ᠪᠠᠶᠢᠯᠢᠩᠭ᠎ᠠ ︵︖ ᠊᠊᠊᠊᠊ 1867︶
ᠨᠡᠶᠢᠲᠡᠯᠡᠭᠰᠡᠨ ᠴᠠᠭ᠄
2020/7/2
     ᠪᠠᠶᠢᠯᠢᠩᠭ᠎ᠠ᠂ ᠡᠷᠡᠭᠲᠡᠶ᠂ ᠮᠣᠩᠭᠤᠯ ᠦᠨᠳᠦᠰᠦᠲᠡᠨ᠂ ᠠᠤᠬᠠᠨ ᠬᠤᠰᠢᠭᠤᠨ ᠤ ᠪᠠᠶᠢᠰᠡ ᠶᠢᠨ ᠬᠦᠷᠢᠶ᠎ᠡ ︵ᠣᠳᠣ ᠶᠢᠨ ᠬᠡᠷᠢᠶᠡᠲᠦ ᠰᠢᠶᠠᠩ ᠤᠨ ᠬᠠᠪᠴᠢᠯ ᠭᠠᠴᠠᠭ᠎ᠠ︶ ᠶᠢᠨ ᠬᠥᠮᠦᠨ᠃ ᠪᠣᠭᠤᠯ ᠭᠠᠷᠤᠯ ᠲᠠᠢ᠂ ᠡᠴᠢᠭᠡ ᠡᠬᠡ ᠨᠢ ᠡᠷᠲᠡ ᠨᠠᠰᠤ ᠪᠠᠷᠠᠵᠤ ᠥᠮᠥᠭ ᠲᠦᠰᠢᠭ ᠦᠭᠡᠢ ᠥᠰᠴᠡᠢ᠂ ᠪᠠᠭ᠎ᠠ ᠨᠠᠰᠤᠨ ᠳᠤ ᠪᠠᠨ ᠠᠮᠢᠳᠤᠷᠠᠯ ᠤᠨ ᠭᠠᠴᠢᠭ ᠵᠦᠳᠡᠭᠦᠷᠢ ᠶᠢ ᠶᠡᠭᠡ ᠠᠮᠰᠠᠵᠤ᠂ ᠨᠠᠰᠤᠨ ᠳᠤ ᠬᠦᠷᠦᠭᠰᠡᠨ ᠬᠤᠶᠢᠨ᠎ᠠ ᠴᠦ ᠠᠵᠢᠯ ᠬᠢᠳᠡᠯ ᠣᠯᠳᠠᠭᠰᠠᠨ ᠦᠭᠡᠢ᠂ ᠨᠢᠭᠡ ᠨᠠᠰᠤᠨ ᠳᠤ ᠪᠠᠨ ᠭᠤᠣᠨᠢ ᠶᠠᠪᠤᠵᠠᠢ᠃ ᠲᠡᠭᠦᠨ ᠤ ᠵᠠᠩ ᠴᠢᠨᠠᠷ ᠢ ᠵᠣᠷᠢᠮᠠᠭ ᠵᠥᠷᠢᠭᠦᠳ᠂ ᠣᠮᠣᠭᠤᠯᠠᠩ ᠰᠢᠭᠤᠷᠬᠠᠢ᠂ ᠸᠠᠩ ᠤᠨ ᠬᠦᠷᠢᠶ᠎ᠡ ᠳᠤ ᠠᠯᠪᠠ ᠬᠠᠭᠠᠬᠤ ᠳᠤᠷ᠎ᠠ ᠦᠭᠡᠢ᠂ ᠶᠢᠷᠲᠢᠨᠴᠦ ᠶᠢ ᠬᠡᠰᠦᠨ᠂ ᠯᠠᠭᠤᠰᠠ ᠮᠣᠷᠢ ᠫᠠᠨᠽᠠᠯᠠᠨ ᠠᠮᠢ ᠵᠠᠭᠤᠵᠤ ᠣᠯᠠᠨ ᠬᠦᠮᠦᠨ ᠲᠠᠢ ᠲᠠᠨᠢᠯᠴᠠᠵᠤ ᠨᠠᠶᠢᠵᠠᠯᠠᠵᠠᠢ᠃ ᠡᠵᠡᠨ ᠨᠣᠶᠠᠨ᠂ ᠠᠯᠪᠠᠨ ᠶᠠᠮᠤᠨ ᠲᠡᠭᠦᠨ ᠢ ︽ᠣᠯᠢᠭᠲᠠᠢ ᠠᠵᠢᠯ ᠬᠢᠬᠦ ᠦᠭᠡᠢ︾ ᠭᠡᠵᠦ ᠵᠢᠮᠡᠯᠡᠳᠡᠭ ᠪᠠᠶᠢᠵᠠᠢ᠃ ᠴᠢᠩ ᠤᠯᠤᠰ ᠤᠨ ᠲᠦᠭᠡᠮᠡᠯ ᠡᠯᠪᠡᠭᠲᠦ ᠶᠢᠨ ᠳᠣᠯᠣᠳᠤᠭᠠᠷ ᠣᠨ ︵1857 ᠣᠨ︶ ᠳᠤ ᠪᠠᠶᠢᠯᠢᠩᠭ᠎ᠠ ᠬᠦᠷᠢᠶ᠎ᠡ ᠬᠤᠰᠢᠭᠤᠨ ᠳᠤ ᠠᠳᠤᠭᠤ ᠫᠠᠨᠽᠠᠯᠠᠵᠤ ᠪᠠᠶᠢᠬᠤ ᠳᠤ ᠪᠠᠨ ᠲᠤᠬᠠᠶ ᠶᠢᠨ ᠭᠠᠵᠠᠷ ᠤᠨ ᠲᠠᠷᠢᠶᠠᠴᠢᠨ ᠤ ᠪᠣᠰᠣᠯᠭ᠎ᠠ ᠶᠢᠨ ᠲᠦᠷᠦᠭᠦᠦ ᠸᠠᠩ ᠯᠣᠣ ᠴᠢ ᠲᠠᠢ ᠲᠠᠨᠢᠯᠴᠠᠵᠤ ᠲᠦᠭᠡᠮᠡᠯ ᠡᠯᠪᠡᠭᠲᠦ ᠶᠢᠨ ᠶᠢᠰᠦᠳᠦᠭᠡᠷ ᠣᠨ ᠳᠤ ᠲᠡᠳᠡᠨ ᠤ ᠡᠩᠨᠡᠭᠡ ᠳᠤ ᠣᠷᠣᠵᠤ ᠲᠦᠷᠦᠭᠦᠦ ᠪᠣᠯᠵᠠᠢ᠃ ᠦᠷᠭᠦᠯᠵᠢ 200 ᠭᠠᠷᠤᠶ ᠬᠥᠮᠦᠨ ᠳᠠᠭᠠᠭᠤᠯᠵᠤ ᠱᠠᠨᠠᠭ᠎ᠠ ᠪᠣᠭᠤᠮᠲᠠ ᠶᠢᠨ ᠳᠣᠲᠣᠷ᠎ᠠ ᠭᠠᠳᠠᠨ᠎ᠠ ᠬᠤᠪᠳᠤᠬ ᠨᠣᠶᠠᠨ ᠢ ᠵᠠᠯᠬᠠᠭᠠᠨ ᠰᠢᠳᠬᠡᠵᠦ᠂ ᠬᠠᠷᠭᠢᠰᠴᠤᠳ ᠢ ᠠᠷᠢᠯᠭᠠᠵᠤ ᠬᠠᠷᠠᠴᠤᠳ ᠢ ᠠᠮᠤᠷᠵᠢᠭᠤᠯᠵᠤ᠂ ᠡᠩᠨᠡᠭᠡ ᠨᠢ ᠲᠠᠰᠤᠷᠠᠯᠳᠡ ᠦᠭᠡᠢ ᠪᠤᠵᠠᠭᠠᠶᠢᠷᠠᠵᠠᠢ᠃ ᠲᠣᠰ ᠵᠢᠯ ᠤᠨ ᠠᠷᠪᠠᠳᠤᠭᠠᠷ ᠰᠠᠷ᠎ᠠ ᠳᠤ᠂ ᠦᠭᠡᠭᠦᠦ ᠶᠠᠳᠠᠭᠤ ᠮᠠᠯᠴᠢᠨ ᠮᠢᠯᠢᠰᠧᠩᠭᠡ᠂ ᠠᠤᠬᠠᠨ ᠤ ᠶᠢᠨ ᠴᠠᠩ ᠭᠧᠤ ᠯᠢᠶᠠᠩ ᠠᠯᠲᠠᠨ ᠤ ᠠᠭᠤᠷᠬᠠᠶ ᠶᠢᠨ ᠠᠵᠢᠯᠴᠢᠨ ᠯᠢ ᠹᠧᠩ ᠺᠦᠢ᠂ ᠼᠠᠢ ᠪᠣᠣ ᠱᠠᠨ ᠵᠡᠷᠭᠡ ᠬᠥᠮᠥᠰ ᠤᠷᠢᠳ ᠬᠤᠵᠢᠳ ᠴᠡᠷᠢᠭ ᠮᠣᠷᠢ ᠪᠠᠨ ᠳᠠᠭᠠᠭᠤᠯᠵᠤ ᠲᠡᠳᠡᠨ ᠤ ᠡᠩᠨᠡᠭᠡ ᠳᠤ ᠣᠷᠣᠵᠠᠢ᠃ ᠲᠦᠭᠡᠮᠡᠯ ᠡᠯᠪᠡᠭᠲᠦ ᠶᠢᠨ ᠠᠷᠪᠠᠳᠤᠭᠠᠷ ᠣᠨ ᠤ ᠬᠤᠶᠠᠳᠤᠭᠠᠷ ᠰᠠᠷ᠎ᠠ ᠠᠴᠠ ᠠᠷᠪᠠᠳᠤᠭᠠᠷ ᠰᠠᠷ᠎ᠠ ᠬᠦᠷᠲᠡᠯ᠎ᠡ ︽ᠬᠠᠭᠠᠨ ᠤ ᠲᠡᠷᠭᠡᠨ ᠠᠩᠭᠢ︾ ︵ᠬᠠᠭᠠᠨ ᠤ ᠮᠥᠩᠭᠦ ᠴᠠᠯᠢᠩ ᠡᠳ᠋ ᠪᠣᠳᠠᠰ ᠢ ᠲᠡᠭᠡᠭᠡᠪᠦᠷᠢᠯᠡᠨ ᠬᠦᠷᠭᠡᠳᠡᠭ ᠲᠡᠷᠭᠡᠨ ᠠᠩᠭᠢ︶ ᠶᠢ ᠬᠤᠶᠠᠷ ᠤᠳᠠᠭ᠎ᠠ ᠪᠤᠯᠢᠶᠠᠵᠠᠢ᠃ ᠠᠷᠪᠠᠨ ᠬᠤᠶᠠᠳᠤᠭᠠᠷ ᠰᠠᠷ᠎ᠠ ᠳᠤ ᠲᠤᠬᠠᠶ ᠶᠢᠨ ᠭᠠᠵᠠᠷ ᠤᠨ ᠠᠮᠤ ᠪᠤᠳᠠᠭ᠎ᠠ ᠪᠤᠯᠢᠶᠠᠳᠠᠭ ᠲᠦᠷᠦᠭᠦᠦ ᠲᠠᠷᠢᠶᠠᠴᠢᠨ ᠤ ᠸᠠᠩ ᠳ᠋ᠠ᠂ ᠸᠠᠩ ᠵᠦ ᠲᠠᠢ ᠬᠠᠮᠲᠤᠷᠠᠨ 800 ᠭᠠᠷᠤᠶ ᠬᠥᠮᠦᠨ ᠳᠠᠭᠠᠭᠤᠯᠵᠤ᠂ ᠨᠢᠭᠡ ᠦᠶ᠎ᠡ ᠢᠵᠧᠤ ᠬᠤᠲᠠ ︵ᠣᠳᠣ ᠶᠢᠨ ᠢ ᠰᠢᠶᠠᠨ︶ ᠶᠢ ᠳᠠᠭᠠᠷᠢᠨ ᠡᠵᠡᠯᠡᠭᠰᠡᠨ ᠪᠠᠶᠢᠨ᠎ᠠ᠃ ᠲᠦᠭᠡᠮᠡᠯ ᠡᠯᠪᠡᠭᠲᠦ ᠶᠢᠨ ᠠᠷᠪᠠᠨ ᠨᠢᠭᠡᠳᠦᠭᠡᠷ ᠣᠨ ᠤ ᠴᠠᠭᠠᠨ ᠰᠠᠷ᠎ᠠ ᠳᠤ ᠸᠠᠩ ᠯᠣᠣ ᠴᠢ ᠶᠢᠨ ᠬᠥᠪᠡᠭᠦᠨ ᠴᠤᠤᠶᠠᠩ ᠰᠢᠶᠠᠨ ᠳᠤ ᠠᠯᠪᠠᠨ ᠶᠠᠮᠤᠨ ᠳᠤ ᠪᠠᠷᠢᠪᠴᠢᠯᠠᠭᠳᠠᠵᠠᠢ᠃ ᠬᠤᠶᠠᠷ ᠰᠠᠷ᠎ᠠ ᠶᠢᠨ ᠲᠦᠷᠪᠡᠨ ᠤ ᠰᠥᠨᠢ ᠸᠠᠩ ᠯᠣᠣ ᠴᠢ᠂ ᠪᠠᠶᠢᠯᠢᠩᠭ᠎ᠠ᠂ ᠮᠢᠯᠢᠰᠧᠩᠭᠡ ᠨᠠᠷ 500 ᠭᠠᠷᠤᠶ ᠬᠥᠮᠦᠨ ᠢ ᠳᠠᠭᠠᠭᠤᠯᠤᠨ ᠴᠤᠤᠶᠠᠩ ᠰᠢᠶᠠᠨ ᠤ ᠶᠠᠮᠤᠨ ᠳᠤ ᠳᠠᠭᠠᠷᠢᠨ ᠣᠷᠣᠵᠤ ᠭᠢᠨᠳᠠᠨ ᠤ ᠡᠭᠦᠳᠡ ᠶᠢ ᠡᠪᠳᠡᠵᠦ᠂ ᠸᠠᠩ ᠯᠣᠣ ᠴᠢ ᠶᠢᠨ ᠬᠥᠪᠡᠭᠦᠨ ᠪᠠ ᠪᠤᠰᠤᠳ ᠬᠤᠷᠢᠭᠳᠠᠵᠤ ᠪᠠᠶᠢᠭᠰᠠᠨ 500 ᠭᠠᠷᠤᠢ ᠬᠥᠮᠥᠨ ᠢ ᠰᠤᠯᠠᠯᠠᠵᠤ᠂ ᠶᠠᠮᠤᠨ ᠵᠠᠬᠢᠷᠭ᠎ᠠ ᠪᠠ ᠭᠠᠶᠢᠯᠢ ᠶᠢᠨ ᠲᠣᠪᠴᠢᠶ᠎ᠠ ᠶᠢ ᠭᠠᠯᠳᠠᠵᠠᠢ᠃ ᠭᠠᠷᠤᠳᠢ ᠠᠭᠤᠯᠠ ᠵᠦᠭ ᠪᠤᠴᠠᠬᠤ ᠦᠶᠡᠰ ᠵᠡᠭᠦᠨ ᠬᠥᠯ ᠨᠢ ᠰᠢᠷᠬᠠᠲᠤᠵᠤ ᠮᠢᠯᠢᠰᠧᠩᠭᠡ ᠪᠠᠷ ᠴᠡᠷᠢᠭ ᠤᠨ ᠭᠤᠣᠯ ᠬᠦᠴᠦᠨ ᠢᠶᠠᠨ ᠳᠠᠭᠠᠭᠤᠯᠤᠨ ᠶᠠᠪᠤᠭᠤᠯᠵᠤ᠂ ᠲᠡᠷᠡ ᠦᠯᠡᠳᠡᠭᠰᠡᠨ ᠴᠡᠷᠢᠭ ᠢᠶᠠᠨ ᠬᠡᠳᠦᠨ ᠪᠦᠯᠦᠭ ᠬᠤᠪᠢᠶᠠᠵᠤ ᠶᠠᠪᠤᠭᠤᠯ ᠪᠠᠶᠢᠯᠳᠤᠭᠠᠨ ᠬᠢᠵᠦ ᠰᠡᠭᠦᠯᠡᠷ ᠨᠢ ᠬᠦᠷᠢᠶ᠎ᠡ ᠣᠷᠴᠢᠮ ᠳᠠᠯᠳᠠᠯᠠᠨ ᠣᠴᠢᠵᠠᠢ᠃ ᠲᠦᠭᠡᠮᠡᠯ ᠡᠯᠪᠡᠭᠲᠦ ᠶᠢᠨ ᠠᠷᠪᠠᠨ ᠨᠢᠭᠡᠳᠦᠭᠡᠷ ᠣᠨ ᠤ ᠭᠤᠷᠪᠠᠳᠤᠭᠠᠷ ᠰᠠᠷ᠎ᠠ ᠳᠤ᠂ ᠲᠡᠭᠦᠨ ᠤ ᠴᠡᠷᠢᠭ ᠪᠠᠰᠠ ᠤᠯᠠᠭᠠᠨᠬᠠᠳᠠ ᠰᠢᠶᠠᠨ ᠢ ᠳᠠᠭᠠᠷᠢᠨ ᠡᠵᠡᠯᠡᠵᠦ᠂ ᠠᠯᠪᠠᠨ ᠶᠠᠮᠤᠨ ᠢ ᠭᠠᠯᠳᠠᠵᠤ᠂ ᠭᠢᠨᠳᠠᠨ ᠳᠠᠬᠢ ᠬᠤᠷᠢᠭᠳᠠᠭᠰᠠᠳ ᠢ ᠰᠤᠯᠠᠯᠠᠵᠤ᠂ ᠬᠥᠮᠥᠷᠭᠡ ᠶᠢᠨ ᠮᠥᠩᠭᠦ ᠶᠢ ᠪᠤᠯᠢᠶᠠᠵᠠᠢ᠃ ᠳᠥᠷᠪᠡᠳᠦᠭᠡᠷ ᠰᠠᠷ᠎ᠠ ᠳᠤ ᠯᠢ ᠹᠧᠩ ᠺᠦᠢ ᠪᠠᠷᠢᠭᠳᠠᠨ ᠠᠯᠠᠭᠳᠠᠵᠤ᠂ ᠪᠠᠶᠢᠯᠢᠩᠭ᠎ᠠ᠂ ᠼᠠᠢ ᠪᠣᠣ ᠱᠠᠨ ᠦᠷᠭᠦᠯᠵᠢᠯᠡᠨ ᠴᠡᠷᠢᠭ ᠳᠠᠭᠠᠭᠤᠯᠤᠨ ᠠᠤᠬᠠᠨ᠂ ᠵᠢᠶᠠᠨᠴᠠᠩ᠂ ᠴᠠᠩᠲᠤ ᠵᠢᠴᠢ ᠬᠤᠷᠴᠢᠨ ᠢᠶᠠᠷ ᠡᠷᠭᠢᠴᠡᠨ ᠪᠠᠶᠢᠯᠳᠤᠵᠤ᠂ ᠡᠩᠨᠡᠭᠡ ᠨᠢ ᠬᠥᠭᠵᠢᠭᠡᠳ ᠭᠤᠷᠪᠠ ᠲᠦᠷᠪᠡᠨ ᠮᠢᠩᠭᠠᠨ ᠬᠥᠮᠦᠨ ᠪᠣᠯᠣᠭᠰᠠᠨ ᠪᠠᠶᠢᠨ᠎ᠠ᠃ ᠪᠦᠷᠢᠨ ᠵᠠᠰᠠᠭᠴᠢ ᠶᠢᠨ ᠲᠡᠷᠢᠭᠦᠨ ᠣᠨ ︵862 ᠣᠨ︶ ᠳᠤ ᠪᠣᠰᠣᠯᠭ᠎ᠠ ᠶᠢᠨ ᠴᠡᠷᠢᠭ ᠢᠯᠠᠭᠳᠠᠵᠤ᠂ ᠪᠠᠶᠢᠯᠢᠩᠭ᠎ᠠ ᠮᠣᠩᠭᠤᠯ ᠦᠨᠳᠦᠰᠦᠲᠡᠨ ᠤ ᠤᠯᠠᠨ ᠲᠦᠮᠡᠨ ᠤ ᠬᠠᠮᠠᠭᠠᠯᠠᠯᠲᠠ ᠳᠣᠣᠷ᠎ᠠ ᠳᠠᠯᠳᠠᠯᠠᠵᠤ ᠪᠠᠶᠢᠵᠠᠢ᠃ ᠪᠦᠷᠢᠨ ᠵᠠᠰᠠᠭᠴᠢ ᠶᠢᠨ ᠬᠤᠶᠠᠳᠤᠭᠠᠷ ᠣᠨ ᠤ ᠨᠠᠮᠤᠷ᠂ ᠪᠠᠶᠢᠯᠢᠩᠭ᠎ᠠ᠂ ᠼᠠᠢ ᠪᠣᠣ ᠱᠠᠨ᠂ ᠸᠠᠩ ᠦ᠋᠂ ᠮᠢᠯᠢᠰᠧᠩᠭᠡ ᠨᠠᠷ ᠳᠠᠬᠢᠨ ᠴᠠᠩᠲᠤ᠂ ᠭᠢᠷᠢᠨ ᠵᠡᠷᠭᠡ ᠭᠠᠵᠠᠷ ᠢ ᠳᠣᠪᠲᠣᠯᠣᠨ ᠡᠵᠡᠯᠡᠵᠡᠢ᠃ ᠸᠠᠩ ᠦ᠋ ᠪᠠᠷᠢᠪᠴᠢᠯᠠᠭᠳᠠᠭᠰᠠᠨ ᠤ ᠳᠠᠷᠠᠭ᠎ᠠ ᠪᠣᠰᠣᠯᠭ᠎ᠠ ᠶᠢᠨ ᠴᠡᠷᠢᠭ ᠵᠣᠰᠣᠲᠤ᠂ ᠵᠣᠣ ᠤᠳᠠ ᠬᠤᠶᠠᠷ ᠠᠶᠢᠮᠠᠭ ᠢᠶᠠᠷ ᠦᠷᠭᠦᠯᠵᠢᠯᠡᠨ ᠪᠠᠶᠢᠯᠳᠤᠵᠤ ᠪᠠᠶᠢᠪᠠ᠃ ᠪᠦᠷᠢᠨ ᠵᠠᠰᠠᠭᠴᠢ ᠶᠢᠨ ᠳᠥᠷᠪᠡᠳᠦᠭᠡᠷ ᠣᠨ ᠤ ᠵᠤᠨ᠂ ᠪᠠᠶᠢᠯᠢᠩᠭ᠎ᠠ ᠶᠢᠨ ᠴᠡᠷᠢᠭ ᠠᠩᠬᠢ ᠵᠡᠭᠦᠨ ᠬᠤᠶᠢᠲᠤ ᠣᠷᠣᠨ ᠪᠣᠯᠤᠨ ᠥᠪᠥᠷ ᠮᠣᠩᠭᠤᠯ ᠤᠨ ᠵᠡᠭᠦᠨ ᠬᠡᠰᠡᠭ ᠲᠤ ᠪᠣᠰᠣᠯᠭ᠎ᠠ ᠶᠢᠨ ᠭᠠᠯ ᠢ ᠳᠦᠷᠡᠯᠵᠡᠭᠦᠯᠪᠡ᠂ ᠴᠢᠩ ᠤᠯᠤᠰ ᠤᠨ ᠵᠠᠰᠠᠭ ᠤᠨ ᠭᠠᠵᠠᠷ ᠰᠣᠴᠢᠨ ᠬᠡᠯᠡᠮᠡᠭᠳᠡᠵᠦ᠂ ᠪᠣᠭᠤᠮᠲᠠ ᠶᠢᠨ ᠳᠣᠲᠣᠷ᠎ᠠ ᠨᠢᠶᠠᠨ ᠵᠢᠶᠦ᠋ᠨ ᠢ ᠳᠠᠷᠤᠩᠭᠤᠶᠢᠯᠠᠭᠰᠠᠨ ᠴᠡᠷᠢᠭ ᠠᠩᠭᠢ᠂ ᠨᠡᠶᠢᠰᠯᠡᠯ ᠤᠨ ᠲᠡᠬᠦᠷᠭᠡ ᠶᠢᠨ ᠲᠣᠷᠭᠠᠨ ᠴᠡᠷᠢᠭ᠂ ᠮᠣᠩᠭᠤᠯ ᠬᠤᠰᠢᠭᠤᠨ ᠤ ᠮᠣᠷᠢᠲᠤ ᠴᠡᠷᠢᠭ ᠢ ᠪᠠᠴᠢᠮ ᠲᠣᠮᠢᠯᠠᠵᠤ ᠬᠦᠴᠦ ᠬᠠᠮᠲᠤᠳᠬᠠᠨ ᠪᠦᠰᠡᠯᠡᠨ ᠳᠠᠭᠠᠷᠢᠵᠠᠢ᠃ ᠪᠠᠶᠢᠯᠢᠩᠭ᠎ᠠ᠂ ᠮᠢᠯᠢᠰᠡᠩᠭᠡ ᠨᠠᠷ ᠤᠯᠠᠨ ᠲᠦᠮᠡᠨ ᠤ ᠬᠠᠮᠠᠭᠠᠯᠠᠯᠲᠠ ᠳᠡᠮᠵᠢᠯᠭᠡ ᠪᠠᠷ ᠦᠷᠭᠦᠯᠵᠢᠯᠡᠨ ᠲᠡᠮᠡᠴᠡᠯ ᠶᠠᠪᠤᠭᠤᠯᠵᠤ᠂ ᠪᠦᠷᠢᠨ ᠵᠠᠰᠠᠭᠴᠢ ᠶᠢᠨ ᠳᠣᠯᠣᠳᠤᠭᠠᠷ ᠣᠨ ︵1868 ᠣᠨ ︶ ᠪᠣᠯᠬᠤ ᠳᠤ ᠴᠢᠩ ᠤᠯᠤᠰ ᠤᠨ ᠵᠠᠰᠠᠭ ᠠᠴᠠ ᠲᠠᠢ ᠫᠢᠩ ᠵᠢᠶᠦ᠋ᠨ᠂ ᠨᠢᠶᠠᠨ ᠵᠢᠶᠦ᠋ᠨ ᠢ ᠳᠠᠷᠤᠩᠭᠤᠶᠢᠯᠠᠭᠰᠠᠨ ᠵᠢᠷᠢᠮ ᠠᠶᠢᠮᠠᠭ ᠤᠨ ᠮᠣᠩᠭᠤᠯ ᠮᠣᠷᠢᠲᠤ ᠴᠡᠷᠢᠭ᠂ ᠶᠡᠭᠡ ᠫᠤᠤᠲᠤ ᠴᠡᠷᠢᠭ᠂ ᠬᠠᠷᠢ ᠶᠢᠨ ᠫᠤᠤᠲᠤ ᠴᠡᠷᠢᠭ ᠪᠠ ᠴᠠᠬᠠᠷ᠂ ᠬᠥᠬᠡᠬᠤᠲᠠ ᠶᠢᠨ ᠥᠪᠥᠷ ᠮᠣᠩᠭᠤᠯ ᠤᠨ ᠮᠣᠷᠢᠲᠤ ᠴᠡᠷᠢᠭ ᠢ ᠪᠦᠬᠦᠨ ᠢ ᠳᠠᠶᠢᠴᠢᠯᠠᠵᠤ ᠳᠠᠷᠤᠩᠭᠤᠶᠢᠯᠠᠭᠰᠠᠨ ᠪᠠᠶᠢᠨ᠎ᠠ᠃ ᠲᠤᠰ ᠵᠢᠯ ᠤᠨ ᠠᠷᠪᠠᠨ ᠬᠤᠶᠠᠳᠤᠭᠠᠷ ᠰᠠᠷ᠎ᠠ ᠶᠢᠨ ᠬᠤᠷᠢᠨ ᠲᠠᠪᠤᠨ ᠳᠤ ᠬᠢᠷᠢᠨ ᠤ ᠭᠥᠩ ᠫᠧᠩ ᠽᠢ ᠳᠤ ᠪᠠᠶᠢᠯᠢᠩᠭ᠎ᠠ ᠪᠠᠷᠢᠭᠳᠠᠨ ᠪᠡᠶ᠎ᠡ ᠦᠷᠡᠭᠳᠡᠪᠡ᠂ ᠳᠠᠷᠠᠭ᠎ᠠ ᠵᠢᠯ ᠤᠨ ᠬᠢᠨᠢ ᠨᠢᠭᠡᠳᠦᠭᠡᠷ ᠰᠠᠷ᠎ᠠ ᠳᠤ ᠮᠢᠯᠢᠰᠧᠩᠭᠡ ᠪᠠᠷᠢᠪᠴᠢᠯᠠᠭᠳᠠᠪᠠ᠃ ᠢᠢᠨ ᠬᠦ ᠠᠷᠪᠠᠨ ᠨᠢᠭᠡᠨ ᠵᠢᠯ ᠪᠠᠶᠢᠯᠳᠤᠵᠤ᠂ ᠴᠢᠩ ᠤᠯᠤᠰ ᠤᠨ ᠲᠥᠷᠥ ᠶᠢᠨ ᠰᠠᠭᠤᠷᠢ ᠶᠢ ᠳᠣᠩᠰᠣᠯᠭᠠᠭᠰᠠᠨ ᠮᠣᠩᠭᠤᠯ ᠬᠢᠲᠠᠳ ᠠᠷᠠᠳ ᠲᠦᠮᠡᠨ ᠤ ᠴᠢᠩ ᠤᠨ ᠲᠦᠷᠦ ᠶᠢ ᠡᠰᠡᠷᠭᠦᠴᠡᠭᠰᠡᠨ ᠶᠡᠭᠡ ᠪᠣᠰᠣᠯᠭ᠎ᠠ ᠳᠠᠷᠤᠩᠭᠤᠶᠢᠯᠠᠭᠳᠠᠭᠰᠠᠨ ᠪᠠᠶᠢᠨ᠎ᠠ᠃    ᠢᠷᠡᠯᠲᠡ᠄ ᠤᠯᠠᠭᠠᠨᠬᠠᠲᠠ ᠬᠤᠲᠠ ᠶᠢᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
ᠢᠷᠡᠯᠲᠡ᠄ ᠤᠯᠠᠭᠠᠨᠬᠠᠲᠠ ᠬᠤᠲᠠ ᠶᠢᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号