ᠴᠢᠥᠸᠠᠨ ᠨᠢᠩ ᠴᠦᠯᠭᠡ
ᠨᠡᠶᠢᠲᠡᠯᠡᠭᠰᠡᠨ ᠴᠠᠭ᠄
2020-07-23
        ᠪᠠᠷᠰ ᠬᠤᠳᠠ ᠠᠴᠠ  ᠵᠡᠭᠦᠨ ᠡᠮᠦᠨᠡᠰᠢ 350 ᠺᠢᠯᠤᠮᠧᠲᠷ ᠵᠠᠶᠢᠳᠠᠢ  ︵ᠤᠳᠤᠬᠠᠨ ᠤ ᠪᠤᠷᠤᠬᠤᠳᠠ︶  ᠪᠠᠶᠢᠵᠠᠢ᠃  ᠨᠡᠶᠢᠳᠡ ᠶᠢᠨ ᠤᠨ ᠲᠤᠭᠠᠯᠠᠯ ᠤᠨ 1259 ᠤᠨ ᠳᠤ  ᠶᠤᠸᠠᠨ ᠰᠢᠽᠦ ᠬᠠᠭᠠᠨ ᠬᠤᠪᠢᠯᠠᠢ ᠶᠢᠨ ᠦᠬᠢᠨ  ᠨᠠᠩᠬᠢᠶᠠᠵᠢᠨ ᠬᠦᠩᠵᠤ  ᠬᠢᠭᠡᠳ ᠲᠡᠭᠦᠨ ᠤ ᠲᠠᠪᠤᠨᠠᠩ  ᠨᠠᠢᠮᠠᠨᠳᠠᠢ  ᠨᠠᠷ  ᠴᠧᠭᠡᠽᠦ᠋ᠩ  ᠬᠠᠭᠠᠨ ᠲᠡᠮᠦᠷ   ᠠᠴᠠ ᠭᠤᠶᠤᠴᠢᠯᠠᠨ  ᠵᠦᠪᠰᠢᠶᠡᠷᠡᠭᠦᠯᠵᠤ   ᠠᠳᠡ ᠴᠢᠤᠸᠠᠨ ᠨᠢᠩ  ᠹᠦ᠋ ᠶᠢ ᠪᠠᠶᠢᠭᠤᠯᠵᠠᠢ᠃  ᠤᠨ ᠲᠤᠭᠠᠯᠠᠯ ᠤᠨ 1329 ᠤᠨ ᠳᠤ  ᠸᠧᠨᠽᠦ᠋ᠩ ᠬᠠᠭᠠᠨ  ᠲᠦᠪᠳᠡᠮᠦᠷ ᠤᠨ  ᠦᠶ᠎ᠡ ᠳᠤ     ᠶᠤᠸᠠᠨ ᠰᠢᠽᠦ ᠬᠤᠪᠢᠯᠠᠢ ᠶᠢᠨ  ᠵᠢᠴᠢ ᠦᠬᠢᠨ  ᠲᠠᠷᠮᠠᠪᠠᠯᠠ ᠶᠢᠨ  ᠦᠬᠢᠨ  ᠰᠠᠩᠬᠢᠷᠡᠬᠢ ᠭᠦᠩᠵᠤ  ᠬᠢᠭᠡᠳ ᠲᠡᠭᠦᠨ ᠤ ᠲᠠᠪᠤᠨᠠᠩ  ᠳ᠋ᠸᠧᠪᠠᠯ  ᠨᠠᠷ ᠬᠠᠭᠠᠨ ᠤ ᠵᠦᠪᠰᠢᠶ᠋ᠷᠡᠯ ᠢᠶᠠᠷ  ᠴᠢᠥᠸᠠᠨ ᠨᠢᠩ ᠯᠤ᠋ ᠶᠢ ᠦᠷᠭᠡᠳᠭᠡᠨ ᠪᠠᠶᠢᠭᠤᠯᠵᠤ  ᠬᠤᠩᠬᠢᠷᠠᠳ ᠠᠶᠢᠮᠭ ᠤᠨ  ᠪᠠᠷᠰ ᠬᠤᠳᠠ ᠶᠢ ᠪᠠᠭᠳᠠᠭᠠᠭᠰᠠᠨ  ᠴᠢᠥᠸᠠᠨ ᠨᠢᠩ ᠯᠤ᠋   ᠶᠢᠨ  11-2 ᠲᠦᠷᠪᠡᠯᠵᠢᠨ ᠺᠢᠯᠤᠮᠧᠲᠷ  ᠬᠦᠷᠢᠶ᠎ᠡ ᠬᠡᠪᠴᠢᠶ᠎ᠡ   ᠶᠢ  ᠬᠠᠮᠢᠶᠠᠷᠠᠬᠤ  ᠭᠠᠵᠠᠷ ᠪᠤᠯᠭᠠᠵᠤ  ᠂  ᠪᠠᠷᠰ ᠬᠤᠳᠠ ᠪᠠᠷ ᠵᠤᠰᠠᠯᠠᠩ ᠪᠤᠯᠭᠠᠵᠤ  ᠂ ᠴᠢᠥᠸᠠᠨ ᠨᠢᠩ ᠴᠦᠯᠭᠡ ᠪᠠᠷ  ᠡᠪᠦᠯᠵᠢᠶ᠎ᠡ  ᠪᠤᠯᠭᠠᠭᠰᠠᠨ ᠪᠠᠶᠢᠳᠠᠯ ᠢ  ᠪᠤᠢ ᠪᠤᠯᠭᠠᠵᠠᠢ᠃        ᠢᠩ ᠴᠠᠩ  ᠬᠤᠳᠠ ᠠᠴᠠ  ᠴᠢᠥᠸᠠᠨ ᠨᠢᠩ  ᠯᠤ᠋  ᠬᠦᠷᠬᠦ  ᠵᠠᠮ ᠨᠢᠭᠡᠯᠭᠡᠨ  ᠪᠠᠶᠢᠵᠠᠢ᠂  ᠲᠠᠷᠦᠢ  ᠯᠢᠶᠤᠤ ᠤᠯᠤᠰ ᠤᠨ  ᠦᠶ᠎ᠡ ᠳᠤ ᠪᠠᠶᠢᠭᠤᠯᠤᠭᠰᠠᠨ   ︵ᠤᠳᠤᠬᠠᠨ ᠤ  ᠯᠢᠨᠰᠢ ᠰᠢᠶᠠᠨ ᠤ  ᠢᠩᠭᠡᠳᠤ ᠮᠤᠬᠤᠷ ᠭᠤᠤ ᠲᠤᠰᠬᠤᠨ ᠤ  ᠪᠠᠷᠠᠭᠤᠨ ᠲᠠᠯ᠎ᠠ ᠶᠢᠨ ᠬᠤᠸᠠᠩ ᠲᠦ᠋ ᠺᠧᠩ  ︶ ᠰᠢᠷᠠᠮᠦ᠋ᠷᠡᠨ   ᠤ ᠲᠡᠭᠡᠷ᠎ᠡ  ᠪᠠᠶᠢᠭᠤᠯᠤᠭᠰᠠᠨ ᠮᠤᠳᠤᠨ  ᠬᠦᠭᠦᠷᠭᠡ ᠪᠠᠶᠢᠵᠠᠢ᠃  ᠲᠤᠰ ᠬᠦᠭᠦᠷᠭᠡ ᠨᠢ ᠯᠢᠶᠤᠤ  ᠂  ᠠᠯᠳᠠᠨ᠂  ᠶᠤᠸᠠᠨ᠂  ᠤᠮᠠᠷᠠᠳᠤ ᠶᠤᠸᠠᠨ ᠴᠢᠩ ᠤᠯᠤᠰ ᠤᠨ  ᠡᠶᠡᠪᠡᠷ ᠵᠠᠰᠠᠭᠴᠢ ᠶᠢᠨ  ᠠᠷᠪᠠᠨ ᠲᠤᠯᠤᠭᠠᠨ ᠤᠨ ︵1660︶  ᠪᠠᠭᠠᠷᠢᠨ ᠤ  ᠰᠡᠴᠡᠨ ᠲᠡᠭᠡᠳᠦ ᠬᠦᠷᠦᠨ ᠬᠦᠩᠵᠤ  ᠶᠤᠯᠤ ᠠᠭᠤᠯᠠ ︵ᠤᠳᠤᠬᠠᠨ ᠤ ᠶᠡᠭᠡ ᠪᠠᠨ  ᠯᠠ ᠱᠠᠨ ᠠᠭᠤᠯᠠ  ︶ ᠤ ᠡᠰᠡᠷᠭᠦᠦ ᠲᠠᠯ᠎ᠠ ᠳᠤ  ᠨᠢᠭᠡᠨ ᠰᠢᠨ᠎ᠡ ᠬᠦᠭᠦᠷᠭᠡ ᠵᠠᠰᠠᠭᠰᠠᠨ ᠠᠴᠠ  ᠲᠤᠰ ᠵᠠᠮ ᠤᠨ  ᠢᠩ ᠴᠠᠩ —— ᠴᠢᠤᠸᠠᠨ ᠨᠢᠩ ᠬᠦᠷᠬᠦ ᠴᠤᠷᠢ ᠶᠢᠨ  ᠭᠠᠭᠴᠠ  ᠨᠡᠪᠳᠡᠷᠡᠬᠦ ᠵᠠᠮ  ᠪᠠᠶᠢᠭᠰᠠᠨ   ᠢ ᠡᠴᠦᠰᠯᠡᠭᠦᠯᠵᠠᠢ᠃  ᠵᠢᠱᠢᠶᠡᠯᠡᠪᠡᠯ ᠮᠢᠩ ᠴᠧᠩᠽᠦ ᠵᠤ᠋ ᠶᠢᠨ  ᠦᠶ᠎ᠡ ᠶᠢᠨ  ᠶᠤᠰᠤᠯᠠᠯ ᠤᠨ  ᠶᠠᠮᠤᠨ ᠤ  ᠱᠠᠩᠱᠦ  ᠲᠦᠰᠢᠮᠡᠯ   ᠶᠢᠨ ᠶᠢᠦ  ᠽᠢ  ᠭᠠᠵᠠᠷ ᠡᠵᠡᠯᠡᠭᠰᠡᠨ ᠲᠡᠮᠳᠡᠭᠯᠡᠯ ᠪᠤᠯᠬᠤ ︽ ᠤᠮᠠᠷᠠᠳᠤ ᠲᠠᠶᠢᠯᠠᠭᠰᠠᠨ  ᠲᠡᠮᠳᠡᠭᠯᠡᠯ︾ ᠳᠡᠭᠡᠨ  ᠄ ︽ᠮᠢᠩ  ᠤᠯᠤᠰ ᠤᠨ  ᠶᠦᠩ ᠯᠧ ᠶᠢᠨ  ᠨᠠᠢᠮᠠᠨ ᠤᠨ  ︵1410  ︶   ᠤ  ᠬᠤᠶᠠᠷ ᠰᠠᠷ᠎ᠠ ᠶᠢᠨ  ᠠᠷᠪᠠᠨ ᠤ ᠡᠳᠦᠷ  ᠮᠢᠩ ᠴᠧᠩᠽᠦ  ᠵᠤ᠋ ᠳ᠋ᠢ  ᠪᠡᠶᠡᠪᠡᠷ ᠢᠶᠠᠨ ᠤᠮᠠᠷᠠᠳᠤ ᠶᠤᠸᠠᠨ ᠢ  ᠲᠠᠶᠢᠯᠠᠬᠤ ᠳᠠᠭᠠᠨ  ᠶᠡᠭᠡ ᠴᠡᠷᠢᠭ ᠤᠨ  ᠤᠷᠤᠭᠰᠢ ᠬᠤᠶᠢᠰᠢ ᠦᠩᠭᠡᠷᠡᠭᠰᠡᠨ ᠵᠠᠮ   ᠨᠢ  ᠪᠠᠰᠠᠬᠦ  ᠯᠢᠶᠤᠤ ᠤᠯᠤᠰ ᠤᠨ  ᠦᠶ᠎ᠡ ᠶᠢᠨ  ᠲᠡᠷᠡᠬᠦ  ᠰᠢᠷᠠᠮᠦ᠋ᠷᠡᠨ ᠤ ᠬᠦᠭᠦᠷᠭᠡ ᠪᠠᠶᠢᠵᠠᠢ᠃  ᠵᠤ᠋ ᠳ᠋ᠢ ᠿᠤᠤ ᠵᠧᠤ  ᠬᠤᠳᠠ ᠳᠤ  ︽ᠴᠠᠩ ᠯᠧ  ᠪᠠᠯᠭᠠᠳ︾ ᠬᠡᠮᠡᠬᠦ ᠨᠡᠷ᠎ᠡ ᠬᠠᠶᠢᠷᠠᠯᠠᠵᠤ᠂ ᠲᠠᠷᠠᠭ᠎ᠠ ᠡᠳᠦᠷ ᠨᠢ  ᠲᠦᠭᠡᠮᠡᠯ ᠲᠠᠯ᠎ᠠ  ︵ᠤᠳᠤᠬᠠᠨ ᠤ  ᠭᠡᠰᠢᠭᠳᠡᠨ ᠬᠤᠰᠢᠭᠤᠨ ᠤ  ᠭᠦᠩᠭᠡᠷ ᠲᠠᠯ᠎ᠠ  ︶ ᠶᠢᠨ ᠪᠠᠷᠰ ᠬᠤᠳᠠ   ᠠᠴᠠ  ᠡᠯ ᠬᠠᠢ   ︵ᠲᠠᠯᠤ ᠨᠠᠭᠤᠷ ᠤᠨ  ᠪᠤᠬ᠎ᠠ ᠨᠠᠭᠤᠷ  ︶ ᠬᠦᠷᠴᠦ  ᠵᠤ᠋ ᠳ᠋ᠢ  ᠲᠠᠷᠬᠠᠨ ᠠᠭᠤᠯᠠᠨ ᠳᠤ ᠠᠪᠠᠷᠢᠨ ᠭᠠᠷᠴᠦ  ᠠᠯᠤᠰ ᠢ  ᠪᠠᠷᠠᠯᠠᠨ  ᠨᠠᠭᠤᠷ ᠤᠨ  ᠬᠦᠪᠡᠭᠡᠨ ᠲᠠᠬᠢ  ᠴᠢᠯᠠᠭᠤᠨ ᠠᠭᠤᠯᠠ ᠶᠢ ᠵᠢᠭᠠᠨ ︵ᠤᠳᠤᠬᠠᠨ ᠤ ᠲᠦᠰᠢ ᠬᠠᠳᠠ︶  ᠄ ︽ᠡᠨᠡ ᠪᠤᠯᠪᠠᠯ  ᠰᠠᠨ  ᠱᠢ ᠱᠠᠨ᠂ ᠲᠠᠨᠠᠷ ᠲᠡᠮᠳᠡᠭᠯᠡᠭᠳᠦᠨ  ︾ ᠭᠡᠵᠠᠢ᠃  ᠴᠢᠩ ᠤᠯᠤᠰ ᠤᠨ  ᠡᠩᠭᠡ ᠠᠮᠤᠭᠤᠯᠠᠩ ᠤᠨ  ᠬᠤᠷᠢᠨ ᠶᠢᠰᠦᠳᠤᠭᠡᠷ ᠤᠨ  ︵1690) ᠳᠤ  ᠴᠢᠩ ᠤᠯᠤᠰ ᠤᠨ ᠴᠡᠷᠢᠭ ᠵᠦᠩᠭᠠᠷ ᠤᠨ  ᠭᠠᠯᠳᠠᠨ ᠪᠤᠱᠤᠭᠳᠤ   ᠶᠢᠨ ᠴᠡᠷᠢᠭ ᠲᠠᠢ  ᠤᠯᠠᠭᠠᠨ ᠪᠤᠳᠤᠩ ᠳᠤ ᠶᠡᠭᠡᠳᠡ ᠪᠠᠶᠢᠯᠳᠤᠨ  ᠢᠯᠠᠭᠰᠠᠨ ᠤ ᠲᠠᠷᠠᠭ᠎ᠠ᠂ ᠡᠩᠭᠡ ᠠᠮᠤᠭᠤᠯᠠᠩ ᠤᠨ  ᠭᠤᠴᠢᠨ ᠭᠤᠷᠪᠠᠨ ᠤᠨ  ︵1694) ᠳᠤ  ᠡᠩᠭᠡ ᠠᠮᠤᠭᠤᠯᠠᠩ ᠬᠠᠭᠠᠨ ᠵᠠᠷᠯᠢᠭ  ᠪᠠᠭᠤᠯᠭᠠᠨ   ᠰᠢᠯᠤᠭᠤᠨ ᠬᠦᠪᠡᠭᠡᠳᠤ ᠬᠤᠰᠢᠭᠤᠨ ᠤ  ᠲᠡᠳ᠋   ᠪᠦᠬᠦᠳᠡ   ᠶᠢ ᠵᠠᠬᠢᠷᠤᠭᠴᠢ ᠠᠤᠬᠠᠨ ᠤ ᠵᠠᠰᠠᠭ ᠲᠦᠷᠦ ᠶᠢᠨ  ᠵᠢᠶᠦ᠋ᠨ ᠸᠠᠩ  ᠵᠠᠮᠰᠤ ᠪᠠᠷ ᠵᠤᠤ ᠤᠳᠠ ᠶᠢᠨ  ᠮᠤᠩᠭᠤᠯ  ᠴᠡᠷᠢᠭ ᠶᠢᠨ  ᠤᠳᠤᠷᠢᠳᠤᠭᠤᠯᠤᠨ  ᠲᠤᠰ ᠬᠦᠭᠦᠷᠭᠡ ᠪᠠᠷ  ᠦᠩᠭᠡᠷᠡᠵᠦ  ᠯᠢᠶᠤᠤ ᠤᠯᠤᠰ ᠤᠨ  ᠿᠤᠤ ᠵᠧᠦ  ᠪᠤᠯᠬᠤ ᠯᠢᠨ ᠾᠧ ᠰᠢᠶᠠᠨ  ︵ᠤᠳᠤᠬᠠᠨ ᠤ  ᠯᠢᠨᠰᠢ ᠰᠢᠶᠠᠨ ᠤ  ᠰᠢᠨ ᠴᠧᠩᠽᠢ ᠪᠠᠯᠭᠠᠰᠤᠨ ᠤ  ᠰᠢᠶᠤᠤ ᠴᠧᠩᠽᠢ  ᠲᠤᠰᠬᠤᠨ  ︶ ᠳᠤ ᠤᠷᠤᠭᠤᠯᠵᠤ  ᠵᠦᠩᠭᠠᠷ   ᠤᠨ  ᠴᠡᠷᠢᠭ ᠲᠠᠬᠢᠨᠳᠠ ᠡᠮᠦᠨᠡᠰᠢ ᠲᠤᠪᠳᠤᠯᠠᠬᠤ ᠶᠢ ᠰᠡᠷᠭᠡᠶᠢᠯᠡᠭᠦᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号