ᠠᠯᠳᠠᠨ ᠤᠯᠤᠰ ᠤᠨ ᠬᠢᠯᠢ ᠶᠢᠨ ᠴᠠᠶᠢᠵᠠ ᠪᠤᠯ ᠮᠤᠩᠭᠤᠯ ᠴᠡᠷᠢᠭ ᠢ ᠡᠮᠦᠨᠡᠰᠢ ᠤᠷᠤᠬᠤ ᠶᠢ ᠬᠤᠷᠢᠭᠯᠠᠬᠤ ᠶᠢᠨ | ᠲᠦᠯᠦᠭᠡ ᠴᠤᠭᠴᠠᠯᠠᠭᠰᠠᠨ ᠰᠢᠷᠦᠢ ᠶᠢᠨ ᠭᠡᠷᠡᠮ ᠮᠦᠨ ᠂ ᠪᠠᠰᠠ ᠠᠯᠳᠠᠨ ᠤᠯᠤᠰ ᠤᠨ ᠪᠤᠷᠤ ᠭᠡᠷᠡᠮ ᠭᠡᠳᠡᠭ ᠃ | ᠠᠯᠳᠠᠨ ᠤᠯᠤᠰ ᠤᠨ ᠲᠡᠦᠭᠡᠨ ᠲᠡᠮᠳᠡᠭᠯᠡᠯ ᠢ ᠦᠨᠳᠤᠰᠤᠯᠡᠪᠡᠯ ᠄ ᠠᠯᠳᠠᠨ ᠤᠯᠤᠰ ᠤᠨ ᠬᠢᠯᠢ ᠶᠢᠨ ᠴᠠᠶᠢᠵᠠ ᠨᠢ | ᠵᠡᠭᠦᠨᠰᠢ ᠮᠤᠷᠢᠨ ᠲᠠᠪᠠᠭ᠎ᠠ ᠶᠢᠨ ᠡᠯ ᠵᠢᠢ ᠪᠠᠯᠭᠠᠰᠤ ᠠᠴᠠ ᠡᠬᠢᠯᠡᠵᠦ ᠂ ᠵᠠᠯᠠᠶᠢᠳ ᠤᠨ ᠬᠤᠶᠢᠳᠤ ᠬᠤᠰᠢᠭᠤ | ᠶᠢᠨ ᠦᠩᠭᠡᠷᠡᠭᠰᠡᠨ ᠤ ᠰᠡᠭᠦᠯᠡᠷ ᠡᠮᠦᠨ᠎ᠡ ᠬᠤᠶᠢᠨ᠎ᠠ ᠬᠤᠶᠠᠷ ᠰᠠᠯᠪᠦᠷᠢᠯᠡᠵᠤ ᠲᠦᠷᠪᠡᠳ ᠬᠤᠰᠢᠭᠤᠨ ᠤ ᠴᠠᠭᠠᠨ | ᠤᠪᠤᠭ᠎ᠠ ᠬᠦᠷᠴᠦ ᠲᠠᠬᠢᠨᠳᠠ ᠨᠡᠶᠢᠯᠡᠵᠦ ᠮᠤᠨᠢ ᠠᠭᠤᠯᠠ ᠶᠢᠨ ᠠᠭᠤᠯᠠ ᠨᠢᠷᠤᠭᠤᠳ ᠢ ᠦᠩᠭᠡᠷᠡᠵᠦ | ᠪᠤᠷᠤᠲᠤᠬᠤᠢ ᠬᠦᠷᠴᠦ ᠪᠠᠷᠠᠭᠤᠨᠰᠢ ᠮᠤᠷᠤᠶᠢᠨᠠ ᠂ ᠵᠡᠭᠦᠨ ᠠᠴᠠ ᠪᠠᠷᠠᠭᠤᠨᠰᠢ 1000 ᠺᠢᠯᠤᠮᠧᠲᠷ ᠤᠷᠳᠤ ᠂ | ᠮᠤᠷᠦᠢ ᠶᠢ ᠰᠤᠩᠭᠠᠵᠤ ᠪᠤᠳᠤᠪᠠᠯ 15000 ᠺᠢᠯᠤᠮᠧᠲᠷ ᠤᠷᠳᠤ ᠂ ᠴᠢᠨ ᠬᠠᠨ ᠤ ᠤᠷᠳᠤ ᠴᠠᠭᠠᠨ ᠭᠡᠷᠡᠮ ᠠᠴᠠ | ᠪᠠᠰᠠ ᠤᠷᠳᠤ ᠃ ᠲᠡᠭᠦᠨ ᠢ ᠳ᠋ᠦᠩ ᠪᠧᠢ ᠯᠤ᠋ ᠂ ᠯᠢᠨ ᠬᠤᠸᠠᠩ ᠯᠤ᠋ ᠵᠠᠮ ᠂ ᠰᠢ ᠪᠧᠢ ᠯᠤ᠋ ᠵᠠᠮ᠂ ᠰᠢ ᠨᠠᠨ | ᠯᠤ᠋ ᠵᠠᠮ ᠭᠡᠵᠦ ᠲᠦᠷᠪᠡᠨ ᠬᠡᠰᠡᠭ ᠲᠤ ᠬᠤᠪᠢᠶᠠᠨ᠎ᠠ᠃ ᠯᠢᠨᠰᠢ ᠶᠢᠨ ᠬᠢᠵᠠᠭᠠᠷ ᠲᠠᠬᠢ ᠠᠯᠳᠠᠨ ᠤᠯᠤᠰ ᠤᠨ ᠬᠢᠯᠢ | ᠶᠢᠨ ᠴᠠᠶᠢᠵᠠ ᠨᠢ ᠯᠢᠨ ᠬᠤᠸᠠᠩ ᠯᠤ᠋ ᠴᠠᠶᠢᠵᠠ ᠳᠤ ᠪᠠᠭᠳᠠᠨ᠎ᠠ᠃ ᠡᠨᠡᠬᠦ ᠭᠡᠰᠡᠭ ᠤᠨ ᠬᠢᠯᠢ ᠶᠢᠨ ᠴᠠᠶᠢᠵᠠ ᠨᠢ | ᠵᠡᠭᠦᠨᠰᠢ ᠬᠤᠤᠯᠢᠨ ᠭᠤᠤᠯ ᠠᠴᠠ ᠡᠬᠢᠯᠡᠵᠦ ᠪᠠᠷᠠᠭᠤᠨᠰᠢ ᠭᠡᠰᠢᠭᠳᠡ ᠬᠤᠰᠢᠭᠤᠨ ᠤ ᠲᠠᠷᠬᠠᠨ ᠠᠭᠤᠯᠠ ᠬᠦᠷᠴᠦ᠂ | ᠪᠦᠬᠦ ᠤᠷᠳᠤ ᠨᠢ 550 ᠺᠢᠯᠤᠮᠧᠲᠷ ᠃ ᠯᠢᠨᠰᠢ ᠶᠢᠨ ᠬᠢᠵᠠᠭᠠᠷ ᠲᠠᠬᠢ ᠠᠯᠳᠠᠨ ᠤᠯᠤᠰ ᠤᠨ ᠬᠢᠯᠢ ᠶᠢᠨ | ᠭᠡᠷᠡᠮ ᠢ ᠡᠮᠤᠨ᠎ᠡ ᠤᠮᠠᠷ᠎ᠠ ᠬᠤᠶᠠᠷ ᠵᠠᠮ ᠬᠤᠪᠢᠶᠠᠵᠤ ᠂ ᠪᠤᠳᠠᠳᠠᠢ ᠤᠷᠤᠨ ᠳᠤ ᠨᠢ ᠪᠠᠶᠢᠴᠠᠭᠠᠨ ᠲᠤᠳᠤᠯᠠᠭᠰᠠᠨ | ᠢᠶᠠᠷ ᠡᠮᠦᠨ᠎ᠡ ᠵᠠᠮ ᠤᠨ ᠬᠢᠯᠢ ᠶᠢᠨ ᠴᠠᠶᠢᠵᠠ ᠨᠢ ᠳ᠋ᠠ ᠢᠩᠽᠢ ᠠᠴᠠ ᠳ᠋ᠦᠩ ᠬᠤᠸᠠᠩ ᠂ ᠾᠧ ᠫᠢᠩ᠂ | ᠭᠤᠷᠪᠠᠨ ᠰᠡᠷᠡᠩ᠂ ᠬᠤᠸᠠᠩ ᠵᠢᠶᠠ ᠳ᠋ᠢᠶᠠᠨ᠂ ᠭᠠᠢ ᠵᠢᠶᠠ ᠳ᠋ᠢᠶᠠᠨ᠂ ᠴᠦᠩᠭᠦᠭ ᠠᠭᠤᠯᠠᠨ ᠤ ᠵᠡᠭᠦᠨ ᠬᠢᠷ᠎ᠡ | ᠠᠴᠠ ᠪᠢᠶᠠᠨ ᠴᠢᠶᠠᠩ ᠯᠢᠶᠠᠩ ᠪᠠᠷ ᠦᠩᠭᠡᠷᠡᠵᠦ ᠲᠥᠩ ᠪᠦ᠋ ᠪᠠᠯᠭᠠᠰᠤᠨ ᠤ ᠬᠤ᠋ ᠵᠢᠶᠠ ᠳ᠋ᠢᠶᠠᠨ ᠤ ᠪᠠᠷᠠᠭᠤᠨ | ᠠᠭᠤᠯᠠᠨ ᠳᠤ ᠬᠦᠷᠴᠦ ᠽᠤᠤ ᠵᠢᠶᠠ ᠲᠦᠨ ᠂ ᠭᠠᠴᠠᠭ᠎ᠠ᠂ ᠬᠠᠷ᠎ᠠ ᠲᠤᠯᠤᠭᠠᠢ ᠬᠦᠷᠴᠦ ᠤᠮᠠᠷᠠᠰᠢ ᠯᠢᠩ ᠵᠢᠶᠠ | ᠢᠩᠽᠢ ᠳᠤ ᠬᠦᠷᠴᠦ ᠠᠷᠤ ᠵᠠᠮ ᠤᠨ ᠬᠢᠯᠢ ᠶᠢᠨ ᠴᠠᠶᠢᠵᠠ ᠲᠠᠢ ᠨᠡᠶᠢᠯᠡᠨ᠎ᠡ᠃ ᠠᠷᠤ ᠵᠠᠮ ᠤᠨ ᠬᠢᠯᠢ ᠶᠢᠨ | ᠭᠡᠷᠡᠮ ᠨᠢ ᠪᠠᠶᠢᠰᠢᠩᠳᠤ ᠬᠦᠷᠴᠦ ᠤᠪᠤᠭ᠎ᠠ ᠭᠤᠤᠯ ᠂ ᠤᠯᠠᠭᠠᠨ ᠭᠤᠤ ᠶᠢᠨ ᠠᠮᠠ ᠂ ᠪᠢᠯᠢᠭᠦᠳᠠᠢ᠂ ᠲᠥᠩ ᠪᠦ᠋ | ᠪᠠᠯᠭᠠᠰᠤ ᠶᠢᠨ ᠱᠦᠢ ᠴᠢᠦᠸᠠᠨ᠂ ᠮᠠ ᠵᠢᠶᠠ ᠢᠩᠽᠢ ᠂ ᠠᠷᠤ ᠠᠭᠤᠯᠠ ᠶᠢᠨ ᠬᠤᠳᠤᠭᠤᠷ ᠬᠦᠷᠴᠦ ᠯᠢᠩ | ᠵᠢᠶᠠ ᠢᠩᠽᠢ ᠳᠤ ᠡᠮᠤᠨ᠎ᠡ ᠵᠠᠮ ᠤᠨ ᠲᠠᠢ ᠨᠡᠶᠢᠯᠡᠵᠦ ᠂ ᠰᠢᠨ ᠯᠢᠨ ᠵᠧᠨ ᠪᠠᠯᠭᠠᠰᠤᠨ ᠤ ᠳ᠋ᠦᠩ ᠭᠤᠸᠠᠩ | ᠴᠧᠩ ᠬᠦᠷᠴᠦ ᠂ ᠵᠢᠷᠭᠤᠭᠠᠨ ᠭᠡᠷ᠂ ᠲᠤᠮᠳᠠ ᠤᠯᠠᠭᠠᠨ᠂ ᠶᠡᠭᠡ ᠤᠯᠠᠭᠠᠨ᠂ ᠪᠠᠶᠢᠰᠢᠩᠳᠤ᠂ ᠰᠢ ᠨᠠᠨ ᠭᠧᠦ ᠂ | ᠹᠠᠨ ᠵᠢᠶᠠ ᠭᠧᠤ ᠂ ᠰᠢ ᠪᠢᠶᠠᠨ ᠴᠢᠶᠠᠩ ᠢᠶᠠᠷ ᠲᠠᠪᠢᠨᠭᠡᠷ ᠤᠨ ᠳ᠋ᠦᠩ ᠪᠢᠶᠠᠨ ᠴᠢᠶᠠᠩ ᠂ ᠪᠠᠷᠠᠭᠤᠨ | ᠴᠢᠬᠢᠳᠤ ᠪᠠᠷ ᠪᠠᠭᠠᠷᠢᠨ ᠪᠠᠷᠠᠭᠤᠨ ᠬᠤᠰᠢᠭᠤᠨ ᠤ ᠬᠢᠯᠢ ᠳᠤ ᠤᠷᠤᠵᠤ ᠂ ᠪᠦᠬᠦ ᠤᠷᠳᠤ ᠨᠢ 100 ᠺᠢᠯᠤᠮᠧᠲᠷ | ᠃ ᠯᠢᠨᠰᠢ ᠶᠢᠨ ᠬᠢᠵᠠᠭᠠᠷ ᠲᠠᠬᠢ ᠴᠠᠶᠢᠵᠠ ᠶᠢᠨ ᠭᠡᠷᠡᠮ ᠠᠴᠠ ᠦᠵᠡᠪᠡᠯ ᠬᠡᠳᠦᠶᠢᠪᠡᠷ ᠨᠢᠭᠡᠨᠳᠡ 800 ᠵᠢᠯ ᠤᠨ | ᠰᠠᠯᠬᠢᠨ ᠪᠤᠷᠤᠭᠠᠨ ᠬᠠᠯᠠᠭᠤᠨ ᠬᠦᠢᠳᠡᠨ ᠢ ᠡᠯᠭᠡᠭᠰᠡᠨ ᠪᠤᠯᠪᠠᠴᠦ ᠬᠦᠷᠢᠶ᠎ᠡ ᠬᠡᠪᠴᠢᠶ᠎ᠡ ᠨᠢ ᠠᠤᠭ᠎ᠠ ᠰᠦᠷᠯᠢᠭ | ᠭᠡᠷᠡᠮ ᠪᠠᠷᠢᠯᠭ᠎ᠠ ᠨᠢ ᠵᠢᠪᠬᠤᠭ᠎ᠠ ᠲᠡᠭᠦᠯᠳᠡᠷ᠂᠂ ᠪᠦᠬᠦ ᠪᠤᠷᠤ ᠬᠡᠷᠡᠮ ᠨᠢ ᠭᠡᠷᠡᠮ ᠬᠠᠮᠠᠭᠠᠯᠠᠬᠤ ᠭᠤᠤ᠂ ᠬᠠᠵᠠᠭᠤ | ᠶᠢᠨ ᠴᠠᠶᠢᠵᠠ᠂ ᠪᠤᠭᠤᠮᠳᠠ ᠶᠢᠨ ᠭᠡᠷᠡᠮ ᠮᠥᠨ ᠬᠠᠪᠴᠢᠯ ᠠᠮᠠ᠂ ᠤᠳᠤᠭ᠎ᠠ ᠲᠠᠯᠪᠢᠬᠤ ᠲᠠᠶᠢᠰᠠ ᠵᠡᠷᠭᠡ | ᠵᠢᠷᠭᠤᠭᠠᠨ ᠭᠡᠰᠡᠭ ᠢᠶᠠᠷ ᠪᠦᠷᠢᠯᠳᠤᠵᠠᠢ᠃ ᠡᠭᠦᠨ ᠳᠤ ᠬᠢᠯᠢ ᠶᠢᠨ ᠭᠡᠷᠡᠮ ᠨᠢ ᠰᠢᠷᠦᠢ ᠪᠠᠷ ᠬᠠᠩᠳᠠᠭᠰᠨᠨ ᠭᠡᠷᠡᠮ | ᠪᠠᠶᠢᠵᠤ ᠂ ᠰᠠᠭᠤᠷᠢ ᠶᠢᠨ ᠦᠷᠭᠡᠨ ᠨᠢ 7 ᠮᠧᠲᠷ ᠂ ᠡᠪᠳᠡᠷᠭᠡᠢ ᠦᠨᠳᠤᠷ ᠨᠢ 2---4 ᠮᠧᠲᠷ ᠪᠠᠶᠢᠵᠤ᠂ | ᠦᠨᠳᠤᠷ ᠪᠤᠭᠤᠨᠢ ᠨᠢ ᠲᠡᠭᠰᠢ ᠦᠭᠡᠢ ᠪᠤᠯᠵᠠᠢ᠃ 250 ᠮᠧᠲᠷ ᠪᠦᠷᠢ ᠨᠢᠭᠡᠨ ᠳ᠋ᠢᠶᠠᠮᠧᠲᠷ ᠨᠢ 20 ᠮᠧᠲᠷ | ᠤᠨ ᠰᠢᠷᠦᠢ ᠪᠠᠷ ᠪᠤᠰᠬᠠᠭᠰᠠᠨ ᠮᠤᠷᠢᠨ ᠲᠠᠯᠠᠪᠠᠢ ᠲᠠᠢ ᠪᠠᠶᠢᠵᠤ ᠨᠢᠭᠡ ᠰᠤᠮᠤᠨ ᠤ ᠭᠠᠵᠠᠷ ᠠᠴᠠ ᠬᠠᠷᠠᠭᠤᠯ | ᠲᠠᠯᠪᠢᠬᠤ ᠪᠠᠷ ᠪᠡᠯᠡᠳᠭᠡᠵᠠᠢ᠃ ᠨᠤᠮᠤ ᠰᠤᠮᠤ ᠪᠠᠷ ᠰᠡᠷᠭᠡᠶᠢᠯᠡᠬᠦ ᠪᠠ ᠰᠡᠷᠡᠮᠵᠢ ᠮᠡᠳᠡᠭᠦᠯᠬᠦ ᠦᠢᠯᠡᠳᠦᠯ ᠲᠠᠢ᠃ | ᠭᠡᠷᠡᠮ ᠬᠠᠮᠠᠭᠠᠯᠠᠬᠤ ᠭᠤᠤ ᠶᠢᠨ ᠦᠷᠭᠡᠨ ᠨᠢ 50 ᠮᠧᠲᠷ ᠂ ᠬᠦᠨ ᠨᠢ 3---5 ᠮᠧᠲᠷ ᠃ ᠭᠡᠷᠡᠮ ᠢ | ᠬᠠᠮᠠᠭᠠᠯᠠᠵᠤ ᠮᠤᠷᠢᠳᠤ ᠴᠡᠷᠢᠭ ᠴᠠᠶᠢᠵᠠ ᠶᠢ ᠡᠪᠳᠡᠬᠦ ᠳᠤ ᠬᠠᠰᠢᠬᠤ ᠤᠶᠢᠯᠡᠳᠦᠯ ᠲᠠᠢ ᠃ ᠬᠠᠵᠠᠭᠤ ᠶᠢᠨ | ᠴᠠᠶᠢᠵᠠ ᠨᠢ ᠴᠡᠷᠢᠭ ᠰᠠᠭᠤᠬᠤ ᠭᠠᠵᠠᠷ ᠂ ᠯᠢᠨᠰᠢ ᠰᠢᠶᠠᠨ ᠤ ᠬᠢᠵᠠᠭᠠᠷ ᠲᠤ ᠨᠡᠶᠢᠳᠡ 7 ᠪᠠᠶᠢᠨ᠎ᠠ᠃ ᠲᠤᠰ ᠲᠤᠰ | ᠭᠤᠷᠪᠠᠨ ᠰᠡᠷᠡᠩ ᠠᠶᠢᠯ ᠤᠨ ᠠᠷᠦ᠂ ᠡᠯ ᠳ᠋ᠤᠤ ᠴᠧᠩᠽᠢ᠂ ᠰᠠᠨ ᠳ᠋ᠤᠤ ᠴᠧᠩᠽᠢ᠂ ᠳ᠋ᠦᠩ ᠭᠤᠸᠠᠩ ᠴᠧᠩ | ᠤᠨ ᠵᠡᠭᠦᠨ ᠡᠮᠦᠨ᠎ᠡ᠂ ᠲᠤᠮᠳᠠ ᠤᠯᠠᠭᠠᠨ ᠲᠤᠰᠬᠤᠨ ᠤ ᠵᠡᠭᠦᠨ᠂ ᠳ᠋ᠥᠩ ᠪᠢᠶᠠᠨ ᠴᠢᠶᠠᠩ᠂ ᠪᠠᠷᠠᠭᠤᠨ ᠴᠢᠬᠢ | ᠲᠤᠰᠬᠤᠨ ᠤ ᠵᠡᠭᠦᠨ᠂ ᠬᠠᠵᠠᠭᠤ ᠶᠢᠨ ᠴᠠᠶᠢᠵᠠ ᠶᠢᠨ ᠦᠨᠳᠤᠷ ᠨᠢ 3 ᠮᠧᠲᠷ ᠂ ᠰᠠᠭᠤᠷᠢ ᠶᠢᠨ ᠦᠷᠭᠡᠨ ᠨᠢ8 | ᠮᠧᠲᠷ ᠂ ᠵᠡᠭᠦᠨ ᠠᠴᠠ ᠪᠠᠷᠠᠭᠤᠨᠰᠢ ᠤᠷᠳᠤ ᠨᠢ 170 ᠮᠧᠲᠷ ᠃ ᠴᠠᠶᠢᠵᠠ ᠬᠠᠮᠠᠭᠠᠯᠠᠬᠤ ᠭᠤᠤ ᠶᠢᠨ | ᠦᠷᠭᠡᠨ ᠨᠢ 6 ᠮᠧᠲᠷ ᠂ ᠴᠠᠶᠢᠵᠠ ᠶᠢᠨ ᠲᠦᠷᠪᠡᠨ ᠲᠠᠯ᠎ᠠ ᠳᠤ ᠪᠦᠬᠦᠨ ᠢᠶᠠᠷ ᠢᠶᠠᠨ ᠮᠤᠷᠢᠨ ᠡᠪᠡᠷ ᠲᠠᠶᠢᠵᠠ | ᠲᠠᠢ᠂ ᠬᠠᠷᠠᠭᠤᠯ ᠤᠨ ᠭᠠᠵᠠᠷ ᠮᠦᠨ ᠃ ᠪᠤᠭᠤᠮᠳᠠ ᠶᠢᠨ ᠬᠤᠳᠠ ᠨᠢ ᠲᠤᠬᠠᠢ ᠦᠶ᠎ᠡ ᠶᠢᠨ ᠴᠡᠷᠢᠭ | ᠵᠢᠯᠤᠭᠤᠳᠬᠤ ᠭᠠᠵᠠᠷ ᠪᠠᠶᠢᠵᠤ ᠂ ᠯᠢᠨᠰᠢ ᠶᠢᠨ ᠬᠢᠵᠠᠭᠠᠷ ᠲᠤ ᠬᠤᠶᠠᠷ ᠪᠠᠶᠢᠨ᠎ᠠ᠃ ᠨᠢᠭᠡ ᠨᠢ ᠪᠤᠭᠤᠳᠤ | ᠠᠭᠤᠯᠠ ᠶᠢᠨ ᠲᠦᠷᠪᠡᠯᠵᠢᠨ ᠬᠤᠳᠠ᠂ ᠨᠢᠭᠡ ᠯᠦᠩ ᠲᠧᠦ ᠱᠠᠨ ᠲᠤᠰᠬᠤᠨ ᠤ ᠠᠶᠢᠯ ᠤᠨ ᠠᠷᠤ ᠳᠤ | ᠪᠠᠶᠢᠷᠰᠢᠨᠡ ᠃ ᠪᠤᠭᠤᠳᠤ ᠠᠭᠤᠯᠠ ᠶᠢᠨ ᠲᠦᠷᠪᠡᠯᠵᠢᠨ ᠬᠤᠳᠠ ᠶᠢ ᠪᠠᠶᠢᠴᠠᠭᠠᠨ ᠲᠤᠳᠤᠯᠠᠭᠰᠠᠨ ᠳᠤ ᠤᠷᠳᠤ | ᠦᠷᠭᠡᠨ ᠨᠢ ᠲᠤᠰ ᠲᠤᠰ 400 ᠲᠦᠷᠪᠡᠯᠵᠢᠨ ᠮᠧᠲᠷ ᠂ ᠬᠦᠷᠢᠶᠡᠨ ᠤ ᠤᠷᠳᠤ ᠨᠢ 1600 ᠮᠧᠲᠷ ᠂ | ᠬᠤᠳᠠᠨ ᠳᠤ ᠬᠢ ᠦᠯᠡᠳᠡᠭᠳᠡᠭᠰᠡᠨ ᠪᠤᠳᠠᠰ ᠤᠨ ᠤᠯᠠᠩᠬᠢ ᠨᠢ ᠠᠯᠳᠠᠨ ᠤᠯᠤᠰ ᠤᠨ ᠦᠶ᠎ᠡ ᠶᠢᠨ ᠪᠤᠳᠠᠰ | ᠪᠠᠶᠢᠵᠤ᠂ ᠠᠶᠠᠭ᠎ᠠ᠂ ᠫᠢᠯᠠ ᠂ ᠬᠤᠤ᠂ ᠪᠦᠸᠧ᠂ ᠭᠠᠦᠯᠢᠨ ᠵᠤᠭᠤᠰ ᠵᠡᠷᠭᠡ ᠂ ᠪᠤᠭᠤᠮᠳᠠ ᠠᠮᠠ ᠃ | ᠪᠡᠷᠭᠡ ᠪᠠᠷᠳᠠᠭ᠎ᠠ ᠲᠠᠢ ᠭᠠᠵᠠᠷ ᠴᠢᠬᠤᠯᠠ ᠭᠠᠵᠠᠷ ᠪᠠᠶᠢᠭᠤᠯᠵᠠᠢ ᠃ ᠵᠢᠱᠢᠶᠡᠯᠡᠪᠡᠯ ᠭᠤᠤᠯ ᠤᠨ ᠬᠤᠶᠠᠷ ᠬᠦᠪᠡᠭᠡ᠂ | ᠠᠭᠤᠯᠠᠨ ᠠᠮᠠ ᠶᠢᠨ ᠬᠠᠪᠴᠢᠯ ᠪᠡᠷᠭᠡ ᠭᠠᠵᠠᠷ ᠂ ᠲᠡᠭᠦᠨ ᠤ ᠬᠤᠶᠠᠷ ᠲᠠᠯ᠎ᠠ ᠳᠤ ᠨᠢ ᠲᠠᠪᠬᠤᠷ ᠬᠡᠷᠡᠮ | ᠴᠠᠶᠢᠵᠠ ᠪᠠᠶᠢᠭᠤᠯᠵᠤ ᠲᠤᠮᠳᠠ ᠨᠢ ᠨᠡᠪᠳᠡᠷᠡᠬᠦ ᠵᠠᠮ ᠲᠠᠢ᠂ ᠡᠩ ᠤᠨ ᠪᠠᠶᠢᠳᠠᠯ ᠳᠤ ᠦᠷᠭᠡᠨ ᠨᠢ 3-5 ᠮᠧᠲᠷ ᠂ | ᠤᠷᠳᠤ ᠨᠢ 35 ᠮᠧᠲᠷ ᠂ ᠃ ᠤᠳᠤᠭ᠎ᠠ ᠲᠠᠯᠪᠢᠬᠤ ᠲᠠᠶᠢᠵᠠ ᠄ ᠲᠠᠶᠢᠰᠤᠨ ᠲᠤᠪᠳᠤᠯᠤᠨ ᠤᠷᠤᠵᠤ ᠢᠷᠡᠬᠦ ᠶᠢ | ᠮᠡᠳᠡᠮᠡᠭᠴᠨ ᠨᠢᠭᠡᠨ ᠲᠠᠶᠢᠵᠠ ᠨᠢ ᠴᠢᠨ᠋ᠸ᠎ᠠ ᠶᠢᠨ ᠪᠠᠭᠠᠰᠤ ᠪᠠᠷ ᠤᠳᠤᠭ᠎ᠠ ᠲᠠᠯᠪᠢᠮᠠᠭᠴᠨ ᠵᠡᠷᠭᠡᠯᠳᠡᠭᠡ ᠲᠠᠶᠢᠵᠠ ᠨᠢ | ᠲᠠᠷᠦᠢ ᠤᠳᠤᠭ᠎ᠠ ᠲᠠᠯᠪᠢᠵᠤ ᠪᠦᠬᠦᠶᠢᠯᠡ ᠱᠤᠭᠤᠮ ᠨᠢ ᠴᠡᠷᠢᠭ ᠠᠷᠠᠳ ᠲᠠᠶᠢᠨ ᠳᠤ ᠤᠷᠤᠬᠤ ᠪᠡᠯᠡᠳᠭᠡᠯ ᠬᠢᠨ᠎ᠡ᠃ | ᠴᠢᠨ᠋ᠸ᠎ᠠ ᠶᠢᠨ ᠪᠠᠭᠠᠰᠤ ᠪᠡ ᠤᠳᠤᠭ᠎ᠠ ᠲᠠᠯᠪᠢᠳᠠᠭ ᠠᠴᠠ ᠪᠠᠰᠠ ︽ᠴᠢᠨ᠋ᠸ᠎ᠠ ᠶᠢᠨ ᠤᠳᠤᠭ᠎ᠠ ᠶᠢᠨ ᠪᠤᠯᠠᠰᠢ ︾ | ᠭᠡᠨ᠎ᠡ᠃ ᠯᠢᠨᠰᠢ ᠰᠢᠶᠠᠨ ᠤ ᠶᠡᠭᠡ ᠤᠯᠠᠭᠠᠨ ᠤ ᠠᠭᠤᠯᠠᠨ ᠤᠷᠬᠢᠯ ᠳᠤ ᠤᠳᠤᠭ᠎ᠠ ᠲᠠᠯᠪᠢᠬᠤ ᠲᠠᠶᠢᠵᠠ ᠪᠠᠶᠢᠵᠤ | ᠂ ᠡᠪᠳᠡᠷᠭᠡᠢ ᠦᠨᠳᠤᠷ ᠨᠢ 1 ᠮᠧᠲᠷ ᠂ ᠳ᠋ᠢᠶᠠᠮᠧᠲᠷ ᠨᠢ 8 ᠮᠧᠲᠷ ᠤᠷᠴᠢᠮ᠃ | ᠠᠯᠳᠠᠨᠤᠯᠤᠰ ᠤᠨ ᠲᠡᠦᠭᠡ ᠶᠢᠨ ᠲᠡᠮᠳᠡᠭᠯᠡᠯ ᠢ ᠦᠨᠳᠤᠰᠤᠯᠡᠪᠡᠯ ᠵᠢᠩ ᠰᠢᠽᠦᠩ ᠸᠠᠨ ᠶᠠᠨ ᠶᠥᠩ ᡁᠢ | ᠮᠤᠩᠭᠤᠯ ᠤᠨ ᠴᠡᠷᠢᠭ ᠨᠢᠭᠡᠨᠳᠡ ᠠᠯᠳᠠᠨ ᠤᠯᠤᠰ ᠤᠨ ᠬᠢᠯᠢ ᠶᠢ ᠲᠦᠢᠪᠡᠭᠡᠵᠦ ᠡᠬᠢᠯᠡᠵᠠᠢ᠃ ᠳ᠋ᠠ ᠳ᠋ᠢᠩ ᠤᠨ | ᠲᠠᠪᠤᠳᠤᠭᠠᠷ ︵1165) ᠤᠨ ᠤ ᠴᠠᠭᠠᠨ ᠰᠠᠷ᠎ᠠ ᠳᠤ ᠶᠢᠨ ᠰᠢ ᠽᠦᠩ ᠬᠢᠵᠠᠭᠠᠷ ᠤᠨ ᠠᠶᠤᠯ ᠤᠨ | ᠲᠤᠬᠠᠢ ᠰᠤᠨᠤᠰᠤᠭᠠᠳ ᠲᠠᠢ ᠵᠧᠦ ︵ᠲᠤᠤ ᠠᠨ ᠤ ᠵᠡᠭᠦᠨ ᠯᠧ ᠺᠠᠩ ︶᠂ ᠯᠢᠨ ᠬᠤᠸᠠᠩ ︵ ᠬᠤᠤᠯᠢᠨ | ᠭᠤᠤᠯ ᠠᠴᠠ ᠲᠠᠷᠬᠠᠨ ᠠᠭᠤᠯᠠ ᠬᠦᠷᠬᠦ ᠬᠡᠰᠡᠭ︶ ᠬᠢᠯᠢ ᠶᠢᠨ ᠴᠠᠶᠢᠵᠠ 70 ᠶᠢ ᠪᠠᠶᠢᠭᠤᠯᠵᠤ ᠂ 13000 | ᠴᠡᠷᠢᠭ ᠰᠠᠭᠤᠯᠭᠠᠵᠠᠢ᠃ ᠳ᠋ᠠ ᠳ᠋ᠢᠩ ᠤᠨ ᠬᠤᠷᠢᠨ ᠨᠢᠭᠡᠨ ᠤᠨ ᠤ ᠭᠤᠷᠪᠠᠨ ᠰᠠᠷ᠎ᠠ ᠳᠤ ᠶᠢᠨ ᠰᠢᠽᠦ᠋ᠩ ᠤᠨ | ᠵᠠᠷᠯᠢᠭ ᠢᠶᠠᠷ ᠯᠢᠨ ᠬᠤᠸᠠᠩ ᠯᠤ᠋ ᠬᠤᠤᠯᠢᠨ ᠭᠤᠤᠯ ᠠᠴᠠ ᠬᠡᠰᠢᠭᠳᠡᠨ ᠬᠤᠰᠢᠭᠤᠨ ᠤ ᠲᠠᠷᠬᠠᠨ ᠠᠭᠤᠯᠠ ᠬᠦᠷᠬᠦ | ᠪᠤᠷᠦ ᠭᠡᠷᠡᠮ ᠤᠨ ᠦᠨᠳᠤᠷ ᠪᠤᠭᠤᠨᠢ ᠨᠢ ᠲᠡᠭᠰᠢ ᠦᠭᠡᠢ ᠪᠤᠯᠤᠭᠰᠠᠨ 24 ᠴᠠᠶᠢᠵᠠ ᠶᠢ ᠰᠠᠯᠪᠢᠨ ᠰᠢᠨᠡᠳᠭᠡᠵᠤ ᠂ | ᠴᠠᠶᠢᠵᠠ ᠪᠦᠬᠦᠨ ᠳᠤ 30 ᠡᠷᠦᠭᠡ ᠰᠠᠭᠤᠯᠭᠠᠵᠤ ᠂ ᠨᠡᠶᠢᠳᠡ 720 ᠡᠷᠦᠭᠡ ᠲᠤᠬᠢᠷᠠᠭᠤᠯᠤᠨ ᠠᠯᠪᠠᠨ ᠶᠠᠮᠤᠨ | ᠠᠴᠠ ᠤᠨ ᠤ ᠬᠦᠨᠡᠰᠦ ᠬᠠᠩᠭᠠᠵᠠᠢ᠃ ᠸᠠᠩ ᠭᠦᠸᠧ ᠸᠧᠢ ᠶᠢᠨ ︽ᠭᠤᠸᠠᠨ ᠲᠠᠩ ᠵᠢᠢ ᠯᠢᠨ ︾ ᠤ ︽ | ᠠᠯᠳᠠᠨ ᠤᠯᠤᠰ ᠤᠨ ᠪᠤᠷᠤ ᠭᠡᠷᠡᠮ ᠤᠨ ᠲᠡᠮᠳᠡᠭᠯᠡᠯ ︽ ᠢ ᠦᠨᠳᠤᠰᠤᠯᠡᠪᠡᠯ ᠄ ᠶᠢᠨ ᠵᠠᠩᠽᠦ᠋ᠩ ᠸᠠᠨ ᠶᠠᠨ | ᠵᠢᠩ ᠤᠨ ᠤᠨ ᠳᠤ ᠬᠦᠷᠬᠦ ᠳᠤ ᠬᠢᠯᠢ ᠬᠢᠵᠭᠠᠷ ᠨᠡᠩᠳᠡ ᠲᠦᠪᠰᠢᠨ ᠦᠭᠡᠢ ᠪᠤᠯᠵᠤ ᠽᠦ ᠂ ᠴᠢᠩ᠂ ᠿᠤᠤ ᠂ | ᠬᠤᠸᠠᠢ᠂ ᠴᠠᠩ ᠵᠡᠷᠭᠡ ᠵᠧᠦ ᠪᠠ ᠲᠠᠯᠤ ᠨᠠᠭᠤᠷ ᠮᠤᠩᠭᠤᠯ ᠴᠡᠷᠢᠭ ᠤᠨ ᠰᠦᠷᠳᠡᠭᠦᠯᠦᠯ ᠳᠤ ᠤᠴᠠᠷᠠᠵᠠᠢ᠃ | ᠶᠢᠨ ᠵᠠᠩᠽᠦ᠋ᠩ ᠯᠢᠨ ᠬᠤᠸᠠᠩ ᠯᠤ᠋ ᠭᠡᠰᠡᠭ ᠲᠤ ᠲᠤᠰᠬᠤᠨ ᠪᠠᠶᠢᠭᠤᠯᠵᠤ ᠴᠡᠷᠢᠭ ᠰᠠᠭᠤᠯᠭᠠᠬᠤ ᠪᠠᠷ ᠰᠡᠢᠳᠴᠠᠢ | ᠃ ᠴᠧᠩ ᠠᠨ ᠤ ᠬᠤᠶᠠᠷ ᠤᠨ ︵1197︶ ᠤᠨ ᠳᠤ ᠶᠢᠨ ᠵᠠᠩᠽᠦ᠋ᠩ ᠬᠠᠭᠠᠨ ᠵᠢᠷᠭᠤᠳᠤᠭᠠᠷ ᠲᠡᠰ ᠠᠴᠠ | ᠲᠡᠭᠡᠭᠰᠢᠬᠢ ᠨᠤᠶᠠᠨ ᠲᠦᠰᠢᠮᠡᠯ84 ᠬᠦᠮᠦᠨ ᠢ ᠴᠤᠭᠯᠠᠭᠤᠯᠵᠤ ᠤᠮᠠᠷᠠᠳᠤ ᠬᠢᠯᠢ ᠶᠢ ᠰᠠᠬᠢᠬᠤ ᠲᠤᠬᠠᠢ ᠪᠤᠳᠤᠯᠭ᠎ᠠ | ᠵᠦᠪᠯᠡᠵᠠᠢ᠃ ᠡᠭᠦᠨ ᠳᠤ 5 ᠬᠦᠮᠦᠨ ᠲᠤᠪᠳᠤᠯᠤᠨ ᠴᠤᠬᠢᠬᠤ ᠶᠢ ᠪᠠᠷᠢᠮᠳᠠᠯᠠᠵᠤ᠂ 33 ᠬᠦᠮᠦᠨ ᠲᠠᠭᠠᠷᠢᠨ | ᠰᠠᠬᠢᠬᠤ ᠶᠢ ᠤᠶᠠᠯᠳᠠᠭᠤᠯᠬᠤ ᠶᠢ ᠪᠠᠷᠢᠮᠳᠠᠯᠠᠵᠤ᠂ 46 ᠬᠦᠮᠦᠨ ᠠᠯᠳᠠᠨ ᠤᠯᠤᠰ ᠤᠨ ᠪᠤᠷᠤ ᠭᠡᠷᠡᠮ ᠤᠨ | ᠲᠦᠰᠢᠭᠯᠡᠨ ᠪᠠᠳᠤ ᠰᠠᠬᠢᠬᠤ ᠶᠢ ᠵᠤᠷᠢᠵᠠᠢ ᠃ ᠠᠯᠳᠠᠨ ᠤᠯᠤᠰ ᠤᠨ ᠮᠤᠩᠭᠤᠯ ᠴᠡᠷᠢᠭ ᠡᠮᠦᠨᠡᠰᠢ ᠤᠷᠤᠬᠤ ᠳᠤ | ᠶᠡᠷᠦᠨᠢ ᠡᠷᠭᠡᠯᠵᠡᠨ ᠪᠠᠶᠢᠵᠠᠢ᠃ ᠴᠧᠩ ᠠᠨ ᠤ ᠲᠠᠪᠤᠨ ᠤᠨ (1200) ᠳᠤ ᠯᠢᠨ ᠬᠤᠸᠠᠩ ᠯᠤ᠋ ᠭᠡᠰᠡᠭ ᠤᠨ | 600 ᠭᠠᠵᠠᠷ ᠲᠤ ᠢᠷᠭᠡᠨ ᠤ ᠠᠵᠢᠯᠴᠢᠨ 75 ᠲᠦᠮᠡᠨ ᠬᠦᠮᠦᠨ ᠴᠤᠭᠯᠠᠭᠤᠯᠵᠤ ᠂ ᠨᠢᠦᠢ ᠡᠯ ᠴᠢᠶᠠᠩ ᠤᠨ | ᠲᠡᠳ᠋ ᠬᠠᠰᠢᠯᠭ᠎ᠠ ᠶᠢ ᠵᠠᠰᠠᠵᠤ ᠰᠡᠯᠪᠢᠵᠠᠢ᠃ ᠢᠩᠬᠢᠵᠤ ᠵᠢᠩ ᠰᠢᠽᠦ᠋ᠩ ᠤᠨ ᠲᠠᠪᠤᠨ ᠤᠨ ᠠᠴᠠ ᠵᠢᠩ | ᠵᠠᠩᠽᠦ᠋ᠩ ᠤᠨ ᠴᠧᠩ ᠠᠨ ᠤ ᠲᠠᠪᠤᠨ ᠤᠨ ᠤ ᠬᠤᠭᠤᠷᠤᠨᠳᠤ 37 ᠵᠢᠯ ᠤᠨ ᠰᠢᠷᠭᠠᠭᠤ ᠡᠵᠡᠩᠨᠡᠵᠤ ᠶᠡᠭᠡ | ᠬᠡᠪᠴᠢᠶᠡᠨ ᠤ ᠪᠤᠳᠠᠰ ᠤᠨ ᠬᠦᠴᠦᠨ ᠢ ᠰᠦᠢᠳᠭᠡᠵᠤ ᠮᠤᠩᠭᠤᠯ ᠤᠨ ᠮᠤᠷᠢᠳᠤ ᠴᠡᠷᠢᠭ ᠢ ᠰᠡᠷᠭᠡᠶᠢᠯᠡᠬᠦ | ᠪᠠᠳᠤ ᠪᠠᠬᠢ ᠠᠯᠳᠠᠨ ᠤᠯᠤᠰ ᠤᠨ ᠬᠢᠯᠢ ᠶᠢᠨ ᠴᠠᠶᠢᠵᠠ ᠶᠢ ᠪᠠᠶᠢᠭᠤᠯᠵᠠᠢ᠃ ᠠᠯᠳᠠᠨ ᠤᠯᠤᠰ ᠤᠨ ᠸᠠᠨ ᠶᠠᠨ | ᠶᠦᠩ ᠵᠢᠢ ᠶᠢᠨ ᠳ᠋ᠠ ᠠᠨ ᠤ ᠭᠤᠷᠪᠠᠳᠤᠭᠠᠷ ᠤᠨ ︵1211) ᠤᠨ ᠳᠤ ᠴᠢᠩᠬᠢᠰ ᠬᠠᠭᠠᠨ ᠮᠤᠩᠭᠤᠯ | ᠮᠤᠷᠢᠳᠤ ᠶᠡᠭᠡ ᠴᠡᠷᠢᠭ ᠢ ᠲᠠᠭᠠᠭᠤᠯᠤᠨ ᠯᠢᠨ ᠬᠤᠸᠠᠩ ᠯᠤ᠋ ᠪᠠᠷᠠᠭᠤᠨ ᠭᠡᠰᠡᠭ ᠤᠨ ᠲᠠᠷᠬᠠᠨ ᠠᠭᠤᠯᠠ ᠠᠴᠠ | ᠪᠠᠷᠠᠭᠤᠨ ᠬᠤᠶᠢᠳᠤ ᠵᠠᠮ ᠤᠨ ᠾᠧᠩᠵᠸᠦ ︵ᠰᠢᠯᠤᠭᠤᠨ ᠬᠦᠭᠡ ᠬᠤᠰᠢᠭᠤᠨ ᠤ ᠬᠢᠵᠠᠭᠠᠷ︶ ᠤᠨ ᠬᠡᠰᠡᠭ ᠲᠤ | ᠠᠯᠳᠠᠨ ᠤᠯᠤᠰ ᠤᠨ ᠪᠤᠷᠤ ᠭᠡᠷᠡᠮ ᠢ ᠰᠢᠪᠳᠤᠯᠤᠨ ᠡᠪᠳᠡᠵᠦ ᠠᠯᠳᠠᠨ ᠤᠯᠤᠰ ᠤᠨ ᠬᠢᠯᠢ ᠳᠤ ᠴᠦᠮᠦᠷᠡᠨ | ᠤᠷᠤᠵᠤ ᠶᠧ ᠬᠤ᠋ ᠯᠢᠩ ︵ᠾᠧᠪᠧᠢ ᠮᠤᠵᠢ ᠶᠢᠨ ᠸᠠᠨ ᠴᠢᠦᠸᠠᠨ ᠰᠢᠶᠠᠨ ᠤ ᠪᠠᠷᠠᠭᠤᠨ ᠬᠤᠶᠢᠨ᠎ᠠ︶ | ᠠᠯᠳᠠ ᠤᠯᠤᠰ ᠤᠨ ᠬᠤᠯᠪᠤᠭᠠᠳᠤ ᠴᠡᠷᠢᠭ 30 ᠲᠦᠮᠡᠨ ᠬᠦᠮᠦᠨ ᠢ ᠤᠰᠠᠳᠬᠠᠵᠤ ᠂ ᠴᠦᠩ ᠴᠢᠩ ᠤᠨ | ᠬᠤᠶᠠᠷ ᠤᠨ ︵1213︶ ᠤᠨ ᠳᠤ ᠮᠤᠩᠭᠤᠯ ᠴᠡᠷᠢᠭ ᠬᠤᠸᠠᠢ ᠯᠠᠢ ᠳᠤ ᠠᠯᠳᠠᠨ ᠤᠯᠤᠰ ᠤᠨ ᠰᠢᠯᠢᠳᠡᠭ | ᠴᠡᠷᠢᠭ 40 ᠬᠦᠮᠦᠨ ᠢ ᠤᠰᠠᠳᠬᠠᠵᠤ ᠽᠢ ᠵᠢᠩ ᠺᠧᠦ ᠶᠢ ᠲᠤᠭᠤᠷᠢᠨ ᠭᠠᠷᠴᠦ ᠪᠤᠭᠤᠮᠳᠠ ᠤᠷᠤᠵᠤ ᠠᠯᠳᠠᠨ | ᠤᠯᠤᠰ ᠤᠨ ᠵᠦᠩᠳᠦ ︵ᠤᠳᠤᠬᠠᠨ ᠤ ᠪᠡᠭᠡᠵᠢᠩ ︶ ᠶᠢ ᠪᠦᠰᠡᠯᠡᠵᠠᠢ ᠃ ᠲᠠᠷᠠᠭ᠎ᠠ ᠨᠢ ᠭᠤᠷᠪᠠᠨ ᠵᠠᠮ ᠪᠠᠷ ᠴᠡᠷᠢᠭ | ᠬᠤᠪᠢᠶᠠᠨ ᠬᠠᠳᠤᠨ ᠭᠤᠤᠯ ᠤᠨ ᠬᠤᠶᠢᠳᠤ ᠬᠢ ᠭᠡᠳᠦᠨ ᠠᠷᠪᠠᠨ ᠵᠧᠤ ᠶᠢ ᠡᠵᠡᠯᠡᠵᠦ᠂ ᠲᠠᠷᠠᠭ᠎ᠠ ᠵᠢᠯ ᠨᠢ | ︵1214) ᠤᠨ ᠳᠤ ᠶᠢᠨ ᠰᠢᠤᠸᠠᠨᠽᠦ᠋ᠩ ᠬᠠᠭᠠᠨ ᠸᠠᠨ ᠶᠠᠨ ᠰᠢᠦ᠋ᠨ ᠬᠦᠩᠵᠦ ᠪᠠᠨ ᠡᠷᠭᠦᠵᠤ ᠲᠤᠷᠭ᠎ᠠ | ᠲᠤᠷᠳᠤᠩ ᠭᠦᠷᠭᠡᠨ ᠨᠠᠶᠢᠷᠠᠮᠳᠠᠬᠤ ᠶᠢ ᠬᠦᠰᠡᠭᠰᠡᠨ ᠳᠤ ᠴᠢᠩᠬᠢᠰ ᠬᠠᠭᠠᠨ ᠵᠦᠪᠰᠢᠶᠡᠷᠡᠵᠦ ᠲᠠᠯᠤ ᠨᠠᠭᠤᠷ ᠤᠨ | ᠬᠦᠪᠡᠭᠡᠨ ᠵᠦᠭ ᠴᠡᠷᠢᠭ ᠤᠬᠤᠷᠢᠵᠠᠢ᠃ ᠶᠢᠨ ᠠᠶᠢᠽᠦ᠋ᠩ ᠸᠠᠨ ᠶᠠᠨ ᠱᠧᠦ ᠱᠢᠦᠢ ᠶᠢᠨ ᠲᠢᠶᠠᠨ ᠱᠢᠩ ᠤᠨ | ᠭᠤᠷᠪᠠᠨ ᠤᠨ ︵1234) ᠤ ᠴᠠᠭᠠᠨ ᠰᠠᠷ᠎ᠠ ᠶᠢᠨ ᠰᠢᠷ᠎ᠠ ᠲᠠᠬᠢᠶ᠎ᠡ ᠡᠳᠦᠷ ᠮᠤᠩᠭᠤᠯ ᠴᠡᠷᠢᠭ ᠨᠡᠶᠢᠰᠯᠡᠯ ᠳᠤ | ᠨᠢ ᠤᠷᠤᠵᠤ ᠠᠶᠢᠽᠦ᠋ᠩ ᠬᠠᠭᠠᠨ ᠶᠢᠦ ᠯᠠᠨ ᠰᠢᠦᠸᠠᠨ ᠳᠤ ᠪᠤᠭᠤᠮᠢᠯᠠᠨ ᠦᠬᠦᠵᠤ ᠠᠯᠳᠠᠨ ᠤᠯᠤᠰ ᠮᠦᠬᠦᠵᠦ | ᠠᠯᠳᠠᠨ ᠤᠯᠤᠰ ᠤᠨ ᠪᠤᠷᠦ ᠬᠡᠷᠡᠮ ᠲᠡᠦᠭᠡ ᠪᠤᠯᠵᠤ ᠬᠤᠴᠤᠷᠠᠵᠠᠢ᠃ | | |