| | | | ᠨᠢᠭᠡ᠃ ᠦᠨᠳᠦᠰᠦᠲᠡᠨ ᠤ ᠨᠡᠷ᠎ᠡ ᠶᠢᠨ ᠲᠣᠬᠠᠢ | ᠾᠦᠩᠨᠣ ᠭᠡᠳᠡᠭ ᠨᠡᠷ᠎ᠡ ᠶᠢ ᠲᠡᠣᠬᠡᠨ ᠳᠡᠭᠡᠷ᠎ᠡ ᠾᠦᠨ᠂ ᠾᠦᠩᠨᠣ᠂ ᠬᠦᠨᠢ᠂ ᠸᠣᠨ ᠮᠡᠲᠦ ᠪᠠᠷ ᠠᠳᠠᠯᠢ | ᠪᠣᠰᠣ ᠪᠠᠷ ᠪᠢᠴᠢᠵᠣ ᠨᠡᠷᠡᠯᠡᠵᠣ ᠪᠠᠶᠢᠳᠠᠭ᠃ ᠵᠠᠷᠢᠮ ᠰᠣᠳᠣᠯᠣᠭᠴᠢᠳ ᠡᠭᠦᠨ ᠢ ᠣᠳᠣᠬᠢ ᠮᠣᠩᠭᠤᠯ ᠬᠡᠯᠡᠨ ᠤ | ᠬᠦᠮᠦᠨ ᠭᠡᠬᠦ᠂ ᠬᠤᠨ ᠭᠡᠬᠦ᠂ ᠵᠠᠷᠢᠮ ᠨᠢ ᠣᠯᠠᠭᠠᠨ ᠬᠦᠮᠦᠨ ᠭᠡᠬᠦ ᠪᠠᠷ ᠲᠠᠶᠢᠯᠪᠤᠷᠢᠯᠠᠳᠠᠭ ᠪᠣᠯᠪᠠᠴᠣ ᠭᠡᠷᠡᠴᠢ ᠪᠡᠷᠢᠮᠲᠠ | ᠪᠠ ᠢᠲᠡᠭᠡᠯᠭᠡᠬᠦ ᠬᠦᠴᠦᠨ ᠢᠶᠠᠷ ᠲᠣᠲᠠᠮᠠᠭ ᠪᠢᠯᠠ᠃ | ᠾᠦᠩᠨᠣ ᠨᠢ ᠮᠣᠩᠭᠤᠯ ᠤᠨ ᠦᠨᠳᠦᠷᠯᠢᠭ ᠲᠤ ᠭᠤᠷᠪᠠᠨ ᠵᠠᠭᠤᠨ ᠵᠢᠯ ᠮᠠᠨᠳᠣᠵᠣ ᠬᠡᠳᠦᠨ ᠮᠢᠩᠭᠠᠨ ᠵᠢᠯ | ᠣᠷᠣᠰᠢᠭᠰᠠᠨ ᠪᠣᠯ ᠯᠠᠪᠲᠠᠶᠢᠶ᠎ᠠ ᠣᠷᠣ ᠲᠠᠰᠣ ᠦᠭᠡᠢ ᠪᠣᠯᠵᠣ ᠠᠷᠢᠯᠬᠤ ᠶᠣᠰᠣ ᠦᠭᠡᠢ᠃ ᠪᠠᠷᠭᠤᠨᠰᠢ ᠨᠡᠭᠦᠳᠡᠯᠯᠡᠭᠰᠡᠨ | ᠨᠢ ᠪᠠᠶᠢᠳᠠᠭ ᠪᠣᠯᠪᠠᠴᠣ ᠲᠡᠳᠡᠨ ᠤ ᠳᠣᠲᠣᠷᠠᠬᠢ ᠨᠢᠭᠡ ᠬᠡᠰᠡᠨ ᠨᠢ ᠪᠢᠯᠡ᠃ ᠣᠶᠢᠷ᠎ᠠ ᠳᠤ ᠵᠠᠷᠢᠮ ᠡᠷᠳᠡᠮᠲᠠᠳ | ᠡᠸᠦ᠋ᠷᠣᠫᠠ ᠳᠠᠬᠢ ᠾᠦᠩᠨᠣ ᠶᠢᠨ ᠬᠤᠶᠢᠴᠢᠰ ᠬᠡᠮᠡᠭᠳᠡᠬᠦ ᠬᠠᠩᠭᠠᠷᠠᠢ (ᠮᠠᠵᠠᠷ )ᠣᠯᠣᠰ ᠤᠨ ᠠᠷᠠᠳ ᠤᠨ ᠳᠠᠭᠤᠣ | ᠶᠢᠨ ᠠᠶ᠎ᠠ ᠨᠢ ᠭᠠᠨᠰᠣ ᠶᠢᠨ ᠶᠣᠭᠤᠷᠴᠣᠳ ᠤᠨ ᠳᠠᠭᠤᠣ ᠶᠢᠨ ᠠᠶ᠎ᠠ ᠲᠠᠢ ᠭᠠᠶᠢᠬᠠᠮᠠᠷ ᠠᠳᠠᠯᠢ ᠪᠠᠶᠢᠭ᠎ᠠ ᠶᠢ | ᠢᠯᠡᠷᠡᠭᠦᠯᠦᠭᠰᠡᠨ ᠪᠢᠯᠡ᠃ ᠭᠠᠨᠰᠣ ᠬᠦᠬᠡᠨᠠᠭᠤᠷ ᠣᠷᠴᠢᠮ ᠤᠨ ᠶᠣᠭᠤᠷᠴᠣᠳ ᠪᠣᠯᠣᠨ ᠮᠣᠩᠭᠤᠷᠴᠣᠳ᠂ | ᠳ᠋ᠦᠩᠰᠢᠶᠠᠩᠴᠣᠳ ᠪᠣᠯ ᠮᠣᠩᠭᠤᠯ ᠦᠨᠳᠦᠰᠦᠲᠡᠨ ᠤ ᠪᠦᠷᠢᠯᠳᠦᠭᠦᠨ ᠶᠣᠮ᠃ ᠳᠣᠰᠠᠭᠠᠷ ᠦᠨᠳᠦᠰᠦᠲᠡᠨ ᠭᠡᠵᠣ | ᠨᠡᠷᠡᠯᠡᠭᠳᠡᠭᠰᠡᠨ ᠨᠢ1949 ᠣᠨ ᠠᠴᠠ ᠨᠠᠰᠢᠬᠢ ᠶᠢᠨ ᠬᠡᠷᠡᠭ ᠪᠢᠯᠡ᠃ ᠰᠣᠨᠢᠨ ᠮᠡᠳᠡᠭᠡ ᠳᠤ ᠬᠠᠩᠭᠠᠷᠠᠢ ᠶᠢᠨ ᠨᠢᠭᠡ | ᠪᠦᠯᠦᠭ ᠾᠦᠩᠨᠣ ᠶᠢᠨ ᠬᠤᠶᠢᠴᠢᠰ ᠦᠪᠡᠷ ᠤᠨ ᠾᠦᠩᠨᠣ ᠦᠨᠳᠦᠰᠦᠲᠡᠨ ᠢᠶᠠᠨ ᠰᠡᠷᠭᠦᠭᠡᠬᠦ ᠱᠠᠭᠠᠷᠳᠠᠯᠭ᠎ᠠ | ᠭᠠᠷᠭᠠᠭᠰᠠᠨ ᠢ ᠮᠡᠳᠡᠭᠡᠯᠡᠭᠰᠡᠨ ᠪᠠᠶᠢᠳᠠᠭ᠃ | ᠨᠦᠭᠦᠭᠡ ᠲᠠᠯ᠎ᠠ ᠪᠠᠷ ᠶᠡᠭᠡ ᠾᠦᠩᠨᠣ ᠣᠯᠣᠰ ᠤᠨ ᠭᠤᠣᠯ ᠴᠣᠭᠴᠠ ᠨᠢ ᠠᠳᠡ ᠪᠠᠶᠢᠭᠰᠠᠨ ᠤ ᠬᠤᠪᠢ | ᠳᠤ ᠣᠯᠠᠨ ᠣᠳᠠᠭ᠎ᠠ ᠶᠢᠨ ᠣᠯᠣᠰ ᠭᠦᠷᠦᠨ᠂ ᠲᠦᠷᠣ ᠶᠢᠨ ᠬᠤᠪᠢᠷᠠᠯ ᠢ ᠳᠠᠭᠠᠵᠣ ᠮᠣᠩᠭᠤᠯ ᠬᠦᠮᠦᠨ ᠤ ᠳᠣᠮᠳᠠ | ᠣᠪᠤᠭ ᠣᠭᠰᠠᠭ᠎ᠠ ᠶᠢᠨ ᠬᠡᠯᠪᠡᠷᠢ ᠪᠠᠷ ᠦᠯᠡᠳᠡᠵᠣ ᠪᠠᠶᠢᠭ᠎ᠠ ᠭᠡᠵᠣ ᠪᠢ ᠦᠵᠡᠨ᠎ᠡ᠃ ᠲᠣᠬᠠᠢ ᠶᠢᠨ ᠦᠶ᠎ᠡ ᠶᠢᠨ ᠶᠡᠭᠡ | ᠾᠦᠩᠨᠣ ᠭᠦᠷᠦᠨ ᠨᠢ ᠣᠯᠠᠨ ᠦᠨᠳᠦᠰᠦᠲᠠᠨ ᠣᠭᠰᠠᠭᠠᠲᠠᠨ ᠢ ᠵᠠᠬᠢᠷᠣᠭᠰᠠᠨ ᠡᠷᠢᠶᠡᠪᠦᠷ ᠬᠤᠷᠢᠶᠠᠪᠤᠷ ᠣᠯᠣᠰ | ᠪᠠᠶᠢᠭᠰᠠᠨ ᠤ ᠬᠤᠪᠢ ᠳᠤ ᠠᠷᠣ ᠭᠠᠵᠠᠷ ᠤᠨ ᠵᠠᠩᠰᠢᠭᠰᠠᠨ ᠳᠠᠭᠤᠳᠠᠯᠭ᠎ᠠ ᠪᠠᠷ ᠾᠦᠩᠨᠣ ᠡᠵᠡᠯᠡᠵᠣ ᠪᠠᠶᠢᠬᠤ ᠳᠤ | ᠡᠵᠡᠯᠡᠭᠳᠡᠭᠰᠡᠨ ᠣᠪᠤᠭ ᠣᠭᠰᠠᠭ᠎ᠠ ᠨᠢ ᠦᠪᠡᠷ ᠤᠨ ᠣᠯᠣᠰ ᠣᠪᠤᠭ ᠤᠨ ᠢᠶᠠᠨ ᠳᠣᠣᠷ᠎ᠠ ᠨᠢ ᠾᠦᠩᠨᠣ ᠭᠡᠵᠣ ᠨᠡᠮᠡᠨ | ᠲᠣᠳᠣᠳᠬᠠᠳᠠᠭ ᠪᠣᠯ ᠾᠦᠩᠨᠣ ᠪᠠᠭᠤᠷᠠᠭᠰᠠᠨ ᠦᠶ᠎ᠡ ᠳᠤ ᠦᠪᠡᠷ ᠤᠨ ᠨᠡᠷ᠎ᠡ ᠪᠠᠷ ᠶᠠᠪᠤᠵᠣ ᠾᠦᠩᠨᠣ ᠣᠭᠰᠠᠭᠠᠲᠠᠨ | ᠨᠢ ᠬᠠᠷᠢᠨ ᠲᠡᠳᠡᠨ ᠤ ᠨᠡᠷ᠎ᠡ ᠪᠠᠷ ᠲᠣᠳᠣᠳᠬᠠᠵᠣ ᠶᠠᠪᠤᠵᠣ ᠪᠠᠶᠢᠭᠰᠠᠨ ᠪᠣᠯᠣᠯᠴᠠᠭ᠎ᠠ ᠪᠠᠶᠢᠵᠣ ᠪᠣᠯᠬᠤ ᠶᠣᠮ᠃ | ᠮᠣᠩᠭᠤᠯ ᠤᠨ ᠬᠠᠭᠤᠴᠢ ᠶᠠᠷᠢᠶᠠᠨ ᠳᠤ ︽ᠪᠣᠳᠤᠭ ᠠᠷᠢᠯᠬᠤ ᠠᠴᠠ ᠪᠢᠰᠢ ᠣᠳᠣᠮ ᠠᠷᠢᠯᠬᠤ ᠦᠭᠡᠢ | ︾ ᠭᠡᠵᠣ ᠶᠠᠷᠢᠳᠠᠭ᠃ ᠮᠣᠩᠭᠤᠯ ᠤᠨ ᠣᠪᠤᠭ ᠣᠭᠰᠠᠭ᠎ᠠ ᠶᠢ ᠰᠢᠭᠦᠵᠣ ᠦᠵᠡᠪᠡᠯ ᠬᠦᠬᠡᠨᠣᠳ ᠭᠡᠰᠡᠨ ᠣᠪᠤᠭ | ᠠᠶᠢᠮᠠᠭ ᠤᠨ ᠨᠡᠷ᠎ᠡ ᠨᠢ ᠾᠦᠩᠨᠣ ᠲᠠᠢ ᠬᠠᠮᠤᠭ ᠣᠶᠢᠷᠠᠯᠴᠠᠭ᠎ᠠ ᠭᠡᠵᠣ ᠪᠢ ᠦᠵᠡᠨ᠎ᠡ᠃ ᠮᠣᠩᠭᠤᠯ ᠣᠪᠤᠭ ᠠᠶᠢᠮᠠᠭ | ᠤᠨ ᠳᠣᠲᠣᠷ᠎ᠠ ᠬᠦᠬᠡᠨᠣᠳ᠂ ᠰᠢᠷᠠᠨᠣᠳ᠂ ᠣᠯᠠᠭᠠᠨᠣᠳ᠂ ᠴᠠᠭᠠᠨᠣᠳ᠂ ᠬᠠᠷᠠᠨᠣᠳ᠂ ᠪᠣᠷᠣᠨᠣᠳ ᠭᠡᠬᠦ ᠦᠩᠭᠡ ᠪᠠᠷ | ᠨᠡᠷᠡᠯᠡᠭᠰᠡᠨ ᠣᠪᠤᠭ ᠪᠠᠶᠢᠳᠠᠭ᠃ ᠬᠦᠬᠡ ᠦᠩᠭᠡ ᠨᠢ ᠮᠣᠩᠭᠤᠯᠴᠣᠳ ᠤᠨ ᠳᠣᠮᠳᠠ ᠬᠠᠮᠤᠭ ᠡᠷᠬᠢᠮ ᠳᠡᠭᠡᠳᠦ | ᠦᠩᠭᠡ ᠭᠡᠵᠣ ᠬᠦᠨᠳᠦᠯᠡᠭᠳᠡᠳᠡᠭ᠃ ᠮᠣᠩᠭᠤᠯᠵᠣᠳ ᠦᠪᠡᠷ ᠢ ᠪᠠᠨ ᠬᠦᠬᠡ ᠮᠣᠩᠭᠤᠯ ᠭᠡᠳᠡᠭ᠃ ᠲᠦᠷᠦᠭᠴᠣᠳ | ᠦᠪᠡᠷ ᠢ ᠪᠠᠨ ᠬᠦᠬᠡ ᠲᠦᠷᠭᠦᠳ ᠭᠡᠵᠣ ᠲᠣᠳᠣᠳᠬᠠᠨ ᠨᠡᠷᠡᠯᠡᠳᠡᠭ᠃ ᠾᠦᠩᠨᠦᠴᠣᠳ ᠬᠦᠬᠡ ᠲᠡᠭᠷᠢ ᠶᠢ ᠰᠢᠲᠦᠵᠣ | ᠨᠠᠷᠠᠨ ᠰᠠᠷᠠᠨ ᠳᠤ ᠮᠦᠷᠭᠦᠳᠡᠭ ᠣᠴᠢᠷ ᠲᠡᠭᠷᠢ ᠶᠢᠨ ᠬᠦᠬᠡ ᠦᠩᠭᠡ ᠪᠠᠷ ᠦᠪᠡᠷ ᠢ ᠪᠠᠨ ᠨᠡᠷᠡᠯᠡᠵᠣ ᠬᠦᠭᠡᠨᠣᠳ ᠭᠡᠬᠦ | ᠨᠢ ᠶᠣᠰᠣᠨ ᠳᠤ ᠨᠡᠶᠢᠴᠡᠬᠦ ᠶᠠᠪᠤᠳᠠᠯ ᠶᠣᠮ᠃ ᠲᠣᠬᠠᠢ ᠶᠢᠨ ᠦᠶ᠎ᠡ ᠳᠤ ᠣᠷᠲᠣ ᠡᠭᠡᠰᠢᠭ ᠭᠠᠷᠴᠣ ᠢᠷᠡᠭᠡᠳᠦᠢ ᠣᠴᠢᠷ | ᠬᠦᠬᠡᠨᠣᠳ ᠭᠡᠰᠡᠨ ᠢ ᠾᠦᠨᠦᠳ ᠭᠡᠵᠣ ᠶᠠᠷᠢᠵᠣ ᠪᠠᠶᠢᠭᠰᠠᠨ ᠮᠠᠭᠠᠳ᠃ ᠮᠣᠩᠭᠤᠯ ᠣᠯᠣᠰ ᠲᠤ ᠬᠦᠪᠰᠦᠭᠦᠯ | ᠭᠡᠳᠡᠭ ᠨᠠᠭᠤᠷ ᠪᠠᠶᠢᠳᠠᠭ᠂ ᠭᠦᠨ ᠣᠰᠣᠲᠣ ᠨᠠᠭᠤᠷ ᠭᠡᠰᠡᠨ ᠣᠳᠬ᠎ᠠ ᠲᠠᠢ ᠲᠦᠷᠦᠭ ᠦᠭᠡ ᠭᠡᠵᠣ ᠡᠷᠳᠡᠮᠲᠠᠳ | ᠲᠠᠶᠢᠯᠪᠤᠷᠢᠯᠠᠳᠠᠭ᠃ ᠪᠢ ᠦᠵᠡᠪᠡᠯ ᠬᠦᠬᠡ ᠨᠠᠭᠤᠷ ᠭᠡᠰᠡᠨ ᠾᠦᠩᠨᠣ ᠦᠭᠡ ᠪᠣᠯᠪᠠᠣ᠃ ᠾᠦᠩᠨᠣᠴᠣᠳ ᠦᠪᠡᠷ ᠢ | ᠪᠠᠨ ︽ᠬᠣ᠋︾ ᠭᠡᠵᠣ ᠬᠢᠲᠠᠳ ᠢᠶᠠᠷ ᠪᠠᠭᠤᠯᠭᠠᠨ ᠪᠢᠴᠢᠳᠡᠭ᠃ ︽ᠡᠮᠦᠨ᠎ᠡ ᠶᠡᠭᠡ ᠬᠠᠨ ᠣᠯᠣᠰ ᠪᠠᠶᠢᠮᠣᠢ᠂ ᠣᠮᠠᠷ᠎ᠠ | ᠳᠤ ᠬᠦᠴᠦᠷᠬᠡᠭ ᠬᠣ᠋ ᠪᠠᠶᠢᠮᠣᠢ᠂ ᠬᠣ᠋ ᠬᠡᠮᠡᠭᠴᠢ ᠲᠡᠭᠷᠢ ᠶᠢᠨ ᠬᠤᠳᠣᠭᠲᠣ ᠦᠷᠯᠣᠭ᠌ ᠤᠳ ᠪᠣᠶᠣ︾ ᠭᠡᠵᠣ ᠾᠦᠩᠨᠣ | ᠶᠢᠨ ᠴᠠᠨ ᠢᠣᠢ ᠠᠴᠠ ᠬᠠᠨ ᠣᠯᠣᠰ ᠤᠨ ᠬᠠᠭᠠᠨ ᠳᠤ ᠶᠠᠪᠤᠭᠤᠯᠣᠭᠰᠠᠨ ᠵᠠᠬᠢᠳᠠᠯ ᠳᠠᠭᠠᠨ ᠪᠢᠴᠢᠭᠰᠡᠨ ᠪᠠᠶᠢᠳᠠᠭ᠃ | ᠡᠭᠦᠨ ᠳᠤ ᠶᠡᠭᠡ ᠬᠠᠨ ᠭᠡᠳᠡᠭ ᠨᠢ ᠬᠠᠨ ᠣᠯᠣᠰ ᠤᠨ ᠬᠦᠮᠦᠨ ᠠᠷᠪᠢᠨ ᠡᠳ᠋ ᠪᠣᠳᠠᠰ ᠡᠯᠪᠡᠭ ᠢ ᠵᠢᠭᠠᠵᠣ᠂ | ᠬᠦᠴᠦᠷᠬᠡᠭ ᠬᠣ᠋ ᠭᠡᠳᠡᠭ ᠨᠢ ᠦᠪᠡᠷ ᠤᠨ ᠴᠡᠷᠢᠭ ᠳᠠᠶᠢᠨ ᠳᠤ ᠭᠠᠷᠮᠠᠭᠠᠢ ᠶᠢ ᠵᠢᠭᠠᠵᠣ ᠪᠠᠶᠢᠨ᠎ᠠ᠃ ︽ ᠲᠡᠭᠷᠢ ᠶᠢᠨ | ᠬᠤᠳᠣᠭᠲᠣ ᠦᠷᠯᠦᠭ︾ ᠭᠡᠵᠣ ᠦᠪᠡᠷ ᠢ ᠪᠠᠨ ᠮᠠᠨᠳᠣᠭᠤᠯᠵᠣ ᠬᠠᠨ ᠣᠯᠣᠰ ᠢ ᠳᠣᠷᠣᠮᠰᠢᠶᠠᠭᠰᠠᠨ ᠣᠳᠬ᠎ᠠ ᠲᠠᠢ | ᠪᠣᠯᠪᠠᠴᠣ ᠦᠪᠡᠷ ᠢ ᠪᠠᠨ ᠲᠡᠭᠷᠢ ᠲᠠᠢ ᠣᠶᠢᠷᠠᠲᠣᠭᠤᠯᠵᠣ ᠬᠡᠯᠡᠳᠡᠭ ᠠᠴᠠ ᠨᠢ ᠬᠦᠬᠡ ᠦᠩᠭᠡ ᠪᠠᠷ ᠦᠪᠡᠷ ᠢ ᠪᠠᠨ | ᠨᠡᠷᠡᠯᠡᠭᠰᠡᠨ ᠢ ᠨᠢ ᠣᠶᠢᠯᠠᠭᠠᠵᠣ ᠪᠣᠯᠬᠤ ᠶᠣᠮ᠃ ︽ᠬᠣ᠋ ᠨᠤᠭᠤᠳ︾ ᠭᠡᠵᠣ ᠬᠢᠲᠠᠳ ᠤᠨ ᠬᠡᠯᠡᠳᠡᠭ ᠨᠢ ᠾᠦ᠋ᠨᠣᠳ | ᠪᠣᠶᠣ ᠬᠤᠨᠣᠳ᠂ ᠣᠳᠣ ᠶᠢᠨ ᠬᠦᠬᠡᠨᠣᠳ ᠭᠡᠰᠡᠨ ᠣᠳᠬ᠎ᠠ ᠲᠠᠢ ᠪᠣᠯᠪᠠᠣ᠃ | ᠰᠢᠷᠨᠣᠳ ᠭᠡᠳᠡᠭ ᠠᠶᠢᠮᠠᠭ ᠢ ᠰᠢᠷ᠎ᠠ ᠨᠢᠳᠦᠨ ᠭᠡᠵᠣ ᠲᠠᠶᠢᠯᠪᠦᠷᠢᠯᠠᠳᠠᠭ ᠰᠢᠭ᠋ ᠬᠦᠬᠡᠨᠣᠳ ᠭᠡᠳᠡᠭ ᠨᠡᠷ᠎ᠡ | ᠶᠢᠨ ᠣᠨᠳᠣᠣ ᠨᠢᠭᠡ ᠣᠳᠬ᠎ᠠ ᠨᠢ ᠬᠦᠬᠡ ᠨᠢᠳᠦᠨ ᠭᠡᠳᠡᠭ ᠦᠭᠡ ᠶᠣᠮ᠃ ᠮᠣᠩᠭᠤᠯ ᠣᠯᠣᠰ ᠲᠤ ᠪᠣᠯᠣᠭᠰᠠᠨ | ᠾᠦᠩᠨᠣ ᠶᠢᠨ ᠣᠩᠭᠤᠨ ᠤ ᠮᠠᠯᠲᠠᠯᠭ᠎ᠠ ᠠᠴᠠ ᠦᠵᠡᠬᠦ ᠳᠤ ᠣᠯᠠᠩᠬᠢ ᠾᠦᠩᠨᠣ ᠶᠢᠨ ᠢᠵᠠᠭᠤᠷᠲᠠᠨ ᠨᠢ ᠺᠠᠣᠺᠠᠰ | ᠶᠠᠰᠣᠲᠠᠨ ᠠᠵᠢ᠃ ᠨᠣᠶᠠᠨ ᠠᠭᠤᠯᠠ ᠠᠴᠠ ᠭᠠᠷᠣᠭᠰᠠᠨ ᠾᠦᠩᠨᠣ ᠶᠢᠨ ᠢᠵᠠᠭᠤᠷᠲᠠᠨ ᠤ ᠬᠠᠳᠬᠤᠮᠠᠯ ᠬᠦᠷᠦᠭ | ᠳᠡᠭᠡᠷ᠎ᠡ ᠨᠢ ᠶᠡᠭᠡ ᠰᠠᠬᠠᠯᠲᠣ᠂ ᠬᠦᠬᠡ ᠨᠢᠳᠦᠲᠦ ᠬᠦᠮᠦᠨ ᠢᠶᠠᠷ ᠵᠢᠷᠣᠭᠯᠠᠭᠰᠠᠨ ᠪᠠᠶᠢᠳᠠᠭ᠃ ᠬᠠᠨ ᠣᠯᠣᠰ ᠤᠨ | ᠣᠩᠭᠤᠨ ᠳᠠᠬᠢ ᠾᠦᠩᠨᠣ ᠲᠠᠢ ᠪᠠᠶᠢᠯᠳᠣᠵᠣ ᠪᠠᠶᠢᠭ᠎ᠠ ᠬᠠᠨ᠎ᠠ ᠶᠢᠨ ᠵᠢᠷᠤᠭ ᠪᠠ ᠾᠦᠸᠧ ᠴᠢᠣᠢ ᠪᠢᠩ ᠤᠨ | ᠣᠩᠭᠤᠨ ᠤ ᠡᠮᠦᠨ᠎ᠡ ᠪᠠᠶᠢᠭ᠎ᠠ ᠮᠣᠷᠢᠨ ᠳᠣᠣᠷ᠎ᠠ ᠬᠢᠰᠬᠢᠯᠡᠭᠳᠡᠭᠰᠡᠨ ᠾᠦᠩᠨᠣ ᠬᠦᠮᠦᠨ ᠤ ᠰᠡᠶᠢᠯᠦᠮᠡᠯ ᠨᠢ ᠪᠦᠷ | ᠣᠷᠲᠣ ᠰᠡᠷᠪᠡᠭᠡᠷ ᠰᠠᠬᠠᠯᠲᠣ᠂ ᠦᠨᠳᠦᠷ ᠬᠠᠮᠠᠷᠲᠣ ᠳᠣᠮᠳᠠ ᠠᠽᠢᠶ᠎ᠠ ᠶᠢᠨ ᠬᠦᠮᠦᠨ ᠢᠶᠠᠷ ᠳᠦᠷᠰᠦᠯᠡᠭᠳᠡᠵᠣ ᠪᠠᠶᠢᠨ᠎ᠠ᠃ | ᠲᠣᠬᠠᠢ ᠶᠢᠨ ᠦᠶ᠎ᠡ ᠶᠢᠨ ᠾᠦᠩᠨᠣ ᠳᠤ ᠳᠠᠭᠠᠭᠰᠠᠨ ᠳᠣᠮᠳᠠ ᠠᠽᠢ ᠶᠢᠨ ᠫᠧᠷᠢᠰ ᠮᠡᠲᠣ ᠶᠢᠨ ᠴᠠᠭᠠᠨ ᠠᠷᠠᠰᠣᠲᠠᠨ | ᠴᠡᠷᠢᠭ ᠪᠠᠶᠢᠵᠣ ᠪᠣᠯᠣᠨ᠎ᠠ ᠭᠡᠵᠣ ᠲᠠᠶᠢᠯᠪᠤᠷᠢᠯᠠᠵᠣ ᠪᠣᠯᠬᠤ ᠪᠣᠯᠪᠠᠴᠣ ᠵᠢᠷᠤᠭ ᠲᠤ ᠣᠯᠠᠩᠬᠢ ᠴᠡᠷᠢᠭ ᠨᠢ ᠪᠦᠷ ᠡᠶᠢᠮᠣ | ᠶᠠᠩᠵᠣ ᠲᠠᠢ ᠪᠣᠯᠬᠤᠷ ᠬᠦᠬᠡ ᠨᠢᠳᠦᠲᠡᠨ ᠭᠡᠵᠣ ᠨᠡᠷᠡᠯᠡᠬᠦ ᠨᠢ ᠴᠣ᠋ ᠪᠠᠰᠠ ᠶᠣᠰᠣ ᠲᠠᠢ ᠪᠠᠶᠢᠬ᠎ᠠ᠃ | ᠡᠷᠲᠡᠨ ᠤ ᠭᠷᠢᠲ᠋ᠠᠢ ᠶᠢᠨ ᠴᠢᠯᠠᠭᠤᠨ ᠬᠦᠰᠢᠶ᠎ᠡ ᠶᠢᠨ ᠪᠢᠴᠢᠭ ᠭᠡᠵᠣ ᠪᠠᠶᠢᠳᠠᠭ᠃ ᠲᠡᠭᠦᠨ ᠳᠡᠭᠡᠷ᠎ᠡ ᠣᠳᠣ | ᠶᠢᠨ ᠮᠣᠩᠭᠤᠯ ᠠᠶᠢᠮᠠᠭ ᠤᠨ ᠨᠡᠷ᠎ᠡ ᠰᠡᠶᠢᠯᠣᠭ᠍ᠳᠡᠵᠣ ᠪᠠᠶᠢᠳᠠᠭ ᠭᠡᠰᠡᠨ ᠨᠢ ᠭᠠᠶᠢᠬᠠᠯᠲᠠᠢ᠃ ᠾᠦᠨ᠂ ᠳᠠᠭᠤᠷ᠂ ᠪᠠᠷᠭᠤ | ᠂ ᠭᠠᠯᠠᠭᠤᠨ᠂ ᠬᠢᠲᠠᠨ᠂᠂᠂᠂ ᠭᠡᠵᠣ ᠣᠯᠠᠨ ᠣᠪᠤᠭ ᠢ ᠪᠢᠴᠢᠵᠣ ᠪᠠᠶᠢᠳᠠᠭ ᠪᠦᠭᠡᠳ ᠬᠢᠲᠠᠨ᠂ ᠪᠠᠷᠭᠤ᠂ ᠳᠠᠭᠤᠷ | ᠪᠣᠯ ᠭᠠᠷᠣᠯ ᠨᠢᠭᠡ ᠲᠠᠢ ᠭᠡᠵᠣ ᠪᠢᠴᠢᠵᠣ ᠪᠠᠶᠢᠳᠠᠭ ᠭᠡᠨ᠎ᠡ᠃ ᠭᠡᠪᠡᠴᠣ ᠭᠷᠢᠲ᠋ᠠᠢ ᠶᠢᠨ ᠪᠢᠴᠢᠭ ᠢ ᠡᠳᠦᠢ ᠪᠣᠯᠲᠠᠯ᠎ᠠ | ᠲᠠᠶᠢᠯᠵᠣ ᠣᠩᠰᠢᠵᠣ ᠪᠦᠷᠢᠨ ᠳᠡᠶᠢᠯᠦᠭᠡ ᠦᠭᠡᠢ ᠨᠢ ᠬᠠᠷᠠᠮᠰᠠᠯᠲᠠᠢ᠃ ᠭᠡᠪᠡᠴᠣ ᠦᠰᠦᠭᠯᠡᠵᠣ ᠣᠩᠰᠢᠭᠰᠠᠨ ᠣᠪᠤᠭ | ᠠᠶᠢᠮᠠᠭ ᠤᠨ ᠳᠣᠲᠣᠷ᠎ᠠ ᠾᠦᠨ ᠨᠢ ᠬᠠᠮᠤᠭ ᠲᠡᠷᠢᠭᠦᠨ ᠳᠤ ᠪᠢᠴᠢᠭᠳᠡᠵᠣ ᠪᠠᠶᠢᠳᠠᠭ ᠭᠡᠨ᠎ᠡ᠃ ᠪᠠᠷᠭᠤ ᠪᠣᠷᠢᠶᠠᠳ ᠤᠨ | ᠪᠦᠭᠡ ᠨᠠᠷ ᠳᠡᠭᠡᠳᠦᠰ ᠤᠨ ᠳᠠᠭᠤᠳᠠᠯᠭ᠎ᠠ ᠳᠠᠭᠠᠨ ︽ᠬᠠᠷ᠎ᠠ ᠲᠠᠯᠠᠢ ᠶᠢ ᠬᠠᠪᠲᠠᠰᠣᠨ ᠣᠩᠭᠤᠴᠠ ᠪᠠᠷ ᠲᠣᠭᠤᠯᠣᠨ | ᠢᠷᠡᠭᠰᠡᠨ︾ ᠭᠡᠳᠡᠭ ᠨᠢ ᠴᠣ᠋ ᠶᠠᠮᠠᠷ ᠨᠢᠭᠡ ᠶᠢ ᠦᠭᠦᠯᠡᠵᠣ ᠪᠠᠶᠢᠭ᠎ᠠ ᠮᠡᠲᠣ᠃ ᠲᠡᠭᠦᠨᠴᠡ ᠲᠣᠬᠠᠢ ᠶᠢᠨ ᠾᠦᠩᠨᠣ ᠶᠢᠨ | ᠬᠠᠭᠠᠳ ᠤᠨ ᠬᠡᠯᠡᠳᠡᠭ ᠬᠤᠶᠠᠷ ᠮᠢᠩᠭᠠᠨ ᠵᠢᠯ ᠤᠨ ᠲᠡᠣᠬᠡ ᠲᠠᠢ ᠭᠡᠳᠡᠭ ᠨᠢ ᠴᠣ᠋ ᠦᠨᠡᠨ ᠦᠭᠡ ᠪᠣᠯᠬᠤ ᠶᠢ | ᠬᠡᠷᠡᠴᠢᠯᠡᠵᠣ ᠪᠣᠯᠣᠨ᠎ᠠ᠃ ᠡᠭᠦᠨᠴᠡ ᠾᠦᠩᠨᠦᠴᠣᠳ ᠨᠢ ᠮᠣᠩᠭᠤᠯ ᠤᠨ ᠦᠨᠳᠦᠷᠯᠢᠭ ᠠᠴᠠ ᠡᠭᠦᠰᠦᠭᠰᠡᠨ ᠶᠣᠮ ᠤᠤ᠂ | ᠡᠰᠡᠭᠦᠯ᠎ᠡ ᠪᠠᠷᠠᠭᠤᠨ ᠠᠴᠠ ᠨᠡᠭᠦᠳᠡᠯᠡᠵᠣ ᠢᠷᠡᠭᠰᠡᠨ ᠭᠡᠳᠡᠭ ᠢ ᠰᠣᠳᠣᠯᠵᠣ ᠪᠣᠯᠣᠮᠠᠷ ᠶᠣᠮ᠃ | ᠾᠦᠩᠨᠦᠴᠣᠳ ᠬᠦᠬᠡ ᠴᠢᠨ᠋ᠸ᠎ᠠ ᠪᠠᠷ ᠰᠢᠲᠦᠭᠡᠨ ᠪᠣᠯᠭᠠᠵᠣ ᠴᠢᠨ᠋ᠸ᠎ᠠ ᠶᠢᠨ ᠵᠢᠷᠤᠭ ᠲᠠᠢ ᠲᠤᠭ ᠢ ᠡᠷᠭᠦᠵᠣ | ᠳᠠᠶᠢᠨ ᠪᠠᠶᠢᠯᠳᠣᠭᠠᠨ ᠬᠢᠳᠡᠭ᠃ ᠡᠨᠡᠬᠦ ᠴᠢᠨ᠋ᠸ᠎ᠠ ᠶᠢᠨ ᠰᠦᠯᠳᠡ ᠶᠢ ᠲᠦᠷᠭᠦᠳ ᠤᠳ ᠵᠠᠯᠭᠠᠮᠵᠢᠯᠠᠵᠣ ᠬᠠᠭᠠᠳ ᠤᠨ | ᠦᠷᠦᠭᠡᠨ ᠤ ᠡᠮᠦᠨ᠎ᠡ ᠪᠠᠨ ᠠᠯᠲᠠᠨ ᠴᠢᠨ᠋ᠸ᠎ᠠ ᠶᠢᠨ ᠲᠣᠯᠣᠭᠠᠢ ᠶᠢᠨ ᠰᠡᠶᠢᠯᠦᠮᠡᠯ ᠢ ᠡᠯᠭᠦᠳᠡᠭ ᠭᠡᠰᠡᠨ᠃ ᠲᠦᠷᠦᠭᠴᠣᠳ | ᠤᠨ ᠣᠯᠠᠩᠬᠢ ᠨᠢ ᠪᠠᠰᠠ ᠴᠠᠭᠠᠨ ᠠᠷᠠᠰᠣᠲᠠᠨ ᠪᠠᠶᠢᠳᠠᠭ᠃ ᠣᠳᠣ ᠶᠢᠨ ᠲᠦᠷᠺᠴᠣᠳ ᠪᠠᠰᠠ ᠵᠢᠷᠤᠭ ᠲᠠᠭᠠᠨ | ᠴᠢᠨ᠋ᠸ᠎ᠠ ᠶᠢᠨ ᠵᠢᠷᠤᠭ ᠢ ᠵᠢᠷᠣᠬᠤ ᠳᠣᠷᠠᠲᠠᠢ ᠪᠠᠶᠢᠳᠠᠭ ᠪᠠᠶᠢᠨ᠎ᠠ᠃ ᠬᠤᠵᠢᠮ ᠤᠨ ᠮᠣᠩᠭᠤᠯ ᠣᠯᠣᠰ ᠨᠢ ᠬᠡᠳᠦᠶᠢᠪᠡᠷ | ᠴᠢᠨ᠋ᠸ᠎ᠠ ᠶᠢᠨ ᠲᠤᠭ ᠡᠯᠭᠦᠵᠣ ᠴᠢᠨ᠋ᠸ᠎ᠠ ᠶᠢᠨ ᠰᠦᠯᠳᠡ ᠶᠢ ᠳᠠᠬᠢᠳᠠᠭ ᠦᠭᠡᠢ ᠴᠣ᠋ ᠪᠦᠷᠢᠳᠡ ᠴᠢᠨ᠋ᠸ᠎ᠠ ᠶᠢᠨ ᠳᠣᠮᠤᠭ ᠢ | ᠣᠯᠠᠨ ᠪᠦᠭᠦᠳᠡᠭᠡᠷ ᠮᠡᠳᠡᠵᠣ ᠪᠠᠶᠢᠭ᠎ᠠ ᠪᠣᠯᠬᠤᠷ ᠠᠳᠡ ᠶᠠᠷᠢᠬᠤ ᠦᠭᠡᠢ᠃ ᠲᠡᠣᠬᠡᠨ ᠳᠤ ᠴᠢᠩᠭᠢᠰ ᠬᠠᠭᠠᠨ ᠢ ᠮᠣᠣᠷ | ᠤᠨ ᠨᠣᠭᠤᠭᠠᠨ ᠨᠢᠳᠣ ᠲᠠᠢ᠂ ᠣᠯᠠᠭᠠᠨ ᠪᠣᠷᠣ ᠦᠰᠦ ᠲᠠᠢ ᠭᠡᠵᠣ ᠲᠡᠮᠳᠡᠭᠯᠡᠵᠣ ᠪᠠᠶᠢᠨ᠎ᠠ᠃ ︽ᠰᠣᠳᠣᠷ ᠤᠨ | ᠴᠢᠭᠤᠯᠭᠠᠨ︾ ᠳᠤ ᠴᠣ᠋ ᠶᠢᠰᠦᠭᠡᠢ ᠪᠠᠭᠠᠲᠣᠷ ᠢ ᠴᠡᠩᠬᠡᠷ ᠨᠣᠭᠤᠭᠠᠨ ᠨᠢᠳᠣ ᠲᠠᠢ᠂ ᠣᠯᠠᠭᠠᠪᠲᠣᠷ ᠪᠣᠷᠵᠢᠬᠢᠷ ᠦᠰᠦ | ᠲᠠᠢ ᠭᠡᠵᠣ ᠲᠡᠮᠳᠡᠭᠯᠡᠵᠣ ᠪᠠᠶᠢᠨ᠎ᠠ᠃ ᠡᠳᠡᠭᠡᠷ ᠨᠢ ᠪᠦᠷ ᠴᠣ᠋ ᠺᠠᠣᠺᠠᠰ ᠴᠢᠰᠣ ᠬᠤᠯᠢᠯᠳᠣᠭᠰᠠᠨ ᠤ ᠰᠢᠨᠵᠢ ᠳᠡᠮᠳᠡᠭ | ᠪᠢᠯᠡ᠃ ᠮᠣᠩᠭᠤᠯ ᠬᠦᠮᠦᠨ ᠤ ᠳᠣᠲᠣᠷ᠎ᠠ ᠣᠳᠣ ᠴᠣ᠋ ᠭᠡᠰᠡᠨ ᠣᠯᠠᠪᠢᠷ ᠪᠣᠷᠵᠢᠭᠢᠷ ᠮᠣᠰᠭᠢᠷᠣᠯᠳᠣᠭᠰᠠᠨ ᠦᠰᠦ ᠲᠠᠢ᠂ | ᠬᠦᠬᠡᠪᠲᠦᠷ ᠪᠣᠶᠣ ᠨᠣᠭᠤᠭᠠᠪᠲᠣᠷ ᠨᠢᠳᠣ ᠲᠠᠢ ᠬᠦᠮᠦᠰ ᠣᠯᠠᠨ ᠳᠣᠬᠢᠶᠠᠯᠳᠣᠬᠤ ᠪᠢᠯᠡ᠃ | ᠡᠭᠦᠨᠴᠡ ᠾᠦᠩᠨᠣ ᠭᠡᠰᠡᠨ ᠨᠢ ᠬᠦᠬᠡ ᠦᠩᠭᠡ ᠪᠠᠷ ᠦᠪᠡᠷ ᠢ ᠪᠠᠨ ᠨᠡᠷᠡᠯᠡᠭᠰᠡᠨ ᠦᠨᠳᠦᠰᠦᠲᠡᠨ ᠪᠣᠶᠣ | ᠬᠤᠵᠢᠮ ᠤᠨ ᠬᠦᠬᠡ ᠲᠦᠷᠭᠦᠳ᠂ ᠬᠦᠬᠡ ᠮᠣᠩᠭᠤᠯ ᠭᠡᠳᠡᠭ ᠨᠢ ᠾᠦᠩᠨᠣ ᠶᠢᠨ ᠵᠠᠩᠰᠢᠯ ᠠᠴᠠ ᠵᠠᠯᠭᠠᠮᠵᠢᠯᠠᠵᠣ | ᠠᠪᠤᠭᠰᠠᠨ ᠪᠣᠯᠪᠠᠣ ᠭᠡᠵᠣ ᠦᠵᠡᠵᠣ ᠪᠠᠶᠢᠨ᠎ᠠ᠃ | ᠲᠡᠣᠬᠡᠨ ᠳᠡᠭᠡᠷ᠎ᠡ ᠮᠣᠩᠭᠤᠯ ᠬᠠᠭᠠᠨᠲᠣ ᠣᠯᠣᠰ ᠨᠢ ᠦᠪᠡᠷ ᠢ ᠪᠠᠨ ᠾᠦᠩᠨᠣ ᠶᠢᠨ ᠵᠠᠯᠭᠠᠮᠵᠢ ᠣᠯᠣᠰ | ᠭᠡᠵᠣ ᠦᠵᠡᠳᠡᠭ᠃ ᠴᠢᠩᠭᠢᠰ ᠬᠠᠭᠠᠨ ᠴᠠᠩᠴᠦ᠋ᠨ ᠪᠣᠮᠪᠤ ᠴᠢᠣ ᠴᠦ᠋ ᠶᠢ ᠳᠤ ᠢᠯᠡᠭᠡᠭᠰᠡᠨ ᠵᠠᠷᠯᠢᠭ ᠤᠨ ᠪᠢᠴᠢᠭ | ᠲᠡᠭᠡᠨ ︽ᠮᠠᠨ ᠤ ᠴᠠᠨ ᠢᠣᠢ ᠶᠢᠨ ᠣᠯᠣᠰ︾ ᠭᠡᠵᠣ ᠬᠡᠳᠦᠨᠲᠡ ᠳᠣᠷᠠᠳᠣᠭᠰᠠᠨ ᠪᠠᠶᠢᠳᠠᠭ᠃ ᠬᠡᠳᠦᠶᠢᠪᠡᠷ ᠲᠡᠷᠡ | ᠵᠠᠷᠯᠢᠭ ᠢ ᠳᠣᠭᠤᠷᠪᠢᠭᠰᠠᠨ ᠬᠦᠮᠦᠨ ᠨᠢ ᠬᠢᠲᠠᠨ ᠭᠠᠷᠣᠯᠲᠠᠢ ᠶᠧᠯᠦᠢ ᠠᠬᠠᠢ ᠪᠣᠯᠪᠠᠴᠣ ᠲᠣᠬᠠᠢ ᠶᠢᠨ ᠦᠶ᠎ᠡ ᠶᠢᠨ | ᠭᠤᠣᠯ ᠦᠵᠡᠯᠲᠡ ᠶᠢ ᠲᠦᠯᠦᠭᠡᠯᠡᠵᠣ ᠪᠠᠶᠢᠭ᠎ᠠ ᠨᠢ ᠮᠠᠷᠭᠤᠰᠢ ᠦᠭᠡᠢ᠃ ᠶᠧᠯᠦᠢ ᠠᠬᠠᠢ ᠭᠡᠳᠡᠭ ᠬᠦᠮᠦᠨ ᠮᠣᠩᠭᠤᠯ | ᠤᠨ ᠲᠡᠣᠬᠡᠨ ᠳᠤ ᠦᠵᠡᠭᠦᠯᠦᠭᠰᠡᠨ ᠨᠦᠯᠦᠭᠡ ᠶᠢ ᠪᠢᠴᠢᠭ ᠪᠠᠷᠢᠮᠲᠠ ᠳᠤ ᠲᠡᠳᠦᠢ ᠲᠡᠮᠳᠡᠭᠯᠡᠵᠣ ᠪᠠᠶᠢᠭ᠎ᠠ ᠨᠢ ᠳᠡᠮᠡᠢ | ᠦᠭᠡᠢ ᠪᠣᠯᠪᠠᠴᠣ᠂ ᠴᠢᠩᠭᠢᠰ ᠬᠠᠭᠠᠨ ᠤ ᠵᠦᠪᠯᠡᠭᠴᠢ ᠪᠣᠯᠣᠭᠰᠠᠨ ᠤ ᠬᠤᠪᠢ ᠳᠤ ᠣᠶᠢᠯᠡᠳᠦᠯ ᠢ ᠨᠢ | ᠣᠮᠳᠣᠭᠠᠶᠢᠯᠠᠵᠣ ᠪᠣᠯᠣᠰᠢ ᠦᠭᠡᠢ ᠭᠡᠵᠣ ᠪᠣᠳᠣᠨ᠎ᠠ᠃ ᠡᠭᠦᠨ ᠢ ᠲᠣᠰ ᠠᠭᠤᠯᠭ᠎ᠠ ᠲᠠᠢ ᠳᠡᠮᠡᠢ ᠬᠠᠪᠢᠳᠠᠬᠤ ᠦᠭᠡᠢ | ᠪᠣᠯᠬᠤᠷ ᠣᠯᠠᠨ ᠶᠠᠷᠢᠬᠤ ᠦᠭᠡᠢ᠃ | ᠶᠤᠸᠠᠨ ᠣᠯᠣᠰ ᠤᠨ ᠶᠤᠸᠠᠨ ᠭᠡᠳᠡᠭ ᠨᠢ ᠮᠣᠩᠭᠤᠯ ᠦᠰᠦᠭ ᠢᠶᠠᠷ ︽ᠦᠨ︾ ᠭᠡᠵᠣ | ᠲᠡᠮᠳᠡᠭᠯᠡᠳᠡᠭ᠃ ᠡᠭᠦᠨ ᠢ ︽ᠾᠦᠨ︾ ᠭᠡᠳᠡᠭ ᠦᠭᠡ ᠶᠢ ᠮᠦᠷᠳᠡᠭᠰᠡᠨ ᠪᠣᠶᠣ ᠬᠢᠲᠠᠳ ᠦᠰᠦᠭ ᠲᠠᠢ | ᠳᠣᠬᠢᠷᠠᠯᠴᠠᠭᠤᠯᠵᠣ ︽ᠶᠤᠸᠠᠨ︾ ᠭᠡᠵᠣ ᠠᠪᠤᠭᠰᠠᠨ ᠭᠡᠳᠡᠭ ᠦᠵᠡᠯᠲᠡ ᠶᠢ ᠪᠠᠷᠢᠮᠲᠠᠯᠠᠳᠠᠭ ᠡᠷᠳᠡᠮᠲᠡᠳ ᠴᠣ᠋ ᠪᠠᠶᠢᠳᠠᠭ᠃ | ︽ᠨᠢᠭᠤᠴᠠ ᠳᠣᠪᠴᠢᠶᠠᠨ︾ ᠳᠤ ︽ᠦ︾ ᠶᠢ ᠪᠦᠷ ︽ᠾᠦ᠋︾ ᠪᠠᠷ ᠭᠠᠯᠢᠭᠯᠠᠭᠰᠠᠨ ᠪᠠᠶᠢᠨ᠎ᠠ᠃ ᠵᠢᠱᠢᠶᠡᠯᠡᠪᠡᠯ᠂ | ︽ᠣᠭᠲᠣᠯᠵᠣ︾ ᠭᠡᠰᠡᠨ ᠦᠭᠡ ᠶᠢ ︽ᠾᠦᠭᠡᠲᠦᠯᠡᠵᠣ︾ ᠭᠡᠵᠣ ᠭᠠᠯᠢᠭᠯᠠᠭᠰᠠᠨ ᠨᠢ ᠲᠡᠷᠡ ᠦᠶ᠎ᠡ ᠶᠢᠨ ᠮᠣᠩᠭᠤᠯ | ᠬᠦᠮᠦᠰ ᠨᠢ ᠪᠦᠷ ᠲᠡᠭᠡᠵᠣ ᠶᠠᠷᠢᠵᠣ ᠪᠠᠶᠢᠭᠰᠠᠨ ᠶᠣᠮ ᠤᠤ ︖ ᠭᠡᠮᠡᠷ᠃ | ᠠᠯᠲᠠᠨ ᠣᠯᠣᠰ ᠤᠨ ᠸᠠᠩᠬᠢᠩ ᠴᠧᠩᠰᠢᠶᠠᠩ ᠠᠴᠠ ᠴᠢᠩᠭᠢᠰ ᠬᠠᠭᠠᠨ ᠳᠤ ᠡᠷᠭᠦᠮᠵᠢᠯᠡᠭᠰᠡᠨ ᠨᠡᠷ᠎ᠡ ᠨᠢ | ︽ᠴᠠᠬᠤᠨ ᠬᠤᠷᠢ︾ ᠭᠡᠵᠣ ︽ᠮᠣᠩᠭᠤᠯ ᠤᠨ ᠨᠢᠭᠤᠴᠠ ᠳᠣᠪᠴᠢᠶᠠᠨ︾ ᠳᠤ ᠲᠡᠮᠳᠡᠭᠯᠡᠵᠣ ᠪᠠᠶᠢᠳᠠᠭ᠃ | ᠦᠨᠡᠨᠳᠡᠭᠡᠨ ︽ᠴᠠᠨ ᠢᠣᠢ︾ ᠭᠡᠳᠡᠭ ᠦᠭᠡ ᠶᠢ ᠵᠦᠷᠴᠢᠨ ᠠᠶᠠᠯᠭᠤ ᠪᠠᠷ ᠶᠠᠷᠢᠭᠰᠠᠨ ᠰᠢᠭ᠋ ᠶᠣᠮ᠃ ᠨᠢᠭᠡ | ᠣᠯᠣᠰ ᠤᠨ ᠴᠧᠩᠰᠢᠶᠠᠩ ᠳᠤ ᠦᠨᠡᠨᠳᠡᠭᠡᠨ ︽ᠸᠠᠩ︾ ᠴᠣᠯᠠ ᠶᠢ ᠦᠭᠬᠦ ᠡᠷᠬᠡ ᠦᠭᠡᠢ ᠮᠦᠷᠲᠡᠭᠡᠨ ᠲᠣᠭᠤᠷᠢᠯ | ᠬᠠᠨ ᠳᠤ ᠸᠠᠩ ᠴᠣᠯᠠ ᠶᠢ ᠦᠭᠭᠦᠭᠰᠡᠨ ᠨᠢ ᠴᠣ᠋ ᠨᠢᠭᠡᠨᠲᠡ ᠡᠷᠬᠡ ᠶᠢᠨ ᠬᠡᠪᠴᠢᠶ᠎ᠡ ᠠᠴᠠ ᠪᠠᠨ ᠬᠤᠯᠠ ᠬᠡᠲᠦᠷᠡᠭᠰᠡᠨ᠂ | ︽ᠴᠠᠨ ᠢᠣᠢ︾ ᠭᠡᠰᠡᠨ ᠨᠡᠷ᠎ᠡ ᠪᠣᠯ ᠬᠠᠷᠢᠨ ᠡᠷᠬᠡ ᠵᠡᠷᠭᠡ ᠶᠢᠨ ᠴᠣᠯᠠ ᠪᠢᠰᠢ ᠪᠣᠯᠬᠤᠷ ᠬᠠᠮᠢᠶ᠎ᠠ ᠴᠣ᠋ ᠦᠭᠡᠢ | ᠪᠠᠶᠢᠵᠣ ᠪᠣᠯᠬᠤ ᠶᠣᠮ᠃ ᠨᠦᠭᠦᠭᠡ ᠲᠠᠯ᠎ᠠ ᠪᠠᠷ ᠴᠢᠩᠭᠢᠰ ᠬᠠᠭᠠᠨ ᠲᠣᠬᠠᠢ ᠶᠢᠨ ᠦᠶ᠎ᠡ ᠳᠤ ᠨᠡᠷ᠎ᠡ ᠨᠦᠯᠦᠭᠡ ᠪᠠᠨ | ᠦᠷᠭᠡᠳᠬᠡᠬᠦ ᠶᠢᠨ ᠲᠣᠯᠠᠳᠠ ᠡᠨᠡ ᠨᠡᠷ᠎ᠡ ᠶᠢ ᠠᠪᠤᠨ ᠬᠡᠷᠡᠭᠯᠡᠵᠣ ᠪᠠᠶᠢᠭᠰᠠᠨ ᠪᠠᠶᠢᠵᠣ ᠪᠣᠯᠬᠤ ᠪᠦᠭᠡᠳ ᠺᠢᠨᠤ᠋ ᠲᠧᠯᠸᠢᠰ | ᠲᠤ ᠭᠠᠷᠳᠠᠭ ᠰᠢᠭ᠋ ᠲᠡᠶᠢᠮᠣ ᠳᠣᠷ᠎ᠡ ᠦᠭᠡᠢ ᠪᠠᠶᠢᠯ᠎ᠠ ᠭᠡᠰᠡᠨ ᠶᠠᠪᠤᠳᠠᠯ ᠪᠢᠰᠢ ᠶᠣᠮ᠃ | | ᠣᠳᠣ ᠪᠢ ᠮᠣᠩᠭᠤᠯ ᠬᠡᠮᠡᠬᠦ ᠨᠡᠷ᠎ᠡ ᠶᠢᠨ ᠲᠣᠬᠠᠢ ᠦᠪᠡᠷ ᠤᠨ ᠦᠵᠡᠯᠲᠡ ᠪᠠᠨ ᠶᠠᠷᠢᠶ᠎ᠠ᠃ ᠮᠣᠩᠭᠤᠯ | ᠬᠡᠬᠦ ᠦᠭᠡ ᠶᠢ ︽ᠮᠦᠩᠬᠡ ᠭᠠᠯ︾ ︽ᠮᠠᠨ ᠤ ᠭᠠᠯ︾ ︽ᠮᠣᠩ ᠭᠠᠯ︾ ︽ᠮᠦᠩᠭᠦᠨ︾ ᠭᠡᠵᠣ ᠶᠠᠩᠵᠣ ᠶᠠᠩᠵᠣ | ᠪᠠᠷ ᠲᠠᠶᠢᠯᠪᠤᠷᠢᠯᠠᠵᠣ ᠵᠠᠷᠢᠮ ᠨᠢ ᠲᠦᠷᠦᠭ ᠦᠭᠡ ᠭᠡᠬᠦ ᠮᠡᠲᠣ ᠪᠠᠷ ᠦᠪᠡᠷ ᠦᠪᠡᠷ ᠤᠨ ᠦᠵᠡᠯᠲᠡ ᠪᠠᠶᠢᠳᠠᠭ᠃ | ᠠᠯᠲᠠᠨ ᠣᠯᠣᠰ ᠤᠨ ᠬᠢᠲᠠᠳᠵᠢᠭᠰᠠᠨ ᠰᠠᠶᠢᠳ ᠤᠨ ︽ᠠᠯᠲᠠᠨ ᠬᠡᠮᠡᠬᠦ ᠨᠡᠷ᠎ᠡ ᠶᠢ ᠮᠠᠨ ᠤ ᠣᠯᠣᠰ ᠠᠪᠤᠭᠰᠠᠨ | ᠪᠣᠯᠬᠤᠷ ᠲᠡᠳᠡᠨᠣᠰ ᠦᠪᠡᠷ ᠢ ᠪᠠᠨ ᠮᠦᠩᠭᠦᠨ ᠬᠡᠮᠡᠨ ᠨᠠᠷᠠᠶᠢᠳᠪᠠᠢ︾ ᠬᠡᠬᠦ ᠬᠢᠲᠠᠳ ᠦᠰᠦᠭ ᠢ ᠮᠦᠷᠳᠡᠵᠣ ᠳᠡᠮᠡᠢ | ᠪᠠᠯᠠᠢ ᠶᠠᠷᠢᠭᠰᠠᠨ ᠢ ᠯᠢᠶᠣᠣᠨᠢᠩ ᠤᠨ ︽ᠮᠣᠩᠭᠤᠯ ᠡᠷᠳᠡᠮᠲᠡᠨ︾ ᠮᠢᠨᠢ ᠶᠡᠭᠡ ᠶᠠᠭᠤᠮ᠎ᠠ ᠣᠯᠣᠭᠰᠠᠨ ᠰᠢᠭ᠋ | ᠣᠯᠵᠠᠭᠤᠷᠬᠠᠵᠣ ︽ᠮᠣᠩᠭᠤᠯ ᠬᠡᠯᠡ ᠪᠢᠴᠢᠭ︾ ᠰᠡᠳᠭᠦᠯ ᠳᠤ ᠣᠷᠲᠣ ᠦᠭᠦᠯᠡᠯ ᠪᠣᠯᠭᠠᠵᠣ ᠲᠠᠯᠪᠢᠭᠰᠠᠨ ᠢ | ᠦᠵᠡᠭᠡᠳ ᠶᠡᠭᠡ ᠢᠨᠢᠶᠡᠳᠣ ᠬᠦᠷᠦᠭᠰᠡᠨ ᠪᠢᠯᠡ᠃ | ᠦᠨᠡᠨᠳᠡᠭᠡᠨ ᠮᠣᠩᠭᠤᠯ ᠬᠡᠯᠡ ᠪᠠᠨ ᠮᠡᠳᠡᠭᠰᠡᠳ ᠲᠤ ᠠᠪᠴᠣ ᠬᠡᠯᠡᠪᠡᠯ ᠡᠨᠡ ᠨᠢ ᠶᠡᠭᠡ ᠰᠡᠳᠦᠪ ᠪᠢᠰᠢ | ᠮᠦᠷᠲᠡᠭᠡᠨ ᠰᠡᠶᠢᠳᠪᠦᠷᠢᠯᠡᠵᠣ ᠪᠣᠯᠣᠰᠢ ᠦᠭᠡᠢ ᠶᠠᠪᠤᠳᠠᠯ ᠴᠣ᠋ ᠪᠢᠰᠢ᠂ ᠦᠪᠡᠷ ᠦᠪᠡᠷ ᠤᠨ ᠦᠵᠡᠯᠲᠡ ᠲᠠᠢ ᠪᠠᠶᠢᠬᠤ | ᠨᠢ ᠴᠣ᠋ ᠡᠩ ᠤᠨ ᠶᠠᠪᠤᠳᠠᠯ ᠪᠣᠯᠵᠣ ᠪᠣᠯᠣᠨ᠎ᠠ᠃ ︽ᠪᠦᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ | ᠣᠭᠰᠠᠭᠠᠲᠠᠨ ᠤ ᠵᠦᠢ︾ ᠬᠡᠮᠡᠬᠦ ᠨᠣᠮ ᠳᠤ ᠮᠣᠩᠭᠤᠯ ᠣᠯᠣᠰ ᠤᠨ ᠬᠡᠪᠴᠢᠶᠡᠨ ᠤ ᠮᠣᠩᠭᠤᠯ ᠠᠶᠢᠮᠠᠭ ᠤᠨ | ᠪᠦᠷᠢᠳᠬᠡᠯ ᠳᠤ ︽ᠮᠣᠩᠭᠤᠯ︾ ︽ᠶᠡᠭᠡ ᠮᠣᠩᠭᠤᠯ︾ ︽ᠪᠠᠭ᠎ᠠ ᠮᠣᠩᠭᠤᠯ︾ ︽ᠮᠣᠩᠭᠤᠯ ᠮᠠᠭᠤᠲᠣ︾ ᠭᠡᠬᠦ | ᠮᠡᠲᠣ ᠶᠢᠨ ᠣᠪᠤᠭ ᠠᠶᠢᠮᠠᠭ ᠤᠳ ᠪᠦᠷᠢᠳᠬᠡᠭᠳᠡᠵᠠᠢ᠃ ᠲᠡᠭᠡᠬᠦ ᠪᠠᠷ ᠪᠠᠷᠠᠬᠤ ᠦᠭᠡᠢ ᠣᠣᠯ ᠤᠨ ᠰᠡᠴᠡᠨ ᠬᠠᠨ | ᠠᠶᠢᠮᠠᠭ ᠤᠨ ᠪᠣᠷᠵᠢᠭᠢᠨ ᠰᠡᠴᠡᠨ ᠸᠠᠩ ᠤᠨ ᠬᠤᠰᠢᠭᠤᠨ ᠤ 44 ᠣᠲᠤᠭ ᠤᠨ ᠳᠣᠲᠣᠷ᠎ᠠ ︽ᠶᠡᠭᠡ ᠮᠣᠩᠭᠤᠯ︾ ︽ | ᠪᠠᠭ᠎ᠠ ᠮᠣᠩᠭᠤᠯ︾ ᠭᠡᠬᠦ ᠬᠤᠶᠠᠷ ᠣᠲᠤᠭ᠂ ᠳᠦᠷᠪᠡᠳ ᠳᠠᠯᠠᠢ ᠬᠠᠭᠠᠨ ᠤ ᠠᠷᠪᠠᠨ ᠪᠠᠶᠠᠭᠤᠳ ᠤᠨ ᠬᠤᠰᠢᠭᠤᠨ ᠳᠤ | ︽ᠮᠣᠩᠭᠤᠯ ᠮᠠᠭᠤᠲᠣ︾ ᠭᠡᠵᠣ ᠶᠠᠰᠣ ᠣᠪᠤᠭ ᠢᠶᠠᠷ ᠲᠡᠮᠳᠡᠭᠯᠡᠭᠳᠡᠵᠠᠢ᠃ | ︽ᠮᠣᠩᠭᠤᠯ︾ ᠭᠡᠬᠦ ᠦᠭᠡ ᠶᠢ ᠵᠠᠳᠠᠯᠪᠠᠯ ᠢᠵᠠᠭᠤᠷ ᠨᠢ ︽ᠮᠣᠩ︾᠃ ᠡᠨᠡ ᠢᠵᠡᠭᠤᠷᠲᠠᠢ ᠦᠭᠡ | ᠣᠯᠠᠨ ᠪᠠᠶᠢᠬᠤ ᠪᠦᠭᠡᠳ ︽ᠮᠣᠩ ᠦᠭᠡᠢ︾ ︽ᠮᠣᠭ᠍ᠭᠠᠨᠢᠬᠤ︾ ︽ᠮᠣᠩᠲᠠᠢ︾ ︽ᠮᠣᠩᠳᠠᠬᠤ︾ ︽ᠮᠣᠩᠳᠠᠰᠢ︾ | ᠭᠡᠬᠦ ᠮᠡᠲᠣ ᠪᠠᠷ ᠪᠠᠶᠢᠳᠠᠭ ᠪᠦᠭᠡᠳ ︽ᠡᠷ᠎ᠡ ᠶᠢᠨ ᠮᠣᠩ ᠨᠢᠭᠡᠨ ᠪᠣᠢ ᠢ ᠭ᠌︾ ᠭᠡᠵᠣ ᠪᠣᠭᠤᠷᠵᠢ ᠲᠡᠮᠦᠵᠢᠨ ᠳᠤ | ᠶᠠᠷᠢᠭᠰᠠᠨ ᠪᠠᠶᠢᠳᠠᠭ᠃ ᠡᠭᠦᠨ ᠢᠶᠠᠷ ᠦᠵᠡᠪᠡᠰᠣ ︽ᠮᠣᠩ︾ ᠭᠡᠳᠡᠭ ᠦᠭᠡ ᠨᠢ ᠣᠯᠠᠨ᠂ ᠠᠷᠪᠢᠨ ᠭᠡᠬᠦ ᠣᠳᠬ᠎ᠠ | ᠲᠠᠢ ᠪᠠᠶᠢᠵᠣ ᠲᠠᠭᠠᠷᠠᠨ᠎ᠠ᠃ ︽ᠬᠠᠮᠤᠭ ᠮᠣᠩᠭᠤᠯ ᠣᠯᠣᠰ︾ ᠭᠡᠬᠦ ᠨᠡᠷ᠎ᠡ ᠶᠢ ᠬᠠᠪᠤᠯ ᠬᠠᠭᠠᠨ ᠤ ᠦᠶ᠎ᠡ ᠠᠴᠠ | ᠡᠬᠢᠯᠡᠨ ᠬᠡᠷᠡᠭᠯᠡᠭᠰᠡᠨ ᠭᠡᠵᠣ ︽ᠨᠢᠭᠤᠴᠠ ᠳᠣᠪᠴᠢᠶᠠᠨ︾ ᠳᠤ ᠪᠢᠴᠢᠵᠣ ᠪᠠᠶᠢᠳᠠᠭ᠃ ᠡᠨᠡ ᠨᠢ ᠨᠢᠭᠡᠨ ᠠᠶᠢᠮᠠᠭ ᠤᠨ | ᠬᠤᠯᠪᠤᠭ᠎ᠠ ᠶᠢ ᠨᠡᠷᠡᠯᠡᠨ ᠵᠢᠭᠠᠭᠰᠠᠨ ᠪᠦᠭᠡᠳ ᠮᠣᠩᠭᠤᠯ ᠭᠡᠰᠡᠨ ᠨᠢ ︽ᠮᠣᠩ + ᠤᠳ︾᠂ ︽ᠮᠣᠩ + ᠯᠣᠳ︾ | ᠭᠡᠬᠦ ᠣᠳᠬ᠎ᠠ ᠲᠠᠢ ᠪᠣᠯᠪᠠᠣ ᠭᠡᠵᠣ ᠪᠣᠳᠣᠵᠣ ᠪᠠᠶᠢᠨ᠎ᠠ᠃ ᠡᠨᠡ ᠨᠢ ᠣᠯᠠᠨ ᠠᠶᠢᠮᠠᠭ ᠤᠨ ᠬᠤᠯᠪᠤᠭ᠎ᠠ ᠶᠢ ᠵᠢᠭᠠᠭᠰᠠᠨ | ᠪᠦᠭᠡᠳ ᠬᠦᠮᠦᠨ ᠣᠯᠠᠨ ᠲᠠᠢ ᠪᠠᠶᠢᠭ᠎ᠠ ᠶᠢ ᠬᠡᠯᠡᠵᠣ ᠪᠠᠶᠢᠭ᠎ᠠ ᠰᠢᠭ᠋ ᠶᠣᠮ᠃ | ᠦᠭᠡᠷ᠎ᠡ ᠪᠠᠷ ᠬᠡᠯᠡᠪᠡᠯ ᠮᠣᠩᠭᠤᠯ ᠭᠡᠳᠡᠭ ᠨᠡᠷ᠎ᠡ ᠨᠢ ᠬᠠᠷᠢᠯᠴᠠᠨ ᠡᠷᠬᠡ ᠳᠡᠭᠰᠢ ᠣᠪᠤᠭ ᠠᠶᠢᠮᠠᠭ ᠤᠨ | ᠬᠤᠯᠪᠤᠭᠠᠯᠠᠯ ᠢ ᠵᠢᠭᠠᠵᠣ ᠪᠠᠶᠢᠨ᠎ᠠ᠃ ᠲᠣᠬᠠᠢ ᠶᠢᠨ ᠦᠶ᠎ᠡ ᠳᠤ ᠲᠡᠮᠦᠵᠢᠨ ᠤ ᠳᠠᠭᠠᠭᠤᠯᠵᠣ ᠶᠠᠪᠤᠭ᠎ᠠ ᠠᠶᠢᠮᠠᠭ ᠤᠳ ᠢ | ᠮᠣᠩᠭᠤᠯ ᠭᠡᠵᠣ ᠪᠠᠶᠢᠭᠰᠠᠨ ᠪᠦᠭᠡᠳ ᠵᠠᠮᠤᠬ᠎ᠠ ᠶᠢᠨ ᠳᠠᠭᠠᠭᠤᠯᠵᠣ ᠪᠠᠶᠢᠭᠰᠠᠨ ᠣᠪᠤᠭ ᠠᠶᠢᠮᠠᠭ ᠤᠳ ᠢ ᠴᠣ᠋ | ᠮᠣᠩᠭᠤᠯ ᠭᠡᠵᠣ ᠨᠡᠷᠡᠯᠡᠵᠣ ᠪᠠᠶᠢᠵᠠᠢ᠃ ᠬᠡᠷᠡᠶᠢᠳ᠂ ᠨᠠᠶᠢᠮᠠᠨ᠂ ᠲᠠᠲ᠋ᠠᠷ ᠪᠣᠯ ᠪᠦᠷ ᠬᠦᠮᠦᠨ ᠠᠮᠠ ᠣᠯᠠᠨᠲᠠᠢ ᠠᠶᠢᠮᠠᠭ | ᠲᠣᠯᠣᠭᠠᠶᠢᠯᠠᠵᠣ ᠪᠠᠶᠢᠭᠰᠠᠨ ᠪᠦᠭᠡᠳ ᠳᠠᠭᠠᠵᠣ ᠪᠠᠶᠢᠭᠰᠠᠨ ᠣᠪᠤᠭ ᠠᠶᠢᠮᠠᠭ ᠨᠢ ᠬᠦᠮᠦᠨ ᠠᠮᠠ ᠶᠢᠨ ᠲᠠᠯ᠎ᠠ ᠪᠠᠷ | ᠬᠠᠷᠢᠴᠠᠩᠭᠤᠢ ᠪᠠᠷ ᠪᠠᠭ᠎ᠠ ᠪᠠᠶᠢᠭᠰᠠᠨ ᠠᠴᠠ ᠪᠣᠯᠪᠠ᠃ | ᠡᠷᠬᠡ ᠳᠡᠭᠰᠢ ᠠᠶᠢᠮᠠᠭ ᠤᠨ ᠬᠤᠯᠪᠤᠭᠠᠯᠠᠯ ᠳᠤ ᠮᠣᠩᠭᠤᠯ ᠤᠨ ᠲᠦᠷᠦᠭᠦᠦ ᠪᠠᠨ ᠠᠷᠠᠳᠴᠢᠯᠠᠯ ᠢᠶᠠᠷ | ᠰᠣᠩᠭᠤᠳᠠᠭ᠂ ᠬᠡᠷᠡᠭ ᠣᠴᠢᠷ ᠢᠶᠠᠨ ᠬᠤᠷᠠᠯᠳᠠᠢ ᠪᠠᠷ ᠰᠡᠶᠢᠳᠪᠦᠷᠢᠯᠡᠳᠡᠭ᠃ ᠬᠦᠮᠦᠨ ᠠᠷᠠᠳ ᠢᠶᠠᠨ ᠵᠠᠰᠠᠭ ( ᠬᠠᠣᠯᠢ | ) ᠢᠶᠠᠷ ᠬᠠᠮᠢᠶᠠᠷᠣᠳᠠᠭ᠃ ᠦᠷᠦᠨᠡᠳᠠᠬᠢᠨ ᠤ ᠵᠡᠷᠢᠮ ᠡᠷᠳᠡᠮᠲᠡᠳ ᠤᠨ ᠬᠡᠯᠡᠳᠡᠭ ᠰᠢᠭ᠋ ᠣᠳᠣ ᠶᠢᠨ ᠠᠷᠠᠳᠴᠢᠯᠠᠯ ᠤᠨ | ᠡᠪᠦᠭᠡ ᠨᠢ ᠭᠡᠰᠡᠨ ᠦᠭᠡ᠃ ᠬᠠᠪᠤᠯ ᠬᠠᠭᠠᠨ ᠬᠠᠮᠤᠭ ᠮᠣᠩᠭᠤᠯ ᠢ ᠵᠡᠬᠢᠷᠴᠣ ᠪᠠᠶᠢᠵᠠᠢ ᠭᠡᠰᠡᠨ ᠨᠢ ᠴᠢᠩᠭᠢᠰ ᠤᠨ | ᠣᠳᠣᠮ ᠠᠴᠠ ᠬᠠᠮᠤᠭ ᠡᠷᠲᠡ ᠬᠠᠨ ᠭᠠᠷᠣᠯ᠎ᠠ ᠭᠡᠰᠡᠨ ᠦᠭᠡ᠂ ᠦᠨᠡᠨᠳᠡᠭᠡᠨ ᠮᠣᠩᠭᠤᠯ ᠤᠨ ᠬᠠᠨᠨᠢ ᠠᠯᠢ ᠡᠷᠲᠡ | ᠠᠴᠠ ᠪᠠᠶᠢᠭᠰᠠᠨ ᠪᠠᠶᠢᠬᠤ ᠶᠣᠰᠣᠲᠠᠢ᠃ | ᠲᠣᠬᠠᠢ ᠳᠤ ᠲᠠᠯ᠎ᠠ ᠨᠣᠲᠤᠭ ᠢᠶᠠᠷ ᠨᠣᠲᠣᠭᠯᠠᠵᠣ ᠪᠠᠶᠢᠭᠰᠠᠨ ᠨᠢ ᠲᠠᠷᠯᠠᠬᠢᠨ ᠮᠣᠩᠭᠤᠯ ᠬᠡᠮᠡᠵᠣ᠂ ᠠᠭᠤᠯᠠ | ᠰᠢᠭᠤᠢ ᠪᠠᠷ ᠭᠦᠷᠦᠭᠡᠯᠡᠵᠣ ᠪᠠᠶᠢᠭᠰᠠᠨ ᠨᠢ ᠨᠢᠷᠣᠭᠤᠨ ᠮᠣᠩᠭᠤᠯ ᠭᠡᠵᠣ ᠨᠡᠷᠡᠯᠡᠭᠳᠡᠳᠡᠭ᠃ ᠬᠠᠷᠢᠮ ᠬᠤᠵᠢᠮ ᠤᠨ | ᠰᠢᠷ᠎ᠠ ᠶᠢᠨ ᠱᠠᠰᠢᠨ ᠤ ᠡᠷᠳᠡᠮᠲᠡᠳ ᠤᠨ ᠪᠢᠴᠢᠳᠡᠭ ᠠᠯᠣᠨ ᠭᠤᠸ᠎ᠠ ᠡᠬᠡ ᠶᠢᠨ ᠠᠷᠣ ᠨᠢᠷᠣᠭᠤᠨ ᠠᠴᠠ ᠭᠠᠷᠣᠭᠰᠠᠨ | ᠪᠣᠯᠬᠤᠷ ᠨᠢᠷᠣᠭᠤᠨ ᠮᠣᠩᠭᠤᠯ ᠭᠡᠰᠡᠨ ᠶᠠᠪᠤᠳᠠᠯ ᠪᠢᠰᠢ ᠶᠣᠮ᠃ | ᠡᠳᠡᠭᠡᠷ ᠠᠶᠢᠮᠠᠭ ᠢ ᠪᠦᠭᠦᠳᠡ ᠳᠤᠨᠢ ᠶᠡᠷᠦᠩᠬᠡᠶᠢᠯᠡᠭᠡᠳ ᠬᠠᠮᠤᠭ ᠮᠣᠩᠭᠤᠯ ᠬᠡᠮᠡᠵᠣ᠂ ᠴᠢᠩᠭᠢᠰ ᠬᠠᠭᠠᠨ | ᠪᠦᠭᠦᠳᠡ ᠶᠢ ᠨᠢᠭᠡᠳᠬᠡᠵᠣ ᠬᠡᠷᠡᠶᠢᠳ᠂ ᠨᠠᠶᠢᠮᠠᠨ᠂ ᠲᠠᠲ᠋ᠠᠷ᠂ ᠣᠶᠢᠷᠠᠳ ᠲᠠᠢ ᠪᠦᠭᠦᠳᠡ ᠶᠢ ᠨᠡᠶᠢᠯᠡᠭᠦᠯᠵᠣ ᠶᠡᠭᠡ | ᠮᠣᠩᠭᠤᠯ ᠣᠯᠣᠰ ᠢ ᠪᠠᠶᠢᠭᠤᠯᠵᠠᠢ᠃ | ᠮᠣᠩᠭᠤᠯ ᠤᠨ ᠲᠡᠣᠬᠡᠨ ᠳᠤ ᠨᠢᠭᠡ ︽ᠬᠠᠷᠠᠩᠭᠤᠢ ᠴᠠᠭ ᠦᠶ᠎ᠡ︾ ᠭᠡᠵᠣ ᠪᠠᠶᠢᠳᠠᠭ᠃ ᠡᠨᠡ ᠨᠢ | ᠲᠣᠭᠤᠨᠲᠡᠮᠦᠷ ᠬᠠᠭᠠᠨ ᠠᠴᠠ ᠳᠠᠶᠢᠳᠣ ᠶᠢ ᠣᠷᠬᠢᠵᠣ ᠠᠷᠣ ᠭᠠᠵᠠᠷ ᠲᠠᠭᠠᠨ ᠪᠣᠴᠠᠭᠰᠠᠨ ᠤ ᠰᠡᠭᠦᠯᠡᠷ ᠦᠯᠡᠳᠡᠭᠡᠭᠰᠡᠨ | ᠨᠣᠮ ᠰᠣᠳᠣᠷ ᠪᠠ ᠲᠡᠣᠬᠡ ᠰᠣᠷᠪᠤᠯᠵᠢ ᠨᠢ ᠮᠢᠩ ᠣᠯᠣᠰ ᠲᠤ ᠭᠠᠯᠳᠠᠭᠳᠠᠵᠣ᠂ ᠠᠪᠴᠣ ᠶᠠᠪᠤᠭᠰᠠᠨ ᠨᠢᠭᠤᠴᠠ | ᠰᠣᠳᠣᠷ ᠤᠳ ᠨᠢ ᠬᠤᠶᠠᠷ ᠣᠯᠣᠰ ᠤᠨ ᠲᠠᠶᠢᠨ ᠲᠣᠯᠣᠭᠠᠨ ᠪᠠ ᠦᠪᠡᠷ ᠬᠤᠭᠤᠷᠣᠨᠳᠣ ᠶᠢᠨ ᠳᠠᠶᠢᠨ ᠳᠠᠵᠢᠨ ᠠᠴᠠ | ᠪᠣᠯᠵᠣ ᠦᠷᠡᠭᠳᠡᠵᠣ ᠰᠣᠶᠢᠲᠦᠭᠡᠳ᠂ ᠪᠢᠴᠢᠭ ᠨᠣᠮ ᠰᠣᠶᠣᠯ ᠣᠷᠯᠢᠭ ᠠᠴᠠ ᠪᠠᠨ ᠬᠡᠳᠦᠨ ᠵᠠᠭᠤᠨ ᠣᠨ | ᠬᠤᠯᠠᠳᠠᠭᠠᠳ᠂ ᠦᠪᠡᠷ ᠵᠠᠭᠤᠷ᠎ᠠ ᠪᠠᠨ ᠬᠢᠲᠣᠯᠴᠠᠵᠣ ᠠᠯᠠᠯᠴᠠᠬᠤ ᠪᠣᠯᠵᠠᠢ᠃ ᠳᠠᠶᠠᠨ ᠬᠠᠭᠠᠨ ᠪᠠᠲᠣᠮᠦᠩᠬᠡ ᠪᠠ | ᠬᠠᠲᠣᠨ ᠮᠠᠨᠳᠣᠬᠠᠢ ᠬᠤᠶᠠᠭᠤᠯᠠ ᠬᠠᠭᠠᠰ ᠵᠠᠭᠤᠨ ᠤ ᠳᠠᠶᠢᠨ ᠪᠠᠶᠢᠯᠳᠣᠭᠠᠨ ᠢᠶᠠᠷ ᠳᠠᠮᠵᠢᠵᠣ ᠪᠦᠬᠦ ᠮᠣᠩᠭᠤᠯ ᠠᠶᠢᠮᠠᠭ | ᠢ ᠵᠡᠪᠰᠡᠭ ᠤᠨ ᠬᠦᠴᠦ ᠪᠠᠷ ᠨᠢᠭᠡᠳᠬᠡᠭᠰᠡᠨ ᠪᠣᠯᠪᠠᠴᠣ ᠣᠳᠠᠭᠠᠨ ᠨᠢᠭᠡᠲᠦᠯᠲᠠᠢ ᠪᠠᠶᠢᠯᠭᠠᠵᠣ ᠴᠢᠳᠠᠭᠰᠠᠨ ᠦᠭᠡᠢ᠃ | ᠣᠣᠯ ᠨᠢ ᠬᠠᠭᠠᠨ ᠨᠢ ᠭᠤᠣᠯ ᠳᠤ ᠰᠠᠭᠤᠵᠣ ᠰᠠᠶᠢᠳ ᠨᠠᠷ ᠨᠢ ᠡᠷᠬᠡ ᠪᠠᠷᠢᠵᠣ ᠴᠡᠷᠢᠭ ᠡᠵᠡᠮᠰᠢᠵᠣ ᠪᠠᠶᠢᠭᠰᠠᠨ ᠳᠤ | ᠬᠠᠭᠠᠨ ᠣᠭᠰᠠᠭ᠎ᠠ ᠳᠤ ᠪᠠᠶᠢᠨ ᠪᠠᠶᠢᠨ ᠠᠶᠣᠯ ᠢᠷᠡᠵᠣ᠂ ᠡᠷᠬᠡᠲᠣ ᠰᠠᠶᠢᠳ ᠨᠢ ᠬᠠᠭᠠᠨ ᠢᠶᠠᠨ ᠬᠤᠣᠷᠯᠠᠬᠤ᠂ ᠪᠠᠶᠢᠨ | ᠪᠠᠶᠢᠨ ᠰᠣᠯᠢᠬᠤ ᠳᠤ ᠬᠦᠷᠭᠡᠵᠣ᠂ ᠡᠰᠡᠨ ᠲᠠᠶᠢᠰᠢ ᠡᠷᠬᠡ ᠪᠠᠷᠢᠵᠣ ᠪᠠᠶᠢᠭᠰᠠᠨ ᠦᠶ᠎ᠡ ᠳᠤ ᠬᠠᠭᠠᠨ ᠣᠭᠰᠠᠭ᠎ᠠ | ᠳᠠᠰᠣᠷᠠᠬᠤ ᠳᠤ ᠬᠦᠷᠴᠣ ᠭᠠᠭᠴᠠᠬᠠᠨ ᠪᠠᠲᠣᠮᠦ᠋ᠩᠬᠡ ᠬᠠᠭᠠᠨ ᠨᠢ ᠬᠠᠷᠠᠴᠣ ᠶᠢᠨ ᠬᠡᠣᠬᠡᠳ ᠢᠶᠠᠷ ᠰᠣᠯᠢᠭᠳᠠᠨ ᠠᠮᠢ | ᠦᠯᠡᠳᠡᠵᠠᠢ᠃ ᠠᠮᠢ ᠪᠠᠨ ᠴᠣ᠋ ᠠᠷᠭᠠᠯᠠᠬᠤ ᠭᠡᠵᠣ ᠬᠦᠴᠣ ᠣᠷᠣᠵᠣ ᠪᠠᠶᠢᠬᠤ ᠳᠤ ᠨᠣᠮ ᠰᠣᠳᠣᠷ ᠢ ᠨᠡᠩ ᠬᠡᠯᠡᠬᠦ | ᠶᠠᠭᠤᠨ ᠪᠢᠯᠡ᠃ | ᠪᠠᠲᠣᠮᠦ᠋ᠩᠬᠡ ᠳᠠᠶᠠᠨ ᠬᠠᠭᠠᠨ ᠠᠴᠠ ᠡᠨᠡ ᠶᠠᠪᠤᠳᠠᠯ ᠠᠴᠠ ᠪᠣᠯᠵᠣ ᠦᠪᠡᠷ ᠤᠨ ᠳᠣᠯᠣᠭᠠᠨ ᠬᠦᠦ ᠪᠠᠨ | ᠳᠣᠯᠣᠭᠠᠨ ᠲᠡᠰᠢ ᠪᠠᠨ ᠰᠠᠯᠭᠠᠨ ᠡᠷᠭᠦᠮᠵᠢᠯᠡᠭᠡᠳ ᠣᠣᠯ ᠤᠨ ᠠᠶᠢᠮᠠᠭ ᠤᠨ ᠲᠦᠷᠦᠭᠦᠴᠦᠳ ᠢ ᠳᠠᠷᠬᠠᠨ ᠪᠣᠯᠵᠣ | ᠬᠤᠪᠢᠷᠠᠭᠠᠵᠠᠢ᠃ ᠨᠢᠳᠦᠨ ᠡᠮᠦᠨ᠎ᠡ ᠬᠠᠭᠠᠨ ᠣᠭᠰᠠᠭ᠎ᠠ ᠳᠡᠯᠭᠡᠷᠡᠵᠣ ᠣᠳᠣᠮ ᠳᠠᠰᠣᠷᠠᠬᠤ ᠠᠶᠣᠯ ᠠᠴᠠ ᠪᠦᠲᠦᠮᠵᠢᠲᠠᠢ | ᠰᠠᠯᠣᠭᠰᠠᠨ ᠪᠣᠯᠪᠠᠴᠣ ᠬᠤᠵᠢᠮ ᠤᠨ ᠮᠣᠩᠭᠤᠯ ᠠᠶᠢᠮᠠᠭ ᠤᠨ ᠳᠣᠰᠠᠭᠠᠷᠯᠠᠨ ᠰᠠᠯᠣᠯᠴᠠᠬᠤ ᠳᠤ ᠦᠨᠳᠦᠰᠦ | ᠰᠣᠷᠪᠤᠯᠵᠢ ᠪᠣᠯᠵᠣ ᠴᠢᠩ ᠣᠯᠣᠰ ᠲᠤ ᠳᠠᠭᠠᠬᠤ ᠪᠣᠯᠲᠠᠯ᠎ᠠ ᠳᠠᠬᠢᠨ ᠪᠦᠷᠢᠮᠦᠰᠦᠨ ᠨᠢᠭᠡᠳᠦᠵᠣ ᠳᠡᠶᠢᠯᠬᠦ ᠦᠭᠡᠢ ᠶᠢᠨ | ᠦᠨᠳᠣᠰᠣ ᠶᠢ ᠲᠠᠯᠪᠢᠵᠠᠢ᠃ | ᠣᠣᠯ ᠤᠨ ᠮᠣᠩᠭᠤᠯ ᠤᠨ ᠡᠯ᠎ᠡ ᠠᠶᠢᠮᠠᠭ ᠢ ᠨᠣᠶᠠᠷᠬᠠᠭᠰᠠᠨ ᠬᠠᠭᠠᠨ ᠤ ᠬᠦᠪᠡᠭᠦᠳ ᠨᠢ ᠨᠡᠷ᠎ᠡ ᠳᠡᠭᠡᠷ᠎ᠡ | ᠪᠠᠨ ᠵᠠᠯᠭᠠᠮᠵᠢᠯᠠᠭᠰᠠᠨ ᠬᠠᠭᠠᠨ ᠳᠠᠭᠠᠨ ᠬᠠᠷᠢᠶᠠᠯᠠᠭᠳᠠᠵᠣ ᠪᠠᠶᠢᠭ᠎ᠠ ᠭᠡᠳᠡᠭ ᠪᠣᠯᠪᠠᠴᠣ ᠨᠢᠳᠡᠷ ᠳᠡᠭᠡᠷ᠎ᠡ ᠪᠠᠨ ᠪᠡᠶ᠎ᠡ ᠪᠡᠶ᠎ᠡ | ᠪᠠᠨ ᠳᠠᠭᠠᠵᠣ ᠳᠣᠰᠠᠭᠠᠷᠯᠠᠭᠠᠳ᠂ ᠰᠡᠭᠦᠯᠳᠡᠵᠣ ᠢᠷᠡᠭᠡᠳ ᠶᠡᠭᠡ ᠬᠠᠭᠠᠨ ᠠᠴᠠ ᠴᠣᠯᠠ ᠱᠠᠭᠠᠷᠳᠠᠨ᠂ ᠬᠠᠪᠴᠢᠨ | ᠰᠢᠬᠠᠬᠤ ᠪᠣᠯᠵᠠᠢ᠃ ᠬᠤᠵᠢᠮ ᠨᠢ ᠲᠦᠮᠡᠳ ᠠᠶᠢᠮᠠᠭ ᠬᠦᠴᠦᠷᠬᠡᠭᠵᠢᠵᠣ᠂ ᠬᠠᠭᠠᠨ ᠣᠳᠣᠮ ᠤᠨ ᠠᠯᠲᠠᠨ ᠬᠠᠭᠠᠨ ᠨᠢ | ᠦᠪᠡᠷ ᠤᠨ ᠪᠡᠶ᠎ᠡ ᠪᠠᠨ ᠬᠠᠭᠠᠨ ᠡᠷᠭᠦᠮᠵᠢᠯᠡᠵᠣ᠂ ᠶᠡᠭᠡ ᠬᠠᠭᠠᠨ ᠢᠶᠠᠨ ᠵᠡᠭᠦᠨᠰᠢ ᠰᠢᠬᠠᠵᠣ ᠶᠠᠪᠤᠭᠤᠯᠣᠭᠠᠳ᠂ | ᠳᠣᠰᠠᠭᠠᠷ ᠣᠯᠣᠰ ᠪᠠᠶᠢᠭᠤᠯᠬᠤ ᠶᠢ ᠴᠣ᠋ ᠰᠠᠨᠠᠭᠠᠷᠬᠠᠵᠣ ᠪᠠᠶᠢᠵᠠᠢ᠃ ᠪᠦᠷ ᠳᠠᠶᠠᠨ ᠬᠠᠭᠠᠨ ᠤ ᠦᠷᠡᠳᠦᠰ ᠶᠣᠮ ᠴᠢᠨᠢ | ᠪᠢ ᠪᠠᠰᠠ ᠬᠠᠭᠠᠨ ᠪᠣᠯᠵᠣ ᠪᠣᠯᠣᠨ᠎ᠠ ᠭᠡᠵᠣ ᠪᠣᠳᠣᠭᠰᠠᠨ ᠪᠣᠢ ᠢ ᠡ᠃ | ᠡᠨᠡ ᠪᠠᠶᠢᠳᠠᠯ ᠳᠣᠣᠷ᠎ᠠ ᠮᠣᠩᠭᠤᠯ ᠲᠦᠮᠡᠨ ᠦᠵᠡᠯ ᠰᠠᠨᠠᠭᠠᠨ ᠤ ᠨᠢᠭᠡᠲᠦᠯ ᠱᠠᠭᠠᠷᠳᠠᠭᠳᠠᠵᠣ᠂ ᠰᠢᠷ᠎ᠠ | ᠶᠢᠨ ᠱᠠᠰᠢᠨ ᠡᠨᠡᠬᠦ ᠲᠡᠣᠬᠡᠲᠣ ᠡᠭᠦᠷᠭᠡ ᠶᠢ ᠬᠦᠯᠢᠶᠡᠵᠣ ᠮᠣᠩᠭᠤᠯ ᠲᠦᠮᠡᠨ ᠤ ᠠᠮᠢᠳᠣᠷᠠᠯ ᠳᠤ ᠨᠡᠪᠴᠢᠨ ᠣᠷᠣᠵᠣ | ᠢᠷᠡᠯ᠎ᠡ᠃ ᠯᠠᠮᠠ ᠶᠢᠨ ᠱᠠᠰᠢᠨ ᠨᠢ ᠲᠣᠬᠠᠢ ᠶᠢᠨ ᠦᠶ᠎ᠡ ᠶᠢᠨ ᠬᠠᠮᠤᠭ ᠤᠨ ᠲᠡᠷᠢᠭᠦᠨ ᠤ ᠪᠢᠴᠢᠭ ᠰᠣᠶᠣᠯ᠂ | ᠣᠳᠣᠨ ᠵᠢᠷᠣᠬᠠᠢ᠂ ᠡᠮ ᠡᠮᠨᠡᠯᠭᠡ ᠶᠢᠨ ᠮᠡᠷᠭᠡᠵᠢᠯ ᠲᠠᠢ ᠪᠠᠶᠢᠵᠣ ᠬᠠᠭᠤᠴᠢᠨ ᠪᠦᠭᠡ ᠶᠢᠨ ᠱᠠᠰᠢᠨ ᠲᠠᠢ | ᠬᠠᠷᠢᠴᠠᠭᠤᠯᠬᠤ ᠶᠢᠨ ᠠᠷᠭ᠎ᠠ ᠦᠭᠡᠢ ᠳᠠᠪᠠᠭᠤᠯᠢᠭ ᠪᠠᠶᠢᠭᠰᠠᠨ ᠪᠦᠭᠡᠳ ᠮᠣᠩᠭᠤᠯ ᠲᠦᠪᠡᠳ ᠤᠨ ᠣᠲᠣᠷ ᠨᠡᠭᠦᠳᠡᠯ | ᠤᠨ ᠣᠷᠴᠢᠨ ᠲᠠᠢ ᠣᠶᠠᠯᠳᠣᠭᠠᠳ ᠦᠵᠡᠯ ᠰᠠᠨᠠᠭᠠᠨ ᠤ ᠲᠠᠯ᠎ᠠ ᠶᠢᠨ ᠨᠢᠭᠡᠲᠦᠯ ᠢ ᠠᠪᠴᠢᠷᠠᠵᠣ ᠦᠭᠴᠠᠢ᠃ ᠯᠠᠮᠠ ᠶᠢᠨ | ᠱᠠᠰᠢᠨ ᠤ ᠡᠷᠳᠡᠮᠲᠡᠨ ᠯᠠᠮᠠᠨᠠᠷ ᠱᠠᠰᠢᠨ ᠳᠡᠯᠭᠡᠷᠡᠭᠦᠯᠬᠦ ᠶᠢᠨ ᠵᠡᠷᠭᠡ ᠪᠠᠷ ᠲᠡᠣᠬᠡ ᠪᠢᠴᠢᠯᠭᠡ ᠪᠢᠴᠢᠵᠣ ᠯᠠᠮᠠ ᠶᠢᠨ ᠱᠠᠰᠢᠨ | ᠤ ᠨᠦᠯᠦᠭᠡ ᠪᠠᠨ ᠬᠦᠨ ᠬᠠᠳᠬᠤᠬᠤ ᠶᠢ ᠬᠢᠴᠢᠶᠡᠵᠠᠢ᠃ ᠮᠣᠩᠭᠤᠯ ᠤᠨ ᠳᠡᠭᠡᠳᠦᠰ ᠢ ᠡᠨᠡᠳᠬᠡᠭ ᠲᠦᠪᠡᠳ ᠲᠠᠢ | ᠬᠤᠯᠪᠤᠵᠣ᠂ ᠬᠤᠵᠢᠮ ᠨᠢ ᠪᠦᠷᠢᠳᠡ ᠴᠢᠨ᠋ᠸ᠎ᠠ ᠶᠢ ᠴᠣ᠋ ᠲᠦᠪᠡᠳ ᠬᠦᠮᠦᠨ ᠪᠣᠯᠭᠠᠬᠤ ᠳᠤ ᠬᠦᠷᠭᠡᠵᠠᠢ᠃ ᠶᠠᠮᠠᠷ ᠠᠷᠪᠠᠨ | ᠮᠠᠭᠤ ᠬᠠᠳ ᠲᠦᠷᠦᠭᠰᠡᠨ᠂ ᠴᠢᠩᠭᠢᠰ ᠬᠠᠭᠠᠨ ᠲᠦᠪᠡᠳ ᠨᠣᠮ ᠤᠨ ᠪᠠᠭᠰᠢ ᠲᠠᠢ ᠭᠡᠬᠦ᠂ ᠦᠭᠡᠳᠠᠢ ᠬᠠᠭᠠᠨ ᠨᠢ | ᠠᠯᠲᠠᠨ ᠪᠣᠷᠬᠠᠨ ᠢ ᠬᠢᠷᠦᠭᠡᠳᠦᠭᠰᠡᠨ ᠠᠴᠠ ᠪᠣᠯᠵᠣ ᠡᠪᠡᠳᠴᠢᠯᠡᠭᠰᠡᠨ ᠭᠡᠬᠦ ᠮᠡᠲᠣ᠃ | ᠡᠭᠦᠨ ᠳᠤ ᠮᠣᠩᠭᠤᠯ ᠬᠡᠮᠡᠬᠦ ᠨᠡᠷ᠎ᠡ ᠶᠢ ᠴᠣ᠋ ᠳᠠᠬᠢᠨ ᠳᠠᠶᠢᠯᠪᠤᠷᠢᠯᠠᠬᠤ ᠳᠤ ᠬᠦᠷᠴᠣ᠂ ᠳᠦᠪ ᠳᠦᠭᠦᠮᠬᠡᠨ | ᠣᠴᠢᠷ ᠨᠢ ᠣᠯᠠᠮ ᠪᠣᠳᠣᠯᠢᠶᠠᠨᠲᠠᠢ ᠪᠣᠯᠵᠣ ᠣᠷᠬᠢᠵᠠᠢ᠃ ᠴᠢᠩᠭᠢᠰ ᠬᠡᠮᠡᠭᠦ ᠨᠡᠷ᠎ᠡ ᠨᠢ ᠰᠢᠪᠠᠭᠤ ᠶᠢᠨ ᠢᠷᠡᠵᠣ | ᠳᠣᠩᠭᠤᠳᠣᠭᠰᠠᠨ ᠠᠴᠠ ᠪᠣᠯᠣᠭᠰᠠᠨ᠂ ᠬᠠᠳᠠ ᠬᠠᠭᠠᠷᠠᠵᠣ ᠲᠠᠮᠠᠭ᠎ᠠ ᠭᠠᠷᠣᠭᠰᠠᠨ᠂ ᠴᠢᠩᠭᠢᠰ ᠬᠠᠭᠠᠨ ᠡᠨᠡᠳᠬᠡᠭ ᠢ | ᠳᠠᠶᠢᠯᠠᠬᠤ ᠳᠤ ᠠᠯᠲᠠᠨ ᠭᠦᠷᠦᠭᠡᠰᠣ ᠢᠷᠡᠵᠣ ᠲᠡᠮᠳᠡᠭ ᠮᠡᠳᠡᠭᠳᠡᠭᠰᠡᠨ ᠠᠴᠠ ᠳᠠᠶᠢᠯᠠᠬᠤ ᠦᠭᠡᠢ ᠪᠤᠴᠠᠬᠤ ᠪᠣᠯᠣᠭᠰᠠᠨ | ᠭᠡᠬᠦ ᠮᠡᠲᠦ ᠪᠠᠷ ᠵᠣᠬᠢᠶᠠᠭᠳᠠᠭᠰᠠᠨ ᠪᠠᠶᠢᠨ᠎ᠠ᠃ ᠭᠡᠪᠡᠴᠣ ᠮᠣᠩᠭᠤᠯ ᠬᠡᠮᠡᠬᠦ ᠦᠭᠡ ᠶᠢ ᠶᠠᠭᠠᠬᠢᠵᠣ ᠳᠠᠷᠢᠬᠢ ᠪᠠᠨ | ᠰᠢᠪᠬᠠᠨ ᠪᠣᠳᠣᠭᠰᠠᠨ ᠴᠣ᠋ ᠡᠨᠡᠳᠬᠡᠭ ᠲᠦᠪᠡᠳ ᠲᠠᠢ ᠬᠤᠯᠪᠤᠬᠤ ᠬᠤᠯᠪᠤᠭᠠᠰᠣ ᠣᠯᠳᠠᠭᠰᠠᠨ ᠦᠭᠡᠢ ᠠᠴᠠ ᠪᠣᠯᠵᠣ ︽ | ᠮᠣᠩ ᠢᠶᠠᠨ ᠦᠵᠡᠵᠣ ᠭᠤᠣᠯ ᠪᠣᠯᠣᠭᠰᠠᠨ ᠲᠣᠯᠠ ᠮᠣᠩᠭᠤᠯ ᠬᠡᠮᠡᠪᠠᠢ︾ ᠬᠡᠮᠡᠨ ᠲᠠᠶᠢᠯᠪᠤᠷᠢᠯᠠᠵᠠᠢ᠃ ᠭᠡᠪᠡᠴᠣ | ᠶᠠᠭᠠᠬᠢᠨ ᠦᠵᠡᠪᠡᠴᠣ ᠡᠨᠡ ᠬᠤᠶᠠᠷ ᠦᠭᠡ ᠨᠢᠭᠡ ᠳᠣᠣᠷ᠎ᠠ ᠪᠣᠯᠵᠣ ᠪᠣᠯᠬᠤ ᠦᠭᠡᠢ ᠰᠠᠨᠠᠭᠳᠠᠭᠠᠳ ᠪᠠᠶᠢᠨ᠎ᠠ᠃ | ᠬᠤᠵᠢᠮ ᠨᠢ ᠴᠢᠩ ᠣᠯᠣᠰ ᠠᠴᠠ ᠮᠣᠩᠭᠤᠯ ᠢ ᠡᠷᠬᠡᠰᠢᠶᠡᠵᠣ ᠪᠢᠴᠢᠭ ᠰᠣᠳᠣᠷ ᠢ ᠪᠠᠰᠠ ᠨᠢᠭᠡ ᠮᠦᠷ | ᠬᠤᠷᠢᠶᠠᠨ ᠭᠠᠯᠳᠠᠵᠣ᠂ ᠱᠠᠰᠢᠨ ᠤ ᠲᠠᠶᠢᠯᠪᠤᠷᠢᠯᠠᠯᠲᠠ ᠭᠠᠭᠴᠠᠬᠠᠨ ᠭᠤᠣᠯ ᠪᠠᠶᠢᠷᠢ ᠶᠢ ᠡᠵᠡᠯᠡᠬᠦ ᠪᠣᠯᠪᠠ᠃ | ︵ᠦᠷᠭᠦᠯᠵᠢᠯᠡᠯ ᠪᠣᠢ︶ | | | | | | |