  ᠬᠡᠳᠦᠨ  ᠵᠠᠭᠤᠨ  ᠯᠠᠩ   ᠴᠤᠭᠯᠠᠭᠤᠯᠵᠤ  ᠪᠠᠶᠢᠪᠠ  ᠃ ᠬᠤᠳᠠ   ᠶᠢᠨ  ᠬᠡᠷᠡᠮ ᠨᠢ  ᠲᠠᠪᠤᠨ ᠵᠠᠩ  ᠦᠨᠳᠦᠷ  ᠂  ᠭᠤᠷᠪᠠᠨ ᠲᠤᠬᠤᠢ  ᠵᠤᠵᠠᠭᠠᠨ  ᠪᠠᠶᠢᠪᠠ  ᠃ ᠲᠠᠷᠠᠭ᠎ᠠ  ᠵᠢᠯ   ᠨᠢ  ᠮᠢ ᠵᠧᠨ ᠪᠢᠶᠤᠤ  ᠲᠠᠬᠢᠨᠳᠠ ᠴᠤᠭᠴᠠᠯᠠᠵᠤ  ᠂  ᠡᠮᠦᠨ᠎ᠡ  ᠂ ᠪᠠᠷᠠᠭᠤᠨ  ᠂ ᠵᠡᠭᠦᠨ  ᠂ ᠬᠤᠶᠢᠳᠦ ᠡᠭᠦᠳᠡ   ᠳᠤ  ᠭᠠᠪᠢᠶ᠎ᠠ  ᠵᠢᠳᠬᠦᠯ  ᠂ ᠬᠡᠷᠬᠡᠮ  ᠵᠡᠷᠭᠡ   ᠶᠢ   ᠲᠡᠮᠳᠡᠭᠡᠯᠵᠠᠢ  ᠃3. ᠭᠠᠶᠢᠯᠢ  ᠭᠤᠪᠴᠢᠭᠤᠷ   ᠢ  ᠬᠦᠩᠭᠡᠷᠡᠭᠦᠯᠵᠠᠢ  ᠃  ᠯᠢᠨᠰᠢ ᠰᠢᠶᠠᠨ   ᠳᠤ  ᠨᠡᠭᠦᠵᠦ  ᠢᠷᠡᠭᠰᠡᠨ  ᠬᠦᠮᠦᠨ   ᠤ   ᠤᠯᠠᠩᠬᠢ   ᠨᠢ  ᠶᠠᠳᠠᠭᠤ  ᠬᠦᠮᠦᠨ  ᠪᠠᠶᠢᠵᠦ  ᠠᠳᠠᠷ   ᠤᠨ  ᠮᠦᠩᠭᠦ   ᠪᠠᠨ  ᠲᠠᠷᠦᠶᠢᠬᠠᠨ  ᠲᠤᠰᠢᠶᠠᠬᠤ   ᠬᠦᠴᠢᠷᠳᠠᠢ  ᠪᠠᠶᠢᠪᠠ  ᠃ ᠵᠠᠩ ᠸᠧᠨ  ᠬᠤᠤ  ᠠᠷᠠᠳ   ᠤᠨ  ᠪᠠᠶᠢᠳᠠᠯ   ᠢ  ᠨᠠᠷᠢᠨ  ᠤᠶᠢᠯᠭᠠᠵᠦ  ᠂ ᠿᠧ  ᠾᠧ   ᠶᠢᠨ  ᠪᠦᠬᠦᠳᠡ   ᠶᠢ ᠵᠠᠬᠢᠷᠦᠭ᠌ᠴᠢ  ᠲᠢᠩ  ᠵᠢᠶᠧ   ᠳᠤ ᠮᠡᠳᠡᠭᠦᠯᠦᠨ  ᠠᠳᠠᠷ   ᠤᠨ     ᠮᠦᠩᠭᠦ   ᠶᠢ  ᠵᠢᠭᠠᠨᠬᠠᠨ  ᠬᠦᠩᠭᠷᠡᠭᠦᠯᠵᠦ  ᠂ ᠬᠤᠭᠤᠴᠠᠭ᠎ᠠ   ᠶᠢ   ᠨᠢ ᠬᠤᠶᠢᠰᠢᠯᠠᠭᠤᠯᠵᠠᠢ  ᠃   ᠡᠨᠡᠬᠦ  ᠲᠦᠷᠢᠮ   ᠨᠢ   ᠤᠯᠠᠩᠬᠢ  ᠠᠳᠠᠷ  ᠠᠪᠤᠭᠰᠠᠳ   ᠲᠤ  ᠬᠦᠨᠳᠦᠦᠳᠭᠡᠭᠳᠡᠨ   ᠵᠤᠭᠤᠰ  ᠮᠦᠩᠭᠦ ᠪᠠᠨ  ᠲᠤᠷᠠᠳᠠᠶ᠎ᠠ  ᠲᠤᠰᠢᠶᠠᠨ  ᠠᠳᠠᠷ  ᠬᠤᠳᠠᠯᠳᠤᠬᠤ  ᠠᠵᠢᠯ ᠢ  ᠢᠯᠭᠤᠮ  ᠶᠠᠪᠤᠳᠠᠭᠤᠯᠵᠠᠢ  ᠃ 4᠂ ᠠᠷᠠᠯᠵᠢᠶᠠᠴᠢᠨ  ᠤᠷᠢᠵᠦ ᠲᠠᠷᠢᠶᠠᠴᠢᠨ   ᠤ  ᠡᠪᠯᠡᠯ  ᠪᠠᠶᠢᠭᠤᠯᠵᠠᠢ᠃ ᠪᠠᠳᠠᠷᠭᠤᠯᠳᠦ   ᠶᠢᠨ 33 ᠤᠨ  ︵1907︶  ᠂ ᠿᠧ  ᠾᠧ   ᠶᠢᠨ  ᠪᠦᠬᠦᠳᠡ   ᠶᠢ  ᠵᠠᠬᠢᠷᠦᠭ᠌ᠴᠢ  ᠲᠢᠩ  ᠵᠢᠶᠧ ᠪᠠᠭᠠᠷᠢᠨ ᠤ  ᠠᠳᠠᠷ  ᠬᠠᠭᠠᠯᠪᠤᠷᠢᠯᠠᠭᠰᠠᠳ   ᠢ   ᠡᠯᠰᠡᠨ᠂  ᠨᠤᠶᠠᠨ  ᠲᠤᠮᠢᠯᠠᠵᠦ  ᠭᠡᠷᠡᠭ  ᠶᠠᠪᠤᠳᠠᠯ   ᠢ  ᠰᠡᠶᠢᠳᠪᠦᠷᠢᠯᠡᠨ  ᠴᠦ  ᠠᠷᠠᠯᠵᠢᠠᠶ᠎ᠠ  ᠮᠠᠶᠢᠮᠠᠢ  ᠬᠡᠳᠦᠭᠡᠨ ᠪᠠᠶᠢᠵᠦ  ᠵᠡᠭᠡᠯᠡᠢ  ᠵᠠᠭ᠎ᠠ  ᠲᠡᠯᠭᠡᠭᠦᠷ  ᠡᠵᠡᠭᠦᠢ  ᠬᠠᠩᠭᠠᠢ  ᠪᠠᠶᠢᠭᠰᠠᠭᠠᠷ  ᠃  ᠢᠷᠭᠡᠨ  ᠤᠯᠤᠰ   ᠤᠨ  ᠬᠤᠶᠠᠳᠤᠭᠠᠷ  ᠤᠨ   ᠳᠤ ︵1913︶  ᠵᠠᠩ  ᠸᠧᠨ  ᠬᠤᠤ  ᠠᠷᠠᠯᠵᠢᠶᠠᠴᠢᠨ   ᠤ ᠡᠪᠯᠡᠯ   ᠢ  ᠡᠷᠬᠢᠯᠡᠨ   ᠪᠠᠶᠢᠭᠤᠯᠤᠭᠰᠠᠨ   ᠠᠴᠠ  ᠠᠷᠠᠯᠵᠢᠶ᠋ᠴᠢᠨ   ᠴᠤᠭᠯᠠᠷᠠᠵᠠᠢ  ᠃  ᠾᠧᠪᠧᠢ  ᠂  ᠱᠠᠨᠳᠦ᠋ᠩ  ᠂  ᠤᠯᠠᠭᠠᠨᠬᠠᠳ᠋ᠨ  ᠂  ᠪᠤᠷᠤᠬᠤᠳᠠᠨ  ᠵᠡᠷᠭᠡ  ᠭᠠᠵᠠᠷ   ᠤᠨ  ᠠᠷᠠᠯᠵᠢᠶᠠᠴᠢᠨ  ᠪᠦᠯᠦᠭ  ᠪᠦᠯᠦᠭ   ᠢᠶᠠᠷ  ᠯᠢᠨᠰᠢ   ᠳᠤ  ᠢᠷᠡᠵᠦ   ᠵᠠᠮ   ᠤᠨ  ᠬᠠᠵᠠᠭᠤ   ᠪᠠᠷ  ᠭᠡᠷ  ᠪᠠᠶᠢᠰᠢᠩ ᠪᠠᠷᠢᠵᠦ  ᠂ ᠲᠡᠯᠭᠡᠭᠦᠷ    ᠡᠷᠬᠢᠯᠡᠵᠠᠢ᠃    ᠠᠩᠬᠠᠨ   ᠳᠠᠭᠠᠨ   ᠭᠠᠭᠴᠠᠬᠠᠨ  ᠾᠧᠩ  ᠰᠢᠩ  ᠴᠧᠩ  ᠲᠡᠯᠭᠡᠭᠦᠷ  ᠪᠠᠶᠢᠭᠰᠠᠨ   ᠢᠶᠠᠨ  ᠂  ᠬᠤᠵᠢᠮ ᠨᠢ  ᠳ᠋ᠤᠤ  ᠱᠧᠩ  ᠶᠦᠩ  ᠂  ᠳ᠋ᠧ  ᠿᠦᠨ  ᠴᠧᠩ  ᠵᠡᠷᠭᠡ  ᠬᠤᠳᠠᠯᠳᠤᠭ᠎ᠠ  ᠡᠷᠬᠢᠯᠡᠭᠳᠡᠵᠠᠢ  ᠃  ᠭᠤᠴᠢᠭᠠᠳ  ᠤᠨ   ᠤ ᠲᠤᠮᠳᠠᠴᠢ   ᠪᠤᠯᠬᠤ   ᠳᠤ 136  ᠲᠡᠯᠭᠡᠭᠦᠷ   ᠲᠠᠢ ᠪᠤᠯᠵᠦ 24 ᠵᠦᠢᠯ ᠤᠨ  ᠲᠠᠸᠠᠷ  ᠡᠵᠡᠩᠨᠡᠵᠠᠢ  ᠃5᠂  ᠯᠢᠨᠰᠢ  ᠰᠢᠶᠠᠨ ᠤ  ᠰᠤᠷᠭᠠᠨ ᠬᠦᠮᠦᠵᠢᠯ   ᠤᠨ  ᠰᠠᠭᠤᠷᠢ   ᠶᠢ ᠲᠠᠯᠪᠢᠵᠠᠢ  ᠃ ᠵᠠᠩ ᠸᠧᠨ  ᠬᠤᠤ  ᠰᠢᠶᠠᠨ  ᠤ ᠬᠤᠳᠠ   ᠶᠢ ᠲᠦᠯᠦᠪᠡᠯᠡᠵᠦ  ᠪᠠᠶᠢᠭᠤᠯᠬᠤ   ᠲᠠᠢ ᠵᠡᠷᠭᠡ  ᠰᠤᠷᠭᠠᠨ ᠬᠦᠮᠦᠵᠢᠯ   ᠤᠨ  ᠦᠢᠯᠡᠰ   ᠢ  ᠪᠤᠳᠤᠯᠬᠢᠨᠯᠵᠦ   ᠡᠬᠢᠯᠡᠵᠦ  ᠂ ᠰᠢᠶᠠᠨ ᠤ ᠶᠠᠮᠦᠨ   ᠤ   ᠨᠤᠳᠤᠭ ᠶᠢ   ᠲᠤᠭᠳᠠᠭᠠᠮᠠᠭᠴᠠ  ᠰᠦᠷᠭᠠᠭᠤᠯᠢ   ᠶᠢᠨ  ᠲᠠᠩᠬᠢᠮ  ᠡᠬᠢᠯᠡᠵᠦ  ᠪᠠᠶᠢᠭᠤᠯᠵᠠᠢ  ᠃  ᠢᠷᠭᠡᠨ  ᠤᠯᠤᠰ ᠤᠨ  ᠲᠦᠷᠪᠡᠳᠦᠭᠡᠷ  ᠤᠨ   ᠳᠤ  ᠸᠠᠩ ᠱᠧᠩ  ᠰᠠᠨ  ᠰᠢᠶᠠᠨ ᠤ ᠶᠠᠮᠦᠨ ᠤ  ᠰᠠᠭᠤᠷᠢ  ᠲᠡᠭᠡᠷ᠎ᠡ  ᠠᠩᠬ᠎ᠠ ᠵᠡᠷᠭᠡ   ᠶᠢᠨ   ᠬᠤᠪᠢ   ᠶᠢᠨ  ᠰᠦᠷᠭᠠᠭᠤᠯᠢ   ᠶᠢ ᠪᠠᠶᠢᠭᠤᠯᠵᠠᠢ  ᠃ ᠡᠭᠦᠨᠴᠨ  ᠯᠢᠨᠰᠢ  ᠦᠪᠡᠷᠳᠡᠭᠡᠨ  ᠬᠦᠮᠦᠨ  ᠬᠦᠮᠦᠵᠢᠭᠦᠯᠬᠦ  ᠭᠠᠵᠠᠷ   ᠲᠠᠢ ᠪᠤᠯᠪᠠ  ᠃  ᠬᠤᠵᠢᠮ   ᠤᠨ  ᠦᠶ᠎ᠡ   ᠳᠤ  ᠨᠡᠶᠢᠭᠡᠮ  ᠨᠡᠶᠢᠳᠡ   ᠳᠤ  ᠲᠠᠰᠦᠷᠯᠠᠯᠳᠠ  ᠦᠭᠡᠢ  ᠬᠦᠮᠦᠨ  ᠬᠦᠮᠦᠵᠢᠭᠦᠯᠵᠦ  ᠭᠠᠷᠭᠠᠭᠰᠠᠨ  ᠮᠦᠷᠳᠡᠭᠡᠨ  ᠲᠡᠳᠡᠭᠡᠷ   ᠤᠨ  ᠤᠯᠠᠩᠬᠢ   ᠨᠢ  ᠠᠳᠠᠯᠢ ᠪᠤᠰᠦ ᠲᠡᠦᠬᠡᠨ  ᠬᠤᠭᠤᠴᠠᠭ᠎ᠠ   ᠶᠢᠨ  ᠭᠤᠤᠯ  ᠬᠦᠴᠦᠨ ᠪᠤᠯᠵᠠᠢ᠃ ᠵᠠᠩ ᠸᠧᠨ  ᠬᠤᠤ   ᠯᠢᠨᠰᠢ ᠰᠢᠶᠠᠨ   ᠢ ᠪᠠᠶᠢᠭᠤᠯᠬᠤ   ᠳᠤ   ᠭᠠᠷᠭᠠᠭᠰᠠᠨ ᠵᠢᠳᠬᠦᠯ   ᠢ  ᠢᠷᠭᠡᠨ  ᠤᠯᠤᠰ   ᠤᠨ 20  ︵1931︶  ᠣᠨ ᠳᠤ   ᠰᠤ᠋ ᠱᠤᠤ  ᠴᠢᠦᠸᠠᠨ  ᠯᠢᠨᠰᠢ  ᠰᠢᠶᠠᠨ ᠤ   ᠤᠶᠢᠯᠠᠯᠭ᠎ᠠ   ᠶᠢ  ᠨᠠᠶᠢᠷᠠᠭᠤᠯᠬᠤ   ᠳᠠᠭᠠᠨ  ᠄ ︿︿ ᠲᠠᠷᠢᠶᠠᠴᠢᠳ  ᠬᠠᠳᠠᠭᠠᠯᠠᠮᠵᠢ   ᠲᠠᠢ  ᠪᠤᠯᠵᠦ  ᠤᠳᠤᠬᠠᠨ  ᠪᠤᠯᠳᠠᠯ᠎ᠠ   ᠦᠯᠦᠰᠴᠦ  ᠲᠠᠭᠠᠷᠠᠬᠤ   ᠶᠢᠨ  ᠵᠤᠪᠠᠯᠠᠩ   ᠳᠤ  ᠤᠴᠠᠷᠠᠭᠰᠠᠨ  ᠦᠭᠡᠢ  ᠂ ᠵᠠᠩ ᠭᠦᠩ   ᠤᠨ  ᠢᠪᠡᠭᠡᠯ  ᠮᠦᠨ  ﹀﹀  ᠭᠡᠵᠠᠢ  ᠃ ᠵᠠᠩ  ᠸᠧᠨ  ᠬᠤᠤ  ᠢᠷᠭᠡᠨ ᠤᠯᠤᠰ ᠤᠨ  ᠭᠤᠷᠪᠠᠨ ᠣᠨ ︵1914︶ ᠣᠨ   ᠳᠤ  ᠬᠠᠯᠢᠭᠤᠳᠦ   ᠶᠢᠨ  ᠵᠤᠤ ︵ ᠺᠠᠶᠢᠯᠦ︶   ᠳᠤ  ᠠᠵᠢᠯ   ᠰᠢᠯᠵᠢᠬᠦ   ᠶᠢᠨ  ᠬᠠᠮᠳᠦ᠂   ᠪᠡᠶ᠎ᠡ   ᠨᠢ ᠴᠦ  ᠮᠠᠭᠤᠳᠠᠭᠰᠠᠨ   ᠠᠴᠠ    ᠵᠧᠵᠢᠶᠠᠩ    ᠳᠠᠭᠠᠨ  ᠪᠤᠴᠠᠵᠦ  ᠰᠤᠪᠢᠯᠠᠨ  ᠂ ᠲᠤᠰ  ᠵᠢᠯ ᠲᠡᠭᠡᠨ    ᠱᠤᠤᠰᠢᠩ   ᠳᠤ  ᠡᠪᠡᠳᠴᠢᠨ   ᠢᠶᠠᠷ ᠬᠠᠯᠢᠵᠠᠢ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号