ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠢᠶᠠᠷ ᠲᠤᠳᠤᠷ᠎ᠠ ᠭᠠᠵᠠᠷ ᠠᠴᠠ ᠦᠪᠦᠷ | ᠮᠤᠩᠭᠤᠯ ᠳᠤ ᠢᠷᠡᠭᠰᠡᠨ ︽ᠮᠤᠩᠭᠤᠯ ᠳᠤ ᠠᠶᠠᠯᠭᠰᠠᠨ︾ ᠠᠷᠠᠯᠵᠢᠶᠠᠴᠢᠳ ᠮᠤᠩᠭᠤᠯ ᠤᠨ ᠠᠳᠠᠷ ᠢ | ᠬᠠᠭᠠᠯᠪᠤᠷᠢᠯᠠᠬᠤ ᠲᠤᠬᠢᠶᠠᠯ ᠶᠢᠨ ᠲᠠᠯᠢᠮᠳᠠᠭᠤᠯᠤᠨ ᠯᠢᠨᠰᠢ ᠶᠢᠨ ᠬᠢᠵᠠᠭᠠᠷ ᠲᠤ ᠨᠡᠭᠦᠨ ᠢᠷᠡᠵᠤ ᠲᠡᠯᠭᠡᠭᠦᠷ | ᠬᠤᠳᠠᠯᠳᠤᠭ᠎ᠠ ᠪᠤᠰᠬᠠᠵᠤ ᠵᠡᠭᠡᠯᠢ ᠭᠤᠳᠤᠮᠵᠢ ᠭᠠᠷᠭᠠᠨ ᠵᠠᠬ᠎ᠠ ᠲᠡᠯᠭᠡᠭᠦᠷ ᠶᠢᠨ ᠬᠦᠭᠵᠢᠶᠡᠨᠳᠠᠢ ᠪᠤᠯᠭᠠᠵᠤ ᠨᠢᠭᠡ | ᠬᠤᠭᠤᠴᠠᠭᠠᠨ᠎ᠠ ᠯᠢᠨᠰᠢ ᠶᠢᠨ ᠡᠯ᠎ᠡ ᠭᠠᠵᠠᠷ ᠲᠤ ︽ᠠᠷᠠᠯᠵᠢᠶ᠎ᠠ ᠬᠤᠳᠠᠯᠳᠤᠭ᠎ᠠ ᠡᠭᠦᠯᠡ ᠮᠡᠳᠦ ᠬᠤᠷᠠᠨ᠂ | ᠬᠢᠵᠠᠭᠠᠷ ᠠᠮᠠ ᠶᠢᠨ ᠬᠤᠳᠠ ᠪᠤᠯᠤᠭᠰᠠᠨ︾ ᠪᠠᠶᠢᠳᠠᠯ ᠶᠢᠨ ᠪᠤᠢ ᠪᠤᠯᠭᠠᠵᠠᠢ᠃ ᠤᠯᠠᠨ ᠭᠠᠵᠠᠷ ᠲᠤ ᠠᠷᠢᠬᠢ | ᠨᠡᠷᠡᠬᠦ᠂ ᠪᠤᠳᠠᠭ᠎ᠠ ᠲᠤᠨᠤᠭᠳᠠᠬᠤ᠂ ᠲᠠᠨᠵᠢ ᠶᠢᠨ ᠪᠦᠰᠡ ᠭᠠᠷᠭᠠᠬᠤ᠂ ᠵᠤᠭᠤᠰ ᠮᠦᠩᠭᠦ ᠲᠠᠯᠪᠢᠬᠤ᠂ ᠡᠯᠳᠡᠪ | ᠪᠠᠷᠠᠭ᠎ᠠ ᠬᠤᠳᠠᠯᠳᠤᠬᠤ ᠵᠡᠷᠭᠡ ᠤᠯᠠᠨ ᠠᠷᠪᠢᠨ ᠬᠤᠳᠠᠯᠳᠤᠭᠠᠨ ᠤ ᠴᠢᠭ᠋ ᠲᠡᠯᠭᠡᠭᠦᠷ ᠭᠠᠷᠴᠦ ᠠᠭᠠᠵᠢᠮ ᠢᠶᠠᠷ | ᠵᠢᠵᠡᠭ ᠪᠠᠯᠭᠠᠳ ᠪᠤᠯᠵᠤ ᠭᠦᠭᠵᠢᠵᠠᠢ ᠂ ᠦᠨᠦᠳᠦᠷ ᠤᠨ ᠰᠢᠨ ᠯᠢᠨ ᠵᠧᠨ ᠤ ︽ᠶᠦᠩ ᠱᠧᠩ ᠬᠤᠤ ︾ | ᠨᠢ ᠲᠡᠭᠦᠨ ᠤ ᠲᠤᠮᠳᠠᠬᠢ ᠨᠢᠭᠡ ᠨᠢ ᠮᠦᠨ᠃ ᠭᠤᠴᠢᠭᠠᠳ ᠤᠨ ᠪᠤᠯᠬᠤ ᠳᠤ ᠯᠢᠨᠰᠢ ᠰᠢᠶᠠᠨ ᠤ ᠬᠤᠶᠢᠳᠤ | ᠬᠡᠰᠡᠭ ᠤᠨ ᠨᠢᠭᠡ ᠭᠦᠭᠵᠢᠶᠡᠨᠳᠠᠢ ᠪᠠᠯᠭᠠᠰᠤᠨ ᠪᠤᠯᠵᠠᠢ᠃ ︽ᠶᠦᠩ ᠱᠧᠩ ᠬᠤᠤ ︾ ᠶᠢ ᠶᠠᠮᠠᠷ ᠬᠦᠮᠦᠨ | ᠡᠬᠢᠯᠡᠵᠦ ᠭᠡᠷᠡᠭᠯᠡᠭᠰᠡᠨ ᠪᠤᠢ ︖ ᠭᠡᠨ ᠡᠵᠡᠩᠨᠡᠪᠡ ︖ ᠡᠭᠦᠨ ᠳᠤ ᠭᠤᠷᠪᠠᠨ ᠵᠦᠢᠯ ᠤᠨ ᠬᠡᠯᠡᠯᠭᠡ ᠤᠷᠤᠰᠢᠵᠤ | ᠪᠠᠶᠢᠨ᠎ᠠ᠃ ᠨᠢᠭᠡ ᠨᠢ ᠯᠢᠦᠢ ᠤᠪᠤᠭᠳᠤ ᠶᠢᠨ ᠶᠡᠭᠡ ᠭᠦᠷᠢᠶ᠎ᠡ ᠭᠡᠰᠡᠨ ᠬᠡᠯᠡᠯᠭᠡ ᠃ ᠬᠤᠶᠠᠷ ᠲᠤ ᠡᠦ ᠤᠪᠤᠭᠳᠤ | ᠡᠷᠬᠢᠯᠡᠪᠡ ᠭᠡᠰᠡᠨ ᠬᠡᠯᠡᠯᠭᠡ ᠃ ᠭᠤᠷᠪᠠ ᠳᠤ ᠸᠠᠩ ᠤᠪᠤᠭᠳᠤ ᠭᠡᠰᠡᠨ ᠬᠡᠯᠡᠯᠭᠡ ᠃ ᠲᠠᠷᠦᠢ ᠢᠷᠭᠡᠨ ᠤᠯᠤᠰ ᠤᠨ | ᠦᠶ᠎ᠡ ᠨᠢᠭᠡᠨ ᠸᠠᠩ ᠵᠧᠩ ᠭᠡᠰᠡᠨ ᠬᠦᠮᠦᠨ ᠰᠢᠨ ᠯᠢᠨ ᠵᠧᠨ ᠪᠠᠯᠭᠠᠰᠤᠨ ᠤ ᠲᠤᠮᠳᠠ ᠭᠡᠰᠡᠭ ᠤᠨ ᠡᠮᠦᠨ᠎ᠡ ᠵᠡᠭᠡᠯᠢ | ︵ᠤᠤᠯ ᠤᠨ ᠬᠠᠩᠭᠠᠨ ᠪᠤᠷᠤᠯᠠᠭᠤᠯᠬᠤ ᠬᠤᠷᠰᠢᠶ᠎ᠡ ᠶᠢᠨ ᠤᠷᠴᠢᠮ ᠠᠷᠢᠬᠢ ᠨᠡᠷᠡᠬᠦ ᠭᠠᠵᠠᠷ ᠡᠵᠡᠩᠨᠡᠵᠦ᠂ ᠨᠡᠷᠡᠮᠡᠯ | ᠤᠨ ᠨᠡᠷ᠎ᠡ ᠪᠠᠨ ︽ᠶᠦᠩ ᠱᠧᠩ ᠬᠤᠤ ︾ ᠭᠡᠵᠠᠢ ᠃ ᠺᠠᠩ ᠳ᠋ᠧ ᠶᠢᠨ ᠲᠠᠪᠤᠳᠤᠭᠠᠷ ᠤᠨ ︵1938︶ ᠤᠨ | ᠳᠤ ᠲᠤᠰᠬᠤ ᠶᠢᠨ ᠨᠤᠶᠠᠨ ᠡᠦ ᠽᠢ ᠰᠢᠶᠠᠨ ᠤ ᠪᠢᠴᠢᠭᠰᠡᠨ ᠬᠡᠷᠦᠭᠡ ᠢᠯᠡᠷᠭᠡᠶᠢᠯᠠᠯ ᠪᠤᠯᠤᠨ᠎ᠠ᠃ ᠡᠭᠦᠨᠴᠨ | ᠡᠨᠡᠬᠦ ᠬᠤᠳᠠᠯᠳᠤᠭ᠎ᠠ ᠲᠤᠰ ᠪᠠᠯᠭᠠᠰᠤᠨ ᠤ ᠲᠦᠯᠦᠭᠡᠯᠡᠬᠦ ᠨᠡᠷ᠎ᠡ ᠪᠤᠯᠵᠠᠢ᠃ ᠸᠠᠩ ᠵᠧᠩ ᠠᠷᠢᠬᠢ ᠨᠡᠷᠡᠬᠦ ᠪᠠᠷ | ᠭᠤᠤᠯ ᠡᠵᠡᠩᠨᠡᠯᠳᠡ ᠪᠤᠯᠭᠠᠨ ᠠᠳᠠᠯ ᠪᠤᠰᠬᠠᠬᠵᠤ ᠭᠤᠴᠢᠭᠠᠳ ᠤᠨ ᠦᠶᠡᠰ ᠡᠨᠡᠬᠦ ᠤᠷᠤᠨ ᠳᠤ ᠯᠢᠦᠢ | ᠤᠪᠤᠭᠳᠤ ᠶᠢ ᠯᠡ ᠠᠷᠠᠢ ᠬᠦᠷᠬᠦ ᠦᠭᠡᠢ ᠲᠤᠮᠤ ᠪᠠᠶᠠᠨ ᠪᠤᠯᠵᠠᠢ᠃ ᠪᠤᠰᠤᠳ ᠤᠨ ᠶᠠᠷᠢᠬᠤ ᠪᠠᠷ ᠡᠳᠦᠷ ᠲᠤ | 450----50 ᠺᠢᠯᠤᠭᠢᠷᠠᠮ ᠠᠷᠠᠬᠢ ᠪᠤᠷᠤᠯᠠᠭᠤᠯᠵᠤ ᠂ ᠯᠢᠨᠰᠢ ᠶᠢᠨ ᠤᠮᠠᠷᠠᠳᠤ ᠭᠡᠰᠡᠭ ᠤᠨ ᠬᠦᠮᠦᠰ ᠤᠨ | ᠭᠡᠷᠡᠭᠴᠡᠭᠡ ᠶᠢ ᠬᠠᠩᠭᠠᠬᠤ ᠪᠠᠷ ᠪᠠᠷᠠᠬᠤ ᠦᠭᠡᠢ ᠂ ᠲᠠᠪᠠᠭᠠᠨ ᠤ ᠠᠷᠤ᠂ ᠭᠤᠤᠯ ᠤᠨ ᠵᠡᠭᠦᠨ ᠤ ᠬᠦᠮᠦᠰ ᠴᠦ | ᠦᠷᠭᠦᠯᠵᠢ ᠢᠷᠡᠵᠤ ᠠᠷᠢᠬᠢ ᠠᠪᠳᠠᠭ ᠭᠡᠨ᠎ᠡ᠃ ᠬᠦᠮᠦᠰ ᠲᠡᠭᠦᠨ ᠢ ︽ ᠭᠡᠷ ᠬᠤᠷᠤᠭ᠎ᠠ ᠨᠢ ᠬᠤᠳᠠ ᠮᠡᠳᠦ᠂ | ᠡᠳ᠋ ᠮᠦᠩᠬᠦ ᠨᠢ ᠬᠦᠮᠦᠷᠭᠡ ᠲᠦᠭᠦᠷᠡᠩ ︾ ᠭᠡᠵᠦ ᠪᠤᠯᠤᠨ᠎ᠠ᠃ ᠲᠡᠭᠦᠨ ᠤ ᠠᠷᠢᠬᠢ ᠨᠢ ᠭᠠᠳᠠᠷ ᠤᠷᠤᠨ | ᠠᠴᠠ ᠠᠪᠴᠢᠷᠠᠭᠰᠠᠨ ᠰᠢᠰᠢ ᠪᠠᠷ ᠮᠠᠲ᠋ᠧᠷᠢᠶᠠᠯ ᠪᠤᠯᠭᠠᠵᠤ ᠢᠰᠭᠡᠨᠨᠡᠷᠡᠵᠤ ᠭᠠᠷᠭᠠᠭᠰᠠᠨ ᠪᠠᠶᠢᠨ᠎ᠠ᠃ ᠲᠡᠭᠦᠨ ᠤ | ᠠᠷᠢᠬᠢ ᠨᠢ ᠪᠤᠯᠠᠩᠬᠢᠷ ᠦᠭᠡᠢ ᠂ ᠠᠩᠬᠢᠯᠤᠮ᠎ᠠ ᠦᠨᠦᠷ ᠲᠠᠢ ᠂ ᠤᠬᠢ ᠰᠠᠶᠢᠨ ᠠᠮᠳᠠ ᠲᠠᠢ ᠃ ᠠᠷᠢᠬᠢᠨ ᠤ | ᠭᠷᠠᠳᠦ᠋ᠰ ᠨᠢ ᠨᠡᠯᠢᠶᠡᠳ ᠦᠨᠳᠤᠷ ᠂ ᠬᠢᠯᠪᠠᠷᠬᠠᠨ ᠨᠤᠴᠤᠳᠠᠭ ᠪᠤᠯᠬᠤᠷ ᠤᠮᠠᠷᠠᠳᠤ ᠶᠢᠨ ᠨᠡᠭᠦᠳᠡᠯᠴᠢᠨ | ᠦᠨᠳᠤᠰᠤᠳᠡᠨ ᠤ ᠪᠠᠭ᠋ᠠᠷᠤᠯ ᠶᠢᠨ ᠲᠠᠳᠠᠭᠰᠠᠨ ᠤᠮᠳᠠᠭᠠᠨ ᠪᠤᠯᠵᠠᠢ᠃ ᠵᠢᠯ ᠴᠠᠭᠠᠨ ᠰᠠᠷ᠎ᠠ ᠪᠠᠶᠠᠷ ᠲᠤᠷᠠᠰᠬᠠᠯ ᠤᠨ | ᠡᠳᠦᠷ ᠪᠤᠯᠬᠤ ᠳᠤ ᠲᠠᠪᠠᠭᠠᠨ ᠤ ᠠᠷᠤ᠂ ᠭᠤᠤᠯ ᠤᠨ ᠵᠡᠭᠦᠨ ᠤ ᠮᠠᠯᠴᠢᠳ ᠶᠦᠩ ᠱᠧᠩ ᠬᠤᠤ ᠳᠤ ᠢᠷᠡᠵᠤ | ᠲᠤᠰᠬᠠᠢ ᠸᠠᠩ ᠵᠧᠩ ᠤᠨ ᠨᠡᠷᠡᠭᠰᠡᠨ ᠠᠷᠢᠬᠢ ᠶᠢ ᠠᠪᠴᠦ ᠬᠠᠷᠢᠭᠠᠳ ᠰᠠᠷ᠎ᠠ ᠵᠢᠯ ᠳᠡᠭᠡᠨ ᠪᠦᠬᠦᠯᠢ ᠬᠤᠨᠢᠨ | ᠤ ᠲᠠᠶᠢᠯᠯᠠᠭ᠎ᠠ ᠲᠠᠢ ᠪᠠᠨ ᠬᠠᠮᠳᠤᠷᠠᠭᠤᠯᠵᠤ ᠶᠦᠩ ᠱᠧᠩ ᠬᠤᠤ ᠶᠢᠨ ᠠᠷᠢᠬᠢ ᠪᠠᠷ ᠲᠠᠶᠢᠯᠠᠵᠤ ᠲᠡᠭᠦᠨ ᠤ | ᠠᠮᠳᠠ ᠶᠢ ︽ᠰᠢᠭᠦᠳᠡᠷᠢ ᠶᠢᠨ ᠷᠠᠰᠢᠶᠠᠨ ᠮᠡᠳᠦ ᠂ ᠰᠦ ᠰᠢᠭ ᠠᠮᠳᠠ ᠲᠠᠢ︾ ᠭᠡᠵᠦ ᠮᠠᠭᠳᠠᠨ ᠰᠢᠷᠡᠭᠡ | ᠲᠦᠭᠦᠷᠡᠩ ᠬᠦᠭᠵᠢᠯᠳᠤᠵᠤ ︽ᠬᠠᠷᠢᠯᠴᠠᠨ ᠠᠷᠢᠬᠢ ᠱᠠᠯᠠᠵᠤ ᠨᠠᠶᠢᠷ ᠵᠢᠷᠦᠮ ᠢᠶᠠᠨ ᠭᠦᠢᠴᠡᠳᠭᠡᠳᠡᠭ ᠪᠠᠶᠢᠪᠠ ᠃ | ᠲᠤᠰᠬᠤᠨ ᠤ ᠳ᠋ᠦᠩ ᠬᠦᠢ ᠬᠡᠯᠡᠬᠦ ᠳᠡᠭᠡᠨ ᠨᠢᠭᠡ ᠵᠢᠯ ᠤᠨ ᠬᠠᠩᠰᠢ ᠶᠢᠨ ᠡᠳᠦᠷ ᠲᠤᠰᠬᠤ ᠶᠢᠨ ᠨᠤᠶᠠᠨ ᠡᠦ | ᠽᠢ ᠰᠢᠦᠸᠠᠨ ᠶᠦᠩ ᠱᠧᠩ ᠬᠤᠤ ᠶᠢᠨ ᠠᠷᠢᠬᠢ ᠶᠢ ᠠᠮᠳᠠᠯᠠᠭᠰᠠᠨ ᠤ ᠲᠠᠷᠠᠭ᠎ᠠ ᠲᠠᠩ ᠤᠯᠤᠰ ᠤᠨ ᠰᠡᠭᠦᠯᠴᠢ | ᠶᠢᠨ ᠦᠶ᠎ᠡ ᠶᠢᠨ ᠰᠢᠯᠦᠭᠴᠢ ᠳ᠋ᠦ᠋ ᠮᠤ᠋ ᠶᠢᠨ ᠮᠢᠩᠭᠠᠨ ᠤᠨ ᠳᠤ ᠤᠯᠠᠮᠵᠢᠯᠠᠭᠳᠠᠨ ᠬᠦᠭᠰᠢᠨ ᠵᠠᠯᠠᠭᠤ ᠬᠡᠦᠭᠡᠳ | ᠨᠢᠯᠭ᠎ᠠ ᠪᠦᠬᠦᠨ ᠢᠶᠠᠷ ᠮᠡᠳᠡᠳᠡᠭ ︽ᠬᠠᠩᠰᠢ ︾ ᠶᠢᠨ ︽ᠬᠦᠢᠯᠡᠰᠦᠨ ᠬᠤᠸᠠᠷ ︾ ᠢ ︽ᠶᠦᠩ ᠱᠧᠩ︾ | ᠪᠤᠯᠭᠠᠨ ᠭᠡᠩᠰᠢᠷᠦᠨ ︽ ᠬᠠᠩᠰᠢ ᠡᠳᠦᠷ ᠨᠠᠮᠢᠷᠠᠭ᠎ᠠ ᠬᠤᠷ᠎ᠠ ᠱᠠᠭᠠᠬᠢᠨ ᠪᠠᠭᠤᠬᠤᠶᠠ ᠂ ᠬᠤᠯᠠ ᠶᠢᠨ ᠠᠶ᠋ᠨᠨᠴᠢᠨ | ᠤ ᠰᠡᠳᠬᠢᠯ ᠵᠢᠷᠦᠭᠡ ᠲᠤᠭᠳᠤᠯᠤᠨ ᠂ ᠬᠠᠮᠢᠭ᠎ᠠ ᠨᠢᠭᠡᠨ ᠠᠷᠠᠵᠠ ᠶᠢᠨ ᠲᠡᠯᠭᠡᠭᠦᠷ ᠠᠮᠤᠢ ᠬᠡᠮᠡᠨ ᠠᠰᠠᠬᠤᠯᠠ᠂ | ᠬᠤᠨᠢᠴᠢᠨ ᠬᠡᠦᠭᠡᠳ ᠬᠤᠷᠤᠭᠤ ᠪᠠᠷ ᠢᠶᠠᠨ ᠶᠦᠩ ᠱᠧᠩ ᠲᠤᠰᠬᠤᠨ ᠢ ᠵᠢᠭᠠᠪᠠ᠃︾᠃ | ᠭᠠᠵᠠᠷ ᠰᠢᠷᠦᠢ ᠶᠢᠨ ᠦᠭᠡᠷᠡᠴᠢᠯᠡᠯᠳᠡ ᠶᠢᠨ ᠲᠠᠷᠠᠭ᠎ᠠ᠂ ᠶᠦᠩ ᠱᠧᠩ ᠬᠤᠤ ᠨᠢ ᠠᠷᠢᠬᠢ ᠨᠡᠷᠡᠬᠦ ᠪᠠᠨ | ᠵᠤᠭᠰᠤᠵᠤ ᠲᠤᠰ ᠪᠠᠯᠭᠠᠳ ᠨᠢ ᠰᠢᠨ ᠯᠢᠨ ᠵᠧᠨ ᠭᠡᠮᠡᠵᠠᠢ᠃ ᠴᠠᠭ ᠤᠨ ᠵᠡᠭᠦᠦ ᠦᠭᠡᠷᠴᠢᠯᠡᠯᠳᠡ ᠬᠢᠵᠤ | ᠴᠢᠯᠤᠭᠡᠳᠠᠢ ᠶᠠᠪᠤᠯᠴᠠᠬᠤ ᠦᠶ᠎ᠡ ᠳᠤ ᠤᠷᠤᠵᠤ᠂ 1992 ᠤᠨ ᠳᠤ ᠰᠢᠨ ᠯᠢᠨ ᠵᠧᠨ ᠤ ᠨᠠᠮ ᠤᠨ ᠬᠤᠷᠢᠶ᠎ᠠ | ᠵᠠᠰᠠᠭ ᠤᠨ ᠤᠷᠳᠤᠨ ᠨᠢ ︽ᠶᠦᠩ ᠱᠧᠩ ᠬᠤᠤ︾ ᠶᠢ ᠰᠡᠷᠭᠦᠭᠡᠨ ᠂ ᠰᠢᠶᠠᠩ ᠤᠨ ᠠᠵᠤ ᠠᠬᠤᠶᠢᠯᠠᠯ ᠪᠤᠯᠬᠤ | ᠶᠦᠩ ᠱᠧᠩ ᠠᠷᠢᠬᠢᠨ ᠤ ᠦᠢᠯᠡᠳᠪᠤᠷᠢ ᠶᠢ ᠪᠠᠶᠢᠭᠤᠯᠵᠤ ᠡᠳᠦᠷ ᠲᠤ2000 ᠺᠢᠯᠤᠭᠢᠷᠠᠮ ᠰᠢᠰᠢ ᠵᠠᠷᠤᠴᠠᠭᠤᠯᠵᠤ | 900 ᠺᠢᠯᠤᠭᠢᠷᠠᠮ ᠠᠷᠢᠬᠢ ᠨᠠᠷᠡᠵᠤ ᠭᠠᠷᠭᠠᠨ 60 ᠭᠢᠷᠠᠳᠦ᠋ᠰ ᠤᠨ ︽ᠶᠦᠩ ᠱᠧᠩ︾ ᠬᠠᠷ᠎ᠠ ᠠᠷᠢᠬᠢ ᠶᠢ | ᠦᠢᠯᠡᠳᠦᠨ ᠂38 ᠭᠢᠷᠠᠳᠦ᠋ᠰ ᠤᠨ ᠶᠦᠩ ᠱᠧᠩ ᠨᠡᠷᠡᠮᠵᠢᠳᠤ ᠬᠦᠷᠦᠩᠭᠡᠨ ᠠᠷᠢᠬᠢ ᠰᠢᠷᠢᠰ ᠪᠦᠳᠦᠭᠡᠭᠳᠡᠭᠦᠨ ᠢ | ᠦᠢᠯᠡᠳᠴᠦ ᠰᠠᠷ᠎ᠠ ᠶᠢᠨ ᠪᠤᠷᠤᠭᠤᠯᠠᠯᠳᠠ ᠶᠢᠨ ᠨᠤᠷᠮ᠎ᠠ ᠨᠢ 16 ᠲᠦᠮᠡᠨ ᠲᠦᠭᠦᠷᠢᠭ ᠲᠤ ᠬᠦᠷᠴᠠᠢ᠃ | ᠤᠷᠴᠢᠮ ᠵᠢᠯ ᠠᠴᠠ ᠪᠠᠰᠠ ᠭᠤᠯᠢᠷ ᠤᠨ ᠦᠢᠯᠡᠳᠪᠤᠷᠢ ᠭᠠᠷᠭᠠᠵᠤ᠂ ᠵᠢᠯ ᠳᠤ 150---170 ᠲᠦᠮᠡᠨ | ᠲᠦᠭᠦᠷᠢᠭ ᠤᠨ ᠦᠷᠳᠡᠭ ᠪᠦᠬᠦᠢ ᠶᠦᠩ ᠱᠧᠩ ᠨᠡᠷᠡᠮᠵᠢᠳᠤ ᠰᠢᠯᠢᠳᠡᠭ ᠭᠤᠯᠢᠷ ᠪᠤᠷᠤᠯᠠᠭᠤᠯᠵᠤ ᠭᠠᠷᠭᠠᠨ ᠵᠢᠯ | ᠤᠨ ᠪᠤᠷᠤᠯᠠᠭᠤᠯᠠᠯᠳᠠ ᠨᠢ 75 ᠲᠦᠮᠡᠨ ᠲᠦᠭᠦᠷᠢᠭ ᠤᠨ ︽ᠶᠦᠩ ᠱᠧᠩ ᠨᠡᠷᠡᠮᠵᠢᠳᠤ ︾ ᠵᠢᠶᠠᠩ ᠦᠢᠯᠡᠳᠴᠦ | ᠬᠤᠯᠠ ᠤᠶᠢᠷ᠎ᠠ ᠳᠤ ᠪᠤᠷᠤᠯᠠᠭᠤᠯᠬᠤ ᠪᠤᠯᠵᠠᠢ᠃ | ᠢᠷᠭᠡᠨ ᠤᠯᠤᠰ ᠤᠨ ᠦᠶ᠎ᠡ ᠳᠤ ︽ᠶᠦᠩ ᠱᠧᠩ ᠬᠤᠤ︾ ᠶᠢᠨ ᠨᠡᠷᠡᠮᠡᠯ ᠤᠨ ᠪᠠᠳᠠᠷᠠᠨ | ᠭᠦᠭᠵᠢᠭᠰᠡᠨ ᠠᠴᠠ ᠬᠤᠳᠠᠯᠳᠤᠭᠠᠴᠢᠨ ᠲᠠᠰᠤᠷᠠᠰᠢ ᠦᠭᠡᠢ ᠲᠠᠭᠠᠨ ᠢᠷᠡᠵᠦ ᠵᠡᠭᠡᠯᠢ ᠶᠢᠨ ᠬᠤᠶᠠᠷ ᠵᠠᠬ᠎ᠠ ᠳᠤ | ᠡᠯᠳᠡᠪ ᠪᠠᠷᠠᠭ᠎ᠠ ᠂ ᠡᠮ ᠤᠨ ᠲᠡᠯᠭᠡᠭᠦᠷ᠂ ᠲᠡᠭᠡᠷᠮ᠎ᠡ ᠶᠢᠨ ᠭᠡᠷ ᠂ ᠬᠤᠭᠤᠯᠠᠨ ᠭᠡᠷ ᠪᠦᠯᠦᠭ ᠪᠦᠯᠦᠭ ᠢᠶᠠᠷ | ᠠᠳᠠᠯ ᠪᠤᠰᠬᠠᠵᠤ ᠨᠢᠭᠡ ᠬᠤᠭᠤᠴᠠᠭᠠᠨ ᠲᠡᠷᠭᠡ ᠮᠤᠷᠢᠨ ᠵᠦᠷᠢᠴᠡᠯᠳᠤᠵᠤ ᠬᠦᠭᠵᠢᠯ ᠪᠠᠳᠠᠷᠠᠯ ᠤᠨ ᠰᠢᠨᠵᠢ | ᠢᠯᠡᠷᠡᠵᠠᠢ᠃ ᠳ᠋ᠦᠭ ᠬᠦᠢ ᠶᠢᠨ ᠶᠠᠷᠢᠬᠤ ᠪᠠᠷ ᠲᠤᠬᠠᠢ ᠶᠢᠨ ᠦᠶ᠎ᠡ ᠶᠢᠨ ᠶᠦᠩ ᠱᠧᠩ ᠬᠤᠤ ᠶᠢᠨ ᠵᠡᠭᠡᠯᠢ ᠶᠢᠨ | ᠬᠤᠶᠠᠷ ᠲᠠᠯ᠎ᠠ ᠶᠢᠨ ᠲᠡᠯᠭᠡᠭᠦᠷ ᠫᠦᠰᠡ ᠪᠤᠯᠪᠠᠯ ᠭᠤᠤᠯᠳᠠᠭᠤ ᠄ ᠵᠡᠭᠡᠯᠢ ᠶᠢᠨ ᠡᠮᠦᠨ᠎ᠡ ᠲᠠᠯ᠎ᠠ ᠳᠤ ᠾᠧ ᠰᠢᠶᠠᠨ | ᠵᠧᠦ ᠡᠯᠳᠡᠪ ᠪᠠᠷᠠᠭᠠᠨ ᠤ ᠲᠡᠯᠭᠡᠭᠦᠷ᠂ ᠸᠠᠩ ᠱᠤᠤ ᠪᠠᠢ ᠲᠡᠭᠡᠷᠡᠮ᠎ᠡ ᠶᠢᠨ ᠭᠡᠷ᠂ ᠸᠠᠩ ᠬᠠᠨ ᠴᠧᠨ ᠡᠯᠳᠡᠪ | ᠪᠠᠷᠠᠭ᠎ᠠ ᠶᠢᠨ ᠲᠡᠯᠭᠡᠭᠦᠷ᠂ ᠳ᠋ᠢᠩ ᠶᠢᠦ ᠴᠦᠨ ᠤ ᠡᠯᠳᠡᠪ ᠪᠠᠷᠠᠭᠠᠨ ᠤ ᠲᠡᠯᠭᠡᠭᠦᠷ᠂ ᠃ ᠡᠭᠦᠨ ᠤ ᠲᠤᠮᠳᠠ | ᠪᠠᠰᠠ ᠬᠡᠳᠦᠨ ᠦᠰᠦᠭ ᠤᠨ ᠨᠡᠷ᠎ᠡ ᠪᠠᠶᠢᠨ᠎ᠠ᠃ ᠵᠢᠱᠢᠶᠡᠯᠡᠪᠡᠯ ᠢᠥᠢ ᠲᠠᠢ ᠴᠠᠩ ᠤᠨ ︵ᠶᠠᠩ ᠢᠦᠢ ᠰᠢᠶᠠᠩ︶ | ᠂ ᠬᠤᠩ ᠱᠧᠩ ᠴᠧᠩ ︵ᠮᠠ ᠴᠢ ᠯᠢᠨ︶᠂ ᠰᠠᠨ ᠢ ᠶᠤᠸᠠᠨ ︵ᠯᠢᠦ ᠰᠢᠶᠠᠩ ᠬᠤᠭᠤᠯᠠᠨ ᠭᠡᠷ︶ ᠃ | ᠵᠡᠭᠡᠯᠢ ᠶᠢᠨ ᠬᠤᠶᠢᠳᠤ ᠲᠠᠯ᠎ᠠ ᠳᠤ ᠴᠢ ᠱᠧᠦ ᠡᠯᠳᠡᠪ ᠪᠠᠷᠠᠭᠠᠨ ᠤ ᠲᠡᠯᠭᠡᠭᠦᠷ᠂ ᠮᠢᠨ ᠱᠧᠩ ᠡᠮ ᠤᠨ ᠲᠡᠯᠭᠡᠭᠦᠷ | ︵ᠯᠤ᠋ ᠳ᠋ᠠ ᠱᠢᠶᠠᠨᠱᠧᠩ︶ ᠂ ᠴᠢᠩ ᠹᠠ ᠲᠡᠯᠭᠡᠰᠢ ︵ᠶᠢᠨ ᠤᠪᠤᠭᠳᠤ︶᠂ ᠲᠠᠨ ᠤᠪᠤᠭᠳᠤ ᠶᠢᠨ | ᠲᠡᠭᠡᠷᠡᠮ᠎ᠡ ᠶᠢᠨ ᠭᠡᠷ ︵ ᠲᠠᠨ ᠽᠢ ᠮᠢᠩ︶ ᠂ ᠰᠥᠩ ᠱᠦᠨ ᠽᠠᠢ ᠤᠨ ᠡᠯᠳᠡᠪ ᠪᠠᠷᠠᠭᠠᠨ ᠤ ᠲᠡᠯᠭᠡᠭᠦᠷ᠂ | ᠵᠠᠩ ᠢᠦᠢ ᠱᠢ ᠶᠢᠨ ᠡᠯᠳᠡᠪ ᠪᠠᠷᠠᠭᠠᠨ ᠤ ᠲᠡᠯᠭᠡᠭᠦᠷ᠂ ᠯᠢ ᠤᠪᠤᠭᠳᠤ ᠶᠢᠨ ᠡᠮ ᠤᠨ ᠫᠦᠰᠡ᠂ ᠵᠠᠩ ᠸᠧᠨ | ᠲᠤᠤ ᠶᠢᠨ ᠡᠯᠳᠡᠪ ᠪᠠᠷᠠᠭᠠᠨ ᠤ ᠲᠡᠯᠭᠡᠭᠦᠷ᠂ ᠶᠢᠨ ᠹᠧᠩ ᡂᠢ ᠶᠢᠨ ᠡᠮ ᠤᠨ ᠲᠡᠯᠭᠡᠭᠦᠷ᠂ ᠭᠦᠸᠧ ᠤᠪᠤᠭᠳᠤ | ᠶᠢᠨ ᠡᠮ ᠤᠨ ᠲᠡᠯᠭᠡᠭᠦᠷ ᠂ ᠹᠦ᠋ ᠱᠦᠨ ᠴᠧᠩ ︵ᠯᠢᠦ ᠤᠪᠤᠭᠳᠤ ︶ ᠃90 ᠤᠨ ᠳᠤ ᠤᠷᠤᠭᠰᠠᠨ ᠤ ᠲᠠᠷᠠᠭ᠎ᠠ | ᠬᠠᠭᠤᠴᠢᠨ ᠴᠠᠭ ᠤᠨ ᠶᠦᠩ ᠱᠧᠩ ᠬᠤᠤ ᠶᠢᠨ ᠰᠢᠷᠦᠢ ᠶᠢᠨ ᠵᠠᠮ ᠨᠢᠭᠡᠨᠳᠡ ᠲᠤᠰᠤᠨ ᠵᠠᠮ ᠢᠶᠠᠷ ᠰᠤᠯᠢᠭᠳᠠᠵᠤ ᠂ | ᠲᠡᠯᠭᠡᠭᠦᠷ ᠫᠦᠰᠡ ᠰᠢᠭᠤᠶᠢᠷᠠᠵᠤ᠂ ᠬᠤᠳᠠᠯᠳᠤᠭᠠᠴᠢᠨ ᠠᠷᠠᠯᠵᠢᠴᠢᠨ ᠰᠦᠯᠵᠢᠯᠳᠤᠨ ᠂ ᠨᠢᠭᠡᠨ ᠬᠦᠭᠵᠢᠨ | ᠮᠠᠨᠳᠤᠭᠰᠠᠨ ᠪᠠᠶᠢᠳᠠᠯ ᠢᠯᠡᠷᠡᠵᠠᠢ᠃ | | |