ᠯᠢᠶᠤᠤ ᠤᠯᠤᠰ ᠤᠨ  ᠡᠬᠢᠨ ᠤ ᠦᠶ᠎ᠡ ᠶᠢᠨ  ᠦᠯᠦᠭᠡ  ᠲᠠᠷᠤᠬᠤ ᠶᠠᠪᠤᠭᠤᠯ  ᠤᠷᠳᠤ —— ᠪᠠᠳᠤ ᠵᠢᠷᠤᠮᠳᠤ ᠬᠤᠳᠠ
ᠨᠡᠶᠢᠲᠡᠯᠡᠭᠰᠡᠨ ᠴᠠᠭ᠄
2020-07-17
ᠯᠢᠨᠰᠢ ᠰᠢᠶᠠᠨ ᠤ ᠲᠠᠪᠢᠨᠭᠡᠷ  ᠪᠠᠯᠭᠠᠰᠤᠨ ᠤ  ᠪᠠᠷᠠᠭᠤᠨ ᠴᠢᠬᠢ  ᠲᠤᠰᠬᠤᠨ ᠤ  ᠵᠡᠭᠦᠨ ᠲᠠᠯ᠎ᠠ ᠳᠤ  ᠨᠢᠭᠡᠨ 800M×500M ᠲᠠᠯᠠᠪᠠᠢ ᠲᠠᠢ ᠡᠷᠳᠡᠨ ᠤ  ᠬᠤᠳᠠ ᠶᠢᠨ  ᠪᠠᠭᠤᠷᠠᠢ ᠪᠠᠶᠢᠵᠤ᠂ ᠲᠤᠬᠠᠢ ᠶᠢᠨ ᠤᠷᠤᠨ ᠤ ᠬᠦᠮᠦᠨ ᠲᠡᠭᠦᠨ ᠢ  ︽ᠳ᠋ᠠ ᠴᠧᠩ︾ ᠭᠡᠨ᠎ᠡ᠃  ᠯᠢᠨᠰᠢ ᠰᠢᠶᠠᠨ ᠤ  ᠪᠤᠳᠠᠰ ᠤᠨ ᠰᠤᠶᠤᠯ ᠤᠨ  ᠬᠠᠮᠢᠶᠠᠷᠤᠯᠳᠠ  ᠶᠢᠨ  ᠰᠠᠯᠪᠤᠷᠢ ᠶᠢᠨ  ᠲᠠᠷᠤᠭ᠎ᠠ ᠸᠠᠩ ᠭᠠᠩ ᠲᠡᠭᠦᠨ ᠢ  ᠯᠢᠶᠤᠤ ᠤᠯᠤᠰ ᠤᠨ  ᠴᠢᠩ ᠵᠧᠦ ᠶᠢᠨ  ᠹᠦ᠋ ᠢ ᠰᠢᠶᠠᠨ ᠤ ᠬᠤᠳᠠ ᠶᠢᠨ  ᠪᠠᠭᠤᠷᠠᠢ ᠭᠡᠵᠦ ᠨᠤᠳᠠᠯᠠᠵᠠᠢ᠃ ᠵᠤᠬᠢᠶᠠᠭᠴᠢ 2000 ᠤᠨ ᠤ  ᠨᠠᠮᠦᠷ  ᠸᠠᠩ ᠭᠠᠩ ᠨᠦᠬᠦᠷ ᠤᠨ  ᠵᠢᠭᠠᠯᠳᠠ ᠪᠠᠷ  ᠲᠤᠰ  ︽ᠶᠡᠭᠡ ᠬᠤᠳᠠ︾   ᠶᠢᠨ ᠪᠠᠭᠤᠷᠠᠢ ᠳᠤ ᠬᠦᠷᠴᠦ  ᠲᠤᠬᠠᠢ ᠶᠢᠨ  ᠭᠠᠵᠠᠷ ᠲᠤ ᠨᠢ  ᠬᠠᠶᠢᠨ ᠪᠠᠶᠢᠴᠠᠭᠠᠯᠳᠠ  ᠬᠢᠵᠤ  ᠪᠠᠭᠤᠷᠠᠢ   ᠶᠢᠨ ᠡᠯ᠎ᠡ ᠭᠡᠰᠡᠭ ᠶᠢᠨ ᠨᠠᠷᠢᠪᠴᠢᠯᠠᠨ  ᠦᠵᠡᠵᠦ᠂ ᠴᠤᠷᠢ ᠶᠢᠨ  ᠭᠠᠭᠴᠨ ᠦᠯᠡᠳᠡᠭᠰᠡᠨ ᠪᠤᠳᠠᠰ ᠤᠨ  ᠦᠪ — ︽ᠰᠠᠮᠵᠠᠨ ᠨᠢᠭᠤᠷᠳᠤ ᠠᠷᠰᠯᠠᠨ  ︾   ᠤ ᠴᠢᠯᠠᠭᠤᠨ ᠱᠤᠭᠤᠮᠠᠯ ᠢ  ᠰᠤᠳᠤᠯᠵᠤ  ᠂ ᠰᠢᠶᠠᠨ ᠤ ᠬᠤᠳᠠ ᠳᠤ ᠪᠤᠴᠠᠭᠰᠠᠨ  ᠤ ᠲᠠᠷᠠᠭ᠎ᠠ  ︽ ᠯᠢᠶᠤᠤ ᠤᠯᠤᠰ ᠤᠨ  ᠲᠡᠦᠭᠡ︾  ︽ᠶᠠᠨ ᠤ ᠤᠮᠠᠷᠠᠰᠢᠬᠢ  ᠲᠡᠮᠳᠡᠭᠯᠡᠯ︾ ᠵᠡᠷᠭᠡ  ᠡᠷᠳᠡᠨ ᠤ   ᠨᠤᠮ ᠰᠤᠳᠤᠷ ᠶᠢᠨ  ᠯᠠᠪᠯᠠᠨ ᠤᠩᠰᠢᠵᠤ ᠠᠩᠬ᠎ᠠ ᠠᠯᠬᠤᠮ ᠤᠨ  ᠦᠵᠡᠯᠳᠡ ᠲᠠᠢ ᠪᠤᠯᠵᠠᠢ᠃  ᠡᠨᠡᠬᠦ  ︽ᠳ᠋ᠠ ᠴᠧᠩ  ︾ ᠨᠢ  ᠦᠨᠡᠭᠡᠷ  ᠯᠢᠶᠤᠤ ᠤᠯᠤᠰ ᠤᠨ  ᠴᠢᠩ ᠵᠧᠦ ᠶᠢᠨ  ᠹᠦ᠋ ᠢ ᠰᠢᠶᠠᠨ ᠤ ᠬᠤᠳᠠ ᠶᠢᠨ  ᠪᠠᠭᠤᠷᠠᠢ  ᠪᠠᠶᠢᠵᠤ ᠮᠡᠳᠡᠨ᠎ᠡ᠃   ᠡᠭᠦᠨ ᠢ  ᠨᠤᠳᠠᠯᠠᠬᠤ ᠶᠢᠨ ᠲᠦᠯᠦᠭᠡ  ᠵᠤᠬᠢᠶᠠᠭᠴᠢ   ᠤᠯᠠᠮ ᠨᠢᠭᠡ ᠠᠯᠬᠤᠮ  ᠮᠠᠲ᠋ᠧᠷᠢᠶᠠᠯ  ᠨᠠᠷᠢᠪᠴᠢᠯᠠᠨ  ᠦᠵᠡᠵᠦ  ᠡᠴᠦᠰ ᠲᠡᠭᠡᠨ  ᠪᠠᠷᠢᠮᠳᠠ ᠤᠯᠪᠠ᠃  ︽ᠯᠢᠶᠤᠤ ᠤᠯᠤᠰ ᠤᠨ  ᠲᠡᠦᠭᠡ  ︾   ᠶᠢ ᠲᠡᠮᠳᠡᠭᠯᠡᠯ ᠢ  ᠦᠨᠳᠤᠰᠤᠯᠡᠪᠡᠯ  ᠲᠤᠰ ᠰᠢᠶᠠᠨ ᠤ ᠬᠤᠳᠠ ᠶᠢᠨ  ᠤᠤᠯ ᠤᠨ ᠨᠡᠷ᠎ᠡ ᠨᠢ ᠢᠵᠧᠦ  ᠬᠤᠳᠠ ᠮᠦᠨ᠃  ᠴᠦᠩ ᠰᠢ   ᠶᠢᠨ ᠲᠡᠷᠢᠭᠦᠨ ᠤᠨ  (1032)   ᠳᠤ   ᠢ ᠹᠧᠩ ᠰᠢᠶᠠᠨ  ᠪᠤᠯᠵᠤ  ᠪᠠᠭᠤᠷᠠᠵᠠᠢ᠃  ᠬᠤᠵᠢᠮ ᠨᠢ ᠪᠠᠰᠠ  ᠹᠦ᠋ ᠢ ᠰᠢᠶᠠᠨ ᠭᠡᠵᠦ  ᠨᠡᠷ᠎ᠡ ᠶᠢ ᠨᠢ ᠦᠭᠡᠷᠴᠢᠯᠡᠵᠦ  ᠾᠦᠩ ᠢ ᠭᠦᠩ   ᠳᠤ ᠰᠢᠭᠤᠳ ᠬᠠᠷᠢᠶᠠᠯᠠᠭᠳᠠᠵᠠᠢ᠃  ︽ᠶᠠᠨ ᠤ ᠤᠮᠠᠷᠠᠳᠡᠬᠢ  ᠲᠡᠮᠳᠡᠭᠡᠯᠡᠯ︾ ᠢ ᠦᠨᠳᠤᠰᠤᠯᠡᠪᠡᠯ  ᠯᠢᠶᠤᠤ ᠤᠯᠤᠰ ᠤᠨ  ᠯᠢᠶᠤᠤ ᠤᠯᠤᠰ ᠤᠨ  ᠬᠠᠭᠠᠨ  ᠤ  ᠵᠤᠨ   ᠤ  ᠶᠠᠪᠤᠭᠤᠯ ᠤᠷᠳᠤᠨ —— ᠦᠯᠦᠭᠡ  ᠲᠠᠷᠤᠳᠠᠭ  ᠴᠡᠴᠡᠷ ᠮᠦᠨ᠃  ᠲᠠᠷᠦᠢ ᠯᠢᠶᠤᠤ ᠤᠯᠤᠰ  ᠤᠨ ᠬᠠᠭᠠᠳ  ᠭᠠᠳᠠᠭᠰᠢ ᠭᠠᠷᠬᠤ ᠳᠤ ᠰᠠᠭᠤᠳᠠᠭ  ᠭᠠᠵᠠᠷ ᠮᠦᠨ᠃  ᠬᠢᠳᠠᠳ ᠬᠡᠯᠡᠨ ᠤ ᠤᠳᠬ᠎ᠠ ᠨᠢ  ︽ᠶᠠᠪᠤᠭᠤᠯ ᠤᠷᠳᠤᠨ︾᠃ ︽ᠶᠠᠨ ᠠᠴᠠ ᠤᠮᠠᠷᠠᠳᠠᠬᠢ ᠲᠡᠮᠳᠡᠭᠡᠯᠡᠯ  ︾   ᠳᠤ ᠪᠠᠰᠠ ᠲᠡᠮᠳᠡᠭᠯᠡᠷᠦᠨ  ︽ᠶᠦᠩ ᠠᠨ ᠱᠠᠨ ᠤ  ᠤᠤᠯ ᠤᠨ ᠨᠡᠷ᠎ᠡ ᠨᠢ  ᠮᠢᠶᠠᠨ ᠱᠠᠨ  ᠂ ᠱᠧᠩᠽᠦ᠋ᠩ ᠬᠠᠭᠠᠨ  ᠶᠦᠩ ᠠᠨ ᠱᠠᠨ ᠭᠡᠰᠠᠨ ᠨᠡᠷ᠎ᠡ ᠬᠠᠶᠢᠷᠠᠯᠠᠵᠠᠢ  ︾᠃ ᠡᠳᠡᠭᠡᠷ ᠲᠡᠮᠳᠡᠭᠯᠡᠯ ᠶᠢᠨ  ᠦᠨᠳᠤᠰᠤᠯᠡᠨ ᠵᠤᠬᠢᠶᠠᠭᠴᠢ  ᠯᠢᠶᠤᠤ ᠤᠯᠤᠰ ᠤᠨ  ᠬᠢᠯᠢ ᠬᠢᠵᠠᠭᠠᠷ  ᠤᠨ  ᠭᠠᠵᠠᠷ ᠤᠨ  ᠵᠢᠷᠤᠭ ᠢ  ᠬᠢᠨᠠᠨ ᠦᠵᠡᠭᠡᠳ  ᠶᠦᠩ ᠠᠨ ᠰᠢᠶᠠᠨ  ᠤᠳᠤᠬᠠᠨ   ᠤ ᠯᠢᠨᠰᠢ ᠰᠢᠶᠠᠨ ᠤ ᠬᠤᠶᠢᠳᠤ ᠭᠡᠰᠡᠭ   ᠲᠤ ᠪᠠᠶᠢᠷᠢᠯᠠᠵᠤ  ᠭᠠᠵᠠᠷ ᠵᠦᠢ ᠢ  ᠪᠠᠶᠢᠷᠰᠢᠯ ᠨᠢ  ᠲᠠᠯᠠᠩ ᠠᠭᠤᠯᠠ  ᠪᠤᠯᠤᠨ᠎ᠠ᠃ ᠳ᠋ᠠ ᠴᠧᠩ  ᠨᠢ ᠲᠠᠯᠠᠩ ᠠᠭᠤᠯᠠ ᠶᠢᠨ  ᠵᠡᠭᠦᠨ ᠲᠠᠯ᠎ᠠ ᠳᠤ  ᠬᠤᠪᠳᠤ   ᠶᠢᠨ ᠲᠠᠪᠠᠭ᠎ᠠ ᠶᠢᠨ ᠪᠠᠷᠠᠭᠤᠨ  ᠬᠦᠯ ᠲᠤᠤᠷ᠎ᠠ  ᠲᠡᠭᠰᠢ ᠲᠠᠯ᠎ᠠ ᠳᠤ ᠪᠠᠶᠢᠷᠢᠰᠢᠵᠤ ᠪᠠᠶᠢᠨ᠎ᠠ᠃ ᠢᠩᠬᠢᠵᠤ  ︽ᠳ᠋ᠠ ᠴᠧᠩ ᠤᠨ  ᠤᠨᠢᠰᠤᠭ᠎ᠠ  ︾ ᠶᠢ ᠲᠠᠶᠢᠯᠠᠵᠤ  ᠂ ᠲᠤᠰ  ᠬᠤᠳᠠ ᠪᠤᠯᠪᠠᠯ  ᠯᠢᠶᠤᠤ ᠤᠯᠤᠰ ᠤᠨ ᠴᠢᠩᠵᠧᠦ ᠶᠢᠨ  ᠹᠦ᠋ ᠢ ᠰᠢᠶᠠᠨ   ᠤ  ᠬᠤᠳᠠ ᠶᠢᠨ ᠪᠠᠭᠤᠷᠠᠢ ᠪᠤᠯᠬᠤ ᠨᠢ ᠡᠷᠡᠭᠡᠯᠵᠡᠭᠡ ᠦᠭᠡᠢ ᠭᠡᠳᠡᠭ ᠢ  ᠨᠤᠳᠠᠯᠠᠭᠰᠠᠨ᠃ ᠡᠨᠡᠬᠦ ᠨᠤᠳᠠᠯᠠᠯᠳᠠ ᠨᠢ  ︽ᠦᠪᠦᠷ ᠮᠤᠩᠭᠤᠯ ᠤᠨ  ᠨᠡᠶᠢᠭᠡᠮ ᠤᠨ ᠰᠢᠨᠵᠢᠯᠡᠬᠦ ᠤᠬᠠᠭᠠᠨ ᠰᠡᠳᠬᠦᠯ  ︾1992 ᠤᠨ ᠤ 3 ᠰᠠᠷ᠎ᠠ ᠳᠤ  ᠨᠡᠶᠢᠳᠡᠯᠭᠰᠡᠨ  ︽ᠯᠢᠶᠤᠤ ᠤᠯᠤᠰ ᠤᠨ  ᠲᠦᠷᠦ ᠶᠢᠨ  ᠪᠠᠶᠢᠭᠤᠯᠤᠮᠵᠢ ᠵᠢᠴᠢ  ᠢᠷᠡᠯᠳᠡ ᠶᠢᠨ ᠲᠤᠬᠠᠢ ᠲᠤᠷᠰᠢᠨ ᠦᠬᠦᠯᠡᠬᠦ  ︾  ᠭᠡᠳᠡᠭ ᠵᠤᠬᠢᠶᠠᠯ ᠤᠨ  ︽ᠶᠦᠩ ᠠᠨ ᠱᠠᠨ   ᠨᠢ ᠯᠢᠨᠰᠢ ᠰᠢᠶᠠᠨ ᠤ ᠬᠤᠶᠢᠳᠤ ᠭᠡᠰᠡᠭ ᠲᠤ  ᠪᠠᠶᠢᠷᠰᠢᠨ᠎ᠠ︾ ᠭᠡᠳᠡᠭ ᠭᠡᠯᠡᠯᠭᠡ ᠲᠠᠢ  ᠵᠤᠬᠢᠯᠴᠠᠨ᠎ᠠ᠃ ︽ᠯᠢᠶᠤᠤ ᠤᠯᠤᠰ ᠤᠨ   ᠲᠡᠦᠭᠡ  ︾ ᠶᠢ ᠦᠨᠳᠤᠰᠤᠯᠡᠪᠡᠯ  ᠲᠤᠰ ᠬᠤᠳᠠ ᠪᠤᠯᠪᠠᠯ   ᠯᠢᠶᠤᠤ ᠤᠯᠤᠰ ᠤᠨ  ᠲᠠᠶᠢᠽᠦ  ᠶᠧᠯᠢᠦᠢ  ᠢ   ᠶᠢᠨ  ᠪᠠᠶᠢᠭᠤᠯᠤᠭᠰᠠᠨ  ︽ᠰᠤᠯᠠ ᠤᠷᠳᠤ  ︾ ᠶᠢᠨ  ᠨᠢᠭᠡᠨ ᠰᠢᠶᠠᠨ ᠤ ᠬᠤᠳᠠ ᠪᠤᠯᠤᠨ᠎ᠠ᠃   ᠡᠨᠡ  ᠲᠡᠮᠳᠡᠭᠯᠡᠯ ᠨᠢ  ᠤᠳᠤᠬᠠᠨ ᠤ  ᠯᠢᠨᠰᠢ ᠰᠢᠶᠠᠨ ᠤ  ᠲᠠᠪᠢᠨᠯᠭᠡᠷ ᠪᠠᠯᠭᠠᠰᠤᠨ  ᠴᠢᠬᠢ ᠲᠤᠰᠬᠤᠨ  ᠤ  ︽ᠳ᠋ᠠ ᠴᠧᠩ︾ ᠪᠤᠯᠪᠠᠯ  ᠲᠠᠷᠦᠢ  ᠹᠦ᠋ ᠢ ᠰᠢᠶᠠᠨ ᠤ ᠪᠠᠭᠤᠷᠠᠢ  ᠪᠠᠶᠢᠵᠤ᠂ ᠲᠤᠬᠠᠢ ᠶᠢᠨ  ᠦᠶ᠎ᠡ ᠳᠤ  ᠯᠢᠶᠤᠤ ᠤᠯᠤᠰ ᠤᠨ ᠲᠠᠶᠢᠽᠦ   ᠶᠢᠨ ᠾᠥᠩ ᠢ ᠭᠦᠩ  ᠤᠷᠳᠤᠨ ᠳᠤ ᠬᠠᠷᠢᠶ᠋ᠯᠠᠭᠳᠠᠵᠤ3000 ᠬᠤᠶᠠᠭ  ᠰᠠᠭᠤᠵᠤ  ᠯᠢᠶᠤᠤ ᠤᠯᠤᠰ ᠤᠨ  ᠬᠠᠭᠠᠨ ᠤ ᠦᠯᠦᠭᠡ ᠲᠠᠷᠦᠬᠤ ᠳᠤ ᠬᠡᠷᠡᠭᠯᠡᠵᠦ ᠪᠠᠶᠢᠵᠠᠢ᠃ ᠯᠢᠶᠤᠤ ᠤᠯᠤᠰ ᠤᠨ  ᠦᠶ᠎ᠡ ᠳᠤ  ᠦᠯᠦᠭᠡ ᠲᠠᠷᠤᠬᠤ ᠨᠢ  ᠡᠵᠡᠨ ᠬᠠᠭᠠᠨ ᠤ  ᠲᠤᠭᠤᠷᠢᠨ  ᠬᠠᠮᠠᠭᠠᠯᠠᠬᠤ ᠶᠠᠪᠤᠴᠨ  ᠲᠤᠮᠳ ᠴᠢᠬᠤᠯᠠ ᠪᠠᠶᠢᠷᠢ ᠰᠠᠭᠤᠷᠢ ᠲᠠᠢ ᠪᠠᠶᠢᠬᠰᠠᠨ ᠮᠦᠷᠳᠡᠭᠡᠨ ᠬᠠᠮᠤᠭ ᠴᠢᠬᠤᠯᠠ   ᠨᠢ  ᠯᠢᠶᠤᠤ ᠶᠢᠨ ᠬᠠᠭᠠᠨ ᠤ  ᠤᠯᠤᠰ ᠤᠨ  ᠭᠡᠷᠡᠭ   ᠶᠢᠨ ᠵᠦᠪᠯᠡᠵᠦ᠂ ᠲᠦᠷᠦ ᠶᠢᠨ  ᠪᠤᠳᠤᠯᠭ᠎ᠠ ᠲᠤᠭᠳᠠᠭᠠᠵᠤ  ᠂ ᠪᠤᠳᠠᠳᠠᠢ ᠠᠷᠭ᠎ᠠ ᠤᠬᠠᠭᠠᠨ ᠲᠤᠭᠳᠠᠭᠠᠵᠦ᠂  ᠨᠤᠶᠠᠳ ᠲᠦᠰᠢᠮᠡᠳ  ᠰᠤᠩᠭᠤᠬᠤ ᠳᠠᠭᠠᠨ  ᠪᠦᠬᠦᠨ ᠢᠶᠠᠷ   ᠨᠢ ᠡᠨᠡᠬᠦ ᠦᠯᠦᠭᠡ ᠲᠠᠷᠦᠬᠤ ᠬᠡᠯᠪᠡᠷᠢ ᠪᠠᠷ ᠰᠡᠢᠳᠪᠤᠷᠢ ᠭᠠᠷᠭᠠᠵᠤ ᠪᠠᠶᠢᠵᠠᠢ  ᠃ ᠲᠡᠦᠭᠡᠨ ᠲᠡᠮᠳᠡᠭᠯᠡᠯ ᠶᠢᠨ ᠦᠨᠳᠤᠰᠤᠯᠡᠪᠡᠯ  ᠬᠢᠳᠠᠨ ᠤ   ᠬᠠᠭᠠᠨ ᠲᠦᠰᠢᠮᠡᠯ ᠤᠨ  ᠠᠪᠠ ᠠᠩᠨᠠᠵᠤ ᠵᠤᠭᠠᠴᠠᠵᠤ ᠪᠠᠶᠢᠭᠰᠠᠨ ᠨᠢ  ᠪᠦᠬᠦᠨ ᠢᠶᠠᠷ   ᠢᠶᠠᠨ ︽ᠪᠠᠶᠠᠷ ᠲᠤᠷᠠᠰᠬᠠᠯ ᠤᠨ ᠡᠳᠦᠷ︾ ᠶᠠᠪᠤᠭᠳᠠᠵᠤ ᠪᠠᠶᠢᠵᠠᠢ᠃  ᠡᠭᠦᠨ ᠠᠴᠠ  ᠲᠤᠬᠠᠢ ᠶᠢᠨ ᠦᠶ᠎ᠡ ᠶᠢᠨ  ᠬᠠᠭᠠᠨ ᠤ  ᠲᠦᠷᠦ ᠶᠢᠨ  ᠬᠡᠷᠡᠭ ᠬᠡᠴᠦᠨᠡᠨ ᠶᠠᠭᠠᠷᠠᠯᠳᠠᠢ ᠪᠠᠶᠢᠭᠰᠠᠨ ᠢ  ᠮᠡᠳᠡᠵᠦ  ᠪᠤᠯᠬᠤ ᠶᠤᠮ᠃ ᠯᠢᠶᠤᠤ ᠤᠯᠤᠰ ᠤᠨ  ᠲᠦᠷᠦ ᠶᠢᠨ  ᠭᠤᠤᠯ  ᠴᠦᠮ᠎ᠡ ᠨᠢ  ᠲᠦᠷᠦ ᠶᠢᠨ  ᠡᠷᠭᠡ ᠪᠠᠨ ᠪᠠᠳᠠᠷᠠᠭᠤᠯᠬᠤ   ᠳᠤ ᠭᠤᠤᠯᠳᠠᠭᠤ ᠲᠦᠷᠪᠡᠨ ᠴᠠᠭ ᠤᠨ  ᠠᠪᠠ   ᠶᠢᠨ ᠦᠶᠡᠰ ᠲᠤ ᠪᠠᠶᠢᠵᠤ᠂  ᠨᠡᠩ ᠴᠦ  ᠵᠤᠨ ᠤ ᠦᠯᠦᠭᠡ ᠲᠠᠷᠤᠬᠤ ᠦᠶᠡᠰ  ᠬᠠᠮᠤᠭ ᠤᠨ  ᠴᠢᠬᠤᠯᠠ  ᠂ ᠯᠢᠶᠤᠤ ᠤᠯᠤᠰ ᠤᠨ  ᠶᠡᠭᠡ ᠲᠦᠷᠦ ᠶᠢᠨ  ᠪᠤᠳᠤᠯᠭ᠎ᠠ ᠡᠨᠡᠬᠦ ᠦᠶᠡᠰ  ᠮᠡᠨᠳᠤᠯᠡᠵᠦ  ᠵᠠᠷᠯᠢᠭ ᠢᠶᠠᠷ ᠲᠠᠷᠬᠠᠭᠳᠠᠨ ᠬᠡᠷᠡᠭᠵᠢᠭᠦᠯᠦᠭᠳᠡᠵᠦ ᠪᠠᠶᠢᠵᠠᠢ᠃  ᠲᠡᠭᠡᠷ᠎ᠡ ᠶᠠᠷᠢᠭᠰᠠᠨ ᠢ  ᠶᠡᠷᠦᠩᠬᠢᠯᠡᠪᠡᠯ᠂ ᠯᠢᠶᠤᠤ ᠶᠢᠨ  ᠬᠠᠭᠠᠨ ᠤ ᠲᠦᠷᠪᠡᠨ ᠴᠠᠭ ᠤᠨ  ᠠᠪᠠ ᠨᠢ ᠵᠦᠪᠭᠡᠨ ᠠᠪᠠ ᠠᠩᠨᠠᠵᠤ  ᠨᠠᠭᠠᠳᠴᠦ ᠴᠡᠩᠭᠡᠵᠦ ᠪᠠᠶᠢᠭᠰᠠᠨ ᠪᠢᠰᠢ ᠬᠠᠷᠢᠨ  ᠯᠢᠶᠤᠤ ᠤᠯᠤᠰ ᠤᠨ  ᠲᠦᠷᠦ ᠶᠢᠨ  ᠪᠠᠶᠢᠭᠤᠯᠤᠮᠵᠢ ᠶᠢᠨ  ᠲᠦᠷᠦ ᠶᠢᠨ  ᠡᠷᠭᠡ ᠪᠠᠨ ᠶᠠᠪᠤᠭᠳᠠᠭᠤᠯᠵᠤ ᠪᠠᠶᠢᠭᠰᠠᠨ  ᠴᠢᠬᠤᠯᠠ  ᠭᠠᠵᠠᠷ  ᠪᠠ ᠠᠴᠢᠶᠠᠯᠠᠪᠤᠷᠢ ᠮᠦᠨ᠃  ᠲᠤᠬᠠᠢ  ᠶᠢᠨ  ᠦᠶ᠎ᠡ ᠶᠢᠨ  ᠹᠦ᠋ ᠢ ᠰᠢᠶᠠᠨ ᠨᠢ ᠯᠢᠶᠤᠤ ᠤᠯᠤᠰ ᠤᠨ  ᠬᠠᠭᠠᠨ  ᠲᠦᠷᠦ ᠶᠢᠨ  ᠶᠠᠪᠤᠳᠠᠯ   ᠢᠶᠠᠨ  ᠠᠬᠢᠭᠤᠯᠵᠤ᠂  ᠲᠤᠭᠤᠷᠢᠨ  ᠴᠠᠭᠳᠠᠨ  ᠠᠪᠠ ᠠᠩᠨᠠᠵᠤ ᠪᠠᠶᠢᠭᠰᠠᠨ ︽ᠶᠠᠪᠤᠭᠤᠯ ᠤᠷᠳᠤᠨ  ︾ ᠤ  ᠰᠠᠭᠤᠬᠤ ᠭᠠᠵᠠᠷ ᠤᠨ  ᠨᠢᠭᠡᠨ ᠨᠢ ᠮᠦᠨ᠃ ᠯᠢᠶᠤᠤ ᠤᠯᠤᠰ ᠤᠨ   ᠵᠢᠩᠽᠦ᠋ᠩ ᠬᠠᠭᠠᠨ ᠤ ᠦᠶ᠎ᠡ ᠠᠴᠠ ᠡᠬᠢᠯᠡᠵᠦ  ᠨᠠᠮᠦᠷ ᠦᠯᠦᠭᠡ ᠲᠠᠷᠤᠬᠤ  ᠭᠠᠵᠠᠷ ᠪᠤᠯᠵᠠᠢ᠃  ᠲᠡᠦᠭᠡᠨ ᠮᠠᠲ᠋ᠧᠷᠢᠶᠠᠯ ᠶᠢᠨ  ᠦᠨᠳᠤᠰᠤᠯᠡᠪᠡᠯ ᠮᠢᠩᠭᠠᠨ ᠵᠢᠯ ᠤᠨ  ᠡᠮᠦᠨᠡᠬᠢ ᠯᠢᠶᠤᠤ ᠤᠯᠤᠰ ᠤᠨ  ᠦᠶ᠎ᠡ ᠶᠢᠨ  ᠶᠦᠩ ᠠᠨ ᠰᠢᠶᠠᠨ ᠨᠢ ᠬᠦᠭᠡᠮᠳᠦᠭ ᠠᠭᠤᠯᠠ  ᠪᠢᠨᠳᠤᠷᠢᠶᠠᠨ ᠤᠰᠤ ᠵᠠᠯᠭᠠᠯᠳᠤᠵᠤ᠂ ᠪᠠᠯᠠᠷ ᠡᠷᠳᠡᠨ ᠤ ᠤᠢ ᠰᠢᠭᠤᠢ  ᠰᠦᠭᠯᠡᠶᠢᠨ ᠪᠦᠷᠭᠦᠵᠦ  ᠂ ᠨᠠᠷᠠᠰᠤ᠂  ᠴᠠᠷᠠᠰᠤ᠂  ᠤᠯᠢᠶᠠᠰᠤ᠂  ᠵᠡᠷᠭᠡ ᠮᠤᠳᠤ ᠬᠦᠨᠳᠡᠢ  ᠲᠠᠯ᠎ᠠ ᠪᠠᠷ ᠲᠦᠭᠦᠷᠡᠩ  ᠤᠷᠭᠤᠵᠤ  ᠂ ᠡᠷᠬᠢᠮ ᠮᠤᠳᠤᠨ ᠡᠷᠳᠡᠨᠢ ᠶᠢᠨ  ᠡᠪᠡᠰᠦᠨ  ᠲᠤᠮᠳᠠ  ᠪᠠᠷᠰ ᠤᠷᠬᠢᠷᠠᠨ  ᠰᠢᠪᠠᠭᠤᠳ  ᠱᠤᠯᠤᠭᠠᠨᠠᠵᠤ  ᠂ ᠠᠷᠢᠶᠠᠳᠠᠨ ᠵᠢᠭᠦᠷᠳᠡᠨ ᠬᠦᠭᠡᠷᠦᠯᠳᠤᠨ  ᠂ ᠪᠠᠷᠰ᠂  ᠢᠷᠪᠢᠰ᠂  ᠴᠢᠨᠤᠸ᠎ᠠ᠂  ᠪᠤᠭᠤ᠂  ᠦᠨᠡᠭᠡ᠂  ᠵᠡᠭᠡᠷ᠎ᠡ᠂  ᠪᠦᠷᠭᠦᠳ᠂  ᠭᠠᠯᠠᠭᠤ᠂  ᠬᠡᠷᠢᠶ᠎ᠡ  ᠪᠢᠯᠵᠤᠤᠬᠠᠢ ᠵᠡᠷᠭᠡ  ᠤᠷᠤᠰᠢᠨ ᠲᠤᠭᠳᠠᠨᠢᠵᠤ ᠦᠷᠡᠵᠢᠨ ᠭᠦᠭᠵᠢᠵᠤ᠂ ᠦᠶᠡᠷ  ᠤᠨ ᠤᠰᠤ ᠰᠢᠭ᠋  ᠬᠠᠯᠬᠢᠯᠠᠨ  ︽ᠭᠦᠨ  ᠴᠤᠩᠬᠢᠶᠠᠯ ᠳᠤ  ᠵᠢᠭᠠᠰᠤ  ᠲᠤᠭᠯᠠᠨ  ᠂ ᠬᠦᠨ ᠠᠭᠤᠯᠠᠨ ᠳᠤ  ᠠᠷᠢᠶᠠᠳᠠᠨ  ᠲᠡᠪᠭᠡᠷᠤᠯᠳᠤᠭ᠍ᠰᠡᠨ  ︾ ᠭᠠᠵᠠᠷ ᠪᠠᠶᠢᠵᠠᠢ᠃ ᠯᠢᠶᠤᠤ ᠣᠯᠤᠰ ᠤᠨ ᠬᠠᠭᠠᠨ  ᠠᠳᠡ ᠬᠠᠯᠭᠤᠨ ᠠᠴᠠ  ᠵᠠᠶᠢᠯᠠᠵᠤ  ᠲᠦᠷᠦ ᠶᠢᠨ ᠬᠡᠷᠡᠭ ᠵᠦᠪᠯᠡᠵᠤ  ᠂ ᠠᠪᠠ ᠠᠩᠨᠠᠨ  ᠴᠡᠩᠭᠡᠳᠡᠭ ᠤᠷᠤᠨ  ᠂ ᠹᠦ᠋  ᠢ ᠰᠢᠶᠠᠨ ᠤ  ︽ᠳ᠋ᠠ ᠴᠧᠩ︾ ᠪᠤᠯᠪᠠᠯ  ᠯᠢᠶᠤᠤ ᠤᠯᠤᠰ   ᠳᠤ ᠲᠠᠭᠠᠯᠠᠭᠳᠠᠭᠰᠨᠨ  ᠵᠤᠨ ᠤ  ᠦᠯᠦᠭᠡ  ᠲᠠᠷᠤᠳᠠᠭ ᠭᠠᠵᠠᠷ  ᠮᠦᠨ᠃  ᠤᠳᠤᠬᠠᠨ ᠳᠤ ᠨᠢᠭᠡᠨᠳᠡ ᠦᠪᠦᠷ ᠮᠤᠩᠭᠤᠯ ᠤᠨ  ᠦᠪᠡᠷᠳᠡᠭᠡᠨ ᠵᠠᠰᠠᠬᠤ ᠤᠷᠤᠨ ᠤ ᠭᠤᠤᠯᠳᠠᠯᠭ᠎ᠠ ᠲᠠᠢ  ᠦᠪ ᠰᠤᠶᠤᠯ ᠤᠨ  ᠬᠠᠮᠠᠠᠭᠠᠯᠠᠯᠳᠠ ᠶᠢᠨ  ᠭᠠᠵᠠᠷ  ᠮᠦᠨ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号