ᠷᠳᠡᠨ ᠤ ᠲᠦᠷᠦᠭ ᠤᠨ ᠡᠯᠲ᠋ᠡᠷᠡᠰ ᠬᠠᠭᠠᠨ ᠤ ᠮᠡᠷᠭᠡᠨ ᠰᠠᠶᠢᠳ ᠲᠤᠨᠢᠶᠤᠺᠤᠺ ᠤᠨ ᠬᠦᠰᠢᠶ᠎ᠡ ᠴᠢᠯᠠᠭᠤᠨ ᠤ ᠪᠢᠴᠢᠭ | ᠤᠨ ᠦᠭᠡ | | ᠪᠢ ᠮᠡᠷᠭᠡᠨ ᠲᠤᠨᠢᠶᠤᠺᠤᠺ ᠨᠠᠩᠬᠢᠶᠠᠳ ᠤᠨ ᠡᠷᠬᠡᠨ ᠳᠤ ᠬᠦᠮᠦᠵᠢᠭᠰᠡᠨ ᠨᠢ ᠳᠡᠷᠡ ᠴᠠᠭ ᠲᠦᠷᠦᠭ | ᠤᠯᠤᠰ ᠨᠠᠩᠬᠢᠶᠠᠳ ᠤᠨ ᠡᠷᠬᠡᠨ ᠳᠤ ᠠᠭᠰᠠᠨ ᠤ ᠤᠴᠢᠷ ᠪᠤᠯᠠᠢ᠃ ᠪᠢ ᠲᠦᠷᠦᠭ ᠤᠯᠤᠰ ᠤᠨ ᠬᠠᠭᠠᠨ ᠲᠠᠢ ᠪᠤᠯᠬᠤ | ᠴᠠᠭ ᠢ ᠦᠵᠡᠭᠡᠰᠡᠢ ᠬᠡᠮᠡᠨ ᠰᠠᠨᠠᠬᠤ ᠪᠥᠯᠥᠭᠡ᠃ ᠲᠦᠷᠦᠭ ᠤᠯᠤᠰ ᠨᠠᠩᠬᠢᠶᠠᠳ ᠠᠴᠠ ᠬᠠᠭᠠᠴᠠᠵᠤ ᠬᠠᠭᠠᠨ ᠲᠠᠢ | ᠪᠤᠯᠪᠠᠢ᠃ ᠬᠠᠷᠢᠨ ᠤᠳᠠᠯ ᠦᠭᠡᠢ ᠬᠠᠭᠠᠨ ᠶᠤᠭᠠᠨ ᠳᠡᠪᠴᠢᠵᠤ ᠳᠠᠬᠢᠨ ᠨᠠᠩᠬᠢᠶᠠᠳ ᠲᠤ ᠳᠠᠭᠠᠬᠤ ᠪᠠᠷ ᠤᠷᠤᠪᠠ᠃ | ᠳᠡᠷᠡ ᠴᠠᠭ ᠲᠤ ᠳᠡᠭᠷᠢ ᠶᠢᠨ ᠵᠠᠷᠯᠢᠭ ᠪᠤᠯᠤᠭᠰᠠᠨ ᠨᠢ᠄ ᠪᠢ ᠲᠠ ᠨᠠᠷ ᠢ ᠬᠠᠭᠠᠨ ᠲᠠᠢ ᠪᠤᠯᠭᠠᠬᠤ ᠳᠤ ᠲᠠ ᠨᠠᠷ | ᠬᠠᠷᠢᠨ ᠬᠠᠭᠠᠨ ᠢᠶᠠᠨ ᠤᠷᠬᠢᠨ ᠪᠤᠰᠤᠳ ᠲᠤ ᠳᠠᠭᠠᠪᠠ ᠬᠡᠮᠡᠪᠡᠢ᠃ ᠳᠡᠭᠷᠢ ᠥᠯᠥ ᠳᠠᠭᠠᠯᠠᠵᠤ ᠳᠡᠳᠡᠨ ᠢ ᠦᠬᠦᠭᠦᠯᠬᠦ | ᠳᠤ ᠲᠦᠷᠦᠭ ᠬᠦᠮᠦᠨ ᠦᠬᠦᠵᠦ ᠪᠠᠭᠤᠷᠠᠨ ᠮᠥᠬᠦᠪᠡ᠃ | ᠲᠦᠷᠦᠭ ᠤᠯᠤᠰ ᠤᠨ ᠨᠤᠳᠤᠭ ᠲᠤ ᠳᠠᠬᠢᠨ ᠭᠡᠷ ᠳᠦᠷᠦ ᠳᠤᠭᠳᠠᠭᠰᠠᠨ ᠨᠢ ᠦᠭᠡᠢ᠃ ᠪᠤᠰᠤᠳ ᠤᠨ | ᠡᠷᠬᠡᠨ ᠳᠤ ᠤᠷᠤᠭ᠎ᠠ ᠦᠭᠡᠢ ᠵᠠᠷᠢᠮ ᠨᠢ ᠬᠤᠷᠠᠵᠤ ᠳᠤᠯᠤᠭᠠᠨ ᠵᠠᠭᠤ ᠪᠤᠯᠪᠠ᠃ ᠳᠡᠳᠡᠨ ᠤ ᠬᠤᠶᠠᠷ ᠬᠡᠰᠡᠭ ᠨᠢ | ᠮᠤᠷᠢᠳᠦ ᠪᠦᠭᠡᠳ ᠨᠢᠭᠡᠨ ᠬᠡᠰᠡᠭ ᠨᠢ ᠶᠠᠪᠤᠭᠠᠨ ᠠᠪᠠᠢ᠃ ᠡᠨᠡ ᠳᠤᠯᠤᠭᠠᠨ ᠵᠠᠭᠤᠨ ᠬᠦᠮᠦᠨ ᠢ ᠳᠦᠷᠦᠭᠦᠯᠦᠨ | ᠤᠳᠤᠷᠢᠳᠬᠤ ᠬᠦᠮᠦᠨ ᠨᠢ ᠱᠠᠳ ︵ᠡᠨᠡ ᠨᠢ ᠲᠦᠷᠦᠭ ᠤᠨ ᠳᠦᠷᠦ ᠶᠢᠨ ᠶᠡᠭᠡ ᠳᠤᠰᠢᠶᠠᠯ ᠤᠨ ᠨᠡᠷ᠎ᠡ︶ ᠪᠢᠯᠡ᠃ | ᠳᠡᠷᠡ ᠨᠠᠳᠠ ᠯᠤᠭ᠎ᠠ ᠨᠡᠶᠢᠯᠡ ᠬᠡᠮᠡᠪᠡ᠃ ᠳᠡᠭᠦᠨ ᠯᠦᠭᠡ ᠨᠡᠶᠢᠯᠡᠭᠰᠡᠳ ᠤᠨ ᠳᠤᠳᠤᠷ᠎ᠠ ᠮᠡᠷᠭᠡᠨ ᠲᠤᠨᠢᠶᠤᠺᠤᠺ ᠪᠢ ᠪᠤᠢ | ᠪᠥᠯᠥᠭᠡ᠃ ᠪᠢ ᠳᠡᠭᠦᠨ ᠢ ᠬᠠᠭᠠᠨ ᠪᠤᠯᠭᠠᠶᠤ ᠬᠡᠮᠡᠨ ᠰᠡᠳᠬᠢᠨ ᠰᠠᠨᠠᠭᠰᠠᠨ ᠮᠢᠨᠢ ᠬᠤᠯᠠ ᠠᠴᠠ ᠳᠤᠷᠠᠩᠬᠠᠢ ᠪᠤᠭᠤ᠂ | ᠳᠠᠷᠭᠤᠨ ᠪᠤᠭᠤ ᠬᠤᠶᠠᠷ ᠤᠨ ᠳᠠᠷᠭᠤᠨ ᠳᠤᠷᠠᠩᠬᠠᠢ ᠶᠢ ᠢᠯᠭᠠᠬᠤ ᠳᠤ ᠪᠡᠷᠬᠡ ᠬᠡᠮᠡᠯᠦᠭᠡ ᠪᠢ᠃ ᠬᠤᠵᠢᠮ ᠳᠡᠭᠷᠢ | ᠨᠠᠳᠠᠳᠤ ᠪᠢᠯᠢᠭ ᠥᠷᠦᠰᠢᠶᠡᠭᠰᠡᠨ ᠳᠤᠯᠠ ᠪᠢ ᠳᠡᠭᠦᠨ ᠢ ᠬᠠᠭᠠᠨ ᠪᠤᠯᠭᠠᠪᠠ᠃ ᠮᠢᠨᠦ ᠤᠶᠢᠷ᠎ᠠ ᠪᠠᠶᠢᠯ᠎ᠠ ᠪᠠᠭ᠎ᠠ ᠳᠠᠷᠬᠠᠨ | ᠮᠡᠷᠭᠡᠨ ᠲᠤᠨᠢᠶᠤᠺᠤᠺ ᠪᠦᠬᠦᠢ ᠤᠴᠢᠷ᠎ᠠ ᠪᠢ ᠡᠯᠲ᠋ᠡᠷᠡᠰ ᠬᠠᠭᠠᠨ ᠪᠤᠯᠰᠤᠭᠠᠢ ᠬᠡᠵᠦ ᠡᠮᠦᠨᠡᠳᠦ ᠳᠤ ᠨᠠᠩᠬᠢᠶᠠᠳ᠂ | ᠳᠤᠷᠤᠨᠠᠳᠤ ᠳᠤ ᠬᠢᠳᠠᠨ᠂ ᠤᠮᠠᠷᠠᠳᠤ ᠳᠤ ᠤᠯᠠᠨ ᠤᠭᠤᠰ ᠢ ᠰᠦᠨᠦᠭᠡᠪᠡ᠃ ᠳᠡᠭᠦᠨ ᠤ ᠪᠢᠯᠢᠭ ᠤᠨ ᠨᠦᠬᠦᠷ᠂ | ᠠᠯᠳᠠᠷ ᠤᠨ ᠨᠦᠬᠦᠷ ᠪᠢ ᠠᠪᠠᠢ᠃ ᠳᠡᠷᠡ ᠴᠠᠭ ᠲᠤ ᠪᠢᠳᠡ ᠴᠤᠭᠤᠢ ᠬᠤᠵᠢᠨ ︵ᠡᠨᠡ ᠨᠢ ᠬᠠᠩᠭᠠᠢ ᠶᠢᠨ ᠡᠮᠦᠨᠡᠳᠦ | ᠳᠤ ᠪᠤᠯᠤᠯᠳᠠᠢ︶ ᠪᠠ ᠬᠠᠷ᠎ᠠ ᠭᠤᠮ ᠳᠤ ᠰᠠᠭᠤᠵᠤ ᠪᠥᠯᠥᠭᠡ᠃ ᠪᠢ ᠳᠡᠨᠳᠡ ᠭᠦᠷᠦᠭᠡᠰᠦᠨ ᠢᠳᠡᠵᠦ᠂ ᠳᠠᠦᠯᠠᠢ | ᠢᠳᠡᠵᠦ ᠰᠠᠭᠤᠪᠠᠢ᠃ ᠢᠷᠭᠡᠨ ᠤ ᠬᠡᠪᠡᠯᠢ ᠳᠦᠭᠦᠷᠡᠩ ᠪᠥᠯᠥᠭᠡ᠃ ᠮᠠᠨ ᠤ ᠳᠠᠶᠢᠰᠤᠨ ᠳᠤᠭᠤᠷᠢᠨ ᠳᠤ ᠮᠢᠬᠠᠴᠢᠨ | ᠰᠢᠪᠠᠭᠤ ᠮᠡᠳᠦ ᠠᠪᠠᠢ᠃ ᠪᠢᠳᠠᠨ ᠤ ᠪᠠᠶᠢᠳᠠᠯ ᠡᠶᠢᠮᠦ ᠯᠠ ᠪᠤᠯᠤᠯ᠎ᠠ᠃ ᠮᠠᠨ ᠤ ᠳᠡᠨᠳᠡ ᠰᠠᠭᠤᠬᠤᠢ ᠦᠶᠡᠰ ᠲᠤ | ᠤᠭᠤᠰ ᠨᠠᠷ ᠠᠴᠠ ᠳᠤᠷᠰᠢᠭᠤᠯ ᠢᠷᠡᠭᠰᠡᠨ ᠤ ᠦᠭᠡ ᠨᠢ᠄ ᠳᠥᠭᠡᠰ᠂ ᠤᠭᠤᠰ ᠢᠷᠭᠡᠨ ᠳᠤ ᠬᠠᠭᠠᠨ ᠰᠠᠭᠤᠵᠤ᠂ | ᠨᠠᠩᠬᠢᠶᠠᠳ ᠲᠤ ᠭᠤᠨᠢ ᠰᠡᠩᠭᠦᠨ ᠢ᠂ ᠬᠢᠳᠠᠨ ᠳᠤ ᠲᠤᠨᠷᠠ ᠰᠠᠮ ᠢ ᠢᠯᠡᠭᠡᠵᠦ ᠬᠡᠯᠡᠭᠦᠯᠦᠭᠰᠡᠨ ᠨᠢ ᠴᠦᠭᠡᠨ ᠲᠦᠷᠦᠭ | ᠬᠦᠮᠦᠰ ᠬᠦᠳᠡᠯᠡᠪᠡᠢ᠂ ᠡᠳᠡᠨ ᠤ ᠬᠠᠭᠠᠨ ᠶᠡᠭᠡ ᠯᠠ ᠵᠤᠷᠢᠭᠳᠠᠢ᠂ ᠳᠡᠭᠦᠨ ᠤ ᠰᠠᠶᠢᠳ ᠮᠡᠷᠭᠡᠨ᠂ ᠡᠨᠡ ᠬᠤᠶᠠᠷ | ᠬᠦᠮᠦᠨ ᠠᠮᠢᠳᠤ ᠠᠬᠤᠯ᠎ᠠ ᠳᠠᠨ ᠤ ᠨᠠᠩᠬᠦᠶᠠᠳ ᠢ ᠳᠡᠳᠡ ᠠᠯᠠᠨ᠎ᠠ ᠬᠡᠮᠡᠨ ᠬᠡᠯᠡᠰᠦᠭᠡᠢ ᠪᠢ᠃ ᠳᠤᠷᠤᠨᠠᠳᠤ ᠳᠤ ᠬᠢᠳᠠᠨ | ᠬᠦᠮᠦᠰ ᠢ ᠳᠡᠳᠡ ᠠᠯᠠᠨ᠎ᠠ ᠬᠡᠮᠡᠨ ᠬᠡᠯᠡᠰᠦᠬᠡᠢ ᠪᠢ᠃ ᠪᠠᠰᠠ ᠮᠠᠨ ᠤ ᠤᠭᠤᠰ ᠨᠠᠷ ᠢ ᠳᠡᠳᠡ ᠠᠯᠠᠨ᠎ᠠ ᠬᠡᠮᠡᠨ | ᠬᠡᠯᠡᠰᠦᠬᠡᠢ ᠪᠢ᠃ ᠨᠠᠩᠬᠢᠶᠠᠳ ᠲᠠ ᠨᠠᠷ ᠳᠡᠳᠡᠨ ᠤ ᠡᠮᠦᠨ᠎ᠡ ᠠᠴᠠ ᠳᠠᠷᠤᠬᠤ ᠪᠠᠷ ᠤᠷᠤ︕ ᠬᠢᠳᠠᠨ ᠲᠠ ᠨᠠᠷ | ᠳᠡᠳᠡᠨ ᠤ ᠳᠤᠷᠤᠨ᠎ᠠ ᠠᠴᠠ ᠳᠠᠷᠤᠬᠤ ᠪᠠᠷ ᠤᠷᠤ︕ ᠪᠢ ᠳᠡᠳᠡᠨ ᠤ ᠤᠮᠠᠷ᠎ᠠ ᠠᠴᠠ ᠳᠠᠷᠤᠬᠤ ᠪᠠᠷ ᠤᠷᠤᠰᠤᠭᠠᠢ︕ | ᠲᠦᠷᠦᠭ ᠤᠨ ᠨᠤᠳᠤᠭ ᠢ ᠶᠠᠮᠠᠷ ᠴᠦ ᠡᠵᠡᠨ ᠪᠢᠳᠡᠬᠡᠢ ᠡᠵᠡᠯᠡᠳᠦᠭᠡᠢ︕ ᠡᠶᠢᠮᠦ ᠡᠵᠡᠨ ᠢ ᠳᠠᠷᠤᠵᠤ ᠪᠤᠯᠬᠤᠯ᠎ᠠ | ᠳᠠᠷᠤᠴᠠᠭᠠᠶᠠ ᠬᠡᠮᠡᠨ ᠬᠡᠯᠡᠰᠦᠭᠡᠢ ᠪᠢ᠃ ᠡᠯ᠎ᠡ ᠦᠭᠡᠰ ᠢ ᠰᠤᠨᠤᠰᠤᠮᠠᠭᠴᠠ ᠰᠦᠨᠢ ᠨᠤᠶᠢᠷ ᠢᠷᠡᠬᠦ ᠦᠭᠡᠢ᠂ ᠡᠳᠦᠷ | ᠠᠮᠤᠷ ᠢ ᠤᠯᠬᠤ ᠦᠭᠡᠢ ᠪᠤᠯᠤᠯ᠎ᠠ ᠪᠢ᠃ ᠡᠭᠦᠨ ᠤ ᠬᠤᠶᠢᠨ᠎ᠠ ᠬᠠᠭᠠᠨ ᠳᠤ ᠪᠠᠨ ᠥᠴᠢᠯ᠎ᠡ ᠪᠢ᠃ ᠥᠴᠢᠭᠰᠡᠨ ᠮᠢᠨᠦ | ᠡᠶᠢᠨ᠄ ᠨᠠᠩᠬᠢᠶᠠᠳ᠂ ᠤᠭᠤᠰ᠂ ᠬᠢᠳᠠᠨ ᠭᠤᠷᠪᠠ ᠨᠡᠶᠢᠯᠡᠪᠡᠰᠦ ᠪᠢᠳᠡ ᠮᠥᠬᠦᠨ᠎ᠡ᠃ ᠵᠠᠶᠠᠭᠠᠨ ᠤ ᠡᠷᠬᠡ ᠪᠠᠷ | ᠴᠢᠯᠠᠭᠤᠨ ᠳᠤ ᠳᠡᠯᠡᠳᠡᠭᠳᠡᠭᠰᠡᠨ ᠮᠡᠳᠦ ᠪᠤᠯᠤᠶᠤ ᠪᠢᠳᠡ᠃ ᠶᠠᠮᠠᠷ ᠴᠡᠭ ᠶᠠᠭᠤᠮ᠎ᠠ ᠶᠢ ᠵᠦᠭᠡᠯᠡᠨ ᠠᠬᠤᠢ ᠳᠤᠷ ᠳᠡᠭᠦᠨ | ᠢ ᠨᠤᠭᠤᠯᠬᠤ ᠬᠢᠯᠪᠠᠷ᠂ ᠨᠢᠮᠭᠡᠨ ᠠᠬᠤᠢ ᠳᠤᠷ ᠳᠡᠭᠦᠨ ᠢ ᠤᠷᠠᠬᠤ ᠬᠢᠯᠪᠡᠷ᠂ ᠬᠡᠷᠪᠡ ᠵᠦᠭᠡᠯᠡᠨ ᠶᠠᠭᠤᠮ᠎ᠠ ᠬᠠᠳᠠᠭᠤ | ᠪᠤᠯᠬᠤᠯ᠎ᠠ ᠳᠡᠭᠦᠨ ᠢ ᠨᠤᠭᠤᠯᠠᠬᠤ ᠳᠤ ᠪᠠᠭᠠᠳᠤᠷ ᠵᠤᠷᠢᠭ ᠬᠡᠷᠡᠭᠳᠡᠢ᠂ ᠨᠢᠮᠭᠡᠨ ᠶᠠᠭᠤᠮ᠎ᠠ ᠵᠤᠵᠠᠭᠠᠨ ᠪᠤᠯᠬᠤ ᠠᠬᠤᠯ᠎ᠠ | ᠳᠡᠭᠦᠨ ᠢ ᠤᠷᠠᠬᠤ ᠳᠤ ᠪᠠᠭᠠᠳᠤᠷ ᠵᠤᠷᠢᠭ ᠬᠡᠷᠡᠭᠳᠡᠢ᠃ ᠪᠢᠳᠡ ᠥᠪᠡᠷᠰᠡᠳ ᠢᠶᠠᠨ ᠬᠤᠶᠠᠷ ᠭᠤᠷᠪᠠᠨ ᠮᠢᠩᠭᠠᠨ ᠴᠡᠷᠢᠭ | ᠲᠠᠢ᠂ ᠳᠤᠷᠤᠨ᠎ᠠ ᠵᠦᠭ ᠬᠢᠳᠠᠨ ᠳᠤ᠂ ᠥᠷᠦᠨ᠎ᠡ ᠵᠦᠭ ᠪᠠᠷᠠᠭᠤᠨ ᠲᠦᠷᠦᠭ᠂ ᠡᠮᠦᠨ᠎ᠡ ᠵᠦᠭ ᠤᠭᠤᠰ ᠲᠤ | ᠮᠤᠷᠢᠯᠠᠴᠠᠭᠠᠶᠠ᠃ ᠶᠠᠭᠠᠬᠢᠪᠠᠰᠤ ᠰᠠᠶᠢᠨ ᠪᠤᠯᠤᠶᠤ᠂ ᠬᠠᠭᠠᠨ ᠮᠢᠨᠦ ᠥᠴᠢᠭᠰᠡᠨ ᠢ ᠵᠦᠪᠰᠢᠶᠡᠷᠡᠭᠰᠡᠨ ᠳᠤ ᠮᠡᠷᠭᠡᠨ | ᠲᠤᠨᠢᠶᠤᠺᠤᠺ ᠪᠢ ᠥᠪᠡᠷ ᠢᠶᠠᠨ ᠡᠭᠦᠨ ᠢ ᠦᠢᠯᠡᠳᠦᠨ ᠭᠦᠢᠴᠡᠳᠬᠡᠪᠡ᠃ ᠴᠢ ᠥᠪᠡᠷ ᠤᠨ ᠪᠤᠳᠤᠯᠭ᠎ᠠ ᠪᠠᠷ ᠳᠡᠳᠡᠨ ᠢ | ᠤᠳᠤᠷᠢᠳᠤᠭᠠᠷᠠᠢ ᠬᠡᠮᠡᠨ ᠳᠡᠷᠡ ︵ᠬᠠᠭᠠᠨ︶ ᠦᠬᠦᠯᠡᠯᠡ᠃ ᠪᠢᠳᠡ ᠬᠦᠭ ᠵᠦᠭ ᠢᠶᠠᠷ ᠶᠠᠪᠤᠵᠤ᠂ ᠪᠢ ᠳᠡᠳᠡᠨ ︵ | ᠴᠡᠷᠢᠭ ᠤᠳ︶ ᠢ ᠥᠳᠦᠭᠡᠨ᠂ ᠤᠢ ᠶᠢᠨ ᠵᠦᠭ ᠤᠳᠤᠷᠢᠳᠤᠨ ᠤᠳᠤᠪᠠ᠃ ᠲᠤᠭᠯᠤᠨ ᠭᠤᠤᠯ ᠤᠨ ᠳᠠᠭᠠᠤ ᠳᠤ | ᠤᠭᠤᠰ ᠨᠠᠷ ᠠᠳᠤᠭᠤᠰᠤᠨ ᠳᠤ ᠠᠴᠢᠶ᠎ᠠ ᠠᠴᠢᠨ ᠢᠷᠡᠪᠡ᠃ ᠳᠡᠳᠡ ᠨᠠᠷ ᠭᠤᠷᠪᠠᠭᠠᠳ ᠮᠢᠩᠭ᠎ᠠ᠂ ᠪᠢᠳᠡ ᠬᠤᠶᠠᠷ | ᠮᠢᠩᠭ᠎ᠠ ᠪᠥᠯᠥᠭᠡ᠃ ᠳᠡᠭᠷᠢ ᠮᠠᠨ ᠢ ᠢᠪᠡᠭᠡᠬᠦ ᠳᠤᠯᠠ ᠪᠢᠳᠡ ᠳᠠᠶᠢᠯᠠᠯᠳᠤᠵᠤ᠂ ᠳᠡᠳᠡᠨ ᠢ ᠪᠤᠳᠠᠷᠭᠠᠭᠰᠠᠨᠠ ᠵᠠᠷᠢᠮ ᠨᠢ | ᠤᠰᠤᠨ ᠳᠤ ᠤᠨᠠᠵᠤ᠂ ᠵᠠᠷᠢᠮ ᠨᠢ ᠤᠷᠭᠤᠬᠤᠢ ᠵᠠᠭᠤᠷ᠎ᠠ ᠪᠠᠨ ᠠᠯᠠᠭᠳᠠᠪᠠ᠃ ᠳᠡᠳᠡᠨ ᠠᠴᠠ ᠬᠠᠮᠤᠭ ᠤᠭᠤᠰ | ᠳᠠᠭᠠᠬᠤ ᠪᠠᠷ ᠢᠷᠡᠯ᠎ᠡ᠃ ᠡᠮᠦᠨ᠎ᠡ᠂ ᠥᠷᠥᠨ᠎ᠡ᠂ ᠤᠮᠠᠷ᠎ᠠ᠂ ᠳᠤᠷᠤᠨ᠎ᠠ ᠵᠦᠭ ᠤᠨ ᠬᠦᠮᠦᠰ ᠢᠷᠡᠭᠡᠳ ᠨᠠᠮ᠎ᠠ ᠶᠢ | ᠲᠦᠷᠦᠭ ᠤᠨ ᠬᠠᠭᠠᠨ ᠪᠠ ᠤᠯᠤᠰ ᠢ ᠡᠳᠦᠭᠡᠨ ᠭᠠᠵᠠᠷ᠎ᠠ ᠤᠳᠤᠷᠢᠳᠤᠨ᠂ ᠪᠠᠰᠠ ᠮᠡᠷᠭᠡᠨ ᠲᠤᠨᠢᠶᠤᠺᠤᠺ ᠪᠢ ᠥᠪᠡᠷ | ᠢᠶᠠᠨ ᠡᠳᠦᠭᠡᠨ ᠭᠠᠵᠠᠷ᠎ᠠ ᠢᠷᠡᠵᠦ ᠰᠠᠭᠤᠭᠰᠠᠨ ᠢ ᠰᠤᠨᠤᠰᠤᠭᠠᠳ ᠴᠥᠮ ᠳᠠᠭᠠᠬᠤ ᠪᠠᠷ ᠢᠷᠡᠪᠡ᠃ ᠪᠢᠳᠡ ᠬᠤᠶᠠᠷ | ᠮᠢᠩᠭᠠᠨ ᠬᠦᠮᠦᠨ ᠪᠦᠭᠡᠳ ᠳᠠᠶᠢᠰᠤᠨ ᠳᠤ ᠤᠷᠤᠯ᠎ᠠ᠃ ᠲᠦᠷᠦᠭ ᠤᠨ ᠢᠷᠡᠭᠡᠳ ᠪᠠᠶᠢᠯᠳᠤᠨ ᠡᠵᠡᠯᠡᠵᠤ ᠠᠪᠬᠤ ᠶᠢ | ᠵᠤᠷᠢᠯᠭ᠎ᠠ ᠪᠤᠯᠭᠠᠨ᠂ ᠲᠦᠷᠦᠭ ᠤᠨ ᠬᠠᠭᠠᠨ ᠡᠵᠡᠯᠡᠬᠦ ᠶᠢ ᠬᠢᠴᠢᠶᠡᠵᠦ ᠱᠠᠨᠳᠦ᠋ᠩ ᠤᠨ ᠬᠤᠳᠠ ᠤᠳ ᠪᠠ ᠳᠠᠯᠠᠢ ᠶᠢᠨ | ᠵᠦᠭ ᠮᠤᠷᠢᠯᠠᠭᠰᠠᠨ ᠨᠢ ᠬᠠᠷᠢᠨ ᠮᠥᠬᠦᠪᠡ᠃ ᠡᠭᠦᠨ ᠢ ᠬᠠᠭᠠᠨ ᠳᠤ ᠪᠠᠨ ᠥᠴᠢᠵᠦ᠂ ᠳᠡᠭᠦᠨ ᠢ ᠱᠠᠨᠳᠦ᠋ᠩ ᠤᠨ | ᠬᠦᠨᠳᠡᠢ ᠪᠠ ᠳᠠᠯᠠᠢ ᠶᠢᠨ ᠵᠦᠭ ᠳᠠᠶᠢᠯᠠᠷ᠎ᠠ ᠣᠳᠬᠤ ᠪᠤᠯᠭᠠᠪᠠ᠃ ᠳᠡᠷᠡ ᠭᠤᠴᠢᠨ ᠭᠤᠷᠪᠠᠨ ᠬᠤᠳᠠ ᠶᠢ ᠡᠪᠳᠡᠵᠦ | ᠦᠰᠢᠨ᠂ ᠪᠤᠤ ᠳ᠋ᠠ ᠲᠦ᠋ ᠶᠢ ᠬᠠᠭᠠᠪᠠ᠃ ᠨᠠᠩᠬᠢᠶᠠᠳ ᠤᠨ ᠬᠠᠭᠠᠨ ᠮᠠᠨ ᠤ ᠳᠠᠶᠢᠰᠤᠨ ᠪᠥᠯᠥᠭᠡ᠃ ᠠᠷᠪᠠᠨ ᠤᠳᠤᠭ | ᠤᠨ ᠬᠠᠭᠠᠨ ᠮᠠᠨ ᠤ ᠳᠠᠶᠢᠰᠤᠨ ᠪᠥᠯᠥᠭᠡ᠃ ᠪᠠᠰᠠ ᠬᠢᠷᠬᠢᠰ ᠤᠨ ᠬᠠᠭᠠᠨ ᠮᠠᠨ ᠤ ᠬᠦᠴᠦᠳᠦ ᠳᠠᠶᠢᠰᠤᠨ ᠪᠥᠯᠥᠭᠡ᠃ | ᠡᠨᠡ ᠭᠤᠷᠪᠠ ᠵᠥᠪᠯᠡᠵᠦ ᠠᠯᠳᠠᠢ ᠠᠭᠤᠯᠠᠨ ᠳᠤ ᠵᠤᠯᠭᠠᠰᠤᠭᠠᠢ ᠬᠡᠮᠡᠯᠳᠦᠪᠡ᠃ | ᠵᠡᠭᠦᠨ ᠲᠦᠷᠦᠭ ᠤᠨ ᠬᠠᠭᠠᠨ ᠢ ᠳᠠᠷᠤᠬᠤ ᠪᠠᠷ ᠤᠷᠤᠰᠤᠭᠠᠢ ᠬᠡᠮᠡᠯᠳᠦᠪᠡ᠃ ᠪᠢᠳᠡ ᠳᠡᠭᠦᠨ ᠢ ᠡᠰᠡ | ᠳᠡᠶᠢᠯᠪᠡᠰᠦ ᠳᠡᠷᠡ ᠪᠠᠭᠠᠳᠤᠷ ᠬᠠᠭᠠᠨ᠂ ᠳᠡᠭᠦᠨ ᠤ ᠰᠠᠶᠢᠳ ᠮᠡᠷᠭᠡᠨ᠂ ᠪᠢᠳᠡ ᠡᠰᠡ ᠨᠡᠶᠢᠯᠡᠪᠡᠰᠦ ᠳᠡᠳᠡ ᠮᠠᠨ ᠢ | ᠮᠥᠬᠦᠭᠡᠨᠡ᠃ ᠡᠭᠦᠨ ᠠᠴᠠ ᠪᠢᠳᠡ ᠭᠤᠷᠪᠠ ᠨᠡᠶᠢᠯᠡᠵᠦ ᠳᠡᠭᠦᠨ ᠢ ᠳᠠᠷᠤᠬᠤ ᠪᠠᠷ ᠮᠤᠷᠢᠯᠠᠵᠤ ᠮᠥᠭᠦᠭᠡᠰᠦᠭᠡᠢ | ᠬᠡᠮᠡᠯᠳᠦᠴᠡᠭᠡᠪᠡ᠃ ᠲᠦᠷᠭᠧᠱ ᠬᠠᠭᠠᠨ ᠤ ᠦᠭᠦᠯᠡᠭᠰᠡᠨ ᠨᠢ᠄ ᠮᠠᠨ ᠤ ᠤᠯᠤᠰ ᠢᠷᠭᠡᠨ ᠪᠠᠰᠠ ᠳᠡᠨᠳᠡ ᠤᠳᠤᠨ᠎ᠠ᠃ | ᠲᠦᠷᠦᠭ ᠤᠯᠤᠰ ᠰᠠᠮᠠᠭᠤᠷᠠᠵᠤ ᠳᠡᠭᠦᠨ ᠤ ᠬᠠᠷᠢᠶᠠᠳᠤ ᠤᠭᠤᠰ ᠨᠠᠷ ᠰᠠᠮᠠᠭᠤᠨ ᠳᠡᠭᠳᠡᠭᠡᠪᠡ ᠬᠡᠮᠡᠪᠡ᠃ ᠡᠨᠡ ᠦᠭᠡᠰ | ᠢ ᠰᠤᠨᠤᠰᠤᠮᠠᠭᠴᠠ ᠰᠦᠨᠢ ᠨᠤᠶᠢᠷ ᠢᠷᠡᠬᠦ ᠦᠭᠡᠢ᠂ ᠡᠳᠦᠷ ᠠᠮᠤᠷ ᠢ ᠤᠯᠬᠤ ᠦᠭᠡᠢ ᠪᠤᠯᠤᠯ᠎ᠠ ᠪᠢ᠃ ᠮᠠᠨ ᠢ | ᠰᠡᠳᠬᠢᠭᠰᠡᠨ ᠨᠢ ᠪᠢᠳᠡ ᠤᠷᠢᠳ ᠬᠢᠷᠬᠢᠰ ᠢ ᠳᠠᠶᠢᠯᠠᠪᠠᠰᠤ᠂᠂᠂᠂ ᠬᠡᠮᠡᠨ ᠬᠡᠯᠡᠯ᠎ᠡ ᠪᠢ᠃ ᠳᠡᠨᠳᠡ ᠤᠳᠤᠬᠤ ᠳᠤ | ᠬᠥᠭᠮᠡᠨ ︵ᠡᠨᠡ ᠨᠢ ᠰᠠᠶᠠᠨ ᠠᠭᠤᠯᠠ ᠶᠢᠨ ᠬᠠᠪᠢ ᠳᠤ ᠪᠤᠯᠤᠯᠳᠠᠢ︶ ᠢ ᠳᠠᠭᠠᠷᠢᠬᠤ ᠭᠠᠭᠴᠠ ᠵᠠᠮ ᠪᠤᠢ ᠨᠢ ᠴᠠᠰᠤᠨ | ᠳᠤ ᠪᠤᠯᠠᠭᠳᠠᠭᠰᠠᠨ ᠬᠡᠮᠡᠨ ᠪᠢ ᠰᠤᠨᠤᠰᠤᠭᠰᠠᠨ ᠳᠤᠯᠠ ᠪᠢᠳᠡ ᠡᠨᠡ ᠵᠠᠮ ᠢᠶᠠᠷ ᠶᠠᠪᠤᠵᠤ ᠥᠯᠥ ᠪᠤᠯᠤᠨ᠎ᠠ ᠬᠡᠮᠡᠨ | ᠬᠡᠯᠡᠯ᠎ᠡ ᠪᠢ᠃ ᠪᠢ ᠵᠠᠮᠴᠢ ᠬᠦᠮᠦᠨ ᠢ ᠡᠷᠢᠭᠰᠡᠭᠡᠷ ᠴᠥᠯ ᠠᠰ ᠤᠨ ᠨᠢᠭᠡᠨ ᠬᠦᠮᠦᠨ ᠢ ᠤᠯᠪᠠ᠃ ᠳᠡᠭᠦᠨ ᠤ | ᠬᠡᠯᠡᠭᠰᠡᠨ ᠨᠢ᠄ ᠮᠢᠨᠦ ᠨᠤᠳᠤᠭ ᠠᠰ᠂᠂᠂᠂ ᠪᠢ ᠡᠨᠡ ᠵᠠᠮ ᠢ ᠮᠡᠳᠡᠨ᠎ᠡ᠃ ᠬᠥᠭᠮᠡᠨ ᠢ ᠳᠠᠭᠠᠷᠢᠨ ᠶᠠᠪᠤᠬᠤ ᠡᠨᠡ ᠵᠠᠮ | ᠭᠠᠭᠴᠠ ᠵᠠᠮ ᠪᠤᠯᠠᠢ᠂ ᠳᠡᠨᠳᠡ ᠠᠮᠠᠷᠠᠵᠤ ᠪᠤᠯᠬᠤ ᠨᠢᠭᠡᠨ ᠭᠠᠵᠠᠷ ᠪᠤᠢ᠂ ᠠᠩ ᠢ ᠤᠷᠤᠭᠤᠳᠠᠨ ᠶᠠᠪᠤᠵᠤ ᠪᠤᠯᠤᠨ᠎ᠠ᠂ | ᠡᠨᠡ ᠭᠠᠵᠠᠷ ᠢᠶᠠᠷ ᠶᠠᠪᠤᠪᠠᠰᠤ ᠴᠤᠪᠤᠵᠤ ᠶᠠᠪᠤᠨ᠎ᠠ ᠬᠡᠮᠡᠪᠡ᠃ ᠡᠯ᠎ᠡ ᠦᠭᠡᠰ ᠢ ᠰᠤᠨᠤᠰᠴᠦ ᠬᠡᠯᠡᠭᠰᠡᠨ ᠢᠨᠦ᠄ ᠪᠢᠳᠡ | ᠡᠨᠡ ᠵᠠᠮ ᠢᠶᠠᠷ ᠶᠠᠪᠤᠪᠠᠰᠤ ᠬᠡᠷᠡᠭ ᠪᠦᠳᠦᠨ᠎ᠡ᠃ ᠡᠭᠦᠨ ᠢ ᠪᠢ ᠬᠠᠭᠠᠨ ᠳᠤ ᠪᠠᠨ ᠥᠴᠢᠯ᠎ᠡ᠃ ᠳᠠᠶᠢᠨ ᠳᠤ ᠴᠡᠷᠢᠭ ᠢ | ᠵᠠᠰᠠᠨ ᠮᠤᠷᠳᠠᠭᠤᠯᠵᠤ ᠠᠭᠲᠮᠧᠯ ᠳᠤ ᠨᠡᠶᠢᠯᠡ ᠬᠡᠮᠡᠯᠦᠭᠡ ᠪᠢ᠃ ᠴᠡᠷᠢᠭ ᠤᠳ ᠢ ᠮᠤᠷᠢᠨ ᠳᠡᠭᠡᠷ᠎ᠡ ᠵᠤᠭᠰᠤᠭ᠎ᠠ ᠪᠠᠷ | ᠶᠠᠪᠤ ᠬᠡᠮᠡᠵᠦ᠂ ᠴᠠᠰᠤᠳᠤ ᠭᠠᠵᠠᠷ ᠢ ᠭᠠᠳᠤᠯᠪᠠ᠃ ᠪᠢ ᠪᠠᠰᠠ ᠳᠡᠳᠡᠨ ᠢ ᠮᠤᠷᠢᠨ ᠠᠴᠠ ᠪᠠᠭᠤ ᠬᠡᠮᠡᠵᠤ᠂ ᠳᠡᠳᠡ ᠮᠤᠷᠢ | ᠪᠠᠨ ᠬᠥᠳᠥᠯᠤᠨ ᠮᠤᠳᠤ ᠳᠤᠯᠵᠤ ᠶᠠᠪᠤᠪᠠ᠃ ᠡᠮᠦᠨᠡᠬᠢ ᠴᠡᠷᠢᠭ ᠤᠳ ᠴᠠᠰᠤ ᠶᠢ ᠬᠢᠰᠬᠢᠯᠡᠨ ᠭᠠᠷᠤᠭᠰᠠᠨ ᠳᠤ ᠪᠢ | ᠴᠡᠷᠢᠭ ᠤᠳ ᠢ ᠤᠷᠤᠭᠰᠢ ᠳᠠᠪᠰᠢᠭᠤᠯᠤᠨ ᠢᠪᠧᠷᠢ ᠶᠢ ᠳᠠᠪᠠᠪᠠ᠃ ᠪᠢᠳᠡ ᠠᠷᠪᠠ ᠬᠤᠨᠤᠵᠤ ᠠᠭᠤᠯᠠ ᠶᠢᠨ ᠬᠠᠵᠠᠭᠤ | ᠬᠢ ᠪᠡᠷᠬᠡ ᠭᠠᠵᠠᠷ ᠢ ᠥᠩᠭᠡᠷᠡᠪᠡ᠃ ᠵᠠᠮᠴᠢ ᠬᠦᠮᠦᠨ ᠮᠠᠨ ᠢ ᠪᠤᠷᠤᠭᠤ ᠤᠳᠤᠷᠢᠳᠤᠭᠰᠠᠨ ᠳᠤᠯᠠ ᠳᠡᠷᠡ ᠠᠯᠠᠭᠳᠠᠪᠠ᠃ | ᠳᠡᠷᠡ ᠴᠠᠭ ᠮᠠᠨ ᠤ ᠶᠠᠳᠠᠵᠤ ᠵᠤᠪᠠᠵᠤ ᠠᠬᠤᠢ ᠳᠤ ᠬᠠᠭᠠᠨ ᠡᠶᠢᠨ ᠦᠭᠦᠯᠡᠷᠦᠨ᠄ ᠤᠷᠤᠭᠰᠢ ᠳᠠᠪᠰᠢᠶᠠ᠂ ᠠᠬᠢ | ᠮᠥᠷᠡᠨ ᠡᠨᠡ ᠠᠮᠤᠢ᠂ ᠡᠭᠦᠨ ᠢ ᠤᠷᠤᠭᠤᠳᠠᠨ ᠶᠠᠪᠤᠶ᠎ᠠ ᠬᠡᠮᠡᠪᠡ᠃ ᠪᠢᠳᠡ ᠡᠨᠡ ᠭᠤᠤᠯ ᠢ ᠤᠷᠤᠭᠤᠳᠠᠨ ᠶᠠᠪᠤᠪᠠ᠂᠂᠂ | ᠂ ᠡᠳᠦᠷ ᠰᠦᠨᠢ ᠮᠤᠷᠢᠳ ᠢᠶᠠᠨ ᠬᠠᠳᠠᠷᠢᠭᠤᠯᠤᠨ ᠶᠠᠪᠤᠵᠤ ᠬᠢᠷᠬᠢᠰ ᠨᠠᠷ ᠤᠨ ᠤᠨᠳᠠᠵᠤ ᠪᠦᠬᠦᠢ ᠳᠤ ᠳᠡᠳᠡᠨ ᠢ | ᠳᠤᠪᠳᠤᠯᠤᠨ ᠵᠠᠳᠠᠯᠵᠣ᠂ ᠵᠠᠮ ᠨᠡᠭᠡᠭᠡᠪᠡ᠃ ᠬᠠᠨ ᠪᠠ ᠳᠡᠭᠦᠨ ᠤ ᠴᠡᠷᠢᠭ ᠤᠳ ᠬᠤᠷᠤᠭᠰᠠᠨ ᠳᠤᠯᠠ ᠪᠢᠳᠡ ᠳᠡᠳᠡᠨ | ᠲᠠᠢ ᠳᠠᠶᠢᠯᠠᠯᠳᠤᠵᠤ ᠳᠡᠶᠢᠯᠦᠯᠡ᠃ ᠪᠢᠳᠡ ᠪᠤᠴᠠᠵᠤ ᠬᠦᠭᠮᠡᠨ ᠠᠭᠤᠯᠠ ᠶᠢᠨ ᠨᠥᠭᠦᠭᠡ ᠳᠠᠯ᠎ᠠ ᠪᠠᠷ ᠳᠠᠪᠠᠨ ᠬᠢᠷᠬᠢᠰ | ᠠᠴᠠ ᠠᠩᠬᠢᠵᠠᠷᠠᠪᠠ᠃ ᠲᠦᠷᠭᠧᠱ ᠬᠠᠭᠠᠨ ᠠᠴᠠ ᠳᠤᠷᠰᠢᠭᠤᠯ ᠤᠨ ᠬᠦᠮᠦᠨ ᠢᠷᠡᠵᠦ ᠬᠡᠯᠡᠭᠰᠡᠨ ᠨᠢ᠄ ᠵᠡᠭᠦᠨ ᠬᠠᠭᠠᠨ | ᠢ ᠳᠠᠷᠠᠭ᠎ᠠ ᠪᠠᠷ ᠤᠷᠤᠴᠠᠭᠠᠶᠠ᠃ ᠪᠢᠳᠡ ᠳᠡᠭᠦᠨ ᠢ ᠳᠠᠷᠤᠬᠤ ᠦᠭᠡᠢ ᠠᠬᠤᠯ᠎ᠠ ᠳᠡᠷᠡ ᠪᠠᠭᠠᠳᠤᠷ᠂ ᠳᠡᠭᠦᠨ ᠤ ᠰᠠᠶᠢᠳ | ᠮᠡᠷᠭᠡᠨ ᠳᠤᠯᠠ ᠮᠠᠨ ᠢ ᠮᠥᠬᠦᠭᠡᠨᠡ ᠬᠡᠮᠡᠨ ᠬᠡᠯᠡᠪᠡ ᠬᠡᠮᠡᠪᠡ᠃ ᠲᠦᠷᠭᠧᠱ ᠡᠳᠦᠭᠡ ᠠᠶᠢᠰᠤᠢ ᠬᠡᠮᠡᠪᠡ᠃ ᠠᠷᠪᠠᠨ | ᠨᠤᠳᠤᠭ ᠤᠨ ᠬᠠᠮᠤᠭ ᠤᠯᠤᠰ ᠨᠢᠭᠡ ᠮᠡᠳᠦ ᠪᠤᠯᠵᠤ ᠠᠶᠢᠰᠤᠢ ᠬᠡᠮᠡᠨ ᠳᠡᠷᠡ ᠬᠡᠯᠡᠪᠡ᠃ ᠪᠠᠰᠠ ᠨᠠᠩᠬᠢᠶᠠᠳ ᠴᠡᠷᠢᠭ | ᠪᠡᠯᠡᠬᠡᠨ ᠪᠤᠢ ᠬᠡᠮᠡᠪᠡ᠃ ᠮᠠᠨ ᠤ ᠬᠠᠭᠠᠨ ᠡᠯ᠎ᠡ ᠦᠭᠡᠰ ᠢ ᠰᠤᠨᠤᠰᠤᠭᠠᠳ ᠦᠭᠦᠯᠡᠭᠰᠡᠨ ᠨᠢ᠄ ᠪᠢ ᠠᠮᠤᠷ ᠢᠶᠠᠷ ᠭᠡᠷ | ᠲᠤ ᠪᠠᠨ ᠬᠠᠷᠢᠰᠤᠭᠠᠢ ᠬᠡᠮᠡᠪᠡ᠃ ᠬᠠᠳᠤᠨ ᠬᠠᠯᠢᠭᠰᠠᠨ ᠤ ᠤᠴᠢᠷ ᠪᠤᠯᠠᠢ᠃ ᠪᠢ ᠳᠡᠭᠦᠨ ᠢ ᠤᠷᠤᠰᠢᠭᠤᠯᠰᠤᠭᠠᠢ | ᠬᠡᠮᠡᠨ ᠳᠡᠷᠡ ︵ᠬᠠᠭᠠᠨ︶ ᠬᠡᠯᠡᠪᠡ᠃ ᠲᠠ ᠨᠠᠷ ᠴᠡᠷᠢᠭ ᠤᠨ ᠬᠠᠮᠳᠤ ᠪᠠᠷ ᠳᠠᠶᠢᠯᠠᠷ᠎ᠠ ᠤᠷᠤ ᠬᠡᠮᠡᠨ ᠳᠡᠷᠡ ᠬᠡᠯᠡᠪᠡ᠃ | ᠢᠨᠧᠯᠢ ᠬᠠᠭᠠᠨ ᠪᠠ ᠲᠦᠷᠭᠧᠱ ᠱᠠᠳ ᠴᠡᠷᠢᠭ ᠤᠨ ᠳᠦᠷᠦᠭᠦᠦ ᠪᠤᠯ ᠬᠡᠮᠡᠨ ᠳᠡᠷᠡ ᠬᠡᠯᠡᠪᠡ᠃ ᠮᠡᠷᠭᠡᠨ ᠲᠤᠨᠢᠶᠤᠺᠤᠺ | ᠨᠡᠳᠡᠳᠤ ᠬᠡᠯᠡᠭᠰᠡᠨ ᠨᠢ᠄ ᠴᠢ ᠡᠨᠡ ᠴᠡᠷᠢᠭ ᠢ ᠤᠳᠤᠷᠢᠳ᠃ ᠳᠡᠳᠡᠨ ᠢ ︵ᠪᠠᠷᠠᠭᠤᠨ ᠲᠦᠷᠦᠭ ᠢ︶ ᠥᠪᠡᠷ ᠢᠶᠠᠨ | ᠮᠡᠳᠡᠵᠦ ᠳᠠᠷᠤ᠃ ᠪᠠᠰᠠ ᠴᠢᠮ᠎ᠠ ᠳᠤ ᠶᠠᠭᠤ ᠭᠦᠢᠴᠡᠳᠭᠡ ᠬᠡᠮᠡᠬᠦ ᠪᠤᠢ ᠬᠡᠮᠡᠨ ᠳᠡᠷᠡ ᠬᠡᠯᠡᠯᠦᠭᠡ᠃ ᠳᠡᠳᠡ ᠢᠨᠠᠭᠰᠢ | ᠢᠷᠡᠬᠦ ᠠᠬᠤᠯ᠎ᠠ ᠴᠢ ᠨᠠᠳᠠᠳᠤ ᠮᠡᠳᠡᠭᠡ ᠢᠯᠡᠭᠡ᠃ ᠳᠡᠳᠡ ᠢᠨᠠᠭᠰᠢ ᠢᠷᠡᠬᠦ ᠦᠭᠡᠢ ᠠᠬᠤᠯ᠎ᠠ ᠰᠠᠨᠠᠭ᠎ᠠ ᠠᠮᠤᠷ ᠳᠡᠨᠳᠡ | ᠬᠤᠴᠤᠷᠠᠵᠤ ᠮᠡᠳᠡᠭᠡ ᠴᠢᠮᠡᠭᠡ ᠬᠤᠷᠢᠶ᠎ᠠ ᠬᠡᠮᠡᠨ ᠳᠡᠷᠡ ᠬᠡᠯᠡᠯᠦᠭᠡ᠃ ᠪᠢᠳᠡ ᠠᠯᠳᠠᠨ ᠠᠭᠤᠯᠠᠨ᠎ᠠ ᠳᠤᠭᠳᠠᠭᠰᠠᠨ ᠳᠤ | ᠭᠤᠷᠪᠠᠨ ︵ᠶᠠᠭᠠᠷᠠᠯᠳᠠ︶ ᠳᠤᠷᠰᠢᠭᠤᠯ ᠢᠷᠡᠪᠡ᠃ ᠳᠡᠳᠡᠨ ᠤ ᠮᠡᠳᠡᠭᠡ ᠤᠷᠢᠳ ᠤᠨ ᠬᠡᠨ᠎ᠡ ᠠᠳᠠᠯᠢ ᠠᠪᠠᠢ᠃ | ᠮᠡᠳᠡᠭᠡ ᠨᠢ ᠡᠶᠢᠨ᠄ ᠳᠡᠳᠡᠨ ᠤ ᠬᠠᠭᠠᠨ ᠴᠡᠷᠢᠭ ᠤᠳ ᠤᠨ ᠬᠠᠮᠳᠤ ᠪᠠᠷ ᠠᠶᠢᠰᠤᠢ᠂ ᠠᠷᠪᠠᠨ ᠨᠤᠳᠤᠭ ᠤᠨ ᠴᠡᠷᠢᠭ | ᠨᠢᠭᠡᠨ ᠮᠡᠳᠦ ᠪᠤᠯᠵᠤ ᠠᠶᠢᠰᠤᠢ᠃ ᠳᠡᠨᠳᠡ ᠶᠠᠷᠢᠱ ᠭᠦᠨᠳᠡᠢ ᠳᠤ ᠵᠤᠯᠭᠠᠰᠤᠭᠠᠢ ᠬᠡᠪᠡ ᠬᠡᠮᠡᠪᠡ᠃ ᠪᠢ ᠡᠯ᠎ᠡ ᠦᠭᠡᠰ ᠢ | ᠰᠤᠨᠤᠰᠴᠦ ᠬᠠᠭᠠᠨ ᠳᠤ ᠮᠡᠳᠡᠭᠡ ᠬᠦᠷᠭᠡᠭᠦᠯᠦᠯ᠎ᠡ᠃ ᠬᠠᠭᠠᠨ ᠠᠴᠠ ᠬᠠᠷᠢᠭᠤ ᠢᠯᠡᠭᠡᠭᠰᠡᠨ ᠨᠢ᠄ ᠲᠠ ᠨᠠᠷ ᠰᠠᠨᠠᠭ᠎ᠠ | ᠠᠮᠤᠷ ᠲᠠᠨᠳᠡ ᠪᠠᠨ ᠬᠤᠴᠤᠷᠠ᠂ ᠬᠠᠷᠠᠭᠤᠯ ᠮᠠᠨᠠᠭ᠎ᠠ ᠪᠠᠨ ᠬᠢᠴᠢᠶᠡ᠂ ᠳᠠᠶᠢᠰᠤᠨ ᠳᠤ ᠪᠢᠳᠡᠬᠡᠢ ᠭᠡᠨᠡᠳᠡ ᠬᠡᠮᠡᠨ | ᠪᠦᠭᠡᠭᠦᠢ ᠬᠠᠭᠠᠨ ᠨᠠᠳᠠᠳᠤ ᠵᠠᠷᠯᠢᠭ ᠢᠯᠡᠭᠡᠪᠡ᠃ ᠠᠫᠠ ᠳᠠᠷᠬᠠᠨ ᠴᠡᠷᠢᠭ ᠤᠨ ᠶᠡᠭᠡ ᠵᠠᠩᠵᠤᠨ ᠳᠤ ᠨᠢᠭᠤᠴᠠ ᠵᠠᠷᠯᠢᠭ | ᠢᠯᠡᠭᠡᠭᠰᠡᠨ ᠨᠢ᠄ ᠮᠡᠷᠭᠡᠨ ᠲᠤᠨᠢᠶᠤᠺᠤᠺ ᠥᠪᠡᠷ ᠢᠶᠠᠨ ᠮᠡᠳᠡᠨ᠎ᠡ᠃ ᠳᠡᠷᠡ ᠴᠡᠷᠢᠭ ᠤᠨ ᠬᠠᠮᠳᠤ ᠪᠠᠷ ᠳᠠᠷᠤᠬᠤ ᠪᠠᠷ | ᠤᠷᠤᠶ᠎ᠠ ᠬᠡᠮᠡᠬᠦᠯ᠎ᠡ ᠳᠡᠭᠦᠨ ᠤ ᠰᠠᠨᠠᠭ᠎ᠠ ᠪᠠᠷ ᠪᠤᠯ ᠬᠡᠮᠡᠪᠡ᠃ ᠪᠢ ᠡᠨᠡ ᠮᠡᠳᠡᠭᠡ ᠶᠢ ᠰᠤᠨᠤᠰᠴᠦ᠂ ᠴᠡᠷᠢᠭ ᠢ | ᠤᠷᠤᠭᠰᠢ ᠭᠥᠳᠡᠯᠭᠡᠨ ᠠᠯᠳᠠᠨ ᠠᠭᠤᠯᠠ ᠶᠢ ᠵᠠᠮ ᠦᠭᠡᠢ ᠭᠠᠵᠠᠷ ᠢᠶᠠᠷ ᠶᠠᠪᠤᠵᠤ᠂ ᠢᠷᠴᠢᠰ ᠮᠥᠷᠡᠨ ᠢ ᠤᠯᠤᠮ | ᠦᠭᠡᠢ ᠭᠠᠵᠠᠷ ᠢᠶᠠᠷ ᠭᠠᠳᠤᠯᠵᠤ᠂ ᠰᠦᠨᠢ ᠶᠠᠪᠤᠭᠰᠠᠭᠠᠷ ᠪᠤᠯᠴᠤᠤ ᠳᠤ ᠥᠷᠯᠦᠭᠡ ᠬᠦᠷᠦᠯ᠎ᠡ᠃ | ᠳᠤᠷᠰᠢᠭᠤᠯ ᠤᠨ ᠬᠦᠮᠦᠨ ᠢ ᠠᠪᠴᠢᠷᠠᠪᠠᠰᠤ ᠳᠡᠭᠦᠨ ᠤ ᠦᠭᠡ ᠨᠢ᠄ ᠶᠠᠷᠢᠱ ᠤᠨ ᠬᠦᠨᠳᠡᠢ ᠳᠤ ᠠᠷᠪᠠᠨ | ᠳᠦᠮᠡᠨ ᠴᠡᠷᠢᠭ ᠬᠤᠷᠠᠪᠠᠢ ᠬᠡᠮᠡᠨ ᠳᠡᠷᠡ ᠬᠡᠯᠡᠪᠡ᠃ ᠡᠨᠡ ᠦᠭᠡᠰ ᠢ ᠬᠠᠮᠤᠭ ᠪᠠᠬᠢ ᠨᠠᠷ ᠰᠤᠨᠤᠰᠴᠤ᠂ ᠪᠤᠴᠠᠶ᠎ᠠ᠂ | ᠠᠷᠢᠭᠤᠨ ᠳᠤ ᠪᠠᠷᠳᠠᠮᠨᠠᠬᠤ ᠦᠭᠡᠢ ᠪᠤᠯ ᠰᠠᠶᠢᠨ ᠬᠡᠮᠡᠪᠡ᠃ ᠮᠡᠷᠭᠡᠨ ᠲᠤᠨᠢᠶᠤᠺᠤᠺ ᠮᠢᠨᠦ ᠬᠡᠯᠡᠭᠰᠡᠨ ᠨᠢ᠄ ᠪᠢᠳᠡ | ᠠᠯᠳᠠᠨ ᠠᠭᠤᠯᠠ ᠶᠢ ᠳᠠᠪᠠᠵᠤ ᠠᠳᠡ ᠢᠷᠡᠯ᠎ᠡ᠂ ᠪᠢᠳᠡ ᠢᠷᠴᠢᠰ ᠭᠤᠤᠯ ᠢ ᠭᠠᠳᠤᠯᠵᠤ ᠠᠳᠡ ᠢᠷᠡᠯ᠎ᠡ᠂ ᠳᠠᠶᠢᠰᠤᠨ | ᠢᠨᠦ ᠵᠤᠷᠢᠭ ᠲᠠᠢ᠂ ᠭᠡᠪᠡᠴᠦ ᠪᠢᠳᠡᠨ ᠢ ᠬᠠᠷᠠᠭᠰᠠᠨ ᠦᠭᠡᠢ᠃ ᠳᠡᠭᠷᠢ ᠤᠮᠠᠢ ︵ᠦᠬᠢᠨ ᠳᠡᠭᠷᠢ︶᠂ ᠪᠤᠭᠳᠠ ᠵᠠᠷᠰᠤᠪ | ︵ᠳᠡᠯᠡᠬᠡᠢ ᠶᠢᠨ ᠡᠵᠡᠨ︶ ᠳᠡᠳᠡᠨ ᠤ ᠨᠢᠳᠦ ᠶᠢ ᠬᠠᠯᠬᠠᠯᠠᠪᠠ᠃ ᠪᠢᠳᠡ ᠶᠠᠭᠤᠨ ᠤ ᠤᠴᠢᠷ᠎ᠠ ᠳᠤᠳᠠᠭᠠᠬᠤ ᠪᠤᠢ︖ | ᠪᠢᠳᠡ ᠶᠠᠭᠤᠨ ᠤ ᠤᠴᠢᠷ᠎ᠠ ᠳᠡᠳᠡᠨ ᠢ ᠤᠯᠠᠨ ᠬᠡᠮᠡᠨ ᠠᠶᠤᠬᠤ ᠪᠤᠢ︖ ᠪᠢᠳᠡ ᠴᠦᠭᠡᠨ ᠠᠪᠠᠴᠤ ᠶᠠᠭᠤᠨ ᠤ | ᠤᠴᠢᠷ᠎ᠠ ᠳᠡᠳᠡᠨ ᠳᠤ ᠳᠡᠶᠢᠯᠡᠭᠳᠡᠬᠦ ᠪᠤᠢ︖ ᠪᠢᠳᠡ ᠳᠡᠳᠡᠨ ᠢ ᠳᠠᠷᠤᠬᠤ ᠪᠠᠷ ᠤᠷᠤᠶ᠎ᠠ ᠬᠡᠮᠡᠯᠦᠭᠡ ᠪᠢ᠃ ᠪᠢᠳᠡ | ᠳᠠᠷᠤᠬᠤ ᠪᠠᠷ ᠤᠷᠤᠵᠤ ᠳᠡᠳᠡᠨ ᠢ ᠪᠤᠳᠠᠷᠭᠠᠪᠠ᠃ ᠮᠠᠷᠭᠠᠰᠢ ᠡᠳᠦᠷ ᠨᠢ ᠳᠡᠳᠡ ᠳᠠᠯ᠎ᠠ ᠶᠢᠨ ᠳᠤᠶᠢᠮᠤᠷ ᠮᠡᠳᠦ ᠢᠷᠡᠬᠦᠢ | ᠳᠤᠷ ᠪᠢᠳᠡ ︵ᠳᠡᠳᠡᠨ ᠯᠦᠭᠡ︶ ᠳᠠᠶᠢᠯᠠᠯᠳᠤᠪᠠ᠃ ᠳᠡᠳᠡᠨ ᠤ ᠬᠤᠶᠠᠷ ᠡᠳᠡᠭᠡᠳ ᠤᠨ ᠵᠢᠭᠦᠷ ᠨᠢ ᠮᠠᠨ ᠤ ᠴᠡᠷᠢᠭ | ᠠᠴᠠ ᠨᠢᠭᠡᠨ ᠳᠤᠮᠳᠠᠭᠤᠷ ᠬᠤᠪᠢ ᠤᠯᠠᠨ ᠠᠪᠠᠢ᠂᠂᠂᠂ ᠳᠡᠭᠷᠢ ᠶᠢᠨ ᠢᠪᠡᠭᠡᠯ ᠢᠶᠠᠷ ᠪᠢᠳᠡ ᠳᠡᠳᠡᠨ ᠢ ᠤᠯᠠᠨ ᠬᠡᠮᠡᠨ | ᠡᠰᠡ ᠠᠶᠤᠯ᠎ᠠ᠃ ᠪᠢᠳᠡ ᠲᠠᠷᠳᠤᠱ ᠱᠠᠳ ᠢ ᠲᠠᠭᠠᠨ ᠳᠠᠶᠢᠯᠠᠯᠳᠤᠵᠤ᠂ ᠳᠡᠳᠡᠨ ᠢ ᠳᠡᠶᠢᠯᠡᠨ ᠬᠠᠭᠠᠨ ᠢ ᠨᠢ ᠤᠯᠵᠠᠯᠠᠪᠠ | ᠃ ᠳᠡᠳᠡᠨ ᠤ ᠶᠠᠪᠭᠤ ᠱᠠᠳ ᠨᠠᠷ ᠢ ᠳᠡᠳᠡ ᠥᠪᠡᠷᠰᠡᠳ ᠢᠶᠠᠨ ᠠᠯᠠᠪᠠ᠃ ᠳᠠᠪᠢᠭᠠᠳ ᠬᠦᠮᠦᠨ ᠢ ᠤᠯᠵᠠᠯᠠᠯᠤᠭᠠ᠃ | ᠳᠡᠷᠡ ᠰᠦᠨᠢ ᠳᠡᠳᠡᠨ ᠤ ᠤᠯᠤᠰ ᠲᠤ ᠳᠤᠩᠬᠠᠭ ᠳᠠᠷᠬᠠᠭᠠᠪᠠ᠃ ᠡᠯ᠎ᠡ ᠳᠤᠩᠬᠠᠭ ᠢ ᠰᠤᠨᠤᠰᠴᠦ ᠠᠷᠪᠠᠨ ᠤᠳᠤᠭ | ᠤᠨ ᠪᠠᠬᠢ ᠨᠠᠷ ᠪᠠ ᠤᠯᠤᠰ ᠢᠷᠭᠡᠨ ᠢᠷᠡᠵᠦ ᠳᠠᠭᠠᠯ᠎ᠠ᠃ ᠪᠢᠳᠡ ᠢᠷᠡᠭᠰᠡᠨ ᠪᠠᠬᠢ ᠪᠠ ᠤᠯᠤᠰ ᠢ ᠬᠤᠷᠢᠶᠠᠵᠤ᠂ | ᠳᠤᠳᠠᠭᠠᠨ ᠶᠠᠪᠤᠭᠰᠠᠨ ᠵᠠᠷᠢᠮ ᠤᠯᠤᠰ ᠢ ᠨᠡᠬᠡᠭᠦᠯᠬᠦ ᠪᠠᠷ ᠤᠳᠤᠭᠤᠯᠪᠠ᠃ ᠪᠢᠳᠡ ᠪᠠᠰᠠ ᠶᠠᠪᠤᠪᠠ᠃ ᠶᠠᠩᠴᠤᠢ ᠭᠤᠤᠯ | ᠢ ᠭᠠᠳᠤᠯᠵᠤ᠂ ᠲᠢᠨᠠᠱᠢ᠂ ᠤᠭᠯᠢ᠂ ᠵᠠᠲ᠋ᠢᠭᠮᠠᠨ᠂ ᠪᠠᠩᠯᠢᠨ ᠠᠭᠤᠯᠠ ᠶᠢ ᠳᠠᠪᠠᠨ᠂ ᠪᠢᠳᠡ ᠳᠡᠮᠦᠷ ᠬᠠᠫᠠᠭ ᠬᠦᠷᠳᠡᠯ᠎ᠡ | ᠨᠡᠬᠡᠨ ᠭᠦᠢᠴᠡᠭᠡᠳ ᠪᠤᠴᠠᠪᠠ᠃ | ᠢᠨᠧᠯᠢ ᠬᠠᠭᠠᠨ ᠳᠤ᠂᠂᠂᠂ ᠰᠣᠭᠳᠠ ᠶᠢᠨ ᠵᠠᠷᠢᠮ ᠤᠯᠤᠰ᠂ ᠰᠤᠭ ᠳᠦᠷᠦᠭᠦᠦ ᠲᠠᠢ ᠢᠷᠡᠵᠤ | ᠳᠠᠭᠠᠯ᠎ᠠ᠃ ᠡᠷᠳᠡ ᠮᠠᠨ ᠤ ᠡᠪᠦᠭᠡ ᠪᠠ ᠲᠦᠷᠦᠭ ᠤᠯᠤᠰ ᠡᠵᠡᠬᠦᠢ ᠠᠭᠰᠠᠨ ᠳᠡᠮᠦᠷ ᠬᠠᠫᠠᠭᠳᠦ ᠪᠠ ᠲᠢᠨᠠᠱᠢ᠂ | ᠤᠭᠯᠢ᠂ ᠵᠠᠲ᠋ᠢᠮᠠᠨ ᠠᠭᠤᠯᠠᠨ ᠳᠤ ᠢᠷᠡᠭᠰᠡᠨ ᠪᠢᠯᠡ᠃ ᠪᠢ ᠡᠳᠦᠭᠡ ᠮᠠᠨ ᠤ ᠴᠡᠷᠢᠭ ᠢ ᠡᠨᠡ ᠭᠠᠵᠠᠷ ᠲᠤ | ᠤᠳᠤᠷᠢᠳᠤᠨ ᠠᠪᠴᠢᠷᠠᠭᠰᠠᠨ ᠨᠢ ᠰᠢᠷ᠎ᠠ ᠠᠯᠳᠠ᠂ ᠴᠠᠭᠠᠨ ᠮᠥᠩᠬᠦ᠂ ᠡᠮᠡᠰ ᠦᠬᠢᠳ᠂᠂᠂᠂ ᠦᠯᠡᠮᠵᠢ ᠡᠷᠳᠡᠨᠢᠰ ᠢ | ᠠᠪᠤᠨ ᠪᠤᠴᠠᠪᠠ᠃ ᠡᠯᠲ᠋ᠡᠷᠡᠰ ᠬᠠᠭᠠᠨ ᠮᠡᠷᠭᠡᠨ ᠪᠦᠭᠡᠳ ᠪᠠᠭᠠᠳᠤᠷ ᠳᠤᠯᠠ ᠬᠤᠷᠢᠨ ᠳᠤᠯᠤᠭᠠᠨ ᠤᠳᠠᠭ᠎ᠠ ᠨᠠᠩᠬᠢᠶᠠᠳ | ᠯᠤᠭ᠎ᠠ ᠳᠠᠶᠢᠯᠠᠯᠳᠤᠪᠠ᠃ ᠳᠤᠯᠤᠭᠠᠨ ᠤᠳᠠᠭ᠎ᠠ ᠬᠢᠳᠠᠨ ᠯᠤᠭ᠎ᠠ ᠳᠠᠶᠢᠯᠠᠯᠳᠤᠪᠠ᠃ ᠳᠠᠪᠤᠨ ᠤᠳᠠᠭ᠎ᠠ ᠤᠭᠤᠰ ᠯᠤᠭ᠎ᠠ | ᠳᠠᠶᠢᠯᠠᠯᠳᠤᠪᠠ᠃ ᠳᠡᠭᠦᠨ ᠤ ᠰᠠᠶᠢᠳ ᠪᠢ ᠠᠭᠰᠠᠨ ᠪᠥᠯᠥᠭᠡ᠃ ᠳᠡᠭᠦᠨ ᠤ ᠴᠡᠷᠢᠭ ᠤᠨ ᠳᠦᠷᠦᠭᠦᠦ ᠪᠢ ᠠᠭᠰᠠᠨ | ᠪᠥᠯᠥᠭᠡ᠃ ︵ᠢᠯᠢᠲ᠋ᠧᠷᠢᠱ︶ ᠬᠠᠭᠠᠨ ᠳᠤ᠂ ᠲᠦᠷᠦᠭ ᠤᠨ ᠪᠢᠯᠢᠭ ᠬᠠᠭᠠᠨ ᠳᠤ᠂᠂᠂᠂ ᠺᠠᠫᠭᠠᠨ ᠬᠠᠭᠠᠨ ᠳᠤ᠂᠂᠂ | ᠂ ᠰᠦᠨᠢ ᠨᠤᠶᠢᠷ ᠢᠷᠡᠬᠦ ᠦᠭᠡᠢ᠂ ᠡᠳᠦᠷ ᠠᠮᠤᠷ ᠢ ᠤᠯᠬᠤ ᠦᠭᠡᠢ᠂ ᠤᠯᠠᠭᠠᠨ ᠴᠢᠰᠤ᠂ ᠬᠠᠷ᠎ᠠ ᠭᠦᠯᠦᠰᠦ ᠪᠠᠨ | ᠠᠰᠬᠠᠷᠠᠭᠤᠯᠤᠨ ᠭᠦᠴᠦᠨ ᠳᠡᠩᠭᠡ ᠪᠠᠨ ᠭᠠᠷᠭᠠᠵᠤ᠂ ᠪᠢ ᠪᠠᠰᠠ ᠬᠤᠯᠠ ᠵᠠᠮ ᠳᠤ ᠳᠡᠳᠡᠨ ᠢ ᠶᠠᠪᠤᠭᠤᠯᠪᠠ᠃ ᠠᠷᠬᠤᠢ | ᠬᠠᠷᠭᠤ ᠴᠡᠴᠡᠷᠯᠢᠭ ︵︖︶ ᠢ ᠶᠡᠬᠡᠳᠬᠡᠯᠦᠭᠡ ᠪᠢ᠃ ᠪᠤᠴᠠᠭᠰᠠᠨ ᠳᠠᠶᠢᠳᠤᠨ ᠢ ᠪᠢ᠂᠂᠂᠂ ᠳᠠᠶᠢᠰᠤᠨ ᠢ ᠳᠠᠷᠤ | ᠬᠡᠮᠡᠨ ᠬᠠᠭᠠᠨ ᠳᠤ ᠪᠠᠨ ᠥᠴᠢᠯᠦᠭᠡ ᠪᠢ᠃ ᠳᠡᠭᠷᠢ ᠶᠢᠨ ᠢᠪᠡᠭᠡᠯ ᠢᠶᠠᠷ ᠲᠦᠷᠦᠭ ᠤᠯᠤᠰ ᠤᠨ ᠳᠤᠳᠤᠷ᠎ᠠ | ᠬᠤᠶᠠᠭᠳᠤ ᠶᠠᠮᠠᠷ ᠴᠦ ᠳᠠᠶᠢᠰᠤᠨ ᠥᠯᠥ ᠬᠥᠳᠡᠯᠪᠡ᠃ ᠬᠢᠵᠠᠭᠠᠷ ᠲᠤ ︵︖︶ ᠶᠠᠮᠠᠷ ᠴᠦ ᠮᠤᠷᠢᠨ ᠳᠤᠭᠤᠷᠢᠨ ᠳᠤ | ᠥᠯᠥ ᠳᠠᠪᠬᠢᠪᠠ᠃ ᠡᠯᠲ᠋ᠡᠷᠡᠰ ᠬᠠᠭᠠᠨ ᠡᠰᠡ ᠬᠥᠳᠡᠯᠦᠨ᠂ ᠪᠠᠰᠠ ᠪᠢ ᠳᠡᠭᠦᠨ ᠢ ᠲᠠᠭᠠᠨ ᠡᠰᠡ ᠬᠥᠳᠡᠯᠦᠭᠰᠡᠨ | ᠠᠬᠤᠯ᠎ᠠ ᠶᠠᠮᠠᠷ ᠴᠦ ᠳᠦᠷᠦ ᠤᠯᠤᠰ ᠦᠭᠡᠢ ᠠᠬᠤ ᠪᠥᠯᠥᠭᠡ᠃ ᠳᠡᠷᠡ ᠬᠦᠳᠡᠯᠵᠤ ᠪᠠᠰᠠ ᠪᠢ ᠳᠡᠭᠦᠨ ᠢ ᠲᠠᠭᠠᠨ | ᠬᠦᠳᠡᠯᠦᠭᠰᠡᠨ ᠤ ᠳᠤᠯᠠ ᠳᠦᠷᠦ᠂ ᠳᠦᠷᠦ ᠪᠤᠯᠵᠤ᠂ ᠤᠯᠤᠰ ᠤᠯᠤᠰ ᠪᠤᠯᠤᠯ᠎ᠠ᠃ ᠡᠳᠦᠭᠡ ᠪᠢ ᠥᠳᠡᠯᠡᠵᠦ ᠨᠠᠰᠤᠨ | ᠮᠢᠨᠢ ᠥᠨᠳᠦᠷ ᠪᠤᠯᠪᠠ᠃ ᠠᠯᠢ ᠨᠢᠭᠡᠨ ᠤᠷᠤᠨ ᠳᠠᠬᠢ ᠬᠠᠭᠠᠨ ᠳᠤ᠂ ᠶᠠᠮᠠᠷ ᠨᠢᠭᠡᠨ ᠤᠯᠤᠰ᠂᠂᠂᠂ ᠮᠡᠷᠭᠡᠨ | ᠲᠤᠨᠢᠶᠤᠺᠤᠺ ᠪᠢ ᠡᠭᠦᠨ ᠢ ᠲᠦᠷᠦᠭ ᠤᠨ ᠪᠢᠯᠢᠭ ᠬᠠᠭᠠᠨ ᠤ ᠤᠯᠤᠰ ᠲᠤ ᠵᠤᠷᠢᠭᠤᠯᠤᠨ ᠪᠢᠴᠢᠭᠦᠯᠦᠯᠠ᠃ | ᠡᠯᠲ᠋ᠡᠷᠡᠰ ᠬᠠᠭᠠᠨ ᠡᠰᠡ ᠬᠦᠳᠡᠯᠦᠭᠰᠡᠨ ᠪᠤᠶᠤ ᠦᠭᠡᠢ ᠠᠬᠤᠯ᠎ᠠ ᠮᠡᠷᠭᠡᠨ ᠲᠤᠨᠢᠶᠤᠺᠤᠺ ᠪᠢ ᠡᠰᠡ | ᠬᠦᠳᠡᠯᠦᠭᠰᠡᠨ ᠠᠪᠠᠰᠤ ᠺᠠᠪᠭᠠᠨ ᠬᠠᠭᠠᠨ ᠤ ᠤᠷᠤᠨ ᠳᠤ ᠲᠦᠷᠦᠭ ᠤᠨ ᠤᠯᠤᠰ ᠭᠡᠷ᠂ ᠬᠦᠮᠦᠨ ᠢᠷᠭᠡᠨ ᠡᠵᠡᠨ | ᠦᠭᠡᠢ ᠠᠬᠤ ᠪᠢᠯᠡ᠃ ᠡᠯᠲ᠋ᠡᠷᠡᠰ ᠬᠠᠭᠠᠨ ᠪᠠ ᠮᠡᠷᠭᠡᠨ ᠲᠤᠨᠢᠶᠤᠺᠤᠺ ᠬᠦᠳᠡᠯᠦᠭᠰᠡᠨ ᠤ ᠤᠴᠢᠷ᠎ᠠ ᠺᠠᠪᠭᠠᠨ ᠪᠠ | ᠲᠦᠷᠦᠭ ᠤᠨ ᠤᠯᠤᠰ ᠮᠠᠨᠳᠤᠵᠤ᠂ ᠲᠦᠷᠦᠭ ᠤᠨ ᠡᠳᠦᠭᠡ ᠶᠢᠨ ᠡᠨᠡ ᠪᠢᠯᠢᠭ ᠬᠠᠭᠠᠨ ᠲᠦᠷᠦᠭ ᠤᠯᠤᠰ ᠤᠨ ᠪᠠ | ᠤᠭᠤᠰ ᠤᠯᠤᠰ ᠤᠨ ᠳᠤᠯᠠ ᠬᠠᠭᠠᠨ ᠰᠠᠭᠤᠯ᠎ᠠ᠃ | |