ᠶᠡᠭᠡ ᠾᠦᠩᠨᠣ ᠭᠦᠷᠦᠨ ᠪᠣᠯᠣᠨ ᠮᠣᠩᠭᠤᠯ ᠬᠠᠭᠠᠨᠲᠣ  ᠣᠯᠣᠰ (2)
ᠨᠡᠶᠢᠲᠡᠯᠡᠭᠰᠡᠨ ᠴᠠᠭ᠄
2020-07-06
  ᠬᠤᠶᠠᠷ᠃ ᠵᠠᠷᠢᠮ ᠾᠦᠩᠨᠣ ᠦᠭᠡ᠂ ᠾᠦᠩᠨᠣ ᠨᠡᠷᠡᠶᠢᠳᠦᠯ ᠪᠠ ᠮᠣᠩᠭᠤᠯ ᠦᠭᠡᠰ ᠤᠨ ᠬᠠᠷᠢᠴᠠᠭ᠎ᠠ ᠶᠢᠨ ᠲᠣᠬᠠᠢ          ︽ᠰᠣᠳᠣᠷ ᠲᠡᠮᠳᠡᠭᠯᠡᠯ︾ ᠵᠡᠷᠭᠡ ᠲᠣᠬᠠᠢ ᠶᠢᠨ ᠦᠶ᠎ᠡ ᠶᠢᠨ ᠾᠦᠩᠨᠣ ᠶᠢᠨ ᠪᠠᠶᠢᠳᠠᠯ ᠢ ᠲᠡᠮᠳᠡᠭᠯᠡᠭᠰᠡᠨ ᠲᠡᠣᠬᠡ ᠪᠢᠴᠢᠯᠭᠡ ᠳᠤ ᠵᠠᠷᠢᠮ ᠾᠦᠩᠨᠣ  ᠨᠡᠷᠡᠶᠢᠳᠦᠯ᠂ ᠨᠡᠷ᠎ᠡ ᠦᠭᠡ ᠶᠢ ᠲᠡᠮᠳᠡᠭᠯᠡᠭᠰᠡᠨ ᠪᠠᠶᠢᠳᠠᠭ᠃ ᠵᠡᠷᠢᠮ ᠡᠷᠳᠡᠮᠲᠡᠨ ᠡᠳᠡᠭᠡᠷ ᠦᠭᠡ ᠶᠢ ᠮᠣᠩᠭᠤᠯ ᠦᠭᠡ ᠲᠠᠢ ᠪᠠᠨ ᠣᠶᠢᠷᠠᠲᠣᠭᠤᠯᠣᠨ ᠰᠣᠳᠣᠯᠣᠭᠰᠠᠨ ᠪᠠᠶᠢᠳᠠᠭ᠃ ᠲᠣᠬᠠᠢ  ᠶᠢᠨ ᠦᠶ᠎ᠡ ᠶᠢᠨ ᠬᠢᠲᠠᠳ ᠬᠡᠯᠡ ᠪᠠᠷ ᠠᠪᠢᠶᠠᠴᠢᠯᠠᠨ ᠲᠡᠮᠳᠡᠭᠯᠡᠭᠰᠡᠨ ᠡᠳᠡᠭᠡᠷ  ᠦᠭᠡᠰ ᠨᠢ ᠲᠡᠭᠷᠢ ᠮᠡᠲᠣ ᠶᠢᠨ ᠠᠯᠲᠠᠢ ᠬᠡᠯᠡᠨ ᠳᠤ ᠠᠳᠠᠯᠢᠬᠠᠨ ᠬᠡᠷᠡᠭᠯᠡᠭᠳᠡᠬᠦ  ᠦᠭᠡᠰ ᠪᠠᠶᠢᠭᠰᠠᠨ ᠴᠣ᠋ ᠣᠯᠠᠩᠬᠢ ᠦᠭᠡ ᠨᠢ ᠮᠣᠩᠭᠤᠯ ᠦᠭᠡ ᠶᠢᠨ ᠠᠪᠢᠶᠠᠯᠠᠯᠭ᠎ᠠ ᠲᠠᠢ ᠦᠰᠦᠳ ᠣᠨᠳᠣᠣ᠂ ᠬᠷᠢᠨ ᠲᠦᠷᠦᠭ ᠳᠠᠭᠤᠳᠠᠯᠭ᠎ᠠ ᠲᠠᠢ ᠵᠠᠷᠢᠮ ᠬᠡᠮᠵᠢᠶᠡᠨ ᠳᠤ ᠠᠳᠠᠯᠢ ᠪᠠᠶᠢᠳᠠᠭ ᠭᠡᠳᠡᠭ᠃ ᠶᠠᠭ ᠮᠣᠩᠭᠤᠯ ᠦᠭᠡ ᠪᠣᠯᠣᠭᠰᠠᠨ ᠴᠣ᠋ ᠳᠣᠯᠣᠭᠠᠨ ᠵᠠᠭᠤᠨ ᠵᠢᠯ ᠤᠨ ᠡᠮᠦᠨ᠎ᠡ ᠪᠢᠴᠢᠭᠳᠡᠭᠰᠡᠨ ︽ᠮᠣᠩᠭᠤᠯ ᠤᠨ ᠨᠢᠭᠤᠴᠠ ᠳᠣᠪᠴᠢᠶᠠᠨ︾ ᠢ ᠣᠳᠣᠬᠢ ᠣᠯᠠᠩᠬᠢ ᠮᠣᠩᠭᠤᠯ  ᠬᠦᠮᠦᠰ ᠣᠶᠢᠯᠠᠭᠠᠬᠤ ᠳᠤ ᠬᠦᠴᠢᠷᠳᠡᠵᠣ ᠪᠠᠶᠢᠲᠠᠯ᠎ᠠ ᠬᠤᠶᠠᠷ ᠮᠢᠩᠭᠠᠨ ᠵᠢᠯ ᠤᠨ ᠡᠮᠦᠨᠡᠬᠢ ᠮᠣᠩᠭᠤᠯ ᠦᠭᠡ ᠪᠣᠯᠬᠤ ᠶᠢ ᠲᠡᠶᠢᠮᠣ ᠠᠮᠠᠷᠬᠠᠨ ᠣᠶᠢᠯᠠᠭᠠᠴᠢᠬᠠᠨ᠎ᠠ ᠭᠡᠵᠣ ᠪᠣᠯᠣᠰᠢ ᠦᠭᠡᠢ ᠶᠠᠪᠤᠳᠠᠯ ᠪᠠᠶᠢᠬᠤ ᠡ᠃         ︽ᠰᠤᠳᠤᠷ ᠲᠡᠮᠳᠡᠭᠯᠡᠯ︾ ᠳᠤ ᠲᠡᠮᠳᠡᠭᠯᠡᠭᠳᠡᠭᠰᠡᠨ ᠨᠢᠭᠡ ᠪᠦᠯᠦᠭ ᠬᠦᠮᠦᠨ ᠤ ᠨᠡᠷ᠎ᠡ᠂ ᠣᠪᠣᠭ ᠤᠨ ᠨᠡᠷ᠎ᠡ ᠂ ᠵᠡᠷᠭᠡ ᠳᠤᠰᠢᠶᠠᠯ ᠤᠨ ᠳᠤ ᠨᠡᠷᠡᠰ ᠨᠢ ᠪᠦᠷ ᠬᠢᠲᠠᠳ ᠦᠰᠦᠭ ᠢᠶᠠᠷ ᠠᠪᠢᠶᠠᠯᠠᠨ ᠦᠯᠡᠳᠡᠵᠠᠢ᠃         ᠲᠡᠭᠦᠨ ᠳᠡᠭᠡᠷ᠎ᠡ ᠲᠡᠮᠳᠡᠭᠯᠡᠭᠰᠡᠨ ᠢᠶᠠᠷ᠄ ︽ᠴᠦᠨ‌‍ᠸᠧᠢ ᠠᠴᠠ ᠲᠦᠮᠡᠨ ᠬᠦᠷᠲᠡᠯᠬᠢ ᠮᠢᠩᠭ᠎ᠠ ᠭᠠᠷᠤᠢ ᠵᠢᠯ  ᠤᠨ ᠬᠤᠭᠤᠴᠠᠭᠠᠨ ᠳᠤ᠂ ᠾᠦᠩᠨᠤ ᠶᠢᠨ ᠰᠦᠷ ᠬᠦᠴᠦ ᠨᠢ ᠬᠡᠰᠡᠭ ᠶᠡᠬᠡᠰᠦᠨ ᠬᠡᠰᠡᠭ ᠪᠠᠭᠠᠰᠴᠤ᠂ ᠬᠡᠰᠡᠭ ᠨᠡᠶᠢᠯᠡᠨ ᠬᠡᠰᠡᠭ ᠰᠠᠯᠵᠤ ᠪᠠᠶᠢᠭᠰᠠᠨ ᠪᠤᠯᠬᠤᠷ ᠲᠡᠳᠡᠨ ᠤ ᠦᠶ᠎ᠡ ᠵᠠᠯᠭᠠᠮᠵᠢ ᠶᠢ ᠲᠤᠳᠤᠷᠬᠠᠢ ᠢᠯᠭᠠᠮᠵᠢᠯᠠᠨ ᠭᠠᠷᠭᠠᠬᠤ ᠶᠢᠨ ᠠᠷᠭ᠎ᠠ ᠦᠭᠡᠢ ᠪᠤᠯᠵᠠᠢ᠃ ᠭᠡᠪᠡᠴᠤ ᠮᠦᠳᠦ ᠴᠠᠨ ᠢᠣᠢ ᠶᠢᠨ ᠦᠶ᠎ᠡ ᠪᠤᠯᠤᠭᠠᠳ ᠭᠦᠴᠦᠷᠬᠡᠭᠵᠢᠵᠤ᠂ ᠣᠮᠠᠷ᠎ᠠ ᠶᠢᠨ ᠣᠯᠠᠨ ᠣᠪᠣᠭ ᠠᠶᠢᠮᠠᠭ ᠢ ᠳᠠᠭᠠᠭᠤᠯᠤᠭᠠᠳ᠂ ᠡᠮᠦᠨᠡᠰᠢ ᠳᠤᠮᠳᠠᠳᠤ ᠣᠯᠤᠰ ᠯᠤᠭ᠎ᠠ ᠳᠠᠶᠢᠰᠤᠨ ᠪᠤᠯᠤᠭᠰᠠᠨ ᠦᠶ᠎ᠡ  ᠳᠤ ᠲᠡᠳᠡᠨ ᠤ ᠦᠶ᠎ᠡ ᠵᠠᠯᠭᠠᠮᠵᠢ᠂ ᠣᠯᠤᠰ ᠤᠨ  ᠨᠣᠶᠠᠳ ᠤᠨ  ᠨᠡᠷ᠎ᠡ ᠵᠢᠯ ᠨᠢ ᠰᠠᠶ᠋ᠢ ᠲᠡᠮᠳᠡᠭᠯᠡᠭᠳᠡᠨ ᠦᠯᠡᠳᠡᠪᠡ᠃︾           ︽ ᠾᠦᠩᠨᠤ ᠶᠢᠨ ᠨᠣᠶᠠᠳ ᠲᠤ ᠵᠡᠭᠦᠨ ᠪᠠᠷᠠᠭᠤᠨ ᠰᠢᠶᠠᠨ ᠸᠠᠩ᠂ ᠵᠡᠭᠦᠨ ᠪᠠᠷᠠᠭᠤᠨ  ᠭᠦ᠋ ᠯᠢ ᠸᠠᠩ᠂ ᠵᠡᠭᠦᠨ ᠪᠠᠷᠠᠭᠤᠨ ᠶᠡᠭᠡ ᠵᠠᠩᠵᠤᠨ᠂ ᠵᠡᠭᠦᠨ ᠪᠠᠷᠠᠭᠤᠨ ᠶᠡᠭᠡ ᠳ᠋ᠦ᠋ ᠸᠧᠢ᠂ ᠵᠡᠭᠦᠨ ᠪᠠᠷᠠᠭᠤᠨ ᠡᠷᠦᠬᠡ ᠶᠢᠨ ᠡᠵᠡᠨ ( ᠳ᠋ᠠ ᠳ᠋ᠠᠩ ᠬᠦ᠋ )᠂ ᠵᠡᠭᠦᠨ ᠪᠠᠷᠠᠭᠤᠨ ᠬᠤᠲᠤᠭ ( ᠭᠦ᠋ ᠲᠦ᠋ ᠬᠦ᠋ ) ᠳᠤᠬᠢᠷᠠᠭᠤᠯᠳᠠᠭ᠃ ᠾᠦᠩᠨᠤ ᠬᠦᠮᠦᠨ ᠡᠷᠬᠢᠮ ᠴᠢᠳᠠᠪᠣᠷᠢᠲᠠᠨ ᠢᠶᠠᠨ ᠲᠦ᠋ ᠴᠢ (ᠲᠦᠷᠦᠭᠦᠴᠢ ) ᠭᠡᠳᠡᠭ ᠣᠴᠢᠷ ᠲᠠᠶᠢᠽᠢ ᠪᠠᠨ ᠵᠡᠭᠦᠨ ᠲᠦᠷᠦᠭᠦᠴᠢ ᠸᠠᠩ ( ᠵᠡᠭᠦᠨ ᠲᠦ᠋ ᠴᠢ ᠸᠠᠩ ) ᠪᠤᠯᠭᠠᠳᠠᠭ᠃ ᠵᠡᠭᠦᠨ ᠪᠠᠷᠠᠭᠤᠨ ᠰᠢᠶᠠᠨ ᠸᠠᠩ ᠠᠴᠠ ᠡᠷᠦᠬᠡ ᠶᠢᠨ ᠡᠵᠡᠨ ᠬᠦᠷᠲᠡᠯ᠎ᠡ᠂ ᠡᠷᠬᠡ ᠵᠡᠷᠭᠡ ᠶᠡᠭᠡ ᠨᠢ ᠲᠦᠮᠡᠨ ᠮᠤᠷᠢᠲᠠᠨ ᠲᠠᠢ᠂ ᠪᠠᠭ᠎ᠠ ᠨᠢ ᠬᠡᠳᠦᠨ ᠮᠢᠩᠭᠠᠨ ᠮᠤᠷᠢᠲᠠᠨ ᠲᠠᠢ᠂ ᠪᠦᠭᠦᠳᠡ ᠬᠤᠷᠢᠨ ᠳᠦᠷᠪᠡᠨ ᠶᠡᠭᠡ ᠨᠣᠶᠠᠨ ᠲᠠᠢ᠂ ︽ᠲᠦᠮᠡᠨ ᠮᠤᠷᠢᠲᠠᠨ︾ ᠬᠡᠮᠡᠨ ᠨᠡᠷᠡᠶᠢᠳᠳᠡᠭ᠃︾         ︽ᠶᠡᠭᠡ ᠰᠠᠶᠢᠳ ᠨᠠᠷ ᠨᠢ ᠪᠦᠷ ᠦᠶ᠎ᠡ ᠵᠠᠯᠭᠠᠮᠵᠢᠯᠠᠭᠰᠠᠨ ᠨᠣᠶᠠᠳ ᠪᠤᠯᠤᠨ᠎ᠠ᠃ ᠬᠦ᠋ ᠶᠠᠨ ᠣᠪᠣᠭ (ᠬᠢᠶᠠᠨ ᠣᠪᠣᠭ︖ ) ᠯᠠᠨ ᠣᠪᠣᠭ (ᠷᠠᠨᠴᠢᠭᠤᠳ︖ ᠱᠠᠭᠢᠮᠤᠨᠢ ᠪᠤᠷᠬᠠᠨ ᠡᠶᠢᠮᠤ ᠣᠪᠣᠭ ᠲᠠᠢ )᠂ ᠬᠤᠵᠢᠮ ᠤᠨ ᠰᠢᠣᠢ  ᠪᠦ᠋ ᠣᠪᠣᠭ  ( ᠰᠢᠪᠠᠭᠤ ᠣᠪᠣᠭ )᠂ ᠡᠨᠡ ᠭᠤᠷᠪᠠᠨ ᠣᠪᠣᠭ ᠨᠢ ᠬᠠᠮᠤᠭ ᠡᠷᠬᠢᠮ ᠣᠪᠣᠭ ᠪᠤᠯᠤᠨ᠎ᠠ᠃︾ ᠭᠡᠵᠤ ᠲᠡᠮᠳᠡᠭᠯᠡᠵᠠᠢ᠃         ᠡᠭᠦᠨ ᠳᠤᠲᠤᠷ᠎ᠠ ᠬᠤᠳᠤᠭ ᠬᠡᠮᠡᠬᠦ ᠵᠡᠷᠭᠡ ᠶᠢ ᠲᠦᠷᠦᠭᠴᠤᠳ ᠬᠡᠷᠡᠭᠯᠡᠵᠤ ᠪᠠᠶᠢᠭᠰᠠᠨ ᠪᠦᠭᠡᠳ ᠲᠡᠳᠡᠭᠡᠷ ᠣᠪᠣᠭ ᠤᠨ  ᠳᠤᠲᠤᠷ᠎ᠠ                  ᠯᠦᠸᠠᠨ ᠣᠪᠣᠭ — ᠴᠠᠨ ᠢᠣᠢ ᠶᠢᠨ ᠣᠪᠣᠭ ( ᠬᠠᠨ ᠣᠯᠤᠰ ᠤᠨ ᠪᠢᠴᠢᠭ ᠠᠴᠠ ᠠᠪᠣᠪᠠ )                                  ᠡᠨᠡ ᠨᠢ ᠷᠠᠨᠴᠢᠭᠤᠳ ( ᠱᠠᠭᠢᠮᠤᠨᠢ ᠪᠤᠷᠬᠠᠨ ᠤ ᠣᠪᠣᠭ )᠂ ᠷᠦᠨ᠂ ᠷᠦᠷᠠᠨ ( ᠨᠢᠷᠤᠭᠤᠨ )                  ᠭᠦ᠋ ᠶᠠᠨ ᠣᠪᠣᠭ — ᠬᠢᠶᠠᠨ ᠣᠪᠣᠭ                  ᠯᠠᠨ ᠣᠪᠣᠭ — ᠨᠣᠨ᠂ ᠷᠠᠨᠴᠢᠭᠤᠳ᠂ ᠷᠦᠷᠠᠨ (ᠨᠢᠷᠤᠭᠤᠨ )                 ᠰᠢᠣᠢ ᠪᠦ᠋ ᠣᠪᠣᠭ — ᠰᠢᠪᠠᠭᠤ ᠣᠪᠣᠭ ᠭᠡᠬᠦ ᠮᠡᠲᠦ ᠪᠠᠷ ᠮᠤᠩᠭᠤᠯ ᠦᠭᠡ ᠲᠠᠢ ᠨᠡᠯᠢᠶᠡᠳ ᠣᠶᠢᠷᠠᠳᠴᠤ ᠣᠴᠢᠵᠤ ᠪᠠᠶᠢᠭ᠎ᠠ ᠪᠢᠰᠢᠣ︖ ᠪᠠᠰᠠ ᠨᠢᠭᠡ ᠰᠢᠣ ᠲᠦ᠋ ᠸᠠᠩ ᠭᠡᠰᠡᠨ ᠨᠡᠷ᠎ᠡ ᠪᠠᠶᠢᠳᠠᠭ᠃ ᠮᠤᠩᠭᠤᠯ  ᠤᠨ ᠲᠡᠣᠬᠡᠨ ᠪᠢᠴᠢᠭ ᠲᠤ ᠠᠯᠲᠠᠨ ᠬᠠᠭᠠᠨ ᠠᠴᠠ ᠮᠤᠩᠭᠤᠯ ᠤᠨ  ᠬᠠᠭᠠᠨ ᠠᠴᠠ ᠪᠠᠨ ︽ᠰᠢᠳᠠᠤ ᠬᠠᠨ ᠭᠡᠳᠡᠭ ᠴᠤᠯᠠ ᠪᠠᠶᠢᠳᠠᠭ᠂ ᠨᠠᠳᠠ ᠳᠤ ᠬᠠᠶᠢᠷᠠᠯᠠ︾ ᠭᠡᠵᠤ ᠪᠠᠶᠢᠵᠤ ᠦᠪᠡᠷ ᠢᠶᠠᠨ ᠰᠢᠳᠠᠤ ᠬᠠᠨ ᠬᠡᠮᠡᠬᠦ ᠴᠤᠯᠠ ᠠᠪᠣᠭᠰᠠᠨ ᠢ ᠲᠡᠮᠳᠡᠭᠯᠡᠵᠤ ᠪᠠᠶᠢᠳᠠᠭ᠃                    ︽ᠰᠤᠳᠤᠷ ᠲᠡᠮᠳᠡᠭᠯᠡᠯ︾ ᠪᠡ ︽ᠬᠠᠨ ᠣᠯᠤᠰ ᠤᠨ ᠪᠢᠴᠢᠭ︾ ᠲᠤ ᠾᠦᠩᠨᠤ ᠶᠢᠨ ᠴᠠᠨ ᠢᠣᠢ ᠠᠴᠠ ᠬᠠᠨ ᠣᠯᠤᠰ ᠤᠨ ᠬᠠᠭᠠᠨ ᠳᠤ ᠢᠯᠡᠭᠡᠭᠰᠡᠨ ᠵᠠᠬᠢᠲᠠᠯ ᠤᠨ ᠣᠷᠴᠢᠭᠤᠯᠭ᠎ᠠ ᠶᠢ ᠲᠡᠮᠳᠡᠭᠯᠡᠭᠰᠡᠨ ᠪᠠᠶᠢᠳᠠᠭ᠃ ᠪᠢᠴᠢᠭ  ᠲᠡᠭᠡᠨ ᠡᠬᠢᠯᠡᠮᠡᠭᠴᠡ ︽ᠲᠡᠭᠷᠢ ᠶᠢᠨ ᠢᠪᠡᠭᠡᠯᠲᠤ ᠾᠦᠩᠨᠤ ᠶᠢᠨ ᠶᠡᠭᠡ ᠴᠠᠨ ᠢᠣᠢ ᠠᠴᠠ ᠬᠠᠨ ᠣᠯᠤᠰ ᠤᠨ ᠬᠠᠭᠠᠨ  ᠤ ᠠᠮᠤᠷ ᠢ ᠬᠢᠴᠢᠶᠡᠩᠭᠦᠶᠢᠯᠡᠨ ᠠᠰᠠᠭᠤᠮᠤᠢ︾ ᠭᠡᠵᠤ ᠡᠬᠢᠯᠡᠨ ᠪᠢᠴᠢᠳᠡᠭ᠃ ᠳᠤᠮᠳᠠ ᠨᠢ ︽ᠲᠡᠭᠷᠢ ᠶᠢᠨ ᠢᠪᠡᠭᠡᠯ  ᠢᠶᠠᠷ ᠶᠠᠮᠠᠷ ᠶᠠᠮᠠᠷ ᠣᠯᠤᠰ ᠢ ᠳᠠᠶᠢᠯᠠᠨ ᠳᠠᠭᠠᠭᠤᠯᠪᠠ︾ ᠭᠡᠳᠡᠭ᠃ ᠡᠳᠡᠭᠡᠷ ᠪᠢᠴᠢᠯᠭᠡ ᠨᠢ ᠮᠤᠩᠭᠤᠯ ᠤᠨ ᠬᠠᠭᠠᠳ  ᠤᠨ ᠵᠠᠬᠢᠲᠠᠯ ᠤᠨ ᠪᠢᠴᠢᠯᠭᠡ ᠲᠠᠢ ᠶᠠᠭᠠᠬᠢᠬᠤ ᠶᠢᠨ ᠠᠷᠭ᠎ᠠ ᠦᠭᠡᠢ ᠠᠳᠠᠯᠢ ᠰᠠᠨᠠᠭᠳᠠᠬᠤ ᠶᠤᠮ᠃ ᠬᠠᠨ ᠣᠯᠤᠰ ᠤᠨ ᠴᠠᠨ ᠢᠣᠢ ᠳᠤ ᠶᠠᠪᠣᠭᠤᠯᠬᠤ ᠪᠢᠴᠢᠭ ᠢᠶᠠᠨ ᠨᠢᠭᠡ ᠲᠤᠬᠤᠢ ᠨᠢᠭᠡ ᠢᠮᠠᠬᠤ ᠶᠢᠨ ᠮᠤᠳᠤᠨ ᠬᠠᠪᠲᠠᠰᠤᠨ ᠳᠤ ᠪᠢᠴᠢᠵᠤ ᠵᠡᠬᠢᠲᠡᠯ ᠤᠨ ᠡᠬᠢᠨ ᠳᠤ ︽ᠬᠠᠭᠠᠨ ᠠᠴᠠ ᠾᠦᠩᠨᠤ ᠶᠢᠨ ᠶᠡᠭᠡ ᠴᠠᠨ ᠢᠣᠢ ᠶᠢᠨ ᠠᠮᠤᠷ ᠢ ᠬᠢᠴᠢᠶᠡᠩᠭᠦᠶᠢᠯᠡᠨ ᠠᠰᠠᠭᠤᠮᠤᠢ︾ ᠭᠡᠵᠤ ᠪᠢᠴᠢᠭᠡᠳ ᠪᠡᠯᠡᠭ ᠪᠠ ᠠᠭᠤᠯᠭ᠎ᠠ ᠪᠠᠨ ᠪᠢᠴᠢᠳᠡᠭ ᠪᠠᠶᠢᠬᠤ ᠳᠤ᠂  ᠬᠤᠵᠢᠮ ᠨᠢ ᠾᠦᠩᠨᠣᠴᠤᠳ ᠬᠠᠷᠢᠭᠤ ᠪᠢᠴᠢᠭ ᠢᠶᠠᠨ ᠨᠢᠭᠡ ᠲᠤᠬᠤᠢ ᠬᠤᠶᠠᠷ ᠢᠮᠠᠬᠤ ᠶᠢᠨ ᠮᠤᠳᠤᠨ ᠬᠠᠪᠲᠠᠰᠤᠨ ᠳᠤ᠂ ᠲᠠᠮᠠᠭ᠎ᠠ ᠪᠠ ᠨᠠᠭᠠᠯᠲᠠ ᠶᠢᠨ ᠬᠡᠮᠵᠢᠶ᠎ᠡ ᠪᠠᠨ ᠴᠦ ᠬᠠᠨ ᠣᠯᠤᠰ ᠤᠨ ᠬᠢ ᠠᠴᠠ ᠦᠷᠭᠡᠨ ᠪᠤᠯᠭᠠᠵᠤ ᠵᠡᠬᠢᠲᠡᠯ ᠤᠨ ᠡᠬᠢᠨ ᠳᠤ ︽ᠲᠡᠭᠷᠢ ᠭᠠᠵᠠᠷ ᠠᠴᠠ ᠲᠦᠷᠦᠭᠦᠯᠦᠭᠰᠡᠨ᠂ ᠨᠠᠷᠠᠨ ᠰᠠᠷᠠᠨ ᠳᠤ ᠢᠪᠡᠭᠡᠭᠳᠡᠭᠰᠡᠨ ᠾᠦᠩᠨᠤ ᠶᠢᠨ ᠶᠡᠭᠡ ᠴᠠᠨ ᠢᠣᠢ  ᠠᠴᠠ ᠬᠠᠨ ᠣᠯᠤᠰ ᠤᠨ ᠬᠠᠭᠠᠨ ᠤ ᠠᠮᠤᠷ ᠢ ᠬᠢᠴᠢᠶᠡᠩᠭᠦᠶᠢᠯᠡᠨ ᠠᠰᠠᠭᠤᠮᠤᠢ︾ ᠭᠡᠵᠤ ᠡᠬᠢᠯᠡᠬᠦ ᠪᠤᠯᠵᠠᠢ᠃ ᠡᠳᠡᠭᠡᠷ  ᠨᠢ ᠮᠤᠩᠭᠤᠯ ᠤᠨ ᠬᠠᠭᠠᠨ ᠤ ᠲᠠᠮᠠᠭ᠎ᠠ ᠳᠡᠭᠡᠷᠡᠬᠢ ︽ᠮᠦᠩᠬᠡ ᠲᠡᠭᠷᠢ ᠶᠢᠨ ᠬᠦᠴᠦᠨ ᠳᠤ ᠶᠡᠭᠡ ᠮᠤᠩᠭᠤᠯ ᠣᠯᠤᠰ  ᠤᠨ ᠳᠠᠯᠠᠢ ᠬᠠᠭᠠᠨ ᠤ ᠵᠠᠷᠯᠢᠭ ᠡᠯ᠎ᠡ ᠪᠤᠯᠭᠠᠨ ᠣᠯᠤᠰ ᠲᠤᠷ ᠬᠦᠷᠪᠡᠰᠤ ᠪᠢᠰᠢᠷᠡᠲᠦᠭᠡᠢ ᠠᠶᠤᠲᠤᠭᠠᠢ︾ ᠭᠡᠰᠡᠨ ᠦᠭᠡ  ᠨᠢ ᠪᠤᠳᠤᠭᠳᠠᠭᠤᠯᠤᠮ᠎ᠠ ᠪᠠᠶᠢᠨ᠎ᠠ᠃          ᠵᠠᠬᠢᠳᠠᠯ ᠳᠠᠭᠠᠨ ᠪᠠᠰᠠ ︽ᠳᠡᠭᠡᠳᠤ ᠲᠡᠭᠷᠢ ᠶᠢᠨ ᠢᠪᠡᠭᠡᠯ᠂ ᠳᠦᠰᠢᠮᠡᠳ ᠴᠡᠷᠢᠭ ᠤᠨ  ᠰᠢᠯᠢᠳᠡᠭ᠂ ᠠᠭᠲᠠ ᠬᠦᠯᠦᠭ ᠤᠨ ᠴᠢᠬᠢᠷᠠᠭ ᠢᠶᠠᠷ ᠰᠠᠷᠳᠠᠭᠤᠯ ᠣᠯᠤᠰ ᠢ ᠮᠦᠬᠦᠭᠡᠵᠤ᠂ ᠪᠦᠭᠦᠳᠡ ᠡᠰᠡᠷᠭᠦᠴᠡᠭᠴᠢᠳ ᠢ ᠬᠢᠲᠤᠭᠠᠳ᠂ ᠪᠦᠬᠦᠨ ᠢ ᠣᠷᠤᠭᠤᠯᠵᠤ ᠠᠪᠣᠪᠠ᠃ ᠯᠧᠣᠯᠠᠨ᠂ ᠦᠰᠦᠨ᠂ ᠬᠦᠵᠧᠢ ᠪᠤᠯᠤᠨ ᠣᠶᠢᠷᠠᠯᠴᠠᠭᠠᠬᠢ ᠬᠤᠷᠢᠨ ᠵᠢᠷᠭᠤᠭᠠᠨ ᠣᠯᠤᠰ ᠢ ᠳᠦᠪᠰᠢᠳᠬᠡᠵᠤ᠂ ᠾᠦᠩᠨᠤ ᠶᠢᠨ ᠬᠠᠷᠢᠶᠠᠨ ᠳᠤ  ᠣᠷᠤᠭᠤᠯᠪᠠᠢ᠃ ᠠᠯᠢᠪᠠ ᠰᠠᠭᠠᠳᠠᠭ ᠰᠤᠮᠤ ᠠᠭᠰᠠᠭᠴᠢᠳ ᠨᠢᠭᠡ ᠭᠡᠷ ᠲᠤ  ᠨᠢᠭᠡᠳᠪᠡ᠃ ᠣᠳᠤ ᠠᠷᠤ ᠭᠠᠵᠠᠷ ᠳᠡᠭᠰᠢᠷᠡᠵᠤ ᠠᠮᠤᠷ ᠳᠦᠪᠰᠢᠨ ᠪᠤᠯᠪᠠ᠃ ᠠᠶᠤᠯᠲᠤ ᠳᠠᠶᠢᠨ ᠠᠴᠠ ᠵᠠᠶᠢᠳᠠᠵᠤ᠂ ᠠᠭᠲᠠ ᠬᠦᠯᠦᠭ ᠢᠶᠠᠨ ᠪᠤᠷᠳᠤᠨ᠂ ᠠᠷᠠᠳ ᠴᠡᠷᠢᠭ ᠢᠶᠠᠨ ᠠᠮᠤᠷᠠᠭᠤᠯᠬᠤ ᠴᠠᠭ ᠪᠤᠯᠪᠠ᠃ ᠡᠭᠦᠨᠴᠡ ᠣᠣᠯ ᠤᠨ ᠪᠤᠯᠵᠤᠭ᠎ᠠ ᠪᠠᠨ ᠳᠤᠷᠠᠰᠴᠤ ᠬᠢᠵᠠᠭᠠᠷ ᠤᠨ ᠣᠯᠠᠨ ᠢᠶᠠᠨ ᠳᠤᠭᠲᠠᠭᠠᠰᠤᠭᠠᠢ᠃ ᠦᠰᠪᠦᠷᠢ ᠶᠢᠨ ᠪᠠᠭᠠᠴᠤᠳ ᠦᠰᠲᠦᠭᠡᠢ᠂ ᠡᠪᠦᠭᠡᠨ ᠪᠤᠭᠤᠷᠤᠯᠴᠤᠳ ᠠᠮᠠᠷᠠᠲᠤᠭᠠᠢ᠂ ᠦᠶ᠎ᠡ ᠶᠢᠨ ᠦᠶ᠎ᠡ ᠳᠤ ᠡᠪ ᠨᠠᠶᠢᠷᠠᠲᠠᠢ ᠪᠠᠶᠢᠰᠤᠭᠠᠢ︕︾ ᠭᠡᠵᠤ ᠪᠢᠴᠢᠭᠰᠡᠨ ᠪᠠᠶᠢᠨ᠎ᠠ᠃          ᠬᠠᠨ ᠣᠯᠤᠰ ᠳᠦᠰᠢᠮᠡᠳ ᠤᠨ ᠵᠦᠪᠯᠡᠯᠭᠡᠨ ᠳᠤ ᠪᠦᠭᠦᠳᠡ ᠳᠦᠰᠢᠮᠡᠳ ᠨᠢ ︽ᠴᠠᠨ ᠢᠣᠢ ᠰᠠᠷᠳᠠᠭᠤᠯ  ᠢ ᠳᠠᠷᠤᠭᠠᠳ᠂ ᠰᠦᠷ ᠬᠦᠴᠦᠨ ᠬᠤᠷᠢᠭᠯᠠᠭᠳᠠᠰᠢ ᠦᠭᠡᠢ ᠪᠠᠶᠢᠬᠤ ᠪᠤᠢ ᠢ ᠎ᠡ᠂ ᠪᠠᠶᠢᠯᠳᠤᠵᠤ ᠪᠤᠯᠬᠤ ᠦᠭᠡᠢ᠃ ᠾᠦᠩᠨᠤ ᠶᠢᠨ ᠭᠠᠵᠠᠷ ᠢ ᠣᠯᠴᠢᠬᠠᠪᠠᠴᠤ ᠪᠦᠷ ᠬᠤᠵᠢᠷ ᠲᠠᠴᠢᠷ ᠭᠠᠵᠠᠷ᠂ ᠰᠠᠭᠤᠷᠢᠰᠢᠨ ᠲᠠᠷᠢᠶᠠᠯᠠᠵᠤ ᠪᠤᠯᠬᠤ ᠦᠭᠡᠢ ᠃ ᠡᠶᠡᠯᠳᠦᠬᠦ ᠨᠢ ᠬᠠᠮᠤᠭ ᠠᠰᠢᠭᠲᠠᠢ︾ ᠭᠡᠵᠤ ᠠᠶᠢᠯᠠᠳᠬᠠᠭᠰᠠᠨ ᠳᠤ ᠬᠠᠭᠠᠨ ᠨᠢ ᠵᠦᠪᠰᠢᠶᠡᠷᠡᠵᠤ ᠡᠶᠡᠯᠳᠦᠭᠰᠡᠨ ᠪᠠᠶᠢᠳᠠᠭ᠃          ᠡᠭᠦᠨ ᠳᠤ ︽ᠨᠠᠶᠢᠷᠠᠮᠳᠠᠯ ᠢᠶᠠᠷ ᠵᠡᠷᠭᠡᠴᠡᠨ ᠣᠷᠤᠰᠢᠬᠤ︾  ᠦᠵᠡᠯ ᠰᠠᠨᠠᠭ᠎ᠠ ᠵᠤᠷᠢᠯᠲᠠ ᠶᠢ ᠬᠤᠶᠠᠷ ᠮᠢᠩᠭᠠᠨ ᠵᠢᠯ ᠤᠨ ᠡᠮᠦᠨ᠎ᠡ ᠾᠦᠩᠨᠤ ᠶᠢᠨ ᠮᠦᠳᠦ᠋ ᠴᠠᠨ ᠢᠣᠢ ᠳᠤᠷᠠᠳᠤᠭᠰᠠᠨ ᠶᠤᠮ ᠪᠠᠶᠢᠨ᠎ᠠ᠃ᠣᠳᠤ ᠶᠢᠨ ᠬᠢᠲᠠᠳ ᠤᠨ ᠲᠦᠷᠦ ᠶᠢᠨ ᠭᠠᠶᠢᠬᠠᠭᠤᠯᠵᠤ ᠪᠠᠶᠢᠳᠠᠭ  ︽ᠨᠠᠶᠢᠷᠠᠮᠳᠠᠯ ᠢᠶᠠᠷ ᠵᠡᠷᠭᠡᠴᠡᠨ ᠣᠷᠤᠰᠢᠬᠤ ᠲᠠᠪᠣᠨ ᠵᠠᠷᠴᠢᠮ︾ ᠤᠨ ᠣᠬᠠᠭᠳᠠᠬᠤᠨ ᠨᠢ ᠲᠡᠷᠡ ᠦᠶ᠎ᠡ ᠳᠤ ᠪᠦᠷ ᠪᠠᠶᠢᠭᠰᠠᠨ ᠪᠦᠭᠡᠳ ᠬᠠᠭᠠᠰ ᠵᠠᠭᠤᠨ ᠬᠢᠷᠢᠲᠠᠢ ᠦᠷᠭᠦᠯᠵᠢᠯᠡᠵᠠᠢ᠃ ᠬᠤᠵᠢᠮ ᠡᠵᠡᠷᠬᠡᠭ ᠯᠢᠣ ᠴᠧ ᠡᠪᠳᠡᠭᠰᠡᠨ ᠦᠭᠡᠢ ᠶᠤᠮ ᠪᠤᠯ ᠰᠠᠶᠢᠬᠠᠨ ᠦᠯᠢᠭᠡᠷ ᠪᠠᠶᠢᠵᠤ ᠪᠤᠯᠬᠤ ᠶᠤᠮ᠃ ︽ᠨᠠᠶᠢᠷᠠᠮᠳᠠᠯ ᠢᠶᠠᠷ ᠵᠡᠷᠭᠡᠴᠡᠨ ᠣᠷᠤᠰᠢᠬᠤ ᠲᠠᠪᠣᠨ ᠵᠠᠷᠴᠢᠮ︾ ᠢ ᠬᠢᠲᠠᠳ ᠤᠨ ᠲᠦᠷᠦ ᠾᠦᠩᠨᠤ ᠠᠴᠠ ᠰᠤᠷᠤᠭᠰᠠᠨ ᠭᠡᠵᠤ ᠪᠤᠯᠬᠤ ᠶᠤᠮ᠃ ᠢᠨᠢᠶᠡᠳᠦᠮᠲᠠᠢ ᠪᠢᠰᠢ ᠤᠤ︖          ᠴᠠᠨ ᠢᠣᠢ ᠭᠡᠳᠡᠭ ᠦᠭᠡ ᠶᠢ ᠶᠠᠩᠵᠤ ᠶᠠᠩᠵᠤ ᠪᠠᠷ ᠲᠠᠶᠢᠯᠪᠣᠷᠢᠯᠠᠳᠠᠭ᠃ ᠬᠡᠪᠡᠴᠤ ᠣᠳᠬ᠎ᠠ ᠶᠢᠨ ᠲᠠᠯ᠎ᠠ  ᠪᠠᠷ ᠪᠤᠯ ᠬᠠᠭᠠᠨ ᠭᠡᠳᠡᠭ ᠲᠤᠬᠠᠢ ᠪᠦᠭᠦᠳᠡᠭᠡᠷ ᠨᠢᠭᠡᠲᠦᠵᠤ ᠪᠠᠶᠢᠨ᠎ᠠ᠃ ᠬᠤᠵᠢᠮ ᠤᠨ ᠴᠢᠩᠭᠢᠰ ᠬᠠᠭᠠᠨ ᠭᠡᠳᠡᠭ ᠦᠭᠡ ᠶᠢ ᠴᠦ ᠴᠠᠨ ᠢᠣᠢ ᠭᠡᠰᠡᠨ ᠦᠭᠡ ᠠᠴᠠ ᠢᠷᠡᠯ᠎ᠡ ᠭᠡᠵᠤ ᠪᠢᠴᠢᠵᠤ ᠪᠠᠶᠢᠳᠠᠭ᠃ ︽ᠬᠠᠨ ᠣᠯᠤᠰ ᠤᠨ ᠪᠢᠴᠢᠭ ︾ ᠲᠤ ︽ᠦᠷᠭᠡᠨ ᠶᠡᠭᠡ ᠵᠢᠰᠤ guang da zhi mao︾ ᠭᠡᠬᠦ ᠣᠳᠬ᠎ᠠ ᠪᠠᠷ ᠲᠠᠶᠢᠯᠪᠣᠷᠢᠯᠠᠵᠤ ᠪᠠᠶᠢᠳᠠᠭ ᠨᠢ ᠲᠤᠬᠠᠢ ᠶᠢᠨ ᠦᠶ᠎ᠡ ᠶᠢᠨ ᠠᠯᠪᠠᠨ ᠶᠤᠰᠤᠨ ᠤ ᠲᠡᠶᠢᠯᠪᠣᠷᠢᠯᠠᠯᠲᠠ ᠪᠠᠶᠢᠵᠤ ᠮᠠᠭᠠᠳ ᠦᠭᠡᠢ᠃ ︽ᠴᠢᠩᠭᠢᠰ︾ ᠭᠡᠰᠡᠨ ᠦᠭᠡ ᠶᠢ ︽ ᠦᠷᠭᠡᠨ ᠶᠡᠭᠡ︾ ᠭᠡᠵᠤ ᠲᠠᠶᠢᠯᠪᠣᠷᠢᠯᠠᠳᠠᠭ ᠪᠢᠰᠢᠣ︖ ︽ᠮᠤᠩᠭᠤᠯ ᠬᠡᠷ ᠬᠤᠯᠪᠣᠭᠠᠯᠠᠯ︾ ᠳᠤ ᠪᠢ ︽ᠴᠢᠨᠣᠰ ᠬᠠᠭᠠᠨ︾ ︽ ᠴᠢᠨ᠋ᠸ᠎ᠠ   ᠶᠢᠨ ᠬᠠᠭᠠᠨ︾ ᠭᠡᠰᠡᠨ ᠣᠳᠬ᠎ᠠ ᠲᠠᠢ ᠬᠡᠪᠡ᠃ ᠾᠦᠩᠨᠦᠴᠤᠳ ᠬᠦᠬᠡ ᠴᠢᠨ᠋ᠸ᠎ᠠ ᠶᠢ ᠰᠢᠲᠦᠵᠤ  ᠴᠢᠨ᠋ᠸ᠎ᠠ ᠶᠢᠨ ᠵᠢᠷᠤᠭ ᠲᠠᠢ ᠲᠤᠭ ᠡᠷᠭᠦᠳᠡᠭ ᠳᠠᠶᠢᠨ ᠬᠢᠳᠡᠭ ᠶᠤᠮ ᠴᠢᠨᠢ ᠳᠠᠶᠢᠨ ᠢ ᠣᠳᠤᠷᠢᠳᠴᠤ ᠬᠢᠳᠡᠭ ᠬᠠᠮᠤᠭ ᠳᠡᠭᠡᠳᠤ ᠣᠳᠤᠷᠢᠳᠤᠭᠴᠢ ᠪᠠᠨ ︽ᠴᠢᠨᠣᠰ ᠬᠠᠭᠠᠨ︾ (  ᠴᠢᠨ᠋ᠸ᠎ᠠ ᠶᠢᠨ ᠰᠦᠷᠦᠭ ᠤᠨ ᠬᠠᠭᠠᠨ ) ᠭᠡᠵᠤ ᠨᠡᠷᠡᠯᠡᠵᠤ ᠪᠤᠯᠤᠯ ᠦᠭᠡᠢ ᠶᠠᠭᠠᠬᠢᠬᠤ ᠪᠤᠢ᠃ ᠬᠤᠵᠢᠮ ᠤᠨ ᠲᠦᠷᠭᠦᠳ ᠬᠠᠭᠠᠨᠲᠤ ᠣᠯᠤᠰ ᠲᠤ ᠴᠦ ᠴᠢᠨᠣᠰ ᠬᠠᠭᠠᠨ ᠭᠡᠬᠦ ᠬᠠᠭᠠᠨ ᠪᠠᠶᠢᠭᠰᠠᠨ ᠪᠠᠶᠢᠨ᠎ᠠ᠃  ᠴᠢᠩᠭᠢᠰ ᠭᠡᠰᠡᠨ ᠨᠡᠷ᠎ᠡ ᠴᠦ ᠡᠨᠡᠬᠦ ᠲᠡᠣᠬᠡ ᠶᠢᠨ ᠨᠡᠷᠡᠶᠢᠳᠦᠯ  ᠲᠠᠢ ᠶᠠᠭ ᠬᠤᠯᠪᠣᠭ᠎ᠠ ᠦᠭᠡᠢ ᠭᠡᠵᠤ ᠦᠭᠡᠶᠢᠰᠬᠡᠵᠤ ᠪᠤᠯᠬᠤ ᠦᠭᠡᠢ ᠪᠢᠵᠠ᠃ ᠠᠷᠤ ᠭᠠᠵᠠᠷ ᠲᠡᠣᠬᠡ ᠶᠢᠨ ᠨᠡᠷᠡᠰ ᠳᠠᠪᠲᠠᠭᠳᠠᠬᠤ ᠶᠠᠪᠣᠳᠠᠯ ᠨᠢᠭᠡ ᠪᠢᠰᠢ ᠪᠠᠶᠢᠳᠠᠭ᠃ ︽ᠳᠠᠶᠠᠨ ᠬᠠᠭᠠᠨ︾ ᠭᠡᠰᠡᠨ ᠢ  ᠴᠦ ᠴᠠᠨ ᠢᠣᠢ ᠠᠴᠠ ᠢᠷᠡᠯᠲᠡᠲᠠᠢ ᠭᠡᠵᠤ ᠰᠤᠳᠤᠯᠬᠤ ᠬᠦᠮᠦᠰ ᠪᠠᠶᠢᠳᠠᠭ ᠪᠠᠶᠢᠨ᠎ᠠ᠃ ᠯᠢᠭᠳᠡᠨ ᠬᠤᠳᠤᠭᠲᠤ ᠬᠠᠭᠠᠨ ᠦᠪᠡᠷ ᠤᠨ ᠪᠡᠶ᠎ᠡ ᠪᠠᠨ ︽ᠳᠦᠴᠢᠨ ᠲᠦᠮᠡᠨ ᠮᠤᠩᠭᠤᠯ ᠢ ᠡᠵᠡᠯᠡᠭᠰᠡᠨ ᠪᠠᠭᠠᠲᠤᠷ ᠴᠢᠩᠭᠢᠰ ᠬᠠᠭᠠᠨ︾ ᠭᠡᠵᠤ ᠡᠷᠭᠦᠭᠰᠡᠨ ᠪᠢᠰᠢ ᠤᠤ︖         ᠴᠠᠨ ᠢᠣᠢ ᠶᠢᠨ ᠬᠠᠲᠤᠨ ᠢ ︽ᠶᠠᠨ ᡁᠢ︾ ᠭᠡᠳᠡᠭ᠃ ᠡᠨᠡ ᠨᠢ ᠮᠤᠩᠭᠤᠯ ᠤᠨ ᠲᠦᠷᠦ ᠶᠢᠨ ︽ᠦᠭᠡᠯᠦᠨ ᠦᠵᠢᠨ︾ ︽ᠪᠦᠷᠢᠳᠡ ᠦᠵᠢᠨ︾ ᠭᠡᠰᠡᠨ ᠤ ᠦᠵᠢᠨ ᠭᠡᠰᠡᠨ ᠦᠭᠡ ᠲᠠᠢ ᠠᠳᠠᠯᠢ᠃ ᠶᠡᠭᠡ ᠯᠢᠶᠤᠣ ᠣᠯᠤᠰ ᠤᠨ ︽ᠢᠨᠵᠢ ᠬᠠᠲᠤᠨ ᠵᠢᠨᠵᠢ ᠬᠠᠲᠤᠨ︾ ᠤ ᠳᠤᠮᠤᠭ ᠪᠠ ︽ᠵᠢᠨᠵᠢ ᠶᠢᠨ ᠴᠠᠭᠠᠨ ᠰᠤᠪᠣᠷᠭ᠎ᠠ︾ ᠶᠢ ᠪᠦᠷ ᠮᠡᠳᠡᠬᠦ ᠪᠠᠶᠢᠯᠭᠦᠢ᠃ ᠰᠡᠭᠦᠯ ᠤᠨ ᠦᠶ᠎ᠡ ᠳᠤ ᠮᠤᠩᠭᠤᠯ ᠦᠭᠡᠨ ᠳᠤ  ᠳᠠᠭᠠᠯᠲᠠ ᠬᠠᠲᠤᠨ ᠪᠠ ᠰᠢᠪᠡᠭᠴᠢᠨ ᠢ ᠵᠢᠭᠠᠬᠤ ᠪᠤᠯᠵᠤ ᠣᠳᠬ᠎ᠠ ᠰᠢᠯᠵᠢᠵᠠᠢ᠃          ᠴᠠᠨ ᠢᠣᠢ ᠨᠢ ᠦᠪᠡᠷ ᠢ ᠪᠠᠨ ︽ᠲᠡᠭᠷᠢ ᠶᠢᠨ ᠬᠦᠣᠲᠤ ᠴᠠᠨ ᠢᠣᠢ︾ ᠭᠡᠵᠤ ᠡᠷᠭᠦᠳᠡᠭ᠃ ᠦᠨᠡᠨᠳᠡᠭᠡᠨ ︽ᠲᠡᠭᠷᠢ ᠶᠢᠨ ᠬᠤᠳᠤᠭᠲᠤ ᠴᠠᠨ ᠢᠣᠢ︾ ᠭᠡᠰᠡᠨ ᠦᠭᠡ ᠪᠠᠶᠢᠵᠤ ᠮᠡᠳᠡᠬᠦ ᠶᠤᠮ᠃ ︽ᠬᠤᠳᠤᠭ᠂  ᠪᠢᠯᠢᠭ︾ ᠭᠡᠰᠡᠨ ᠦᠭᠡ ᠨᠢ ᠲᠦᠷᠦᠭ ᠬᠡᠯᠡᠨ ᠠᠴᠠ ᠮᠤᠩᠭᠤᠯ ᠦᠭᠡᠨ ᠳᠤ ᠣᠷᠤᠵᠤ ᠢᠷᠡᠵᠠᠢ᠃ ᠣᠣᠯ ᠨᠢ ᠾᠦᠩᠨᠤ ᠦᠭᠡ ᠪᠠᠶᠢᠵᠤ ᠲᠦᠷᠭᠦᠳ ᠤᠳ ᠵᠠᠯᠭᠠᠮᠵᠢᠯᠠᠵᠤ ᠠᠪᠣᠭᠰᠠᠨ ᠪᠠᠶᠢᠵᠤ ᠮᠡᠳᠡᠬᠦ ᠶᠤᠮ᠃ ᠬᠡᠷᠪᠡ ᠡᠮᠦᠨ᠎ᠡ ᠣᠳᠬ᠎ᠠ ᠪᠠᠷ ᠠᠪᠴᠤ ᠬᠡᠯᠡᠪᠡᠯ ᠬᠦᠦ ᠨᠢ ᠲᠡᠭᠷᠢ ᠶᠢᠨ ᠬᠦᠦ ᠪᠤᠯᠪᠠᠯ ᠴᠠᠨ ᠢᠣᠢ ᠨᠢ ︽ᠲᠡᠭᠷᠢ ᠯᠤᠭ᠎ᠠ ᠰᠠᠴᠠᠭᠤ ᠶᠡᠭᠡ ᠪᠤᠭᠳᠠ︾ ᠪᠤᠯᠴᠢᠬᠠᠬᠤ ᠦᠭᠡᠢ ᠤᠤ︖ ᠲᠤᠬᠠᠢ ᠶᠢᠨ ᠦᠶ᠎ᠡ ᠶᠢᠨ ︽ᠲᠡᠭᠷᠢ ᠶᠢ ᠰᠢᠲᠦᠵᠤ᠂ ᠨᠠᠷᠠᠨ ᠰᠠᠷᠠᠨ  ᠳᠤ ᠮᠦᠷᠭᠦᠳᠡᠭ︾ ᠾᠦᠩᠨᠤ ᠶᠢᠨ ᠶᠡᠭᠡ ᠴᠠᠨ ᠢᠣᠢ ᠳᠤ ᠠᠪᠴᠤ ᠬᠡᠯᠡᠪᠡᠯ᠂ ᠲᠡᠭᠡᠵᠤ  ᠲᠡᠭᠷᠢ ᠶᠢ ᠬᠦᠨᠳᠦᠳᠬᠡᠭᠦ ᠦᠭᠡᠢ ᠪᠠᠶᠢᠳᠠᠯ ᠪᠤᠯ ᠪᠠᠶᠢᠵᠤ ᠪᠤᠯᠤᠰᠢ ᠦᠭᠡᠢ ᠶᠠᠪᠣᠳᠠᠯ ᠪᠤᠯᠬᠤ ᠶᠤᠮ᠃         ᠬᠤᠵᠢᠮ ᠤᠨ  ᠬᠠᠨ ᠣᠯᠤᠰ ᠲᠤ ᠪᠠᠭᠤᠵᠤ ᠦᠭᠭᠦᠭᠰᠡᠨ ︽ᠬᠦᠨ ᠰᠢᠶ᠋ᠸᠧ ᠸᠠᠩ︾ ︽ᠰᠢᠣ ᠲᠦ᠋ ᠸᠠᠩ︾ ᠭᠡᠵᠤ ᠪᠠᠶᠢᠳᠠᠭ ᠨᠢ ᠠᠯᠲᠠᠨ ᠬᠠᠭᠠᠨ ᠵᠢᠭᠡᠯᠡᠵᠤ ᠦᠪᠡᠷ ᠢ ᠪᠠᠨ  ︽ᠰᠢᠳᠠᠤ ᠬᠠᠨ︾᠂ ᠬᠦᠦ ᠪᠠᠨ ︽ᠬᠦᠨᠠᠰᠢᠷᠢ ᠬᠠᠨ︾  ᠭᠡᠵᠤ ᠡᠷᠭᠦᠭᠰᠡᠨ ᠪᠠᠶᠢᠨ᠎ᠠ᠃            ᠭᠤᠷᠪᠠ᠃ ᠶᠡᠭᠡ ᠾᠦᠩᠨᠤ ᠬᠦᠷᠦᠨ ᠤ ᠨᠣᠲᠤᠭ ᠳᠡᠪᠢᠰᠭᠡᠷ ᠪᠤᠯᠤᠨ ᠮᠤᠩᠭᠤᠯ ᠬᠠᠭᠠᠨᠲᠤ ᠣᠯᠤᠰ  ᠤᠨ ᠨᠣᠲᠤᠭ ᠳᠡᠪᠢᠰᠭᠡᠷ              ᠾᠦᠩᠨᠤ ᠶᠢᠨ ᠬᠠᠮᠤᠭ ᠬᠦᠴᠦᠷᠬᠡᠭ ᠪᠠᠶᠢᠭᠰᠠᠨ ᠦᠶ᠎ᠡ ᠶᠢᠨ ᠨᠣᠲᠤᠭ ᠳᠡᠪᠢᠰᠭᠡᠷ ᠨᠢ ᠣᠮᠠᠷᠠᠲᠤ ᠶᠤᠸᠠᠨ ᠣᠯᠤᠰ ᠤᠨ ᠨᠣᠲᠤᠭ ᠳᠡᠪᠢᠰᠭᠡᠷ ᠲᠠᠢ ᠪᠠᠷᠤᠭ ᠣᠴᠢᠨ᠎ᠠ᠃ ᠪᠦᠲᠦᠮᠵᠢᠲᠠᠢ ᠨᠣᠶᠠᠷᠬᠠᠵᠤ  ᠪᠠᠶᠢᠭᠰᠠᠨ ᠨᠣᠲᠤᠭ ᠳᠡᠪᠢᠰᠭᠡᠷ ᠨᠢ ᠵᠡᠭᠦᠨᠰᠢ ᠬᠢᠩᠭᠠᠨ ᠳᠠᠪᠠᠭ᠎ᠠ᠂ ᠪᠠᠷᠭᠤᠨᠰᠢ ᠲᠡᠭᠷᠢ ᠠᠭᠤᠯᠠ᠂ ᠡᠮᠦᠨᠡᠰᠢ ᠴᠢᠨ ᠤ ᠴᠠᠭᠠᠨ ᠬᠡᠷᠡᠮ᠂ ᠣᠮᠠᠷᠠᠰᠢ ᠪᠠᠶᠢᠭᠠᠯ ᠳᠠᠯᠠᠢ ᠲᠤᠯᠤᠭᠰᠠᠨ ᠨᠣᠲᠤᠭ ᠳᠡᠪᠢᠰᠭᠡᠷ ᠪᠤᠯᠤᠨ᠎ᠠ᠃ ᠡᠭᠦᠨ ᠳᠤ ᠣᠮᠠᠷᠠᠲᠤ ᠶᠤᠸᠠᠨ ᠤ ᠨᠣᠲᠤᠭ ᠳᠡᠪᠢᠰᠭᠡᠷ ᠨᠢ ᠡᠮᠦᠨᠡᠰᠢ ᠴᠢᠨ ᠤ ᠴᠠᠭᠠᠨ ᠬᠡᠷᠡᠮ ᠠᠴᠠ ᠣᠷᠤᠭᠰᠢ ᠪᠠᠶᠢᠵᠤ᠂ ᠴᠢᠨ ᠤ ᠴᠠᠭᠠᠨ ᠬᠡᠷᠡᠮ ᠨᠢ ᠣᠯᠠᠭᠠᠨᠬᠠᠳᠠ ᠶᠢᠨ ᠨᠢᠩᠴᠧᠩ ᠰᠢᠶᠡᠨ ᠤ ᠬᠠᠷᠢᠶᠠᠨ ᠳᠤ  ᠪᠠᠶᠢᠳᠠᠭ᠃  ᠾᠦᠩᠨᠤ ᠶᠢᠨ ᠬᠦᠴᠦᠨ ᠨᠢ ᠲᠡᠭᠷᠢ ᠠᠭᠤᠯᠠ ᠠᠴᠠ ᠪᠠᠭ᠋ᠠᠨ ᠪᠠᠷᠭᠤᠨᠰᠢ ᠴᠦ ᠪᠠᠶᠢᠵᠤ ᠮᠡᠳᠡᠨ᠎ᠡ᠃ ᠶᠡᠷᠦᠩᠬᠢ ᠳᠤᠨᠢ ᠦᠵᠡᠪᠡᠯ ᠶᠡᠭᠡ ᠲᠦᠯᠦᠪ ᠣᠶᠢᠷᠠᠯᠴᠠᠭ᠎ᠠ᠃          ᠮᠤᠩᠭᠤᠯ ᠬᠠᠭᠠᠨᠲᠤ ᠣᠯᠤᠰ ᠤᠨ ᠨᠣᠲᠤᠭ ᠳᠡᠪᠢᠰᠭᠡᠷ ᠨᠢ ᠬᠠᠷᠢᠨ ᠬᠠᠮᠤᠭ ᠶᠡᠭᠡ ᠪᠠᠶᠢᠭᠰᠠᠨ ᠦᠶ᠎ᠡ  ᠳᠡᠭᠡᠨ ᠾᠦᠩᠨᠤ ᠶᠢᠨ ᠬᠤᠶᠠᠷ ᠳᠠᠬᠢᠨ ᠢᠯᠡᠭᠦᠦ ᠴᠦ ᠪᠠᠶᠢᠵᠤ ᠪᠠᠶᠢᠭᠰᠠᠨ᠃ ᠭᠡᠪᠡᠴᠤ ᠾᠦᠩᠨᠤ ᠶᠢᠨ ᠨᠣᠲᠤᠭ ᠳᠡᠪᠢᠰᠭᠡᠷ ᠨᠢ ᠬᠠᠨ ᠣᠯᠤᠰ ᠤᠨ ᠬᠤᠶᠠᠷ ᠭᠤᠷᠪᠠᠨ ᠳᠠᠬᠢᠨ ᠪᠠᠶᠢᠨ᠎ᠠ᠃          ᠡᠳᠡᠭᠡᠷ ᠪᠠᠶᠢᠳᠠᠯ ᠠᠴᠠ ᠠᠪᠴᠤ ᠬᠡᠯᠡᠭᠰᠡᠨ ᠴᠦ ᠮᠠᠨ ᠤ ᠮᠤᠩᠭᠤᠯᠴᠤᠳ ᠪᠤᠯ ᠾᠦᠩᠨᠤ ᠶᠢᠨ ︽ᠦᠮᠴᠢᠨ ᠳᠡᠭᠡᠷ᠎ᠡ ᠰᠠᠭᠤᠭᠰᠠᠨ︾ ᠦᠨᠳᠦᠰᠦᠲᠡᠨ ᠪᠦᠭᠡᠳ ᠡᠳᠡᠭᠡᠷ ᠨᠣᠲᠤᠭ ᠳᠡᠪᠢᠰᠭᠡᠷ ᠨᠢ ᠣᠮᠠᠷᠠᠲᠤ ᠶᠢᠨ ᠦᠨᠳᠦᠰᠦᠲᠡᠨ ᠤ ᠦᠶ᠎ᠡ ᠣᠯᠠᠷᠢᠨ ᠨᠡᠭᠦᠳᠡᠯᠯᠡᠨ ᠠᠮᠢᠳᠤᠷᠠᠵᠤ ᠢᠷᠡᠭᠰᠡᠨ ᠳᠠᠷᠬᠠᠨ ᠦᠯᠦᠭᠡᠢ ᠪᠤᠯᠤᠨ᠎ᠠ᠃            ᠳᠦᠷᠪᠡ᠃ ᠾᠦᠩᠨᠤ ᠶᠢᠨ ᠪᠠᠶᠢᠭᠤᠯᠤᠯ ᠪᠠ ᠮᠤᠩᠭᠤᠯ ᠬᠠᠭᠠᠨᠲᠤ ᠣᠯᠤᠰ ᠤᠨ ᠪᠠᠶᠢᠭᠤᠯᠤᠯ          ᠪᠦᠷ ᠨᠡᠭᠦᠳᠡᠯᠴᠢᠨ ᠣᠭᠰᠠᠭᠠᠲᠠᠨ ᠪᠤᠯᠤᠭᠰᠠᠨ ᠤ ᠬᠤᠪᠢ ᠳᠤ ᠾᠦᠩᠨᠤ ᠪᠠ ᠮᠣᠩᠭᠤᠯ ᠬᠠᠭᠠᠨᠲᠤ ᠣᠯᠤᠰ ᠤᠨ ᠲᠦᠷᠤ ᠵᠠᠰᠠᠭ ᠴᠡᠷᠢᠭ ᠤᠨ ᠪᠠᠶᠢᠭᠤᠯᠤᠯ ᠤᠨ ᠲᠠᠯ᠎ᠠ ᠪᠠᠷ ᠠᠳᠠᠯᠢ ᠲᠠᠯ᠎ᠠ ᠣᠯᠠᠨ ᠪᠠᠶᠢᠨ᠎ᠠ᠃          ︽ᠰᠤᠳᠤᠷ ᠲᠡᠮᠳᠡᠭᠯᠡᠯ︾ ᠳᠤ ᠲᠡᠮᠳᠡᠭᠯᠡᠭᠰᠡᠨ ᠢᠶᠠᠷ᠄           ᠴᠨ ᠢᠣᠢ ᠶᠢᠨ ᠳᠤᠣᠷ᠎ᠠ ᠵᠡᠭᠦᠨ ᠪᠠᠷᠠᠭᠤᠨ ᠰᠢᠶᠠᠨ ᠸᠠᠩ᠂ ᠳᠤᠣᠷ᠎ᠠ ᠨᠢ ᠳ᠋ᠠᠩ ᠬᠤ᠋ (ᠣᠲᠤᠭ ᠤᠨ ᠡᠵᠡᠨ ᠪᠠᠶᠢᠳᠠᠯ ᠲᠠᠢ ) ᠴᠡᠷᠢᠭ ᠨᠢ ᠠᠷᠪᠢᠨ ᠳᠠᠭᠠᠨ ᠲᠦᠮᠡ ᠭᠠᠷᠤᠢ᠂ ᠪᠠᠭ᠎ᠠ ᠨᠢ ᠬᠡᠳᠦᠨ ᠮᠢᠩᠭ᠎ᠠ ᠪᠠᠶᠢᠳᠠᠭ᠃ ᠪᠦᠬᠦ ᠣᠯᠤᠰ ᠲᠠᠭᠠᠨ ᠬᠤᠷᠢᠨ ᠳᠦᠷᠪᠡᠨ ᠳ᠋ᠠᠩ ᠬᠤ᠋ (ᠣᠲᠤᠭ ᠤᠨ ᠡᠵᠡᠨ ) ᠬᠤᠪᠢᠶᠠᠷᠢᠯᠠᠨ᠎ᠠ᠃           ᠵᠠᠰᠠᠭ ᠤᠨ ᠲᠠᠯ᠎ᠠ ᠪᠠᠷ ᠴᠠᠭᠠᠨ ᠰᠠᠷ᠎ᠠ ᠳᠤ ᠡᠯ᠎ᠡ ᠠᠶᠢᠮᠠᠭ ᠤᠨ ᠲᠦᠷᠦᠭᠦᠦ ᠴᠠᠨ ᠢᠣᠢ ᠶᠢᠨ ᠲᠠᠩᠬᠢᠮ  ᠳᠤ ᠴᠤᠭᠯᠠᠷᠠᠵᠤ ᠬᠡᠷᠡᠭ ᠵᠦᠪᠯᠡᠯᠳᠦᠵᠤ ᠳᠠᠬᠢᠯᠭ᠎ᠠ ᠳᠠᠬᠢᠨ᠎ᠠ᠃ ᠲᠠᠪᠣᠨ ᠰᠠᠷ᠎ᠠ ᠳᠤ ᠯᠤᠣᠲᠤ ᠬᠤᠲᠠᠨ᠎ᠠ ᠶᠡᠭᠡ ᠴᠤᠭᠯᠠᠭᠠᠨ ᠪᠤᠯᠵᠤ᠂ ᠡᠪᠦᠭᠡ ᠳᠡᠭᠡᠳᠤ᠂ ᠲᠡᠭᠷᠢ ᠭᠠᠵᠠᠷ᠂ ᠴᠢᠳᠬᠦᠷ ᠰᠠᠬᠢᠭᠤᠯᠰᠤᠨ ᠢᠶᠠᠨ ᠳᠠᠬᠢᠨ᠎ᠠ᠃ ᠨᠠᠮᠤᠷ ᠪᠠᠰᠠ ᠶᠡᠭᠡ ᠴᠤᠭᠯᠠᠭᠠᠨ ᠪᠤᠯᠵᠤ ᠬᠦᠮᠦᠨ ᠪᠠ ᠮᠠᠯ ᠤᠨ ᠲᠤᠭᠠᠯᠠᠯᠭ᠎ᠠ ᠬᠢᠳᠡᠭ ᠪᠠᠶᠢᠨ᠎ᠠ᠃           ᠬᠠᠤᠯᠢ ᠴᠠᠭᠠᠵᠠ ᠳᠤ ᠬᠦᠮᠦᠨ ᠢ ᠬᠤᠣᠷᠯᠠᠬᠤ ᠪᠠᠷ ᠬᠢᠲᠤᠭ᠎ᠠ ᠪᠠᠨ ᠨᠢᠭᠡ ᠲᠤᠬᠤᠢ ᠰᠤᠭᠤᠯᠤᠭᠰᠠᠳ ᠢ ᠠᠯᠠᠵᠤ᠂ ᠬᠤᠯᠠᠭᠠᠢ ᠳᠡᠭᠡᠷᠡᠮ ᠬᠢᠭᠴᠢᠳ ᠤᠨ ᠬᠡᠷ ᠡᠷᠦᠬᠡ᠂ ᠡᠳ᠋ ᠬᠦᠷᠦᠭᠭᠡ ᠶᠢ ᠬᠤᠷᠢᠶᠠᠮᠵᠢᠯᠠᠨ᠎ᠠ᠃ ᠬᠦᠩᠭᠡᠨ ᠶᠠᠯ᠎ᠠ ᠬᠢᠭᠰᠡᠳ ᠤᠨ ᠭᠦᠯ ᠭᠠᠷ ᠢ ᠨᠢ ᠬᠤᠭᠤᠯᠵᠤ᠂ ᠬᠦᠨᠳᠦ ᠶᠠᠯᠠᠲᠠᠨ ᠢ ᠠᠯᠠᠳᠠᠭ᠃ ᠬᠢᠨᠳᠠᠨ ᠳᠤ ᠬᠤᠷᠢᠬᠤ ᠬᠤᠭᠤᠴᠠᠭ᠎ᠠ ᠠᠷᠪᠠ ᠬᠤᠨᠤᠭ ᠠᠴᠠ ᠬᠡᠲᠦᠷᠡᠬᠦ ᠦᠭᠡᠢ ᠪᠠᠶᠢᠵᠤ᠂ ᠪᠦᠬᠦ ᠣᠯᠤᠰ ᠤᠨ ᠬᠡᠷᠡᠭᠲᠡᠨ ᠬᠡᠳᠦᠨ ᠬᠦᠮᠦᠨ  ᠠᠴᠠ ᠬᠡᠲᠦᠷᠡᠬᠦ ᠦᠭᠡᠢ ᠪᠠᠶᠢᠳᠠᠭ᠃           ᠴᠠᠨ ᠢᠣᠢ ᠦᠷᠯᠦᠭᠡ ᠡᠷᠲᠡ ᠦᠷᠭᠦᠭᠡ ᠠᠴᠠ ᠪᠠᠨ ᠭᠠᠷᠴᠤ ᠣᠷᠭᠤᠬᠤ ᠨᠡᠷᠡᠨ ᠳᠤ ᠮᠦᠷᠭᠦᠵᠤ᠂ ᠣᠷᠤᠢ ᠰᠠᠷᠠᠨ ᠳᠤ ᠮᠦᠷᠭᠦᠳᠡᠭ᠃ ᠰᠠᠭᠤᠬᠤ ᠳᠠᠭᠠᠨ ᠨᠠᠰᠤ ᠶᠡᠭᠡ ᠨᠢ ᠵᠡᠭᠦᠨ ᠲᠠᠯ᠎ᠠ ᠳᠤ ᠬᠤᠶᠢᠰᠢ ᠬᠠᠷᠠᠨ ᠰᠠᠭᠤᠳᠠᠭ᠃ ᠰᠢᠷ᠎ᠠ ᠰᠢᠷᠠᠭᠴᠢᠨ ᠡᠳᠦᠷ ᠢ ᠡᠷᠬᠢᠮᠨᠡᠳᠡᠭ᠃ ᠦᠭᠦᠭᠰᠡᠳ ᠢ ᠠᠪᠰᠠᠯᠠᠵᠤ ᠠᠯᠲᠠ ᠮᠦᠩᠭᠦ᠂ ᠡᠳ᠋ ᠡᠷᠳᠡᠨᠢ᠂ ᠬᠤᠪᠴᠠᠰᠤ ᠬᠤᠨᠠᠷ ᠬᠢᠬᠦ ᠪᠤᠯᠪᠠᠴᠤ ᠲᠤᠭᠲᠠᠭᠰᠠᠨ ᠣᠩᠭᠤᠯᠠᠬᠤ ᠪᠠ ᠪᠡᠯᠪᠡᠰᠦᠷᠡᠬᠦ ᠳᠦᠷᠢᠮ ᠭᠡᠵᠤ ᠪᠠᠶᠢᠳᠠᠭ ᠦᠭᠡᠢ᠃ ᠴᠠᠨ ᠢᠣᠢ ᠦᠬᠦᠪᠡᠯ᠂ ᠲᠡᠳᠡᠨ ᠤ ᠢᠨᠠᠭ ᠳᠦᠰᠢᠮᠡᠯ᠂ ᠳᠠᠲᠠᠪᠣᠷᠢ ᠬᠠᠲᠤᠳ ᠢ ᠳᠠᠭᠠᠭᠤᠯᠤᠨ ᠣᠷᠤᠰᠢᠭᠤᠯᠵᠤ᠂ ᠠᠷᠪᠢᠨ ᠦᠶ᠎ᠡ ᠳᠤ ᠬᠡᠳᠦᠨ ᠮᠢᠩᠭ᠎ᠠ᠂ ᠬᠡᠳᠦᠨ ᠵᠠᠭᠤ ᠬᠦᠷᠳᠡᠭ᠃           ᠲᠠᠶᠢᠨ ᠪᠠᠶᠢᠯᠳᠤᠭᠠᠨ ᠬᠢᠬᠦ ᠳᠡᠭᠡᠨ ᠰᠠᠷ᠎ᠠ ᠣᠳᠤᠳ ᠢ ᠠᠵᠢᠭᠯᠠᠵᠤ᠂ ᠰᠠᠷ᠎ᠠ ᠲᠡᠷᠭᠡᠯᠰᠢᠪᠡᠯ ᠳᠠᠭᠠᠷᠢᠵᠤ᠂ ᠬᠠᠪᠢᠷᠭᠠᠰᠢᠪᠠᠯ ᠣᠬᠤᠷᠢᠨ᠎ᠠ᠃ ᠳᠠᠶᠢᠰᠤᠨ ᠢ ᠠᠯᠠᠬᠤ ᠪᠤᠶᠤ ᠪᠠᠷᠢᠪᠠᠯ᠂ ᠨᠢᠭᠡ ᠬᠤᠨᠳᠠᠭ᠎ᠠ ᠠᠷᠢᠬᠢ ᠱᠠᠩᠨᠠᠵᠤ᠂ ᠳᠠᠶᠢᠨ ᠤ ᠣᠯᠵᠠ ᠶᠢ ᠬᠡᠨ ᠣᠯᠵᠠᠯᠠᠭᠰᠠᠨ ᠪᠤᠯ ᠲᠡᠭᠦᠨ ᠳᠤ ᠦᠭᠳᠡᠭ᠃ ᠣᠯᠵᠠᠯᠠᠭᠰᠠᠨ ᠬᠦᠮᠦᠨ ᠢᠶᠠᠨ ᠪᠤᠭᠤᠯ ᠪᠤᠯᠭᠠᠳᠠᠭ᠃ ᠬᠦᠮᠦᠨ ᠪᠦᠭᠦᠳᠡ ᠠᠰᠢᠭ ᠣᠯᠵᠠ ᠶᠢᠨ ᠲᠦᠯᠦᠭᠡ ᠪᠠᠶᠢᠯᠳᠤᠵᠤ᠂ ᠨᠢᠭᠤᠵᠤ ᠳᠠᠭᠠᠷᠢᠬᠤ ᠳᠤ ᠴᠢᠳᠠᠮᠠᠭᠠᠢ᠃ ᠳᠠᠶᠢᠰᠤᠨ ᠢ ᠳᠠᠭᠠᠷᠢᠬᠤ ᠳᠠᠭᠠᠨ ᠰᠢᠪᠠᠭᠤ ᠱᠠᠭᠠᠵᠠᠭᠠᠢ ᠴᠤᠭᠯᠠᠬᠤ ᠮᠡᠲᠤ᠂ ᠢᠯᠠᠭᠳᠠᠪᠠᠯ ᠳᠤᠣᠷ᠎ᠠ ᠪᠠᠨ ᠪᠤᠲᠠᠷᠠᠨ ᠰᠠᠷᠨᠢᠨ᠎ᠠ᠃ ᠪᠠᠶᠢᠯᠳᠤᠭᠠᠨ ᠳᠤ ᠦᠷᠡᠭᠳᠡᠭᠰᠡᠳ ᠢ ᠠᠪᠴᠤ ᠢᠷᠡᠭᠰᠡᠳ ᠨᠢ ᠨᠦᠭᠴᠢᠭᠰᠡᠳ ᠤᠨ ᠡᠳ᠋ ᠬᠦᠷᠦᠩᠭᠡ ᠶᠢ ᠠᠪᠳᠠᠭ᠃          ︽ᠰᠤᠳᠤᠷ ᠲᠡᠮᠳᠡᠭᠯᠡᠯ︾ ᠳᠤ ᠲᠡᠮᠳᠡᠭᠯᠡᠭᠰᠡᠨ ᠵᠦᠢᠯᠡᠰ ᠨᠢ ᠬᠢᠲᠠᠳ ᠤᠨ ᠠᠯᠢ ᠲᠡᠣᠬᠡᠴᠢᠨ ᠤ ᠪᠢᠴᠢᠭᠰᠡᠨ ᠠᠴᠠ ᠢᠯᠡᠭᠦᠦ ᠦᠨᠡᠮᠰᠢᠯᠲᠠᠢ ᠪᠠᠶᠢᠳᠠᠭ᠃ ᠣᠴᠢᠷ ᠨᠢ ᠰᠧ ᠮᠠ ᠴᠢᠶᠠᠨ ᠨᠢ ᠬᠠᠨ ᠣᠯᠤᠰ ᠤᠨ ᠡᠣ ᠳ᠋ᠢ ᠬᠠᠭᠠᠨ ᠳᠤ ᠡᠷᠡᠭᠦᠦ ᠠᠮᠰᠠᠵᠤ ᠦᠩᠭᠡᠷᠡᠭᠰᠡᠨ ᠠᠴᠠ ᠯᠢᠣ ᠪᠠᠩ ᠪᠤᠯᠤᠨ ᠪᠤᠰᠤᠳ ᠬᠠᠭᠠᠳ ᠤᠨ ᠦᠨᠡᠨ ᠮᠠᠭᠤ ᠣᠴᠢᠷ ᠢ ᠵᠤᠷᠢᠭᠲᠠᠢ ᠪᠢᠴᠢᠵᠤ ᠦᠯᠡᠳᠡᠭᠡᠭᠰᠡᠨ ᠪᠠᠶᠢᠳᠠᠭ᠃ ᠢᠯᠠᠩᠭᠤᠶ᠎ᠠ ᠳᠠᠶᠢᠰᠤᠨ ᠪᠤᠶᠤ ᠲᠠᠶᠢᠰᠤᠨ ᠣᠯᠤᠰ  ᠲᠠᠭᠠᠨ ᠢᠯᠠᠭᠳᠠᠭᠰᠠᠨ ᠪᠠᠶᠢᠳᠠᠯ ᠢ ᠦᠨᠡᠨ ᠮᠦᠨ ᠢᠶᠠᠷ ᠨᠢ ᠪᠢᠴᠢᠵᠤ ᠲᠠᠯᠪᠢᠭᠰᠠᠨ ᠪᠠᠶᠢᠳᠠᠭ ᠶᠤᠮ᠃ ᠯᠢᠣ ᠪᠠᠩ ᠤᠨ ᠾᠦᠩᠨᠤ ᠳᠤ ᠢᠯᠠᠭᠳᠠᠭᠰᠠᠨ ᠪᠠᠶᠢᠳᠠᠯ ᠢ ᠪᠤᠯ ᠶᠡᠭᠡ ᠳᠡᠯᠭᠡᠷᠡᠩᠭᠦᠢ ᠪᠢᠴᠢᠵᠠᠢ᠃ ᠲᠤᠬᠠᠢ ᠶᠢᠨ ᠦᠶ᠎ᠡ ᠳᠤ ᠪᠠᠰᠠ ᠲᠡᠣᠬᠡ ᠪᠢᠴᠢᠬᠦ ᠲᠠᠯ᠎ᠠ ᠶᠢᠨ ᠬᠤᠷᠢᠭ᠎ᠠ ᠨᠢ ᠰᠡᠭᠦᠯᠡᠷ ᠦᠶ᠎ᠡ ᠲᠠᠢ ᠠᠳᠠᠯᠢ ᠲᠡᠶᠢᠮᠤ ᠴᠢᠩᠭ᠎ᠠ ᠪᠢᠰᠢ ᠪᠠᠶᠢᠭᠰᠠᠨ  ᠲᠣᠯᠠ ᠾᠦᠩᠨᠤ ᠪᠠ ᠴᠠᠨ ᠢᠣᠢ ᠶᠢᠨ ᠲᠤᠬᠠᠢ ᠪᠢᠴᠢᠭᠰᠡᠨ ᠨᠢ ᠨᠡᠯᠢᠶᠡᠳ ᠦᠨᠡᠨ ᠪᠠᠶᠢᠵᠤ ᠪᠤᠯᠤᠨ᠎ᠠ᠃ ᠣᠮᠠᠷᠠᠲᠤ  ᠶᠢᠨ ᠣᠯᠤᠰ ᠣᠣᠯ ᠠᠴᠠ ᠪᠠᠨ ᠡᠶᠢᠮᠤ ᠪᠠᠶᠢᠭᠰᠠᠨ ᠪᠠᠶᠢᠵᠤ ᠮᠡᠳᠡᠨ᠎ᠡ᠃ ᠯᠢᠶᠤᠣ ᠣᠯᠤᠰ ᠤᠨ ᠡᠬᠢᠨ ᠤ ᠬᠠᠭᠠᠨ ᠶᠢᠸ᠋ᠯᠦᠢ ᠠᠪᠣᠣᠵᠢ ᠦᠬᠦᠬᠦ ᠳᠤ ᠣᠯᠠᠨ ᠰᠠᠶᠢᠳ ᠢ ᠨᠢ ᠳᠠᠭᠠᠭᠤᠯᠤᠨ ᠠᠯᠠᠵᠠᠢ᠃ ᠴᠢᠩᠭᠢᠰ ᠬᠠᠭᠠᠨ ᠲᠠᠭᠠᠯᠠᠯ ᠪᠤᠯᠬᠤ  ᠳᠠᠭᠠᠨ ᠪᠠᠰᠠ ᠢᠨᠠᠭ ᠰᠠᠶᠢᠳ ᠢ ᠦᠬᠦᠬᠦᠯᠲᠦᠭᠡᠢ ᠭᠡᠵᠤ ᠬᠡᠷᠢᠶᠡᠰᠦᠯᠡᠭᠰᠡᠨ ᠭᠡᠵᠤ ᠵᠠᠷᠢᠮ ᠪᠢᠴᠢᠭ ᠲᠤ ᠪᠢᠴᠢᠵᠤ ᠪᠠᠶᠢᠳᠠᠭ ᠪᠠᠶᠢᠨ᠎ᠠ᠃          ᠳᠡᠭᠡᠷᠡᠬᠢ ᠪᠢᠴᠢᠭᠰᠡᠨ ᠪᠠᠶᠢᠳᠠᠯ ᠠᠴᠠ ᠾᠦᠩᠨᠤ ᠣᠯᠤᠰ ᠤᠨ ᠵᠠᠰᠠᠭ ᠵᠠᠬᠢᠷᠭᠠᠨ᠂ ᠴᠡᠷᠢᠭ ᠤᠨ ᠪᠠᠶᠢᠭᠤᠯᠤᠮᠵᠢ᠂ ᠬᠠᠤᠯᠢ᠂ ᠵᠠᠩ ᠵᠠᠩᠰᠢᠯ ᠢ ᠶᠡᠭᠡ ᠲᠦᠯᠦᠪ ᠣᠶᠢᠯᠠᠭᠠᠵᠤ ᠪᠤᠯᠤᠨ᠎ᠠ᠃ ᠣᠯᠤᠰ ᠨᠢ ᠬᠤᠷᠢᠨ ᠳᠦᠷᠪᠡᠨ ᠵᠠᠰᠠᠭ ᠵᠠᠬᠢᠷᠭᠠᠨ ᠤ ᠪᠠᠶᠢᠭᠤᠯᠤᠮᠵᠢ ᠲᠠᠢ᠂ ᠴᠡᠷᠢᠭ ᠨᠢ ᠡᠳᠡᠨ ᠤ ᠳᠤᠮᠳᠠ ᠠᠴᠠ ᠢᠷᠡᠵᠤ ᠶᠡᠭᠡ ᠪᠠᠶᠢᠭᠤᠯᠤᠮᠵᠢ ᠨᠢ ᠲᠦᠮᠡ ᠢᠯᠡᠭᠦᠦ᠂ ᠪᠠᠭ᠎ᠠ ᠨᠢ ᠬᠡᠳᠦᠨ ᠮᠢᠩᠭ᠎ᠠ᠃ ᠵᠡᠭᠦᠨ ᠪᠠᠷᠠᠭᠤᠨ ᠸᠠᠩ ᠨᠣᠶᠠᠨ᠂ ᠬᠤᠲᠤᠭ  ᠤᠳ ᠪᠠᠶᠢᠨ᠎ᠠ᠃ ᠡᠨᠡ ᠲᠠᠯ᠎ᠠ ᠪᠠᠷ ᠮᠣᠩᠭᠤᠯ ᠤᠨ ᠰᠡᠭᠦᠯᠴᠢ ᠶᠢᠨ ᠵᠡᠬᠦᠨᠭᠠᠷ ᠬᠠᠭᠠᠨᠲᠤ ᠣᠯᠤᠰ ᠤᠨ ᠪᠠᠶᠢᠭᠤᠯᠤᠮᠵᠢ  ᠲᠠᠢ ᠠᠳᠠᠯᠢ ᠪᠠᠶᠢᠨ᠎ᠠ᠃          ᠭᠠᠯᠲᠠᠨᠴᠡᠷᠢᠭ ᠵᠡᠭᠦᠨᠭᠠᠷ ᠤᠨ ᠬᠠᠭᠠᠨ ᠪᠤᠯᠤᠭᠰᠠᠨ ᠤ ᠰᠡᠭᠦᠯᠡᠷ ᠵᠡᠭᠦᠨᠭᠠᠷ ᠬᠠᠭᠠᠨᠲᠤ ᠣᠯᠤᠰ ᠢ ᠣᠣᠯ  ᠤᠨ ᠠᠷᠪᠠᠨ ᠬᠤᠶᠠᠷ ᠣᠲᠤᠭ ᠤᠨ ᠰᠠᠭᠤᠷᠢᠨ ᠳᠡᠭᠡᠷ᠎ᠡ ᠬᠤᠷᠢᠨ ᠳᠦᠷᠪᠡᠨ ᠣᠲᠤᠭ ᠪᠤᠯᠭᠠᠨ ᠬᠤᠪᠢᠶᠠᠷᠢᠯᠠᠵᠤ᠂ ᠣᠲᠤᠰ ᠤᠨ ᠳᠤᠣᠷ᠎ᠠ ᠨᠢ ᠴᠡᠷᠢᠭ ᠤᠨ ᠪᠠᠶᠢᠭᠤᠯᠤᠮᠵᠢ ᠪᠤᠯᠬᠤ ᠠᠩᠬᠢ ᠭᠡᠳᠡᠭ ᠪᠠᠶᠢᠭᠤᠯᠤᠮᠵᠢ ᠶᠢ ᠪᠠᠶᠢᠭᠤᠯᠵᠠᠢ᠃ ᠣᠲᠤᠭ ᠢ ᠨᠢ ᠵᠠᠶᠢᠰᠠᠩ ᠭᠡᠳᠡᠭ ᠵᠠᠰᠠᠭ ᠨᠣᠶᠠᠨ ᠬᠠᠮᠢᠶᠠᠷᠴᠤ ᠨᠢᠭᠡ ᠠᠴᠠ ᠳᠦᠷᠪᠡᠨ ᠵᠠᠶᠢᠰᠠᠩ ᠲᠤᠮᠢᠯᠠᠳᠠᠭ᠃ ᠨᠢᠭᠡ  ᠠᠴᠠ ᠬᠤᠶᠠᠷ ᠵᠠᠭᠤᠨ ᠡᠷᠦᠬᠡ ᠪᠦᠷᠢ ᠳᠤ ᠳᠠᠮᠠᠴᠢ ᠭᠡᠳᠡᠭ ᠨᠣᠶᠠᠨ ᠲᠤᠮᠢᠯᠠᠵᠤ᠂ ᠬᠡᠳᠦᠨ ᠠᠷᠪᠠᠨ ᠡᠷᠦᠬᠡ ᠠᠴᠠ ᠳᠡᠭᠡᠷ᠎ᠡ ᠨᠢ ᠱᠦᠯᠡᠩᠭᠡ ᠬᠡᠮᠡᠬᠦ ᠳᠤᠰᠢᠶᠠᠯᠲᠠᠨ ᠢ ᠲᠠᠯᠪᠢᠳᠠᠭ᠃ ᠠᠩᠬᠢ ᠶᠢ ᠵᠡᠭᠦᠨᠭᠠᠷ ᠤᠨ ᠬᠠᠭᠠᠨ ᠠᠴᠠ ᠲᠤᠮᠢᠯᠠᠵᠤ ᠬᠠᠭᠠᠨ ᠳᠠᠭᠠᠨ ᠰᠢᠭᠤᠳ ᠬᠠᠷᠢᠭᠤᠴᠠᠳᠠᠭ᠃ ᠨᠡᠶᠢᠲᠡ ᠬᠤᠷᠢᠨ ᠨᠢᠭᠡᠨ ᠠᠩᠬᠢ ᠴᠡᠷᠢᠭ ᠲᠠᠢ᠃ ᠲᠦᠷᠤ ᠶᠢᠨ ᠶᠡᠭᠡ ᠬᠤᠷᠠᠯ ᠵᠦᠪᠯᠡᠯᠭᠡ ᠪᠠᠨ ︽ᠵᠠᠷᠭᠤ ᠶᠢᠨ ᠶᠡᠭᠡ ᠬᠤᠷᠠᠯ︾ ᠭᠡᠳᠡᠭ ᠪᠠᠶᠢᠵᠠᠢ᠃ ᠡᠳᠡᠭᠡᠷ ᠨᠢ ᠲᠦᠪ ᠠᠽᠢ ᠶᠢᠨ ᠲᠦᠷᠺ ᠣᠭᠰᠠᠭᠠᠲᠠᠨ ᠤ ᠣᠯᠤᠰ ᠠᠴᠠ ᠰᠤᠷᠤᠭᠰᠠᠨ ᠵᠦᠢᠯ ᠪᠠᠶᠢᠬᠤ ᠪᠦᠭᠡᠳ ᠦᠪᠡᠷ ᠤᠨ ᠣᠨᠴᠠᠯᠢᠭ ᠲᠠᠢ ᠵᠦᠢᠯ ᠴᠦ ᠪᠠᠶᠢᠨ᠎ᠠ᠃ ᠵᠢᠱᠢᠶᠠᠯᠠᠪᠡᠯ᠄ ᠲᠤᠰᠬᠠᠢ ᠶᠢᠰᠦᠨ ᠵᠢᠰᠡ ᠲᠠᠢ ᠪᠠᠶᠢᠵᠤ᠂ ᠰᠦᠮ᠎ᠡ ᠯᠠᠮ᠎ᠠ ᠪᠠᠨ ᠡᠭᠡᠯᠵᠢᠯᠡᠨ ᠲᠡᠵᠢᠭᠡᠳᠡᠭ  ᠨᠢ ᠦᠪᠦᠷ ᠠᠷᠤ ᠮᠣᠩᠭᠤᠯ ᠤᠨ ᠯᠠᠮ᠎ᠠ ᠶᠢᠨ ᠬᠤᠰᠢᠭᠤ ᠲᠠᠢ ᠠᠳᠠᠯᠢ ᠪᠠᠶᠢᠨ᠎ᠠ᠃ ᠬᠤᠵᠢᠮ ᠤᠨ ᠬᠦᠮᠦᠨ ᠠᠮᠠ ᠶᠢᠨ ᠬᠡᠮᠵᠢᠶ᠎ᠠ ᠨᠢ ᠵᠢᠷᠠᠨ ᠬᠤᠶᠠᠷ ᠲᠦᠮᠡᠨ ᠬᠦᠮᠦᠨ ᠳᠤ ᠬᠦᠷᠴᠤ᠂ ᠬᠠᠭᠠᠨᠲᠤ ᠣᠯᠤᠰ ᠤᠨ ᠬᠢᠵᠠᠭᠠᠷ ᠳᠤᠲᠤᠷᠠᠬᠢ ᠪᠤᠰᠤᠳ ᠣᠭᠰᠠᠭᠠᠨ ᠬᠦᠮᠦᠨ ᠢᠶᠠᠨ ᠨᠡᠮᠡᠪᠡᠯ ᠵᠠᠭᠤ ᠲᠠᠪᠢᠨ ᠲᠦᠮᠡ ᠣᠷᠴᠢᠮ ᠬᠦᠮᠦᠨ ᠠᠮᠠ ᠲᠠᠢ ᠪᠠᠶᠢᠵᠠᠢ᠃ ᠡᠳᠡᠭᠡᠷ ᠪᠠᠶᠢᠳᠠᠯ ᠨᠢ ᠾᠦᠩᠨᠤ ᠣᠯᠤᠰ ᠤᠨ ᠪᠠᠶᠢᠳᠠᠯ ᠲᠠᠢ ᠶᠡᠭᠡ ᠲᠦᠯᠦᠪ ᠠᠳᠠᠯᠢ ᠪᠠᠶᠢᠨ᠎ᠠ᠃ ᠠᠷᠪᠠᠨ ᠬᠤᠶᠠᠷ ᠪᠤᠶᠤ ᠬᠤᠷᠢᠨ ᠳᠦᠷᠪᠡ ᠪᠠᠷ ᠵᠠᠰᠠᠭ ᠵᠠᠬᠢᠷᠭᠠᠨ ᠤ ᠨᠢᠭᠡᠴᠢ ᠪᠤᠯᠭᠠᠨ ᠬᠤᠪᠢᠶᠠᠳᠠᠭ ᠨᠢ ᠣᠮᠠᠷᠠᠲᠤ ᠶᠢᠨ ᠮᠣᠩᠭᠤᠯ ᠣᠭᠰᠠᠭᠠᠨ ᠤ ᠣᠯᠠᠮᠵᠢᠯᠠᠯ ᠪᠠᠶᠢᠵᠤ ᠴᠦ ᠮᠡᠳᠡᠬᠦ ᠶᠤᠮ᠃ ᠣᠮᠠᠷᠠᠲᠤ ᠶᠤᠸᠠᠨ ᠤ ᠦᠶ᠎ᠡ ᠠᠴᠠ ᠡᠬᠢᠯᠡᠵᠤ ᠡᠯ᠎ᠡ ᠠᠶᠢᠮᠠᠭ ᠨᠢ ᠪᠦᠷ ᠠᠷᠪᠠᠨ ᠬᠤᠶᠠᠷ ᠣᠲᠤᠭ ᠢᠶᠠᠷ ᠬᠤᠪᠢᠶᠠᠷᠢᠯᠭᠰᠠᠨ ᠨᠢ᠄ ᠠᠷᠪᠠᠨ ᠬᠤᠶᠠᠷ ᠣᠲᠤᠭ ᠬᠠᠯᠠᠬ᠎ᠠ᠂ ᠠᠷᠪᠠᠨ ᠬᠤᠶᠠᠷ ᠣᠲᠤᠭ ᠴᠠᠬᠠᠷ᠂ ᠠᠷᠪᠠᠨ ᠬᠤᠶᠠᠷ ᠣᠲᠤᠭ ᠲᠦᠮᠡᠳ᠂ ᠠᠷᠪᠠᠨ ᠬᠤᠶᠠᠷ ᠣᠲᠤᠭ ᠬᠠᠷᠠᠴᠢᠨ ᠭᠡᠬᠦ ᠮᠡᠲᠤ᠃ ᠡᠭᠦᠨ ᠤ ᠳᠤᠲᠤᠷ᠎ᠠ ᠪᠠᠰᠠ ᠬᠤᠷᠢᠨ ᠲᠦᠮᠡᠨ ᠬᠤᠷᠴᠢᠨ ᠬᠡᠮᠡᠬᠦ ᠠᠰᠲᠠᠭᠠᠨ ᠣᠨᠴᠤᠭᠤᠢ ᠪᠠᠶᠢᠭᠤᠯᠤᠯ ᠴᠦ  ᠪᠠᠶᠢᠭᠰᠠᠨ ᠪᠠᠶᠢᠨ᠎ᠠ᠃           ᠴᠢᠩᠭᠢᠰ ᠬᠠᠭᠠᠨ ᠠᠴᠠ ᠣᠯᠤᠰ ᠢᠶᠠᠨ ᠪᠠᠶᠢᠭᠤᠯᠵᠤ ᠬᠠᠭᠠᠨ ᠰᠠᠭᠤᠭᠰᠠᠨ   ᠤ ᠳᠠᠷᠤᠢ ᠣᠯᠤᠰ ᠲᠤ  ᠪᠠᠨ ᠨᠠᠶᠠᠨ ᠨᠠᠢᠮᠠᠠ ᠭᠠᠪᠢᠶᠠᠲᠠᠨ ᠢ ᠴᠤᠯᠯᠠᠵᠤ᠂ ᠶᠢᠷᠡᠨ ᠲᠠᠪᠣᠨ ᠮᠢᠩᠭᠠᠨ ᠤ ᠨᠣᠶᠠᠨ ᠢ ᠡᠷᠭᠦᠮᠵᠢᠯᠡᠪᠡ᠃ ᠲᠤᠭ᠎ᠠ  ᠨᠢ ᠠᠳᠠᠯᠢ ᠦᠭᠡᠢ  ᠪᠤᠯᠤᠭᠰᠠᠨ   ᠤ ᠰᠢᠯᠲᠠᠭᠠᠨ ᠨᠢ ᠭᠡᠪᠡᠯ ᠬᠤᠩᠬᠢᠷᠤᠳ ᠭᠤᠷᠪᠠᠨ ᠮᠢᠩᠭ᠎ᠠ᠂ ᠢᠬᠢᠷᠡᠰ ᠬᠤᠶᠠᠷ ᠮᠢᠩᠭ᠎ᠠ᠂ ᠣᠩᠭᠤᠳ ᠲᠠᠪᠣᠨ ᠮᠢᠩᠭ᠎ᠠ ᠪᠤᠯᠤᠭᠰᠠᠨ ᠤ ᠲᠣᠯᠠ ᠪᠤᠶᠤ᠃ ᠮᠢᠩᠭᠠᠯᠠᠬᠤ ᠪᠠᠶᠢᠭᠤᠯᠤᠮᠵᠢ ᠪᠠᠷ ᠦᠨᠳᠦᠰᠦᠨ ᠪᠠᠶᠢᠭᠤᠯᠤᠮᠵᠢ ᠪᠤᠯᠭᠠᠵᠤ᠂ ᠳᠡᠭᠡᠷ᠎ᠡ ᠨᠢ ᠲᠦᠮᠡᠨ ᠤ ᠨᠣᠶᠠᠨ᠂ ᠳᠤᠣᠷ᠎ᠠ ᠨᠢ ᠵᠠᠭᠤᠲᠤ᠂ ᠠᠷᠪᠠᠲᠤ ᠶᠢ ᠪᠠᠶᠢᠭᠤᠯᠵᠠᠢ᠃ ᠡᠨᠡ ᠨᠢ ᠴᠦᠮ ᠣᠯᠤᠰ ᠠᠴᠠ ᠲᠤᠮᠢᠯᠠᠭᠰᠠᠨ ᠴᠡᠷᠢᠭ ᠵᠠᠰᠠᠭ ᠨᠢᠭᠡᠳᠴᠤ᠂ ᠴᠡᠷᠢᠭ ᠢᠷᠭᠡᠨ ᠨᠢᠭᠡᠳᠦᠭᠰᠡᠨ ᠪᠠᠶᠢᠭᠤᠯᠤᠮᠵᠢ ᠪᠤᠯᠵᠠᠢ᠃           ᠪᠤᠭᠤᠷᠴᠤ ᠶᠢ ᠠᠯᠲᠠᠢ ᠶᠢ ᠳᠡᠷᠡᠯᠡᠭᠰᠡᠨ ᠪᠠᠷᠠᠭᠤᠨ ᠭᠠᠷ ᠤᠨ ᠲᠦᠮᠡᠨ ᠤ ᠨᠣᠶᠠᠨ ᠡᠷᠭᠦᠮᠵᠢᠯᠡᠵᠤ᠂ ᠮᠤᠬᠤᠯᠠᠢ ᠶᠢ ᠬᠠᠷᠠᠭᠤᠨ ᠵᠢᠳᠤᠨ ᠢ ᠳᠡᠷᠡᠯᠡᠭᠰᠡᠨ ᠵᠡᠭᠦᠨ ᠭᠠᠷ ᠤᠨ ᠲᠦᠮᠡᠨ ᠤ ᠨᠣᠶᠠᠨ ᠲᠦᠮᠡᠨ ᠤ ᠨᠣᠶᠠᠨ ᠡᠷᠭᠦᠮᠵᠢᠯᠡᠪᠡ᠃ ᠨᠠᠶᠠᠭ᠎ᠠ ᠶᠢ ᠲᠦᠪ ᠤᠨ ᠲᠦᠮᠡᠨ ᠤ ᠨᠣᠶᠠᠨ ᠡᠷᠭᠦᠮᠵᠢᠯᠡᠪᠡ᠃ ᠬᠤᠷᠴᠢ ᠶᠢ ᠣᠢ ᠶᠢᠨ ᠢᠷᠭᠡᠨ ᠢ ᠳᠠᠷᠤᠭᠠᠯᠠᠨ ᠲᠦᠮᠡᠨ ᠤ ᠨᠣᠶᠠᠨ ᠡᠷᠭᠦᠮᠵᠢᠯᠡᠪᠡ᠃ ᠬᠤᠨᠠᠨ ᠢ ᠵᠦᠴᠢ ᠶᠢᠨ ᠲᠦᠮᠡᠨ ᠤ ᠨᠣᠶᠠᠨ ᠡᠷᠭᠦᠮᠵᠢᠯᠡᠪᠡ᠃ ᠰᠢᠬᠢᠬᠤᠳᠤᠬᠤ ᠶᠢ ᠬᠠᠮᠤᠭ ᠳᠡᠭᠡᠳᠦ ᠵᠠᠷᠭᠤᠴᠢ ᠨᠣᠶᠠᠨ ᠡᠷᠭᠦᠮᠵᠢᠯᠡᠪᠡ᠃          ᠡᠳᠡᠭᠡᠷ ᠪᠠᠶᠢᠳᠠᠯ ᠠᠴᠠ ᠶᠡᠭᠡ ᠾᠦᠩᠨᠤ ᠬᠦᠷᠦᠨ ᠪᠤᠯᠤᠨ ᠮᠣᠩᠭᠤᠯ ᠬᠠᠭᠠᠨᠲᠤ ᠣᠯᠤᠰ ᠤᠨ ᠪᠠᠶᠢᠭᠤᠯᠤᠯ ᠤᠨ ᠠᠳᠠᠯᠢ ᠲᠠᠯ᠎ᠠ ᠶᠢ ᠦᠵᠡᠵᠤ ᠭᠠᠷᠤᠨ᠎ᠠ᠃ ᠴᠡᠷᠢᠭ ᠤᠨ ᠲᠠᠯ᠎ᠠ ᠳᠤ ᠴᠢᠩᠭᠢᠰ ᠤᠨ ᠡᠵᠡᠨᠲᠤ ᠬᠦᠷᠦᠨ  ᠨᠢ ᠲᠠᠪᠣᠨ ᠲᠦᠮᠡᠨ ᠤ ᠨᠣᠶᠠᠨ ᠲᠠᠢ ᠪᠠᠶᠢᠬᠤ ᠳᠤ ᠮᠦᠳᠦ᠋ ᠴᠠᠨ ᠢᠣᠢ ᠠᠴᠠ ᠬᠠᠨ ᠣᠯᠤᠰ ᠤᠨ ᠬᠠᠭᠠᠨ ᠯᠢᠣ ᠪᠠᠩ  ᠢ ᠪᠦᠰᠡᠯᠡᠨ ᠴᠤᠬᠢᠬᠤ ᠳᠠᠭᠠᠨ ᠴᠡᠷᠢᠭ ᠢᠶᠠᠨ ᠮᠤᠷᠢᠨ ᠤ ᠵᠢᠰᠦᠮ ᠢᠶᠠᠷ  ᠳᠦᠷᠪᠡᠨ ᠲᠠᠯ᠎ᠠ ᠬᠤᠪᠢᠶᠠᠨ᠂ ᠳᠦᠴᠢᠨ ᠲᠦᠮᠡᠨ ᠴᠡᠷᠢᠭ ᠢᠶᠠᠷ ᠪᠦᠰᠡᠯᠡᠭᠰᠡᠨ ᠪᠢᠰᠢᠣ︖ ᠡᠭᠦᠨ ᠳᠤ ᠡᠮᠦᠨ᠎ᠡ ᠲᠠᠯ᠎ᠠ ᠳᠤᠨᠢ ᠵᠡᠭᠡᠷᠳᠡ (ᠣᠯᠠᠭᠠᠨ )ᠮᠤᠷᠢ᠂ ᠬᠤᠶᠢᠨ᠎ᠠ ᠲᠠᠯ᠎ᠠ ᠲᠠᠯ᠎ᠠ ᠳᠤᠨᠢ ᠬᠠᠷ᠎ᠠ ᠮᠤᠷᠢ᠂ ᠪᠠᠷᠠᠭᠤᠨ ᠲᠠᠯ᠎ᠠ ᠳᠤᠨᠢ ᠰᠠᠷᠠᠯ (ᠴᠠᠭᠠᠨ ) ᠮᠤᠷᠢ᠂ ᠵᠡᠭᠦᠨ ᠲᠠᠯ᠎ᠠ  ᠳᠤᠨᠢ ᠰᠠᠭᠠᠷᠠᠯ (ᠬᠦᠬᠡ qing ma ?) ᠮᠤᠷᠢ ᠲᠠᠢ ᠳᠦᠴᠢᠨ ᠲᠦᠮᠡᠨ ᠴᠡᠷᠢᠭ ᠭᠡᠵᠤ ᠲᠡᠣᠬᠡᠨ ᠳᠤ ᠲᠡᠮᠳᠡᠭᠯᠡᠵᠤ ᠪᠠᠶᠢᠳᠠᠭ᠃ ᠡᠭᠦᠨ ᠳᠤ ᠴᠠᠨ ᠢᠣᠢ ᠶᠢᠨ ᠳᠠᠭᠠᠭᠤᠯᠤᠭᠰᠠᠨ ᠬᠦᠬᠡ ᠴᠢᠨ᠋ᠸ ᠎ᠡ ᠶᠢᠨ ᠵᠢᠷᠤᠭᠲᠤ ᠲᠤᠭ ᠡᠷᠭᠦᠭᠰᠡᠨ ᠴᠡᠷᠢᠭ ᠢ ᠲᠡᠮᠳᠡᠭᠯᠡᠭᠰᠡᠨ ᠦᠭᠡᠢ᠂ ᠣᠴᠢᠷ ᠨᠢ ᠬᠦᠭᠡ ᠵᠢᠰᠦᠮ ᠤᠨ ᠮᠤᠷᠢ ᠦᠭᠡᠢ ᠪᠤᠯᠬᠤᠷ ᠲᠡᠮᠳᠡᠭᠯᠡᠭᠰᠡᠨ ᠦᠭᠡᠢ ᠪᠤᠯᠪᠠᠤ︖ ᠳᠠᠬᠢᠪᠠᠯ ᠴᠠᠨ ᠢᠣᠢ ᠶᠢᠨ  ᠪᠦᠰᠡᠯᠡᠭᠰᠡᠨ ᠴᠡᠷᠢᠭ ᠤᠨ ᠮᠤᠷᠢᠨ ᠤ ᠵᠢᠰᠦᠮ ᠨᠢ ᠬᠦᠯᠢᠯ ᠤᠨ ᠦᠩᠭᠡ  ᠲᠠᠢ ᠠᠳᠠᠯᠢᠬᠠᠨ  ᠳᠤᠬᠢᠷᠠᠯᠴᠠᠬᠤ ᠶᠢ ᠠᠷᠠᠢ ᠰᠠᠨᠠᠭᠠᠨ ᠳᠤ ᠦᠭᠡᠢ ᠪᠠᠷ ᠳᠤᠬᠢᠷᠠᠭᠰᠠᠨ ᠭᠡᠵᠤ ᠦᠵᠡᠵᠤ ᠪᠤᠯᠬᠤ ᠦᠭᠡᠢ ᠪᠢᠵᠠ︖ ᠮᠣᠩᠭᠤᠯ ᠲᠡᠣᠬᠡᠨ ᠳᠤ ᠪᠢᠴᠢᠳᠡᠭ ︽ᠲᠠᠪᠣᠨ  ᠦᠩᠭᠡ ᠳᠦᠷᠪᠡᠨ ᠬᠠᠷᠢ︾ ᠶᠢᠨ ᠣᠨᠣᠯ ᠲᠠᠢ ᠴᠦ ᠶᠠᠭᠠᠬᠢᠬᠤ ᠶᠢᠨ ᠠᠷᠭ᠎ᠠ ᠦᠭᠡᠢ ᠳᠤᠬᠢᠷᠠᠯᠴᠠᠵᠤ ᠪᠠᠶᠢᠳᠠᠭ ᠢ ᠶᠠᠭᠠᠬᠢᠮᠤᠢ︖            ᠡᠭᠦᠨ ᠠᠴᠠ ᠪᠠᠰᠠ ᠾᠦᠩᠨᠤ ᠣᠯᠤᠰ ᠤᠨ ᠠᠵᠤ ᠠᠬᠤᠢ ᠶᠢᠨ ᠬᠦᠴᠦᠨ ᠢ ᠦᠵᠡᠵᠤ ᠭᠠᠷᠤᠨ᠎ᠠ᠃ ᠲᠦᠷᠪᠡᠨ ᠵᠢᠰᠦᠮ ᠤᠨ ᠮᠤᠷᠢ ᠣᠨᠣᠭᠰᠠᠨ ᠲᠦᠴᠢᠨ ᠲᠦᠮᠡᠨ ᠴᠡᠷᠢᠭ ᠭᠡᠳᠡᠭ ᠴᠢᠨᠢ ᠮᠤᠨᠳᠠᠭ ᠲᠤᠭ᠎ᠠ ᠰᠢᠣ ᠳ᠋ᠠ᠃ ᠣᠳᠤ ᠮᠠᠨ ᠤ ᠦᠪᠦᠷ ᠮᠣᠩᠭᠤᠯ ᠤᠨ ᠪᠦᠬᠦ ᠮᠤᠷᠢᠨ ᠠᠴᠠ ᠢᠯᠭᠠᠵᠤ ᠲᠦᠷᠪᠡᠨ ᠵᠢᠰᠦᠮ ᠤᠨ  ᠮᠤᠷᠢ ᠣᠨᠣᠭᠰᠠᠨ ᠳᠦᠴᠢᠨ ᠲᠦᠮᠡᠨ ᠮᠤᠷᠢᠲᠠᠨ ᠢ ᠢᠯᠭᠠᠵᠤ ᠭᠠᠷᠭᠠᠨ᠎ᠠ ᠭᠡᠭᠴᠢ ᠪᠤᠯᠤᠰᠢ ᠦᠭᠡᠢ ᠪᠤᠯᠤᠭᠰᠠᠨ᠃ ᠮᠣᠩᠭᠤᠯ ᠣᠯᠤᠰ ᠴᠦ  ᠭᠡᠰᠡᠨ ᠬᠦᠴᠢᠷᠳᠡᠬᠦ ᠪᠠᠶᠢᠬ᠎ᠠ ᠳ᠋ᠠ᠃ ᠨᠡᠩ ᠴᠦ ᠲᠤᠬᠠᠢ ᠶᠢᠨ ᠦᠶ᠎ᠡ ᠶᠢᠨ ᠴᠡᠷᠢᠭ ᠤᠨ ᠶᠤᠰᠤ ᠪᠠᠷ ᠴᠡᠷᠢᠭ ᠪᠤᠯᠭᠠᠨ ᠨᠢᠭᠡ ᠬᠤᠶᠠᠷ ᠪᠤᠶᠤ ᠬᠡᠳᠦᠨ ᠬᠦᠲᠦᠯᠦᠭᠡ ᠮᠤᠷᠢ ᠲᠠᠢ ᠶᠠᠪᠣᠳᠠᠭ ᠢ ᠨᠡᠮᠡᠪᠡᠯ ᠣᠯᠤᠰ ᠤᠨ ᠬᠦᠴᠦᠨ ᠨᠢ ᠬᠡᠳᠦᠢ ᠴᠢᠬᠢᠷᠠᠭ ᠪᠠᠶᠢᠵᠠᠢ ᠭᠡᠰᠡᠨ ᠢ ᠳᠦᠰᠦᠭᠡᠯᠡᠵᠤ ᠪᠤᠯᠬᠤ ᠪᠢᠰᠢᠣ︖          ᠮᠣᠩᠭᠤᠯ ᠬᠠᠭᠠᠨᠲᠤ ᠣᠯᠤᠰ ᠤᠨ ᠦᠶ᠎ᠡ ᠳᠤ ᠲᠦᠮᠡᠨ ᠴᠠᠭᠠᠨ ᠭᠡᠭᠦᠦ ᠶᠢ ᠴᠤᠭᠯᠠᠭᠤᠯᠤᠨ ᠡᠰᠦᠭ ᠴᠡᠭᠡ ᠨᠡᠷᠡᠵᠤ ᠬᠠᠭᠠᠨ ᠣᠭᠰᠠᠭᠠᠲᠠᠨ ᠳᠤ ᠣᠣᠭᠤᠯᠭᠠᠵᠤ ᠪᠠᠶᠢᠵᠠᠢ ᠭᠡᠰᠡᠨ ᠲᠡᠮᠳᠡᠭᠯᠡᠯ ᠪᠠᠶᠢᠳᠠᠭ᠃ ᠪᠠᠰᠠ ᠡᠯ᠎ᠡ ᠭᠠᠵᠠᠷ ᠤᠨ  ᠬᠢᠨ ᠴᠠᠭᠠᠨ ᠵᠢᠰᠦᠮ ᠤᠨ ᠮᠤᠷᠢ ᠪᠠᠷ ᠶᠢᠰᠤ ᠶᠢᠰᠤ ᠶᠢᠨ ᠠᠯᠪᠠ ᠪᠠᠷᠢᠳᠠᠭ ᠭᠡᠵᠤ ᠲᠡᠮᠳᠡᠭᠯᠡᠵᠤ ᠪᠠᠶᠢᠳᠠᠭ᠃                ᠮᠣᠩᠭᠤᠯ ᠬᠠᠭᠠᠨᠲᠤ ᠣᠯᠤᠰ ᠤᠨ ᠪᠠᠶᠢᠭᠤᠯᠤᠯ ᠳᠤᠲᠤᠷᠠᠬᠢ ᠵᠠᠷᠭᠤᠴᠢ ᠶᠢᠨ ᠳᠦᠷᠢᠮ ᠪᠠ ᠬᠤᠷᠠᠯᠳᠠᠢ  ᠶᠢᠨ ᠳᠦᠷᠢᠮ ᠪᠤᠯ ᠦᠪᠡᠷ ᠤᠨ ᠣᠨᠴᠠᠯᠢᠭ ᠲᠠᠢ ᠳᠦᠷᠢᠮ ᠮᠦᠨ᠃ ᠬᠤᠷᠠᠯᠳᠠᠢ ᠶᠢᠨ ᠳᠤᠲᠤᠭᠠᠳᠤ ᠳᠤ ᠪᠦᠷᠢᠮᠦᠰᠦᠨ ᠡᠷᠬᠡ ᠳᠡᠭᠰᠢ ᠪᠠᠶᠢᠵᠤ᠂ ᠰᠠᠨᠠᠯ ᠵᠦᠪᠯᠡᠯᠭᠡ ᠪᠠᠨ ᠡᠷᠡᠭᠡ ᠵᠢᠷᠤᠭ᠎ᠠ ᠦᠭᠡᠢ ᠬᠡᠯᠡᠵᠤ ᠪᠤᠯᠳᠠᠭ᠃ ᠲᠡᠭᠡᠭᠡᠳ ᠨᠢᠭᠤᠴᠠ  ᠪᠠᠨ ᠨᠢᠭᠲᠠ ᠬᠠᠮᠠᠭᠠᠯᠠᠵᠤ᠂ ᠬᠤᠷᠠᠯᠳᠠᠢ ᠶᠢᠨ ᠪᠠᠲᠤᠯᠠᠭᠰᠠᠨ ᠵᠦᠢᠯ ᠢ ᠬᠠᠭᠠᠨ ᠴᠦ ᠳᠤᠷ᠎ᠠ ᠪᠠᠷ ᠬᠤᠪᠢᠷᠠᠭᠤᠯᠳᠠᠬ ᠦᠭᠡᠢ᠃ ᠬᠤᠷᠠᠯᠳᠠᠢ ᠠᠴᠠ ᠪᠠᠲᠤᠯᠠᠭᠰᠠᠨ ᠶᠡᠭᠡ ᠵᠠᠰᠠᠭ ᠪᠠ ᠴᠠᠭᠠᠵᠠ ᠶᠢ ᠳᠤᠰᠬᠠᠢ ᠵᠠᠷᠭᠤᠴᠢ ᠭᠦᠢᠴᠢᠳᠬᠡᠳᠡᠭ ᠨᠢ ᠣᠳᠤ ᠶᠢᠨ ᠠᠷᠠᠳᠴᠢᠯᠠᠭᠰᠠᠨ ᠨᠡᠶᠢᠭᠡᠮ ᠤᠨ ᠬᠡᠷᠡᠭᠯᠡᠵᠤ ᠪᠠᠶᠢᠳᠠᠭ ︽ᠭᠤᠷᠪᠠᠨ ᠡᠷᠬᠡ ᠶᠢ ᠬᠢᠵᠠᠭᠠᠷᠯᠠᠵᠤ ᠲᠡᠩᠴᠡᠭᠦᠯᠬᠦ ︾ ᠭᠡᠳᠡᠭ ᠪᠤᠳᠤᠯᠭ᠎ᠠ ᠲᠠᠢ ᠨᠢ ᠶᠡᠭᠡ ᠳᠦᠰᠦᠭᠡᠲᠠᠢ᠃ ᠡᠭᠦᠨ ᠢ ᠣᠷᠢᠳ ᠤᠨ ᠾᠦᠩᠨᠤ ᠲᠦᠷᠦᠭ ᠤᠨ ᠦᠶ᠎ᠡ ᠳᠤ ᠴᠦ ᠬᠡᠷᠡᠭᠯᠡᠵᠤ ᠪᠠᠶᠢᠭᠰᠠᠨ ᠪᠠᠶᠢᠳᠠᠯ ᠴᠦ ᠮᠡᠷ ᠰᠡᠷ ᠮᠡᠳᠡᠭᠳᠡᠵᠤ ᠪᠠᠶᠢᠨ᠎ᠠ᠃ ᠮᠠᠨᠵᠤ ᠨᠠᠷ ᠴᠦ ᠪᠤᠭᠤᠮᠲᠠ ᠣᠷᠤᠬᠤ  ᠠᠴᠠ ᠡᠮᠦᠨ᠎ᠡ ︽ᠬᠤᠣᠪᠢ ᠶᠢᠨ ᠰᠠᠶᠢᠳ ᠨᠠᠷ ᠤᠨ ᠬᠤᠷᠠᠯ︾ ᠭᠡᠵᠤ ᠵᠦᠪᠯᠡᠯᠭᠡᠨ ᠢ ᠬᠤᠷᠠᠯ ᠤᠨ ᠪᠠᠶᠢᠭᠤᠯᠤᠮᠵᠢ ᠪᠠᠶᠢᠳᠠᠭ᠃ ᠡᠨᠡ ᠨᠢ ᠮᠠᠨᠵᠤ ᠵᠢᠨ‌ᠨᠠᠢᠮᠠᠠ ᠬᠤᠰᠢᠭᠤᠨ ᠤ   ᠨᠢᠭᠡ ᠬᠤᠰᠢᠭᠤᠨ ᠠᠴᠠ ᠨᠢᠭᠡ ᠪᠤᠶᠤ ᠬᠡᠳᠦᠨ ᠰᠠᠶᠢᠳ ᠲᠤᠮᠢᠯᠠᠵᠤ ᠬᠡᠷᠡᠭ ᠵᠦᠪᠯᠡᠳᠡᠭ ᠪᠠᠶᠢᠭᠤᠯᠤᠮᠵᠢ ᠪᠤᠯᠤᠨ᠎ᠠ᠃ ᠲᠡᠳᠡᠨ ᠤ ᠵᠦᠪᠳᠡᠨ ᠳᠤᠭᠲᠠᠭᠠᠭᠰᠠᠨ ᠵᠦᠢᠯ ᠢ ᠬᠠᠭᠠᠨ  ᠨᠢ ᠴᠦ ᠵᠦᠷᠢᠴᠡᠵᠤ ᠳᠡᠶᠢᠯᠳᠡᠭ ᠦᠭᠡᠢ ᠪᠠᠶᠢᠭᠰᠠᠨ᠃ ᠨᠠᠶᠢᠷᠠᠯᠲᠤ ᠲᠦᠪ᠂ ᠲᠡᠭᠷᠢ ᠳᠡᠳᠬᠦᠭᠴᠢ ᠶᠢᠨ ᠦᠶ᠎ᠡ ᠠᠴᠠ ᠪᠠᠭᠤᠷᠠᠭᠤᠯᠵᠤ ᠦᠭᠡᠶᠢᠰᠭᠡᠭᠰᠡᠨ ᠠᠴᠠ ᠪᠤᠯᠵᠤ ᠮᠠᠨᠵᠤ ᠴᠢᠩ ᠳᠤᠷᠤᠶᠢᠲᠠᠯ ᠤᠨ ᠵᠠᠮ ᠢᠶᠠᠷ ᠶᠠᠪᠣᠭᠰᠠᠨ ᠪᠠᠶᠢᠨ᠎ᠠ᠃          ᠡᠨᠡᠬᠦ ᠬᠤᠷᠠᠯᠳᠠᠢ ᠶᠢᠨ ᠳᠦᠷᠢᠮ ᠨᠢ ᠬᠠᠤᠯᠢ ᠴᠠᠭᠠᠵᠠ ᠳᠤᠭᠲᠠᠭᠠᠬᠤ᠂ ᠳᠠᠶᠢᠨ ᠤ ᠠᠷᠭ᠎ᠠ ᠪᠤᠳᠤᠯᠭ᠎ᠠ ᠵᠦᠪᠳᠡᠬᠦ ᠠᠴᠠ ᠡᠬᠢᠯᠡᠭᠡᠳ ᠬᠠᠭᠠᠨ ᠰᠤᠩᠭᠤᠬᠤ ᠬᠦᠷᠲᠡᠯ᠎ᠡ ᠪᠦᠬᠦᠨ ᠢ ᠰᠡᠶᠢᠳᠴᠤ ᠪᠠᠶᠢᠳᠠᠭ ᠠᠴᠠ ᠠᠷᠠᠳᠴᠢᠯᠠᠯ  ᠤᠨ ᠰᠢᠨᠵᠢ ᠲᠠᠢ ᠪᠠᠶᠢᠵᠤ᠂ ᠳᠤᠲᠤᠭᠠᠳᠤ ᠶᠢᠨ ᠵᠢᠭᠤᠷᠠᠭᠠᠨ᠂ ᠬᠤᠭᠤᠷᠤᠨᠳᠤ ᠶᠢᠨ ᠣᠯᠠᠨ ᠣᠳᠠᠭᠠᠨ ᠤ ᠳᠠᠶᠢᠨ ᠪᠠ  ᠬᠢᠮᠤᠷᠠᠯ ᠠᠴᠠ ᠪᠦᠲᠦᠮᠵᠢᠲᠠᠢ ᠵᠠᠶᠢᠯᠠᠰᠬᠢᠵᠤ ᠴᠢᠳᠠᠭᠰᠠᠨ ᠶᠤᠮ᠃ ᠵᠢᠱᠢᠶᠠᠯᠠᠪᠠᠯ᠄ ᠴᠢᠩᠭᠢᠰ ᠬᠠᠭᠠᠨ ᠤ ᠵᠠᠯᠭᠠᠮᠵᠢᠯᠠᠭᠴᠢ ᠳᠤᠭᠲᠠᠭᠠᠬᠤ ᠳᠤ ᠵᠦᠴᠢ  ᠴᠠᠭᠠᠳᠠᠢ ᠶᠢᠨ ᠵᠦᠷᠢᠴᠡᠯ ᠠᠴᠠ ᠵᠠᠶᠢᠯᠠᠰᠬᠢᠵᠤ ᠦᠭᠡᠳᠠᠢ ᠶᠢ ᠬᠠᠭᠠᠨ ᠰᠠᠭᠤᠷᠢᠨ ᠳᠤ ᠭᠠᠷᠭᠠᠭᠰᠠᠨ᠂ ᠦᠭᠡᠳᠠᠢ ᠬᠠᠭᠠᠨ ᠤ ᠬᠤᠶᠢᠨ᠎ᠠ ᠠᠴᠠ ᠭᠦᠶᠦᠭ ᠤᠨ ᠳᠠᠷᠠᠭ᠎ᠠ ᠮᠦᠩᠭᠡ ᠬᠠᠭᠠᠨ ᠢ ᠰᠤᠩᠭᠤᠵᠤ ᠮᠣᠩᠭᠤᠯ ᠬᠠᠭᠠᠨᠲᠤ ᠣᠯᠤᠰ ᠤᠨ ᠳᠤᠲᠤᠭᠠᠳᠤ ᠶᠢᠨ ᠬᠢᠮᠤᠷᠠᠯ ᠠᠴᠠ ᠪᠦᠲᠦᠮᠵᠢᠲᠠᠢ ᠰᠠᠯᠤᠭᠰᠠᠨ ᠬᠡᠭᠦ ᠮᠡᠲᠦ᠃ ᠬᠤᠵᠢᠮ ᠨᠢ ᠬᠤᠪᠢᠯᠠᠢ ᠶᠢᠨ ᠬᠢᠲᠠᠳ ᠣᠷᠤᠨ ᠲᠠᠢ ᠬᠠᠷᠢᠯᠴᠠᠵᠤ ᠬᠢᠲᠠᠳ ᠤᠨ ᠬᠠᠭᠠᠨᠲᠤ ᠪᠠᠶᠢᠭᠤᠯᠤᠯ  ᠠᠴᠠ ᠰᠤᠷᠤᠯᠴᠠᠵᠤ᠂ ᠬᠠᠭᠠᠨ ᠤ ᠡᠷᠬᠡ ᠶᠢ ᠲᠦᠪᠯᠡᠷᠡᠭᠦᠯᠬᠦ᠂ ᠦᠶ᠎ᠡ ᠵᠠᠯᠭᠠᠬᠤ ᠮᠡᠲᠦ ᠶᠢᠨ ᠦᠵᠡᠯᠲᠠ ᠠᠪᠳᠠᠯ ᠢ ᠠᠪᠣᠭᠰᠠᠨ ᠠᠴᠠ ᠦᠶ᠎ᠡ ᠦᠶ᠎ᠡ ᠪᠠᠨ ᠬᠦᠷᠬᠦ ᠦᠭᠡᠢ ᠪᠤᠯᠵᠤ ᠪᠠᠭᠤᠷᠠᠨ ᠳᠤᠷᠤᠶᠢᠲᠠᠯ ᠤᠨ ᠵᠠᠮ ᠳᠤ ᠣᠷᠤᠭᠰᠠᠨ ᠨᠢ ᠠᠷᠠᠳᠴᠢᠯᠠᠯ ᠤᠨ ᠳᠤᠭᠲᠠᠮᠵᠢ ᠪᠠᠨ ᠠᠯᠳᠠᠭᠰᠠᠨ ᠲᠠᠢ ᠶᠠᠭ ᠬᠤᠯᠪᠣᠭ᠎ᠠ ᠦᠭᠡᠢ ᠶᠠᠪᠣᠳᠠᠯ ᠪᠢᠰᠢ ᠪᠠᠶᠢᠬ᠎ᠠ︖ ᠡᠷᠬᠡ  ᠶᠢᠨ ᠬᠡᠲᠦ ᠲᠦᠪᠯᠡᠷᠡᠯ ᠠᠴᠠ ᠠᠪᠯᠢᠭᠠᠯ ᠪᠠ ᠳᠤᠷᠤᠶᠢᠲᠠᠯ ᠡᠭᠦᠰᠳᠡᠭ᠃ ᠬᠢᠲᠠᠳ ᠤᠨ ᠲᠦᠷᠦ ᠨᠢ ᠪᠦᠷ ᠯᠠ ᠡᠶᠢᠮᠤ ᠬᠡᠪ ᠳᠦᠷᠢᠮ ᠠᠴᠠ ᠨᠢᠭᠡᠴᠤ ᠰᠠᠯᠳᠠᠭ ᠦᠭᠡᠢ᠂ ᠣᠯᠤᠰ ᠪᠠᠶᠢᠭᠤᠯᠬᠤ ᠦᠶ᠎ᠡ ᠳᠤ ᠨᠢᠭᠡ ᠬᠤᠶᠠᠷ ᠮᠡᠷᠭᠡᠨ ᠡᠵᠡᠨ ᠪᠠᠶᠢᠳᠠᠭ ᠠᠴᠠ ᠭᠠᠳᠠᠨ᠎ᠠ ᠦᠭᠡᠷ᠎ᠡ ᠨᠢ ᠪᠦᠷ ᠯᠠ ᠮᠤᠩᠬᠠᠭ ᠪᠢᠰᠢ ᠪᠤᠯ ᠶᠡᠷᠤ ᠶᠢᠨ ᠪᠠᠶᠢᠵᠤ ᠦᠶ᠎ᠡ ᠦᠶ᠎ᠡ ᠠᠴᠠ  ᠪᠠᠨ ᠪᠠᠭᠤᠷᠠᠭᠰᠠᠭᠠᠷ ᠪᠠᠶᠢᠵᠤ ᠮᠦᠬᠦᠳᠡᠭ ᠪᠠᠶᠢᠨ᠎ᠠ᠃                                           (ᠦᠷᠭᠦᠯᠵᠢᠯᠡᠯ ᠪᠤᠢ )
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号