ᠶᠤᠸᠠᠨ ᠤᠯᠤᠰ ᠤᠨ  ᠪᠠᠷᠰ ᠬᠤᠳᠠ ᠪᠠ ᠴᠢᠥᠸᠠᠨ ᠨᠢᠩ ᠯᠤ᠋ ᠴᠦᠯᠭᠡ  ᠶᠢᠨ ᠬᠤᠭᠤᠷᠤᠨᠳᠦᠬᠢ  ᠰᠢᠯᠵᠢᠯᠳᠡ ᠶᠢᠨ  ᠦᠷᠳᠡᠭᠡ
ᠨᠡᠶᠢᠲᠡᠯᠡᠭᠰᠡᠨ ᠴᠠᠭ᠄
2020-07-21
     ᠶᠤᠸᠠᠨ ᠤᠯᠤᠰ ᠤᠨ  ᠦᠶ᠎ᠡ ᠳᠤ  ᠢᠩ ᠴᠠᠩ  ︵ᠪᠠᠷᠰ ᠬᠤᠳᠠ  ︶  ᠴᠢᠤᠸᠠᠨ ᠨᠢᠩ  ᠴᠦᠯᠭᠡ   ᠶᠢᠨ  ᠬᠤᠭᠤᠷᠤᠨᠳᠤ ᠨᠡᠪᠳᠡᠷᠡᠬᠦ ᠵᠠᠮ   ᠡᠷᠭᠡᠪᠰᠢ ᠤᠳᠤᠬᠠᠨ ᠤ  ᠯᠢᠨᠰᠢ  ᠰᠢᠶᠠᠨ   ᠤ ᠬᠢᠵᠠᠭᠠᠷ   ᠲᠤ ᠲᠠᠮᠵᠢᠨ  ᠦᠩᠭᠡᠷᠡᠨ᠎ᠡ᠃  ᠵᠠᠮ ᠤᠨ  ᠱᠤᠭᠤᠮ   ᠨᠢ  ᠤᠳᠤᠬᠠᠨ ᠤ  ᠪᠠᠷᠠᠭᠤᠨ ᠢᠩᠭᠡᠳᠤ ᠭᠤᠤ   ᠶᠢᠨ  ᠬᠤᠸᠠᠩ   ᠲᠤ ᠺᠧᠩ   ᠤᠷᠴᠢᠮ ᠤᠨ  ᠰᠢᠷᠠᠮᠦ᠋ᠷᠡᠨ ᠭᠤᠤᠯ ᠤᠨ  ᠡᠮᠦᠨ᠎ᠡ  ᠴᠧᠨ ᠵᠢᠶᠠ ᠢᠩᠽᠢ   ᠶᠢᠨ  ᠶᠡᠭᠡ ᠬᠦᠭᠦᠷᠭᠡ  ︵ᠯᠢᠶᠤᠤ ᠤᠯᠤᠰ ᠤᠨ  ᠡᠬᠢᠨ ᠤ ᠦᠶ᠎ᠡ   ᠠᠴᠠ  ᠴᠢᠩ ᠤᠯᠤᠰ   ᠤᠨ  ᠡᠬᠢᠨ ᠬᠦᠷᠳᠡᠯᠡᠬᠢ  ᠴᠤᠷᠢ ᠶᠢᠨ ᠭᠠᠭᠴᠨ ᠰᠢᠷᠠᠮᠦ᠋ᠷᠡᠨ ᠭᠤᠤᠯ   ᠢ ᠭᠡᠳᠦᠯᠬᠦ ᠡᠮᠦᠨ᠎ᠡ  ᠤᠮᠠᠷ᠎ᠠ ᠶᠢ ᠬᠤᠯᠪᠤᠭᠰᠠᠨ ᠬᠦᠭᠦᠷᠭᠡ ᠮᠦᠨ  ︶   ᠪᠠᠷ ᠲᠠᠮᠵᠢᠨ ᠡᠳᠦᠭᠡ  ᠶᠢᠨ  ᠰᠢᠨ ᠴᠧᠩᠽᠢ ᠪᠠᠯᠭᠠᠰᠤ ᠶᠢᠨ ᠰᠢᠶᠤᠤ ᠴᠧᠩᠽᠢ  ᠲᠤᠰᠬᠤᠨ  ︵ᠯᠢᠶᠤᠤ ᠤᠯᠤᠰ ᠤᠨ  ᠦᠶ᠎ᠡ ᠶᠢᠨ  ᠿᠤᠤ ᠵᠧᠦ   ᠶᠢᠨ ᠯᠢᠨ ᠾᠧ ᠰᠢᠶᠠᠨ ᠤ ᠬᠤᠳᠠ ᠶᠢᠨ  ᠪᠠᠭᠤᠷᠠᠢ  ︶ ᠶᠢ ᠲᠠᠮᠵᠢᠨ  ᠲᠠᠬᠢᠨ ᠬᠡᠰᠢᠭᠳᠡᠨ ᠬᠤᠰᠢᠭᠤᠨ ᠤ  ᠲᠦᠭᠡᠮᠡᠯ ᠲᠠᠯ᠎ᠠ ︵ᠲᠦᠩ ᠴᠤᠸᠠᠨ ᠳ᠋ᠢᠶᠠᠨ —— ᠤᠳᠤᠬᠠᠨ ᠤ  ᠬᠦᠩᠭᠡᠷ ᠤᠨ  ᠲᠠᠯ᠎ᠠ︶  ᠬᠦᠷᠳᠡᠭ᠃  ᠪᠤᠰᠤᠳ ᠵᠠᠮ ᠪᠠᠶᠢᠬᠤ ᠦᠭᠡᠢ  ᠃ ᠪᠠᠷᠰ ᠬᠤᠳᠠ ︵ᠢᠩ ᠴᠠᠩ  ᠬᠤᠳᠠ  ︶ ︽ᠤᠷᠤᠨ ᠨᠤᠳᠤᠭ ᠤᠨ  ᠲᠡᠦᠭᠡ   ᠶᠢᠨ ᠤᠩᠰᠢᠭᠰᠠᠨ ᠦᠭᠦᠯᠡᠯ ᠤᠨ  ᠲᠤᠪᠴᠢ  ︾  ᠤᠮᠠᠷᠠᠰᠢ ᠡᠪᠳᠡᠷᠭᠡᠢ  ᠫᠢᠩ ᠸᠧᠢ  ᠦᠭᠦᠯᠡᠷᠦᠨ  ︽ᠪᠠᠷᠰ ᠬᠤᠳᠠ ᠠᠨᠤ  ᠸᠧᠢ ᠳ᠋ᠦᠩ ᠤᠨ  ᠤᠮᠠᠷ᠎ᠠ  ᠵᠠᠭᠤᠨ ᠭᠠᠵᠠᠷ ᠲᠤ  ᠤᠷᠤᠰᠢᠮᠦᠢ  ︾ ᠭᠡᠵᠠᠢ᠂ ᠶᠤᠸᠠᠨ ᠤᠯᠤᠰ  ᠢᠩ ᠴᠠᠩ ᠴᠦᠯᠭᠡ ᠶᠢ ᠪᠠᠶᠢᠭᠤᠯᠵᠤ  ᠢᠩ ᠴᠠᠩ ᠰᠢᠶᠠᠨ ᠢ  ᠵᠠᠬᠢᠷᠴᠦ  ᠪᠠᠶᠢᠵᠠᠢ  ᠃  ᠢᠩ ᠴᠠᠩ  ᠴᠦᠯᠭᠡ ᠨᠢ ᠶᠤᠸᠠᠨ ᠤᠯᠤᠰ ᠤᠨ  ᠦᠶ᠎ᠡ ᠶᠢᠨ  ᠤᠮᠠᠷᠠᠳᠤ ᠶᠢᠨ  ᠴᠢᠬᠤᠯᠠ ᠬᠤᠳᠠ  ᠪᠠᠶᠢᠵᠤ᠂ ᠬᠤᠳᠠ   ᠶᠢᠨ ᠪᠠᠭᠤᠷᠠᠢ ᠨᠢ  ᠤᠳᠤᠬᠠᠨ   ᠤ ᠦᠪᠦᠷ ᠮᠤᠩᠭᠤᠯ ᠤᠨ  ᠬᠡᠰᠢᠭᠳᠡᠨ ᠬᠤᠰᠢᠭᠤᠨ ᠤ  ᠲᠠᠯᠠᠢ ᠨᠠᠭᠤᠷ ᠤᠨ  ᠪᠠᠷᠠᠭᠤᠨ ᠡᠮᠦᠨ᠎ᠡ  ᠪᠠᠶᠢᠨ᠎ᠠ᠃ 1214 ᠤᠨ ᠳᠤ ᠴᠢᠩᠬᠢᠰ ᠬᠠᠭᠠᠨ ᠲᠠᠯᠤ ᠨᠠᠭᠤᠷ   ᠢᠶᠠᠷ  ᠲᠦᠪ ᠪᠤᠯᠭᠠᠵᠤ ᠲᠤᠰ ᠭᠠᠵᠠᠷ ᠢ  ᠬᠤᠩᠬᠢᠷᠠᠳ ᠤᠨ  ᠠᠶᠢᠮᠠᠭ ᠤᠨ  ᠠᠯᠴᠤᠨ ᠨᠤᠶᠠᠨ   ᠳᠤ  ᠭᠤᠪᠢ ᠶᠢᠨ  ᠡᠮᠦᠨ᠎ᠡ  ᠨᠡᠭᠦᠳᠡᠯᠡᠨ ᠮᠠᠯᠵᠢᠬᠤ   ᠶᠢ   ᠦᠷᠦᠰᠢᠶᠡᠵᠤ  ᠂ ᠬᠤᠩᠬᠢᠷᠠᠳ  ᠠᠶᠢᠮᠠᠭ ᠨᠢ ᠠᠯᠳᠠᠨ ᠤᠯᠤᠰ ᠤᠨ ᠬᠢᠯᠢ   ᠠᠴᠠ ᠤᠯᠵᠠᠯᠭᠭᠰᠠᠳ  ᠤᠷᠠᠴᠤᠤᠯ  ᠂ ᠲᠠᠷᠢᠶᠠᠴᠢᠨ ᠶᠢᠨ  ᠲᠠᠯᠤ ᠨᠠᠭᠤᠷ ᠤᠨ  ᠪᠠᠷᠠᠭᠤᠨ ᠬᠦᠪᠡᠭᠡᠨ ᠳᠤ  ᠲᠤᠪᠬᠢᠨᠠᠭᠤᠯᠵᠤ  ᠂  ᠬᠦᠮᠦᠨ ᠠᠮᠢᠳᠠᠨ  ᠤᠯᠠᠰᠢᠷᠠᠵᠤ  ᠂ ᠠᠯᠳᠠᠨ ᠤᠯᠤᠰ   ᠢ ᠮᠦᠭᠦᠭᠡᠭᠰᠡᠨ ᠤ ᠰᠡᠭᠦᠯᠡᠷ ᠲᠠᠬᠢᠨ  ᠤᠷᠠᠴᠤᠤᠯ  ᠂ ᠲᠠᠷᠢᠶᠠᠴᠢᠨ ᠬᠤᠯᠢᠯᠳᠤᠨ ᠰᠠᠭᠤᠭᠰᠠᠨ  ᠲᠤᠰᠬᠤᠨ ᠤ  ᠪᠠᠷᠠᠭᠤᠨ ᠲᠠᠯ᠎ᠠ ᠳᠤ  ᠭᠦᠩᠵᠤ ᠶᠢᠨ  ᠲᠤᠰᠠᠭᠠᠷ ᠤᠷᠳᠤᠨ ᠢ  ᠪᠠᠶᠢᠭᠤᠯᠵᠤ  ᠂ ᠤᠨ ᠲᠤᠭᠠᠯᠠᠯ ᠤᠨ 1273 ᠤᠨ ︵ ᠶᠤᠸᠠᠨ ᠤᠯᠤᠰ ᠤᠨ  ᠠᠷᠪᠠᠨ ᠤᠨ  ︶ ᠠᠯᠴᠤᠨ ᠨᠤᠶᠠᠨ ᠤ ᠤᠮᠪᠤᠯ  ᠦᠷᠴᠤᠨ  ᠲᠦᠮᠡᠨ ᠤ ᠨᠤᠶᠠᠨ ᠬᠢᠭᠡᠳ  ᠲᠡᠭᠦᠨ   ᠤ  ᠭᠡᠷᠭᠡᠢ  ᠨᠠᠩᠬᠢᠶᠠᠵᠢᠨ ᠬᠦᠩᠵᠦ ᠨᠢ ᠲᠦᠷᠦ ᠭᠦᠷᠦᠨ ᠠᠴᠠ ᠠᠳᠡ ᠬᠤᠳᠠ  ᠪᠠᠶᠢᠭᠤᠯᠬᠤ   ᠶᠢ  ᠭᠤᠶᠤᠴᠢᠯᠠᠵᠤ  ᠂ ᠶᠤᠸᠠᠨ ᠱᠢᠽᠦ ᠬᠤᠪᠢᠯᠠᠢ ᠬᠠᠨᠭᠠᠨ ᠳᠤ  ᠵᠦᠪᠰᠢᠶᠡᠷᠡᠭᠳᠡᠵᠦ  ᠂ ᠢᠩ ᠴᠠᠩ ᠹᠦ᠋  ᠬᠡᠮᠡᠨ ᠨᠡᠷᠡᠶᠢᠳᠴᠠᠢ᠃  ᠲᠠᠷᠠᠭ᠎ᠠ ᠵᠢᠯ ᠨᠢ  ᠬᠤᠳᠠ ᠶᠢᠨ   ᠭᠠᠳᠠᠨ᠎ᠠ ᠭᠡᠷᠡᠮ  ᠪᠠ  ᠶᠠᠮᠤᠨ  ᠵᠠᠬᠢᠷᠭ᠎ᠠ ᠶᠢ ᠪᠠᠶᠢᠭᠤᠯᠵᠠᠢ᠃   ᠬᠤᠷᠢᠨ ᠬᠤᠶᠠᠷ ᠤᠨ  ︵1285) ᠤᠨ  ᠢᠩ ᠴᠠᠩ ᠹᠦ᠋ ᠶᠢ   ᠴᠦᠯᠭᠡ ︵ᠯᠤ᠋︶ ᠪᠤᠯᠭᠠᠨ  ᠢᠩ ᠴᠠᠩ ᠤᠨ  ᠨᠢᠭᠡᠨ ᠰᠢᠶᠠᠨ ᠢ  ᠵᠠᠬᠢᠷᠠᠭᠤᠯᠵᠠᠢ᠃  ᠴᠦᠯᠭᠡ  ᠂ ᠰᠢᠶᠠᠨ   ᠨᠢ ᠲᠤᠰ ᠲᠤᠰ ᠵᠠᠬᠢᠷᠭ᠎ᠠ ᠶᠠᠮᠤᠨ ᠲᠠᠢ ᠭᠠᠳᠠᠨ᠎ᠠ  ᠬᠤᠩᠬᠢᠷᠠᠳ ᠤᠨ  ᠢᠵᠠᠭᠤᠷᠳᠠᠨ ᠯᠤ᠋ ᠸᠠᠩ  ᠡᠷᠭᠦᠮᠵᠢᠯᠡᠭᠳᠡᠭᠰᠡᠨ ᠠᠴᠠ  ᠪᠠᠰᠠ ᠯᠤ᠋ ᠸᠠᠩ ᠤᠨ  ᠤᠷᠳᠤᠨ ᠪᠠᠶᠢᠭᠤᠯᠵᠠᠢ᠃  ᠸᠠᠩ ᠤᠨ  ᠤᠷᠳᠤᠨ   ᠤ ᠲᠤᠤᠷ᠎ᠠ  ᠬᠠᠷᠢᠶᠠᠳᠤ ᠵᠤᠷᠭᠠᠨ ᠶᠠᠮᠤᠨ 40 ᠢᠯᠡᠭᠦᠦ  ᠂  ᠨᠤᠶᠠᠳ ᠲᠦᠰᠢᠮᠡᠳ 700 ᠢᠯᠡᠭᠦᠦ  ᠪᠠᠶᠢᠷᠢᠰᠢᠵᠭᠤᠯᠵᠠᠢ᠃       ᠡᠭᠦᠨ   ᠠᠴᠠ ᠭᠠᠳᠠᠨ᠎ᠠ  ᠪᠠᠷᠰ ᠬᠤᠳᠠᠨ ᠳᠤ  ᠤᠷᠢᠳ ᠬᠤᠵᠢᠳ  ᠦᠷᠦᠰᠢᠶᠡᠯ ᠤᠨ  ᠲᠤᠶᠢᠯ  ᠂ ᠡᠨᠡᠷᠢᠯ ᠬᠠᠷᠢᠭᠤᠯᠬᠤ᠂  ᠯᠤᠤ ᠮᠠᠨᠳᠠᠯᠳᠤ  ᠵᠡᠷᠭᠡ  ᠪᠤᠷᠬᠠᠨ ᠤ ᠰᠦᠮ᠎ᠡ ᠶᠢ   ᠪᠠᠶᠢᠭᠤᠯᠬᠤ ᠶᠢᠨ  ᠵᠡᠷᠭᠡᠪᠡᠷ ᠪᠠᠰᠠ  ᠺᠦᠩᠽᠢ   ᠶᠢᠨ  ᠰᠦᠮ᠎ᠡ᠂  ᠪᠢᠴᠢᠭ ᠤᠨ  ᠰᠤᠷᠭᠠᠯᠳᠠᠨ ᠤ ᠰᠦᠮ᠎ᠡ ᠵᠡᠷᠭᠡ ᠶᠢ ᠪᠠᠶᠢᠭᠤᠯᠵᠠᠢ᠃ ᠪᠠᠷᠰ ᠬᠤᠳᠠ   ᠨᠢ  ᠭᠤᠪᠢ  ᠶᠢᠨ  ᠠᠷᠤ ᠡᠮᠦᠨ᠎ᠡ ᠶᠢᠨ  ᠲᠡᠷᠭᠡ ᠮᠤᠷᠢᠨ ᠤ  ᠨᠡᠪᠳᠡᠷᠡᠬᠦ  ᠤᠯᠠᠭ᠎ᠠ ᠵᠠᠮ ᠪᠤᠯᠵᠠᠢ᠃  ᠶᠤᠸᠠᠨ ᠤᠯᠤᠰ ᠨᠢ  ᠪᠠᠷᠰ ᠬᠤᠳᠠᠨ ᠳᠤ ᠲᠠᠮᠨᠠᠭᠤᠷᠴᠢᠨ᠂  ᠬᠦᠮᠦᠷᠭᠡ᠂  ᠠᠮᠤ ᠬᠤᠳᠠᠯᠳᠤᠨ ᠠᠪᠬᠤ  ᠭᠠᠵᠠᠷ ᠵᠡᠷᠭᠡ ᠶᠢ ᠪᠠᠶᠢᠭᠤᠯᠵᠤ ᠠᠮᠤ ᠬᠦᠨᠡᠰᠦ ᠬᠤᠳᠠᠯᠳᠤᠨ ᠠᠪᠴᠦ  ᠤᠮᠠᠷᠠᠰᠢ ᠵᠦᠭᠡᠭᠡᠪᠦᠷᠢᠯᠡᠵᠦ  ᠪᠠᠶᠢᠵᠠᠢ᠂ ᠪᠠᠷᠰ ᠬᠤᠳᠠ ᠨᠢ ᠪᠠᠰᠠ  ᠲᠤᠬᠠᠢ ᠶᠢᠨ  ᠦᠶ᠎ᠡ ᠶᠢᠨ  120  ᠲᠤᠰᠬᠤᠨᠴᠢᠯᠠᠨ   ᠲᠠᠷᠢᠶᠠᠯᠠᠬᠤ ᠭᠠᠵᠠᠷ   ᠤᠨ  ᠨᠢᠭᠡᠨ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号