ᠲᠠᠶᠢᠴᠢᠩ  ᠤᠯᠤᠰ ᠤᠨ  ᠲᠠᠪᠢᠨᠭᠡᠷ ᠤᠯᠠᠭ᠎ᠠ  ᠦᠷᠳᠡᠭᠡ
ᠨᠡᠶᠢᠲᠡᠯᠡᠭᠰᠡᠨ ᠴᠠᠭ᠄
2020-07-25
        ᠯᠢᠨᠰᠢ ᠰᠢᠶᠠᠨ ᠤ  ᠲᠠᠪᠢᠨᠭᠡᠷ ᠪᠠᠯᠭᠠᠰᠤᠨ ᠶᠢᠨ  ᠲᠤᠷᠠᠳᠤᠮᠠᠭᠴᠨ ᠤᠯᠠᠩᠬᠢ ᠬᠦᠮᠦᠰ  ᠡᠨᠡᠬᠦ ᠤᠷᠤᠨ ᠢ ᠤᠤᠯ ᠳᠠᠭᠠᠨ ᠠᠷᠠᠯᠵᠢᠶ᠎ᠠ ᠬᠤᠳᠠᠯᠳᠤᠭ᠎ᠠ  ᠬᠦᠭᠵᠢᠯᠳᠤᠵᠤ  ᠵᠡᠭᠡᠯᠢ ᠭᠤᠳᠤᠮᠵᠢ ᠲᠦᠭᠦᠷᠡᠩ ᠲᠡᠯᠭᠡᠭᠦᠷ ᠬᠤᠳᠠᠯᠳᠤᠭ᠎ᠠ   ᠲᠠᠢ ᠪᠠᠶᠢᠭᠰᠠᠨ ᠠᠴᠠ  ᠡᠨᠡᠬᠦ ᠨᠡᠷ᠎ᠡ ᠶᠢ ᠤᠯᠵᠠᠢ ᠭᠡᠵᠦ ᠪᠤᠳᠤᠳᠠᠭ᠂ ᠡᠨᠡ ᠪᠤᠯᠪᠠᠯ ᠨᠢᠭᠡ ᠵᠦᠢᠯ ᠤᠨ  ᠲᠠᠭᠠᠮᠠᠭ  ᠪᠤᠳᠤᠯ ᠲᠡᠳᠦᠢ᠃  ᠦᠨᠡᠨ ᠳᠡᠭᠡᠨ  ᠲᠠᠪᠢᠨᠭᠡᠷ ᠪᠠᠯᠭᠠᠰᠤ  ᠪᠤᠯᠪᠠᠯ ᠴᠢᠩ ᠤᠯᠤᠰ ᠤᠨ  ᠡᠬᠢᠨ ᠤ ᠦᠶ᠎ᠡ ᠳᠤ  ᠲᠠᠪᠢᠨ  ᠮᠤᠩᠭᠤᠯ ᠠᠶᠢᠯ   ᠢ ᠴᠤᠭᠯᠠᠭᠤᠯᠵᠤ ᠠᠯᠪᠠᠨ ᠤᠯᠠᠭ᠎ᠠ ᠪᠠᠶᠢᠭᠤᠯᠤᠭᠰᠠᠨ ᠠᠴᠠ  ᠤᠯᠤᠭᠰᠠᠨ ᠨᠡᠷ᠎ᠡ ᠮᠦᠨ᠃         ᠴᠢᠩ ᠤᠯᠤᠰ ᠤᠨ  ᠡᠩᠭᠡ ᠠᠮᠤᠭᠤᠯᠠᠩ ᠬᠠᠭᠠᠨ  ᠴᠠᠭᠠᠨ ᠤᠷᠤᠰ ᠤᠨ  ᠺᠤᠯᠦᠨᠢ ᠬᠦᠴᠦᠨ  ᠡᠮᠦᠨᠡᠰᠢ ᠲᠦᠷᠢᠮᠬᠡᠶᠢᠯᠡᠬᠦ ᠶᠢ ᠰᠡᠷᠭᠡᠶᠢᠯᠡᠬᠦ ᠶᠢᠨ ᠲᠦᠯᠦᠭᠡ  ᠂ ᠡᠩᠭᠡ ᠠᠮᠤᠭᠤᠯᠠᠩ ᠤᠨ  ᠠᠷᠪᠠᠨ ᠶᠢᠰᠦᠨ ᠤᠨ ︵1680)   ᠳᠤ ᠴᠢᠩ ᠤᠨ ᠲᠦᠷᠦ ᠠᠴᠠ  ᠭᠠᠳᠠᠭᠠᠳᠤ ᠮᠤᠩᠭᠤᠯ ᠤᠨ  ᠲᠦᠷᠦ ᠶᠢ ᠵᠠᠰᠠᠬᠤ ᠶᠠᠮᠤᠨ ᠳᠤ ᠵᠢᠭᠠᠪᠤᠷᠢᠯᠠᠵᠤ᠂ ᠠᠷᠤ ᠬᠤᠷᠴᠢᠨ ᠬᠤᠰᠢᠭᠤᠨ ᠠᠴᠠ 38 ᠮᠤᠩᠭᠤᠯ ᠠᠶᠢᠯ  ᠂ ᠪᠠᠷᠠᠭᠤᠨ  ᠦᠵᠦᠮᠦᠴᠢᠨ ᠬᠤᠰᠢᠭᠤᠨ ᠠᠴᠠ 12 ᠮᠤᠩᠭᠤᠯ ᠠᠶᠢᠯ  ᠲᠤᠰ  ᠲᠤᠰ  ᠨᠡᠭᠦᠯᠭᠡᠵᠦ  ᠂ ᠨᠡᠶᠢᠳᠡ50 ᠠᠶᠢᠯ ᠪᠤᠯᠭᠠᠨ  ᠤᠯᠠᠭ᠎ᠠ ᠵᠠᠮ   ᠡᠷᠬᠢᠯᠡᠭᠰᠡᠨ ᠳᠤ ᠮᠤᠩᠭᠤᠯᠴᠤᠳ ᠲᠡᠭᠦᠨ ᠢ  ︽ᠲᠠᠪᠢᠨ ᠭᠡᠷ︾ ᠭᠡᠵᠦ ᠬᠢᠳᠠᠳᠴᠤᠳ ᠲᠡᠭᠦᠨ   ᠢ  ︽ᠡᠦ ᠱᠢ ᠵᠢᠶᠠ ᠽᠢ  ︾  ᠭᠡᠮᠡᠭᠰᠡᠨ ᠨᠢ  ᠤᠳᠤᠬᠠᠨ ᠤ ᠲᠠᠪᠢᠨᠭᠡᠷ ᠤᠨ  ᠢᠷᠡᠯᠳᠡ  ᠪᠤᠶᠤ  ᠃ ᠡᠩᠭᠡ ᠠᠮᠤᠭᠤᠯᠠᠩ ᠤᠨ  ᠬᠤᠷᠢᠨ ᠨᠢᠭᠡᠨ ᠤᠨ  ︵1682︶ ᠤᠨ ᠳᠤ  ᠤᠯᠠᠭ᠎ᠠ ᠵᠠᠮ ᠢ  ᠪᠠᠶᠢᠭᠤᠯᠤᠭᠰᠠᠨ ᠤ  ᠡᠬᠢᠨ ᠤ ᠬᠤᠭᠤᠴᠠᠭ᠎ᠠ ᠳᠤ  ᠭᠤᠤᠯ ᠡᠭᠦᠷᠭᠡ ᠨᠢ  ᠰᠤᠨᠢᠨ  ᠂ ᠠᠯᠪᠠᠨ ᠪᠢᠴᠢᠭ ᠵᠡᠷᠭᠡ ᠲᠠᠮᠵᠢᠭᠤᠯᠵᠤ᠂ ᠦᠭᠡᠷ ᠬᠤᠨᠢ ᠪᠠᠷ  ᠲᠡᠳᠭᠦᠵᠤ᠂  ᠠᠮᠤ ᠡᠪᠡᠰᠦ ᠲᠡᠭᠡᠪᠦᠷᠢᠯᠡᠬᠦ ᠪᠠ  ᠴᠡᠷᠢᠭ ᠤᠨ  ᠬᠡᠷᠡᠭᠰᠡᠯ  ᠲᠠᠮᠵᠢᠭᠤᠯᠤᠨ ᠬᠦᠷᠭᠡᠵᠦ ᠪᠠᠶᠢᠵᠠᠢ᠃   ᠡᠩᠭᠡ ᠠᠮᠤᠭᠤᠯᠠᠩ ᠤᠨ ᠭᠤᠴᠢᠨ ᠤᠨ  ︵1691) ᠤᠨ ᠳᠤ  ᠲᠤᠯᠤᠨ ᠨᠠᠭᠤᠷ ᠤᠨ  ᠴᠢᠭᠤᠯᠭᠠᠨ ᠤ  ᠲᠠᠷᠠᠭ᠎ᠠ  ᠂ ᠵᠦᠩᠭᠠᠷ   ᠤᠨ ᠲᠠᠶᠢᠨ ᠤ ᠭᠡᠷᠡᠭᠴᠡᠭᠡ  ᠶᠢ ᠦᠨᠳᠤᠰᠤᠯᠡᠵᠦ᠂ ᠴᠢᠩ ᠤᠯᠤᠰ ᠠᠴᠠ  ᠡᠯ᠎ᠡ ᠠᠶᠢᠮᠠᠭ ᠴᠢᠭᠤᠯᠭᠠᠨ  ᠬᠤᠰᠢᠭᠤᠨ ᠤ ᠸᠠᠩ ᠭᠦᠩ  ᠵᠠᠰᠠᠭ ᠨᠠᠷ  ᠲᠠᠢ ᠵᠦᠪᠯᠡᠨ᠂ ᠮᠤᠩᠭᠤᠯ ᠤᠨ  ᠡᠯ᠎ᠡ ᠭᠠᠵᠠᠷ   ᠠᠴᠠ ᠪᠡᠭᠡᠵᠢᠩ ᠬᠦᠷᠬᠦ  ᠲᠠᠪᠤᠨ ᠵᠠᠮ ᠤᠨ  ᠲᠤᠭᠳᠠᠩᠭᠤᠢ  ᠤᠯᠠᠭ᠎ᠠ ᠵᠠᠮ  ᠪᠠᠶᠢᠭᠤᠯᠬᠤ ᠪᠤᠯᠵᠠᠢ᠃  ᠨᠢᠭᠡ ᠨᠢ   ᠪᠠᠶᠠᠰᠬᠤᠯᠠᠩ ᠬᠠᠳᠠᠳᠤ ᠬᠠᠭᠠᠯᠭ᠎ᠠ  ᠂ ᠬᠤᠶᠠᠷ ᠨᠢ  ᠮᠤᠯᠳᠤᠰᠢ ᠬᠠᠭᠠᠯᠭ᠎ᠠ  ᠂  ᠭᠤᠷᠪᠠ ᠨᠢ ᠲᠦᠰᠢ ᠠᠮᠠ  ᠂ ᠲᠦᠷᠪᠡ ᠨᠢ  ᠴᠢᠭᠤᠯᠤᠯᠳᠤ ᠬᠠᠭᠠᠯᠭ᠎ᠠ  ᠂ ᠲᠠᠪᠤ ᠨᠢ  ᠱᠦᠷᠭᠡᠢ ᠬᠠᠭᠠᠯᠭ᠎ᠠ  ᠃  ᠤᠳᠤᠬᠠᠨ ᠤ  ᠯᠢᠨᠰᠢ ᠰᠢᠶᠠᠨ   ᠤ ᠲᠠᠪᠢᠨᠭᠡᠷ   ᠤᠯᠠᠭ᠎ᠠ ᠵᠠᠮ ᠨᠢ  ᠮᠤᠯᠳᠤᠰᠢ ᠬᠠᠭᠠᠯᠭ᠎ᠠ ᠤᠯᠠᠭ᠎ᠠ ᠵᠠᠮ ᠤᠨ  ᠠᠯᠪᠠᠨ  ᠶᠠᠮᠤᠨ   ᠤ  ᠤᠯᠠᠭ᠎ᠠ ᠦᠷᠳᠡᠭᠡ ᠶᠢᠨ  ᠨᠢᠭᠡ ᠨᠢ ᠮᠦᠨ᠃  ᠡᠨᠡᠬᠦ ᠤᠯᠠᠭ᠎ᠠ ᠵᠠᠮ ᠨᠢ  ᠪᠡᠭᠡᠵᠢᠩ ᠠᠴᠠ  ᠭᠠᠷᠴᠦ  ᠂ ᠱᠦᠨ ᠢ  ᠂ ᠮᠢ ᠶᠦᠨ᠂    ᠮᠤᠯᠳᠤᠰᠢ ᠬᠠᠭᠠᠯᠭ᠎ᠠ ᠶᠢ ᠦᠩᠭᠡᠷᠡᠵᠤ᠂ ᠵᠠᠮ ᠲᠤᠮᠳᠠ  ᠪᠠᠨ  ᠵᠤᠰᠤᠳᠤ  ᠂ ᠵᠤᠤ ᠤᠳᠠ᠂ ᠰᠢᠯᠢᠨ ᠭᠤᠤᠯ  ᠭᠤᠷᠪᠠᠨ ᠠᠶᠢᠮᠠᠭ ᠤᠨ  ᠶᠢᠰᠦᠨ ᠬᠤᠰᠢᠭᠤ   ᠶᠢ  ᠲᠤᠭᠤᠯᠵᠤ  ᠂ ᠬᠠᠮᠤᠭ   ᠡᠴᠦᠰ ᠲᠡᠭᠡᠨ ᠵᠡᠭᠦᠨ ᠦᠵᠦᠮᠦᠴᠢᠨ ᠬᠤᠰᠢᠭᠤᠨ ᠤ ᠯᠠᠮᠠ ᠶᠢᠨ ᠬᠦᠷᠢᠶ᠎ᠡ ᠬᠦᠷᠦᠨ᠎ᠡ  ︵ᠡᠳᠦᠭᠡ ᠶᠢᠨ  ᠤᠯᠢᠶᠠᠰᠤᠳᠠᠢ  ᠪᠠᠯᠭᠠᠰᠤ︶  ᠂ ᠪᠦᠬᠦ ᠤᠷᠳᠤ ᠨᠢ1160   ᠺᠢᠯᠦᠮᠧᠲᠷ  ︵ᠲᠤᠰ  ᠨᠢᠭᠡᠴᠢ  ᠲᠤᠳᠤᠯᠠᠭᠤᠰᠢᠳᠠᠢ  ︶᠃  ᠴᠢᠩ ᠤᠯᠤᠰ ᠤᠨ ᠦᠶ᠎ᠡ ᠶᠢᠨ ᠪᠠᠭᠠᠷᠢᠨ ᠬᠤᠰᠢᠭᠤᠨ ᠤ  ᠸᠠᠩ  ︵ᠪᠠᠭᠠᠷᠢᠨ ᠵᠡᠭᠦᠨ ᠬᠤᠰᠢᠭᠤᠨ  —— ᠪᠠᠭ᠎ᠠ ᠪᠠᠭᠠᠷᠢᠨ︶ ᠲᠤᠭᠠᠴᠠᠭᠰᠠᠨ ᠮᠠᠲ᠋ᠧᠷᠢᠶᠠᠯ ᠠᠴᠠ  ᠦᠵᠡᠪᠡᠯ ᠲᠡᠷᠡ ᠲᠤᠬᠠᠢ ᠶᠢᠨ ᠦᠶ᠎ᠡ ᠳᠤ  ᠪᠡᠭᠡᠵᠢᠩ ᠤᠷᠤᠬᠤ ᠳᠤ  ᠬᠤᠨᠤᠭ ᠪᠤᠯᠬᠤ  ᠡᠯ᠎ᠡ  ᠤᠯᠠᠭ᠎ᠠ ᠪᠤᠯᠭᠠᠨ ᠢ ᠯᠠᠪᠯᠠᠵᠤ ᠠᠩᠬᠠᠷᠤᠪᠠ᠃  ᠡᠭᠦᠨ ᠳᠤ  ᠲᠠᠪᠢᠨᠭᠡᠷ᠂ ᠲᠠᠪᠢᠨ ᠤᠪᠤᠭ᠎ᠠ᠂  ᠪᠤᠷᠤᠬᠤᠳᠠ  ᠂  ᠰᠧ ᠳ᠋ᠤᠤ  ᠭᠧᠦ ᠯᠢᠶᠠᠩ᠂  ᠱᠢ ᠽᠠ᠂  ᠨᠢᠦ ᠯᠠ ᠱᠠᠨ᠂  ᠪᠡᠭᠡᠵᠢᠩ᠂  ᠃  ᠬᠡᠷᠪᠡ ᠲᠠᠪᠢᠨᠭᠡᠷ   ᠠᠴᠠ ᠯᠠᠮᠠ ᠶᠢᠨ ᠬᠦᠷᠢᠶ᠎ᠡ ᠬᠦᠷᠪᠡᠯ  ᠵᠠᠮ ᠲᠤᠮᠳᠠ ᠪᠠᠨ ᠠᠷᠤ ᠲᠠᠪᠢᠨ ᠰᠦᠮ᠎ᠡ ᠂  ᠤᠯᠠᠭᠠᠨ ᠬᠠᠭᠠᠯᠭ᠎ᠠ  ᠬᠤᠶᠠᠷ ᠤᠯᠠᠭ᠎ᠠ ᠵᠠᠮ ᠢ  ᠦᠩᠭᠡᠷᠡᠨ᠎ᠡ᠃  ᠡᠭᠦᠨ ᠳᠤ ᠮᠤᠩᠭᠤᠯ ᠨᠤᠶᠠᠳ ᠤᠨ  ᠡᠷᠬᠢᠯᠡᠭᠰᠡᠨ ᠤᠯᠠᠭ᠎ᠠ ᠵᠠᠮ 10 ᠪᠠᠶᠢᠵᠤ᠂ ᠲᠠᠪᠢᠨᠭᠡᠷ  ᠪᠤᠯᠪᠠᠯ ᠲᠡᠭᠦᠨ ᠤ ᠲᠤᠮᠳᠠ ᠨᠡᠯᠢᠶᠡᠳ ᠲᠤᠮᠤ ᠨᠢᠭᠡᠨ  ᠤᠯᠠᠭ᠎ᠠ ᠵᠠᠮ ᠮᠦᠨ  ᠃ ᠴᠢᠩ ᠤᠯᠤᠰ ᠤᠨ  ᠮᠠᠲ᠋ᠧᠷᠢᠶᠠᠯ ᠳᠤ  ᠲᠡᠮᠳᠡᠭᠯᠡᠭᠰᠡᠨ ᠢᠶᠠᠷ  ᠤᠯᠠᠭ᠎ᠠ ᠵᠠᠮ ᠳᠤ  ᠤᠯᠠᠭᠠᠴᠢ  ᠶᠢᠨ  ᠲᠠᠷᠤᠭ᠎ᠠ᠂  ᠤᠯᠠᠭᠠᠴᠢ  ᠂  ᠤᠯᠠᠭ᠎ᠠ ᠮᠤᠷᠢ  ᠵᠡᠷᠭᠡ ᠪᠦᠬᠦᠨ ᠢᠶᠠᠷ ᠢᠶᠠᠨ ᠡᠨᠡᠬᠦ ᠲᠠᠪᠢᠨ ᠡᠷᠦᠭᠡ ᠠᠴᠠ  ᠭᠠᠷᠴᠦ  ᠂  ᠤᠯᠠᠭᠠᠴᠢ ᠶᠢᠨ  ᠨᠤᠶᠠᠨ   ᠳᠤ  ᠮᠤᠩᠭᠤᠯ  ᠶᠤᠸᠠᠨᠸᠠᠢ  ︵ᠨᠤᠶᠠᠳ ᠰᠠᠭᠤᠭᠰᠠᠨ ᠦᠭᠡᠢ  ᠢᠵᠠᠠᠭᠤᠷᠳᠠᠨ  ︶ 1 ᠬᠦᠮᠦᠨ᠂  ᠪᠢᠴᠢᠭᠡᠴᠢ 2 ᠬᠦᠮᠦᠨ᠂  ᠬᠢᠶ᠎ᠠ 1 ᠬᠦᠮᠦᠨ  ᠃ ᠤᠯᠠᠭᠠᠴᠢ ᠠᠶᠢᠯ ᠪᠦᠬᠦᠨ  ᠠᠴᠠ  ᠲᠤᠰᠪᠤᠷᠢ ᠨᠢᠭᠡ ᠬᠦᠮᠦᠨ ᠭᠠᠷᠭᠠᠨ᠎ᠠ᠃ ᠤᠯᠠᠭ᠎ᠠ ᠵᠠᠮ ᠪᠦᠬᠦᠨ ᠳᠤ 5 ᠦᠨᠢᠶ᠎ᠡ᠂ 30 ᠬᠤᠨᠢ᠂ ᠤᠯᠠᠭ᠎ᠠ ᠮᠤᠷᠢ 1   ᠶᠢ ᠦᠭᠴᠦ  ᠂ ᠤᠯᠠᠭ᠎ᠠ ᠮᠤᠷᠢ ᠪᠦᠬᠦᠨ ᠳᠤ 125 ᠯᠠᠩ  ᠮᠦᠩᠬᠦ  ᠦᠭᠭᠦᠨ᠎ᠡ  ᠃  ᠴᠢᠩ ᠤᠨ  ᠵᠠᠰᠠᠭ ᠠᠴᠠ  ᠠᠯᠪᠠᠨ ᠤᠯᠠᠭ᠎ᠠ ᠳᠤ ᠲᠤᠳᠤᠷᠠᠬᠠᠢ ᠡᠭᠦᠷᠭᠡ ᠲᠤᠭᠳᠠᠭᠠᠵᠤ  ᠦᠭᠴᠠᠢ᠃ 1᠂ ᠨᠢᠭᠡ ᠴᠡᠷᠢᠭ   ᠤᠨ ᠶᠠᠪᠤᠳᠠᠯ ᠤᠨ  ᠲᠤᠬᠢᠷᠠᠭᠤᠯᠤᠯᠳᠠ ᠳᠤ   ᠦᠢᠯᠡᠴᠢᠯᠡᠵᠦ  ᠂ ᠶᠠᠯᠠᠳᠠᠨ   ᠬᠢᠭᠡᠳ ᠲᠡᠭᠦᠨ ᠢ ᠬᠦᠷᠭᠡᠵᠦ ᠶᠠᠪᠤᠭ᠎ᠠ ᠬᠦᠮᠦᠨ ᠳᠤ ᠬᠤᠨᠤᠭ  ᠂ ᠬᠦᠨᠡᠰᠦ ᠬᠠᠩᠭᠠᠨ᠎ᠠ  ᠃2᠂  ᠠᠷᠠᠯᠵᠢᠶᠠᠴᠢᠨ   ᠤ ᠪᠦᠯᠭᠦᠮ ᠢ  ᠬᠦᠯᠢᠶᠡᠵᠦ ᠵᠤᠴᠢᠯᠠᠨ᠎ᠠ᠃ 3᠂  ᠮᠤᠩᠭᠤᠯ ᠸᠠᠩ ᠭᠦᠩ ᠨᠠᠷ ᠤᠨ  ᠪᠡᠭᠡᠵᠢᠩ ᠤᠷᠤᠵᠤ   ᠡᠵᠡᠨ ᠬᠠᠭᠠᠨ ᠲᠠᠢ ᠵᠤᠯᠭᠠᠬᠤ   ᠶᠢᠨ   ᠶᠠᠪᠤᠵᠤ ᠰᠠᠭᠤᠬᠤ  ᠪᠤᠴᠠᠵᠤ ᠬᠠᠷᠢᠬᠤ ᠳᠤ   ᠨᠢ  ᠬᠦᠯᠢᠶᠡᠵᠤ  ᠵᠤᠴᠢᠯᠠᠬᠤ  ᠡᠭᠦᠷᠭᠡ ᠬᠠᠷᠢᠭᠤᠴᠠᠯᠭ᠎ᠠ ᠶᠢ ᠬᠦᠢᠴᠡᠭᠡᠨ᠎ᠡ᠃ ᠴᠢᠩ ᠤᠯᠤᠰ ᠤᠨ  ᠰᠡᠭᠦᠯᠴᠢ ᠶᠢᠨ  ᠦᠶ᠎ᠡ ᠪᠤᠯᠬᠤ ᠳᠤ  ᠤᠯᠠᠭ᠎ᠠ ᠵᠠᠮ ᠤᠨ   ᠦᠢᠯᠡ ᠭᠡᠷᠡᠭ ᠠᠭᠠᠵᠢᠮ ᠢᠶᠠᠷ  ᠲᠤᠷᠤᠶᠢᠳᠠᠵᠤ  ᠂ ᠲᠦᠭᠡᠮᠡᠯ ᠡᠯᠪᠡᠭᠳᠦ ᠶᠢᠨ  ᠨᠠᠢᠮᠠᠨ ᠤᠨ  ︵1858) ᠳᠤ ᠬᠠᠭᠠᠨᠳᠤ ᠤᠷᠤᠰ ᠲᠦᠷᠢᠮᠭᠡᠶᠢᠯᠡᠨ ᠤᠷᠤᠵᠤ ᠢᠷᠡᠵᠤ᠂ ᠵᠠᠷᠢᠮ ᠭᠡᠰᠡᠭ ᠤᠷᠤᠨ ᠢ  ᠡᠷᠭᠡᠰᠢᠶᠡᠵᠦ  ᠂ ᠤᠷᠤᠰ ᠤᠨ  ᠨᠤᠶᠠᠨ  ᠤᠯᠠᠭ᠎ᠠ ᠬᠡᠷᠡᠭ ᠢ  ᠬᠠᠮᠢᠶᠠᠷᠠᠴᠦ  ᠂ ᠬᠤᠳᠠᠯᠳᠤᠭ᠎ᠠ ᠨᠡᠪᠳᠡᠷᠡᠬᠦ ᠡᠷᠭᠡ ᠶᠢ ᠶᠡᠭᠡᠰᠭᠡᠵᠤ  ᠂ ᠪᠡᠭᠡᠵᠢᠩ   ᠠᠴᠠ  ᠮᠤᠩᠭᠤᠯ ᠵᠦᠭ ᠭᠠᠷᠴᠦ ᠤᠷᠤᠬᠤ ᠶᠢ  ᠡᠷᠭᠡᠰᠢᠶᠡᠪᠡ᠃  ᠪᠠᠳᠠᠷᠠᠭᠤᠯᠳᠤ ᠲᠦᠷᠦ ᠶᠢᠨ  ᠠᠷᠪᠠᠨ  ᠨᠠᠢᠮᠠᠨ ᠤᠨ  ︵1892) ᠤᠨ ᠳᠤ  ᠴᠢᠩ  ᠤᠯᠤᠰ ᠬᠢᠭᠡᠳ  ᠤᠷᠤᠰ  ︽ᠰᠢᠤᠳᠠᠨ ᠤ ᠭᠡᠷ᠎ᠡ  ︾ ᠶᠢ ᠲᠤᠭᠳᠠᠭᠠᠵᠤ  ᠂ ᠴᠢᠩ ᠤᠨ  ᠵᠠᠰᠠᠭ ᠢ  ᠠᠯᠪᠠᠳᠠᠨ  ᠮᠦᠩᠬᠦ ᠤᠷᠤᠭᠤᠯᠤᠨ  ᠴᠠᠬᠢᠯᠭᠠᠨ ᠤᠳᠠᠰᠤ  ᠲᠠᠳᠠᠵᠤ  ᠂  ᠤᠷᠤᠰ ᠤᠨ  ᠬᠤᠳᠠᠯᠳᠤᠭᠠᠴᠢᠨ ᠳᠤ ᠲᠤᠤᠷ᠎ᠠ ᠦᠨ᠎ᠡ  ᠪᠠᠷ  ᠰᠤᠨᠢᠨ  ᠶᠠᠪᠤᠭᠤᠯᠬᠤ ᠡᠷᠭᠡ ᠤᠯᠭᠤᠪᠠ᠃  ᠪᠦᠷᠢᠨᠳᠤ ᠵᠠᠰᠠᠭᠴᠢ ᠶᠢᠨ  ᠲᠡᠷᠢᠭᠦᠨ ᠤᠨ  ︵1909)   ᠳᠤ  ᠵᠢᠩ ᠵᠠᠩ  ᠲᠡᠮᠦᠷ ᠵᠠᠮ  ᠨᠡᠪᠳᠡᠷᠡᠵᠦ  ᠮᠤᠩᠭᠤᠯ ᠤᠨ  ᠤᠯᠠᠭ᠎ᠠ ᠵᠠᠮ  ᠡᠬᠢᠯᠡᠵᠦ  ᠤᠷᠬᠢᠭᠳᠠᠨ  ᠡᠪᠳᠡᠷᠡᠵᠠᠢ᠃   ᠲᠠᠪᠢᠨ ᠭᠡᠷ   ᠤᠯᠠᠭ᠎ᠠ ᠵᠠᠮ ᠳᠤ  ᠬᠤᠳᠠᠯᠳᠤᠭ᠎ᠠ ᠲᠡᠯᠭᠡᠭᠦᠷ  ᠤᠯᠠᠰᠢᠷᠠᠵᠤ᠂ ᠮᠤᠩᠭᠤᠯ ᠠᠶᠢᠯ  ᠵᠠᠯᠭᠠᠪᠡᠷ  ᠨᠡᠭᠦᠨ  ᠵᠠᠶᠢᠯᠠᠵᠤ  ᠂ ᠤᠤᠯ ᠤᠨ  ᠦᠵᠦᠮᠦᠴᠢᠨ ᠪᠠᠷᠠᠭᠤᠨ  ᠬᠤᠰᠢᠭᠤᠨ ᠠᠴᠠ  ᠢᠷᠡᠭᠰᠡᠨ 12 ᠡᠷᠦᠭᠡ ᠵᠢᠴᠢ ᠦᠷ᠎ᠡ ᠬᠤᠶᠢᠴᠢᠰ ᠨᠢ   ᠠᠳᠠᠷ ᠬᠠᠭᠠᠯᠪᠤᠷᠢᠯᠠᠭᠰᠠᠨ ᠤ ᠲᠠᠷᠠᠭ᠎ᠠ ᠤᠤᠯ ᠨᠤᠳᠤᠭ ᠲᠠᠭᠠᠨ ᠪᠤᠴᠠᠵᠤ  ᠂ ᠨᠢᠭᠡᠯᠭᠡᠨ ᠡᠷᠦᠭᠡ  ᠪᠤᠴᠠᠵᠤ ᠬᠠᠷᠢᠭᠰᠠᠨ ᠦᠭᠡᠢ᠃  ᠠᠷᠤ ᠬᠤᠷᠴᠢᠨ   ᠠᠴᠠ  ᠢᠷᠡᠭᠰᠡᠨ 38 ᠡᠷᠦᠭᠡ  ᠵᠢᠴᠢ  ᠦᠷ᠎ᠡ ᠬᠤᠶᠢᠴᠢᠰ ᠬᠢᠭᠡᠳ ᠪᠠᠷᠠᠭᠤᠨ ᠦᠵᠦᠮᠦᠴᠢᠨ ᠳᠡᠭᠡᠨ ᠪᠤᠴᠠᠭᠰᠠᠨ ᠦᠭᠡᠢ  ᠨᠢᠭᠡ ᠡᠷᠦᠭᠡ ᠲᠠᠢ ᠬᠠᠮᠳᠤᠪᠡᠷ ᠪᠠᠭᠠᠷᠢᠨ ᠵᠡᠭᠦᠨ ᠬᠤᠰᠢᠭᠤᠨ ᠤ ᠬᠢᠯᠢ ᠳᠤ ᠤᠷᠤᠵᠤ  ︵ᠤᠳᠤᠬᠠᠨ ᠤ ᠪᠠᠭᠠᠷᠢᠨ ᠪᠠᠷᠠᠭᠤᠨ ᠬᠤᠰᠢᠭᠤᠨ   ᠤ  ᠬᠢᠵᠠᠭᠠᠷ  ︶᠂ ᠲᠠᠪᠢᠨᠭᠡᠷ ᠨᠢ  ᠠᠳᠠᠷ  ᠬᠠᠭᠠᠯᠪᠤᠷᠢᠯᠠᠯᠳᠠ ᠪᠠ   ᠬᠢᠳᠡᠳ ᠦᠨᠳᠤᠰᠤᠳᠡᠨ   ᠤ  ᠨᠡᠮᠡᠭᠳᠡᠬᠦ ᠶᠢ ᠲᠠᠭᠠᠯᠳᠤᠨ  ᠂  ᠮᠤᠩᠭᠤᠯ ᠳᠤ ᠢᠷᠡᠭᠰᠡᠨ ᠬᠤᠳᠠᠯᠳᠤᠭᠠᠴᠢᠨ  ᠠᠭᠠᠵᠢᠮ ᠢᠶᠠᠷ ᠨᠡᠮᠡᠭᠳᠡᠵᠦ  ᠡᠴᠦᠰ ᠲᠡᠭᠡᠨ  ᠬᠤᠳᠠᠯᠳᠤᠭ᠎ᠠ ᠪᠠᠷ ᠭᠤᠤᠯ ᠪᠤᠯᠭᠠᠭᠰᠠᠨ   ᠲᠠᠪᠢᠨ ᠭᠡᠷ  ᠪᠠᠯᠭᠠᠰᠤ ᠪᠤᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号