ᠪᠠᠭᠠᠷᠢᠨ ᠤ  ᠪᠠᠶᠠᠨ  ᠬᠦᠨᠳᠡᠯᠡᠨ ᠠᠭᠤᠯᠠᠨ ᠤ  ᠪᠠᠭᠠᠷᠢᠨ  ᠤ  ᠰᠡᠴᠡᠨ ᠲᠡᠭᠡᠳᠤ ᠭᠦᠷᠦᠨ ᠭᠦᠩᠵᠤ ᠶᠢᠨ  ᠤᠩᠭᠤᠨ
ᠨᠡᠶᠢᠲᠡᠯᠡᠭᠰᠡᠨ ᠴᠠᠭ᠄
2020-07-30
ᠪᠠᠶᠠᠨ ᠬᠦᠨᠳᠡᠯᠡᠨ ᠠᠭᠤᠯᠠ   ᠨᠢ  ᠯᠢᠨᠰᠢ ᠰᠢᠶᠠᠨ ᠤ  ᠭᠤᠸᠠᠨᠳᠢ ᠪᠠᠯᠭᠠᠰᠤᠨ ᠤ   ᠯᠦᠩ ᠲᠧᠦ ᠱᠠᠨ  ᠮᠠᠨᠵᠤ ᠦᠨᠳᠤᠰᠤᠳᠡᠨ ᠤ ᠲᠤᠰᠬᠤᠨ ᠤ  ᠪᠠᠷᠠᠭᠤᠨᠰᠢ 4 ᠺᠢᠯᠦᠮᠧᠲᠷ  ᠭᠠᠵᠠᠷ ᠪᠠᠶᠢᠷᠢᠰᠢᠨ᠎ᠠ᠃  ᠪᠠᠷᠠᠭᠤᠨ  ᠡᠮᠦᠨ᠎ᠡ ᠠᠴᠠ  ᠵᠡᠭᠦᠨ ᠬᠤᠶᠢᠰᠢ  ᠵᠠᠯᠭᠠᠯᠳᠤᠨ  ᠠᠷᠪᠠᠨ ᠭᠠᠵᠠᠷ ᠦᠷᠭᠦᠯᠵᠢᠯᠡᠨ  ᠴᠠᠭᠠᠨᠮᠦ᠋ᠷᠡᠨ ᠭᠤᠤᠯ ᠤᠨ  ᠪᠠᠷᠠᠭᠤᠨ ᠡᠷᠬᠢᠨ ᠳᠤ  ᠬᠦᠷᠦᠨ᠎ᠡ᠂ ᠲᠡᠭᠰᠢᠳᠭᠡᠭᠰᠡᠨ ᠦᠨᠳᠤᠷ ᠨᠢ ᠲᠠᠯᠠᠢ ᠶᠢᠨ  ᠲᠦᠪᠰᠢᠨ ᠠᠴᠠ 1093 ᠺᠢᠯᠤᠮᠧᠲᠷ  ᠃  ᠵᠡᠭᠦᠨ  ᠂ ᠪᠠᠷᠠᠭᠤᠨ ᠬᠤᠶᠠᠷ ᠭᠤᠤᠯ ᠤᠷᠬᠢᠯ ᠤᠨ  ᠲᠤᠮᠳᠠ ᠨᠢ  ᠪᠠᠶᠢᠭᠠᠯᠢᠭ ᠢᠶᠠᠷ ᠪᠦᠷᠢᠯᠳᠤᠭ᠍ᠰᠡᠨ  ᠲᠠᠪᠤᠨ  ᠮᠠᠨᠲ᠋ᠧᠦ  ᠬᠡᠯᠪᠡᠷᠢ ᠶᠢᠨ  ᠲᠤᠪᠤᠶᠢᠭᠰᠠᠨ  ᠬᠠᠳᠠ ᠨᠢ  ᠨᠢᠭᠡ ᠱᠤᠭᠤᠮ ᠢᠶᠠᠷ ᠵᠡᠷᠭᠡᠴᠡᠨ ᠪᠠᠶᠢᠷᠢᠰᠢᠵᠠᠢ  ᠂  ᠨᠤᠳᠤᠭ ᠤᠨ  ᠬᠦᠮᠦᠰ  ᠲᠡᠭᠦᠨ ᠢ  ︽ᠲᠠᠪᠤᠨ ᠠᠷᠬᠤᠨ︾. ᠲᠤᠰ ᠠᠭᠤᠯᠠᠨ ᠤ  ᠡᠩᠭᠡᠷ ᠲᠤ ᠴᠢᠩ ᠤᠯᠤᠰ ᠤᠨ  ᠡᠷᠬᠢᠮ  ᠬᠦᠨᠳᠤ ᠪᠠᠷ ᠮᠠᠰᠢ ᠶᠡᠭᠡ ᠪᠠᠶᠢᠷᠢ ᠰᠠᠭᠤᠷᠢ ᠲᠠᠢ  ᠴᠢᠩ ᠲᠠᠶᠢᠽᠦ᠋ᠩ  ᠬᠤᠸᠠᠩ ᠲᠠᠶᠢᠵᠢ   ᠶᠢᠨ ᠲᠠᠪᠤᠳᠤᠭᠠᠷ ᠦᠬᠢᠨ ᠪᠣᠯᠬᠤ  ᠪᠠᠭᠠᠷᠢᠨ ᠤ ᠰᠡᠴᠡᠨ ᠲᠡᠭᠡᠳᠦ ᠬᠦᠷᠦᠨ ᠬᠦᠩᠵᠤ   ᠶᠢᠨ  ᠤᠩᠭᠤᠨ ᠪᠠᠶᠢᠭᠰᠠᠨ ᠪᠦᠯᠦᠭᠡ᠃ 1966 ᠤᠨ  ᠳᠤ ︽ᠰᠤᠶᠤᠯ ᠤᠨ  ᠬᠤᠪᠢᠰᠬᠯ︾ ᠡᠬᠢᠯᠡᠵᠦ ᠯᠦᠩ ᠲᠧᠦ ᠱᠠᠨ  ᠪᠠᠭ᠎ᠠ ᠰᠤᠷᠭᠠᠭᠤᠯᠢ ᠶᠢᠨ  ᠤᠷᠪᠠᠯᠭ᠎ᠠ ᠭᠠᠷᠭᠠᠭᠴᠢᠳ  ︽ᠲᠦᠷᠪᠡᠨ  ᠬᠠᠭᠤᠴᠢᠨ  ︾ ᠱᠦᠭᠦᠷᠳᠡᠨ ᠠᠷᠢᠯᠭᠠᠬᠤ ᠪᠠᠷ  ᠨᠡᠷ᠎ᠡ ᠪᠤᠯᠭᠠᠨ  ᠲᠡᠰᠦᠷᠡᠬᠦ ᠪᠦᠮᠪᠦᠭᠡ  ᠲᠡᠯᠪᠡᠷᠡᠬᠦ ᠲᠠᠷᠢ ᠪᠠᠷ ᠬᠦᠩᠵᠤ ᠶᠢᠨ  ᠤᠩᠭᠤᠨ ᠢ  ᠲᠡᠯᠪᠡᠴᠢᠨ ᠲᠠᠯᠬᠢᠵᠤ  ᠪᠦᠬᠦᠶᠢᠯᠡ  ᠤᠩᠭᠤᠨ  ᠢᠵᠠᠭᠤᠷ    ᠢ  ᠡᠪᠳᠡᠵᠤ ᠤᠷᠬᠢᠵᠠᠢ᠃ ᠪᠠᠶᠠᠨ ᠬᠦᠳᠡᠯᠡᠨ ᠠᠭᠤᠯᠠ   ᠨᠢ  ᠴᠢᠩ ᠤᠯᠤᠰ ᠤᠨ  ᠡᠩᠭᠡ ᠠᠮᠤᠭᠤᠯᠠᠩ ᠬᠠᠭᠠᠨ   ᠤ ᠰᠤᠩᠭᠤᠨ  ᠲᠤᠭᠤᠭᠰᠠᠨ  ᠬᠠᠭᠠᠨ  ᠤ  ᠰᠠᠨᠠᠭᠠᠨ ᠳᠤ  ᠨᠡᠶᠢᠴᠡᠭᠰᠡᠨ  ︽ᠡᠷᠳᠡᠨᠢ ᠶᠢᠨ  ᠭᠠᠵᠠᠷ  ︾  ᠂ ᠴᠢᠩ ᠤᠯᠤᠰ ᠤᠨ ᠰᠡᠴᠡᠨ ᠲᠡᠭᠡᠳᠦ ᠬᠦᠷᠦᠨ ᠬᠦᠩᠵᠤ ᠶᠢ ᠤᠷᠤᠰᠢᠭᠤᠯᠤᠭᠰᠠᠨ  ᠢᠵᠠᠭᠤᠷ ᠤᠩᠭᠤᠨ   ᠤ ᠤᠷᠤᠨ ᠮᠥᠨ᠃  ᠤᠩᠭᠤᠨ ᠤ ᠭᠠᠵᠠᠷ  ᠨᠠᠷᠠᠨ ᠵᠦᠭ ᠬᠠᠨᠳᠤᠵᠤ  ᠵᠡᠭᠦᠨ  ᠡᠮᠦᠨᠡᠰᠢ 60 ᠭᠷᠠᠳᠦ᠋ᠰ  ᠬᠠᠪᠴᠢᠵᠤ᠂ ᠴᠠᠭᠠᠨ ᠮᠦᠷᠡᠨ ᠭᠤᠤᠯ ᠠᠴᠠ 5 ᠺᠢᠯᠤᠮᠧᠲᠷ ᠵᠠᠶᠢᠳᠠᠢ᠃  ᠭᠤᠤᠯ   ᠤᠨ  ᠵᠡᠭᠦᠨ ᠡᠷᠬᠢᠨ ᠳᠤ  ᠭᠠᠷᠦᠳᠢ ᠠᠭᠤᠯᠠ  ᠰᠦᠨᠳᠡᠷᠡᠯᠵᠦ᠂  ᠪᠠᠷᠠᠭᠤᠨ ᠲᠠᠯ᠎ᠠ  ᠳᠤ ᠨᠢ  ᠯᠦᠩ ᠲᠧᠦ ᠱᠠᠨ ᠠᠭᠤᠯᠠ  ᠰᠡᠭᠦᠶᠢᠨ᠎ᠡ  ᠃  ᠪᠠᠰᠠ  ᠵᠡᠭᠦᠨᠰᠢᠯᠡᠪᠡᠯ  ᠠᠯᠢᠨ  ᠰᠦᠭᠡ ᠠᠭᠤᠯᠠ   ᠪᠠᠷᠠᠯᠠᠭᠳᠠᠵᠤ  ᠭᠤᠷᠪᠠᠨ ᠠᠭᠤᠯᠠ   ᠨᠢ  ᠭᠤᠷᠪᠠᠨ ᠲᠡᠭᠳᠡᠷ   ᠢ  ᠪᠦᠷᠢᠯᠳᠤᠭᠦᠯᠵᠠᠢ᠃  ᠴᠠᠭᠠᠨᠮᠦ᠋ᠷᠡᠨ ᠭᠤᠤᠯ ᠨᠢ  ᠯᠦᠩ  ᠲᠧᠦ  ᠱᠠᠨ  ᠂ ᠭᠠᠷᠦᠳᠢ ᠠᠭᠤᠯᠠ   ᠶᠢᠨ  ᠲᠤᠮᠳᠠᠭᠤᠷ  ᠤᠷᠤᠰᠴᠦ  ᠂ ᠤᠩᠭᠤᠨ ᠤ ᠪᠠᠷᠠᠭᠤᠨᠰᠢ  ᠪᠠᠶ᠋ᠨᠨ ᠬᠦᠨᠳᠡᠯᠡᠨ ᠠᠭᠤᠯᠠ   ᠶᠢᠨ  ︽ᠲᠠᠪᠤᠨ ᠠᠷᠬᠤᠨ  ︾ ᠲᠠᠢ  ᠨᠢᠭᠡ ᠱᠤᠭᠤᠮ ᠲᠡᠭᠡᠷ᠎ᠡ ᠪᠠᠶᠢᠷᠢᠰᠢᠯᠴᠠᠨ᠎ᠠ᠃  ᠡᠶᠢᠮᠦ  ᠠᠴᠠ  ᠨᠤᠳᠤᠭ ᠤᠨ  ᠬᠦᠮᠦᠰ   ︽ ᠬᠦᠩᠵᠤ  ᠡᠨᠡᠬᠦ  ᠲᠡᠭᠳᠡᠷ ᠱᠠᠳᠤᠯᠠᠭᠰᠠᠨ  ᠬᠤᠪᠢᠯᠭᠠᠨ ᠤᠷᠤᠨ ᠤ ᠡᠷᠳᠡᠨᠢ  ᠶᠢᠨ  ᠭᠠᠵᠠᠷ ᠲᠤ   ᠸᠧ ᠯᠦᠩ ᠭᠠᠩ ᠶᠢᠨ  ᠲᠡᠷᠯᠡᠵᠦ᠂  ᠭᠠᠷᠦᠳᠢ ᠠᠭᠤᠯᠠ   ᠶᠢ ᠢᠰᠭᠦᠯᠡᠵᠦ  ᠠᠰᠢᠳᠠ ᠨᠤᠶᠢᠷᠰᠤᠨ᠎ᠠ  ︾ ᠭᠡᠳᠡᠭ᠃ ᠰᠡᠴᠡᠨ ᠲᠡᠭᠡᠳᠦ ᠭᠦᠷᠦᠨ ᠭᠦᠩᠵᠤ   ᠶᠢᠨ ᠨᠡᠷ᠎ᠡ ᠨᠢ ᠠᠲ᠋ᠦ ︵ᠦᠬᠢᠨ ᠵᠢᠭᠠᠰᠤ ᠭᠡᠰᠡᠨ ᠮᠠᠨᠵᠤ ᠦᠭᠡ︶  ᠂ ᠲᠡᠭᠷᠢ ᠰᠡᠴᠨᠨᠳᠤ ᠶᠢᠨ  ᠵᠢᠷᠭᠤᠭᠠᠨ ᠤᠨ ᠳᠤ  ᠮᠡᠨᠳᠤᠯᠡᠵᠠᠢ  ︵1632)  ᠂  ᠲᠡᠭᠦᠨ ᠢ  ᠠᠷᠪᠠᠨ ᠨᠠᠰᠤᠳᠠᠢ ᠪᠠᠶᠢᠬᠤ ᠳᠤ  ᠨᠢ  ᠰᠢᠯᠤᠭᠤᠨ  ᠰᠢᠷ᠎ᠠ  ᠮᠠᠨᠵᠤ ᠬᠤᠰᠢᠭᠤᠨ ᠤ  ᠢᠵᠠᠭᠤᠷᠳᠠᠨ  ᠤᠤᠯ ᠤᠨ  ᠬᠠᠯᠬ᠎ᠠ ᠶᠢᠨ  ᠮᠤᠩᠭᠤᠯ   ᠤᠨ ᠡᠩᠭᠡᠳᠡᠷ ᠤᠨ  ᠬᠦᠪᠡᠭᠦᠨ ᠰᠤᠷᠬ᠎ᠠ ᠳᠤ ᠰᠦᠢᠯᠡᠵᠤ  ᠂ ᠬᠤᠶᠠᠷ ᠵᠢᠯ ᠤᠨ  ᠲᠠᠷᠠᠭ᠎ᠠ ᠨᠢ  ᠪᠤᠭᠳᠤᠯᠠᠵᠤ ᠦᠭᠴᠠᠢ᠃  ᠬᠤᠵᠢᠮ ᠨᠢ  ᠰᠤᠷᠬ᠎ᠠ  ᠵᠠᠭᠤᠷᠮᠠᠭ ᠬᠠᠯᠢᠪᠠ᠃   ᠡᠶᠡᠪᠡᠷ ᠵᠠᠰᠠᠭᠴᠢ ᠶᠢᠨ  ᠲᠠᠪᠤᠨ ᠤᠨ  ︵1648) ᠤᠨ   ᠤ ᠬᠤᠶᠠᠷ ᠰᠠᠷ᠎ᠠ ᠳᠤ  17 ᠨᠠᠰᠤᠳᠠᠢ ᠠᠲ᠋ᠦ   ᠶᠢ ᠲᠡᠭᠦᠨ   ᠤ ᠡᠵᠢ  ᠰᠢᠶᠤᠤ ᠵᠤᠸᠠᠩ ᠬᠤᠸᠠᠩ ᠲᠡᠶᠢᠬᠡᠦ ᠡᠵᠡᠨ ᠮᠡᠳᠡᠵᠤ  ᠪᠠᠭᠠᠷᠢᠨ  ᠬᠤᠰᠢᠭᠤᠨ ᠤ ᠤᠯᠤᠰ ᠤᠨ  ᠲᠦᠰᠢᠶ᠎ᠡ ᠭᠦᠩ  ᠰᠡᠪᠳᠡᠨ   ᠳᠤ ᠵᠢᠠᠭᠠᠵᠤ ᠦᠭᠴᠠᠢ᠃  ᠡᠶᠢᠮᠦ   ᠠᠴᠠ ᠰᠡᠴᠡᠨ ᠲᠡᠭᠡᠳᠦ ᠬᠦᠷᠦᠨ ᠭᠦᠩᠵᠤ  ᠬᠤᠶᠠᠷᠳᠠ ᠬᠤᠷᠢᠮᠯᠠᠵᠠᠢ᠃  ᠡᠩᠬᠡ ᠠᠮᠤᠭᠤᠯᠠᠩ ᠤᠨ  ᠵᠢᠷᠭᠤᠭᠠᠨ ᠤᠨ  ︵1667) ᠤᠨ  ᠰᠡᠪᠳᠡᠨ ᠲᠡᠭᠷᠢ ᠳᠤ ᠬᠠᠯᠢᠵᠤ  ᠂ ᠭᠦᠷᠦᠨ ᠭᠦᠩᠵᠤ  ᠬᠠᠷᠠᠬᠠᠨ 36 ᠨᠠᠰᠤᠳᠠᠢ ᠪᠠᠶᠢᠵᠤ  ᠂ ᠵᠠᠯᠠᠭᠤ ᠬᠢᠯᠪᠠᠷ  ᠨᠠᠰᠤᠨ ᠳᠠᠭᠠᠨ ᠪᠠᠶᠢᠭᠰᠠᠨ ᠴᠦ ᠲᠠᠬᠢᠵᠤ  ᠬᠤᠷᠢᠮᠯᠠᠭᠰᠠᠨ ᠦᠭᠡᠢ  ᠂ 33 ᠵᠢᠯ  ᠶᠤᠰᠤ ᠶᠢ ᠰᠠᠬᠢᠵᠤ  ᠂ ᠡᠩᠭᠡ ᠠᠮᠤᠭᠤᠯᠠᠩ ᠤᠨ  ᠭᠤᠴᠢᠨ ᠶᠢᠰᠤᠨ ᠤᠨ  ︵1700)   ᠳᠤ  ᠲᠠᠭᠠᠯᠠᠯ ᠲᠡᠭᠦᠰᠴᠠᠢ᠃  ᠡᠩᠭᠡ ᠠᠮᠤᠭᠤᠯᠠᠩ ᠬᠠᠭᠠᠨ  ᠡᠮᠭᠡᠨᠢᠨ ᠭᠠᠰᠢᠭᠤᠳᠠᠵᠤ  ︽ᠰᠡᠴᠡᠨ ᠲᠡᠭᠡᠳᠦ ᠬᠦᠷᠦᠨ ᠭᠦᠩᠵᠤ ᠪᠤᠯᠪᠠᠰᠤ  ᠲᠠᠶᠢᠽᠦ᠋ᠩ ᠸᠧᠨ ᠬᠠᠭᠠᠨ ᠤ  ᠲᠠᠪᠤᠳᠤᠭᠠᠷ ᠦᠬᠢᠨ᠂  ᠱᠢᠽᠦ  ᠵᠠᠩ ᠬᠠᠭᠠᠨ ᠤ ᠡᠭᠡᠴᠢ᠂  ᠮᠡᠬᠦᠰ ᠮᠢᠨᠦ  ᠠᠪᠠᠭ᠎ᠠ ᠡᠭᠡ  ᠪᠤᠶᠤ᠃  ᠲᠡᠭᠷᠢ ᠰᠡᠴᠡᠨᠳᠤ ᠶᠢᠨ  ᠵᠢᠷᠭᠤᠭᠠᠨ ᠤᠨ   ᠤ  ᠠᠷᠪᠠᠨ ᠬᠤᠶᠠᠷ ᠤᠨ  ᠡᠳᠦᠷ ᠤᠨ  ᠭᠠᠭ᠋ᠠᠢ ᠡᠳᠦᠷ  ᠮᠡᠨᠳᠤᠯᠡᠵᠦ  ᠂ ᠡᠩᠭᠡ ᠠᠮᠤᠭᠤᠯᠠᠩ ᠤᠨ  ᠭᠤᠴᠢᠨ ᠶᠢᠰᠦᠨ ᠤᠨ   ᠤ ᠴᠠᠭᠠᠨ ᠰᠠᠷᠠᠶᠢᠨ  ᠠᠷᠪᠠᠨ ᠤ  ᠮᠤᠭᠠᠢ ᠴᠠᠭ   ᠲᠤ  ᠬᠠᠯᠢᠪᠠ᠃ ᠵᠢᠷᠠᠨ  ᠶᠢᠰᠤᠨ ᠬᠠᠪᠤᠷ ᠨᠠᠮᠦᠷ   ᠢ ᠡᠯᠭᠡᠵᠤ  ᠲᠤᠰ ᠤᠨ ᠤ  ᠨᠠᠢᠮᠠᠨ ᠰᠠᠷ᠎ᠠ ᠶᠢᠨ  ᠬᠤᠷᠢᠨ ᠲᠦᠷᠪᠡᠨ ᠤ ᠡᠳᠦᠷ  ᠯᠤᠤ ᠴᠠᠭ ᠲᠤ  ᠴᠠᠭᠠᠨᠮᠦ᠋ᠷᠡᠨ  ᠭᠤᠤᠯ ᠤᠨ  ᠪᠠᠷᠠᠭᠤᠨᠳᠡᠬᠢ  ᠪᠠᠶᠠᠨ ᠬᠦᠨᠳᠡᠯᠡᠨ ᠨᠡᠷᠡᠳᠦ ᠠᠭᠤᠯᠠᠨ ᠳᠤ  ᠤᠷᠤᠰᠢᠭᠤᠯᠪᠠ᠃  ᠠᠶ᠎ᠠ᠂  ᠮᠡᠭᠦᠰ ᠬᠦᠮᠦᠨ ᠨᠢᠯᠪᠤᠰᠤ ᠶᠦᠭᠡᠨ ᠠᠷᠢᠴᠠᠨ  ᠤᠩᠰᠢᠮᠦᠢ  ︾ ᠭᠡᠵᠠᠢ᠃  ︽ ᠬᠠᠭᠠᠨ ᠡᠪᠦᠭᠡ   ᠶᠢᠨ ᠦᠬᠢᠨ  ᠂ ᠬᠠᠭᠠᠨ ᠤ ᠤᠭᠰᠠᠭ᠎ᠠ ᠶᠢᠨ  ᠠᠮᠢᠰᠬᠤᠭ᠎ᠠ ᠨᠢᠭᠡᠳᠠᠢ  ᠰᠠᠳᠤᠨ᠂  ᠵᠠᠯᠠᠭᠤ ᠬᠠᠯᠠᠭᠤᠨ ᠨᠠᠰᠤᠨ ᠳᠠᠭᠠᠨ  ᠵᠤᠪᠠᠨ ᠡᠯᠡᠨ ᠶᠠᠪᠤᠵᠤ  ᠠᠷᠠᠶᠢᠬᠠᠨ ᠪᠤᠶᠠᠨ  ᠵᠢᠶᠠᠭ᠎ᠠ ᠪᠠᠨ ᠡᠳᠡᠯᠡᠬᠦ ᠨᠠᠰᠤᠨ ᠢᠷᠡᠬᠦᠶ᠎ᠡ  ᠶᠠᠭᠠᠬᠢᠨ ᠲᠦᠷᠭᠡᠨ  ᠮᠤᠷᠢᠯᠠᠪᠠ  ︖ ᠮᠡᠭᠦᠰ ᠪᠢ  ᠰᠡᠳᠬᠢᠯ   ᠳᠡᠭᠡᠨ  ᠭᠠᠰᠢᠭᠤᠳᠠᠵᠤ  ᠂ ᠰᠢᠨᠵᠢᠭᠡᠴᠢ ᠲᠤᠮᠢᠯᠠᠨ  ᠨᠤᠳᠤᠭ ᠰᠢᠨᠵᠢᠭᠦᠯᠵᠤ᠂  ᠤᠷᠴᠢᠯᠠᠩ ᠬᠤᠷᠸ᠎ᠠ ᠶᠢᠨ  ᠲᠡᠭᠡᠳᠦ  ᠤᠩᠭᠤᠨ  ᠤᠷᠳᠤ ᠶᠢ ᠵᠤᠬᠢᠶᠠᠨ  ᠂ ᠡᠷᠳᠡᠨ ᠤ  ᠶᠤᠰᠤ ᠪᠠᠷ   ᠲᠠᠬᠢᠯᠭ᠎ᠠ ᠬᠢᠵᠤ  ᠂ ᠶᠤᠰᠤ ᠲᠦᠷᠢᠮ ᠢ  ᠴᠢᠩᠳᠠ ᠰᠠᠬᠢᠵᠤ  ᠂ ᠰᠢᠷᠭᠠᠭᠤ ᠪᠠᠷ ᠠᠵᠢᠯᠠᠵᠤ᠂  ᠲᠦᠷᠦᠵᠤ ᠬᠠᠯᠢᠭᠰᠠᠨ ᠤᠨ ᠰᠠᠷ᠎ᠠ ᠶᠢ  ᠰᠠᠶᠢᠬᠠᠨ ᠲᠡᠮᠳᠡᠭᠯᠡᠵᠦ᠂ ᠲᠡᠭᠦᠨ ᠤ ᠰᠦᠨᠡᠰᠦ ᠶᠢ ᠠᠨᠤ ᠦᠨᠢᠳᠡ  ᠠᠮᠤᠷᠵᠢᠭᠤᠯᠤᠰᠤ᠂  ᠡᠶᠢᠮᠦ  ᠪᠤᠯᠳᠤᠭᠠᠢ  ᠃  ︵ᠤᠳᠤᠬᠠᠨ ᠳᠤ ᠬᠠᠳᠠᠭᠠᠯᠠᠭᠳᠠᠵᠤ ᠪᠠᠶᠢᠭ᠎ᠠ ᠭᠦᠩᠵᠤ ᠶᠢᠨ  ᠤᠩᠭᠤᠨ ᠤ ᠬᠦᠰᠢᠶᠡᠨ ᠪᠢᠴᠢᠭ  ᠃︶ ᠰᠡᠴᠡᠨ ᠲᠡᠭᠡᠳᠦ ᠬᠦᠷᠦᠨ ᠬᠦᠩᠵᠤ ᠪᠠᠭᠠᠷᠢᠨ ᠤ ᠸᠠᠩ ᠰᠡᠪᠳᠡᠨ ᠳᠤ ᠮᠤᠷᠳᠠᠬᠤ ᠦᠶᠡᠰ  ᠶᠢᠰᠤᠨ ᠤᠪᠤᠭ ᠢᠶᠠᠷ ᠭᠤᠤᠯᠯᠠᠰᠠᠨ 300  ᠡᠷᠦᠭᠡ  ᠢᠨᠵᠤ ᠮᠠᠨᠵᠤ ᠶᠢ ᠲᠠᠭᠠᠭᠤᠯᠵᠤ ᠢᠷᠡᠵᠠᠢ  ᠃ ᠡᠭᠦᠨ ᠳᠤ  ᠤᠯᠠᠩᠬᠢ ᠨᠢ ᠤᠷᠠᠴᠤᠤᠯ ᠪᠠᠶᠢᠵᠤ  ︽ᠲᠠᠯᠠᠨ ᠬᠤᠶᠠᠷ  ᠤᠷᠠᠴᠤᠤᠯ︾ ᠭᠡᠳᠡᠭ  ᠃ ᠡᠭᠦᠨ ᠳᠤ  ᠲᠤᠭᠤᠰᠬ᠎ᠠ  ᠦᠢᠯᠡᠳᠬᠦ  ᠂ ᠮᠤᠳᠤ  ᠤᠭᠳᠤᠯᠠᠬᠤ᠂  ᠭᠡᠷ ᠪᠠᠷᠢᠬᠤ᠂  ᠵᠡᠭᠡᠯᠢ  ᠭᠤᠳᠤᠮᠵᠢ ᠵᠠᠰᠠᠬᠤ ᠵᠡᠷᠭᠡ  ᠮᠡᠷᠭᠡᠵᠢᠯᠳᠡᠠᠢ  ᠬᠦᠮᠦᠰ ᠪᠠᠶᠢᠵᠤ᠂  ᠪᠠᠭᠠᠷᠢᠨ   ᠤ ᠴᠠᠭᠠᠨᠮᠦ᠋ᠷᠡᠨ ᠤ ᠬᠦᠪᠡᠭᠡ ᠪᠠᠷ  ᠨᠡᠯᠢᠶᠡᠳ ᠶᠡᠭᠡ  ᠰᠠᠭᠤᠷᠢᠰᠢᠯ  ᠪᠤᠢ ᠪᠤᠯᠭᠠᠵᠠᠢ  ᠃  ᠶᠢᠰᠦᠨ ᠶᠡᠭᠡ ᠤᠪᠤᠭ ᠨᠢ  ᠄ ᠭᠦᠸᠧ᠂  ᠶᠠᠨ᠂  ᠵᠠᠩ᠂  ᠸᠠᠩ᠂  ᠵᠤᠤ᠂  ᠯᠢ  ᠂ ᠲᠥᠩ  ᠂  ᠲᠢᠶᠠᠨ  ᠂ ᠮᠠ  ᠵᠡᠷᠭᠡ ᠪᠤᠯᠤᠨ᠎ᠠ᠃  ︵ᠰᠠᠷᠠᠨᠪᠢᠯᠢᠭ᠌  ᠂  ᠨᠤᠯᠭᠠᠷᠵᠠᠪ  ᠬᠠᠩᠭᠠᠪᠠ︶᠃ ᠵᠤᠬᠢᠶᠠᠭᠴᠢ ᠪᠡᠶᠡᠪᠡᠷ   ᠢᠶᠠᠨ  ᠭᠦᠩᠵᠤ ᠶᠢᠨ  ᠤᠩᠭᠤᠨ   ᠳᠤ ᠬᠦᠷᠴᠦ ᠬᠡᠮᠵᠢᠵᠤ ᠦᠩᠭᠡᠷᠡᠭᠰᠡᠨ  ᠃ ᠬᠦᠩᠵᠤ  ᠶᠢᠨ  ᠤᠩᠭᠤᠨ ᠤ ᠭᠤᠤᠯ ᠤᠷᠳᠤ ᠨᠢ 72MX45M=3240M᠃ ᠭᠤᠷᠪᠠᠨ ᠲᠠᠪᠬᠤᠷ  ᠬᠤᠷᠢᠶ᠎ᠠ ᠲᠠᠢ᠃  ᠭᠦᠩᠵᠤ ᠢ  ᠱᠠᠷᠢᠯ ᠢ  ᠬᠤᠶᠢᠳᠤ ᠬᠤᠷᠢᠶ᠎ᠠ ᠶᠢᠨ  ᠬᠦᠢᠰᠤ ᠲᠤᠮᠳᠠ ᠨᠢ ᠲᠠᠯᠪᠢᠵᠤ᠂ ᠡᠷᠳᠡᠨᠢ ᠶᠢᠨ  ᠰᠢᠷᠦᠢ ᠶᠢᠨ  ᠪᠢᠳᠡᠭᠦᠮᠵᠢᠯᠡᠵᠠᠢ  ᠃ ᠬᠠᠵᠠᠭᠤ ᠶᠢᠨ  ᠤᠷᠳᠤ ᠨᠢ  ᠬᠤᠶᠢᠳᠤ ᠲᠠᠯ᠎ᠠ ᠳᠤ ᠪᠠᠶᠢᠵᠤ  ᠭᠦᠩᠵᠤ ᠶᠢ ᠲᠠᠭᠠᠭᠭᠰᠠᠨ  ᠶᠢᠰᠦᠨ  ᠭᠤᠤᠯ ᠤᠪᠤᠭᠳᠠᠨ ᠤ  ᠬᠠᠭᠤᠴᠢᠳ  ᠪᠤᠯᠤᠨ᠎ᠠ᠃  ᠲᠠᠯᠠᠪᠠᠢ ᠨᠢ34MX34M=1156M᠃ ᠲᠤᠳᠤᠷ᠎ᠠ ᠨᠢ  ᠶᠢᠰᠦᠨ  ᠬᠠᠭᠤᠴᠢᠳ  ᠪᠠᠶᠢᠵᠤ  ᠂ ᠬᠠᠭᠤᠴᠢᠳ   ᠨᠢ  ᠡᠮᠦᠨ᠎ᠡ ᠠᠴᠠ  ᠬᠤᠶᠢᠰᠢ  ᠲᠡᠰ ᠲᠠᠷᠠᠭᠠᠯᠠᠨ  ᠰᠢᠷ᠎ᠠ᠂ ᠴᠠᠭᠠᠨ᠂  ᠤᠯᠠᠭᠠᠨ᠂ ᠤᠯᠠᠭᠠᠨ᠂  ᠤᠯᠠᠭᠠᠨ ᠤᠯᠠᠭᠠᠨ᠂  ᠤᠯᠠᠭᠠᠨ᠂ ᠤᠯᠠᠭᠠᠨ᠂  ᠴᠠᠭᠠᠨ᠂ ᠰᠢᠷ᠎ᠠ ᠦᠩᠭᠡ ᠲᠠᠢ᠃ ᠤᠨ ᠲᠤᠭᠠᠯᠠᠯ ᠤᠨ 1700 ᠤᠨ   ᠤ  ᠪᠢᠯᠢᠭ ᠤᠨ  ᠤᠯᠠᠷᠢᠯ ᠤᠨ  ᠨᠠᠢᠮᠠᠨ ᠰᠠᠷ᠎ᠠ ᠠᠴᠠ  ᠬᠦᠩᠵᠤ ᠶᠢᠨ ᠭᠡᠭᠡᠨ  ᠢ  ᠠᠳᠡ ᠲᠠᠯᠪᠢᠭᠰᠠᠨ ᠠᠴᠠ  ᠭᠦᠩᠵᠤ ᠶᠢᠨ  ᠢᠨᠵᠤ ᠮᠠᠨᠵᠤ ᠵᠢᠴᠢ ᠲᠡᠭᠦᠨ ᠤ ᠬᠤᠶᠢᠴᠢᠰ ᠨᠢ  ᠦᠶ᠎ᠡ ᠤᠯᠠᠷᠢᠨ  ᠬᠦᠩᠵᠤ ᠶᠢᠨ  ᠭᠡᠭᠡᠨ ᠢ  ᠲᠠᠬᠢᠵᠤ  ᠤᠯᠠᠨ ᠵᠢᠯ ᠤᠨ  ᠲᠤᠷᠰᠢ  ᠬᠦᠵᠢ ᠵᠤᠯᠠ ᠲᠠᠰᠤᠷᠠᠭᠰᠠᠨ ᠦᠭᠡᠢ᠃ ᠴᠢᠩ ᠤᠯᠤᠰ ᠤᠨ  ᠲᠦᠭᠡᠮᠡᠯ ᠡᠯᠪᠡᠭᠳᠤ ᠶᠢᠨ  ᠲᠦᠷᠪᠡᠨ ᠤᠨ  ︵1854︶ ᠬᠦᠩᠵᠤ ᠶᠢᠨ  ᠢᠵᠠᠭᠤᠷ ᠠᠴᠠ  ᠵᠡᠭᠦᠨ ᠬᠤᠶᠢᠰᠢ 10 ᠺᠢᠯᠤᠮᠧᠲᠷ ᠵᠠᠶᠢᠳᠠᠢ  ᠪᠤᠷᠬᠠᠨᠳᠤ ᠠᠭᠤᠯᠠ  ︵ᠤᠳᠤ ᠶᠢᠨ  ᠤᠪᠤᠭ᠎ᠠ ᠠᠭᠤᠯᠠ︶ ᠶᠢᠨ ᠡᠩᠭᠡᠷ  ᠵᠤᠯᠠᠴᠢᠨ ᠰᠦᠮ᠎ᠡ ᠶᠢ ᠪᠠᠶᠢᠭᠤᠯᠵᠤ  ᠤᠨ ᠦᠷᠭᠦᠯᠵᠢᠯᠡᠨ  ᠬᠦᠩᠵᠤ ᠶᠢᠨ  ᠭᠡᠭᠡᠨ  ᠰᠦᠨᠡᠰᠦ ᠶᠢ ᠲᠠᠬᠢᠵᠤ᠂  ᠬᠠᠮᠤᠭ ᠤᠨ  ᠪᠠᠳᠠᠷᠠᠯ ᠤᠨ  ᠬᠤᠭᠤᠴᠠᠭᠠᠨ ᠳᠠᠭᠠᠨ ᠬᠤᠸᠠᠷᠠᠭ   ᠤᠨ  ᠲᠤᠭ᠎ᠠ ᠨᠢ 300  ᠢᠯᠡᠭᠦᠦ ᠳᠤ  ᠬᠦᠷᠦᠭᠰᠡᠨ ᠮᠦᠷᠳᠡᠭᠡᠨ  ᠴᠦᠮ ᠢᠶᠠᠷ ᠢᠶᠠᠨ ᠭᠦᠩᠵᠤ ᠶᠢ ᠲᠠᠭᠠᠭᠰᠠᠨ ᠢᠨᠵᠠᠢ ᠮᠠᠨᠵᠤ ᠶᠢᠨ  ᠦᠷ᠎ᠡ ᠬᠤᠶᠢᠴᠢᠰ ᠪᠠᠶᠢᠵᠠᠢ᠃  ᠠᠷᠠᠳ ᠤᠨ  ᠲᠠᠬᠢᠯᠭ᠎ᠠ ᠨᠢ ᠵᠢᠯ ᠳᠤ ᠲᠦᠷᠪᠡᠨ ᠤᠳᠠᠭ᠎ᠠ ᠶᠠᠪᠤᠭᠳᠠᠵᠤ᠂ ᠲᠤᠰ ᠲᠤᠰ  ᠪᠢᠯᠢᠭ ᠤᠨ  ᠤᠯᠠᠷᠢᠯ ᠤᠨ  ᠲᠠᠪᠤᠨ ᠰᠠᠷᠠᠶᠢᠨ ᠬᠤᠷᠢᠨ ᠭᠤᠷᠪᠠᠨ   ᠤ ᠬᠠᠪᠤᠷ ᠤᠨ  ᠲᠠᠬᠢᠯᠭ᠎ᠠ᠂  ᠡᠷᠳᠡ ᠦᠶ᠎ᠡ ᠳᠤ ᠮᠠᠯᠴᠢᠳ  ᠪᠠᠰᠠ ᠬᠠᠪᠤᠷ ᠤᠨ  ᠠᠪᠠ ᠬᠢᠳᠡᠭ᠃  ᠪᠢᠯᠢᠭ ᠤᠨ  ᠤᠯᠠᠷᠢᠯ ᠤᠨ  ᠲᠤᠯᠤᠭᠠᠨ ᠰᠠᠷ᠎ᠠ ᠶᠢᠨ  ᠠᠷᠪᠠᠨ ᠨᠢᠭᠡᠨ  ᠲᠠᠷᠦᠢ  ᠭᠡᠭᠡᠨ ᠱᠤᠷᠤᠩ ᠠᠴᠠ  ᠬᠦᠩᠵᠤ ᠶᠢᠨ ᠱᠠᠷᠢᠯ   ᠢ ᠤᠳᠤᠬᠠᠨ ᠤ  ᠯᠢᠨᠰᠢ ᠰᠢᠶᠠᠨ ᠤ ᠪᠠᠶᠠᠨ ᠬᠦᠨᠳᠡᠯᠡᠨ ᠠᠭᠤᠯᠠᠨ ᠳᠤ ᠨᠡᠭᠦᠯᠭᠡᠨ ᠠᠪᠴᠢᠷᠠᠭᠰᠠᠨ ᠡᠳᠦᠷ  ᠃ ᠢᠷᠡᠬᠦ  ᠵᠢᠯ ᠤᠨ  ᠬᠠᠩᠰᠢ ᠶᠢᠨ ᠡᠳᠦᠷ  ᠂ ᠮᠠᠨᠵᠤ ᠬᠡᠯᠡᠨ ᠳᠤ  ︽ᠺᠠᠩ ᠰᠢ  ︾ ᠭᠡᠨ᠎ᠡ᠃  ᠡᠭᠦᠨ ᠳᠤ ᠬᠠᠮᠤᠭ ᠤᠨ  ᠦᠪᠡᠳᠡᠭᠰᠢ  ᠶᠡᠭᠡ ᠲᠠᠬᠢᠯᠭ᠎ᠠ ᠨᠢ  ᠵᠢᠯ ᠪᠦᠬᠦᠨ ᠤ  ᠪᠢᠯᠢᠭ  ᠤᠨ ᠤᠯᠠᠷᠢᠯ ᠤᠨ  ᠲᠤᠯᠤᠭᠠᠨ ᠰᠠᠷᠠᠶᠢᠨ  ᠠᠷᠪᠠᠨ ᠨᠢᠭᠡᠨ ᠤ ᠡᠳᠦᠷ ᠤᠨ ᠲᠠᠬᠢᠯᠭ᠎ᠠ ᠶᠢᠨ ᠡᠳᠦᠷ  ᠂ ᠲᠤᠭᠳᠠᠭᠰᠠᠨ ᠴᠠᠭ ᠲᠤ  ᠤᠶᠢᠷ᠎ᠠ ᠬᠠᠪᠢ ᠶᠢᠨ  ᠭᠦᠩᠵᠤ   ᠶᠢ ᠲᠠᠭᠠᠨᠰᠠᠨ ᠢᠨᠵᠤ ᠮᠠᠨᠵᠤ  ᠬᠢᠭᠡᠳ ᠦᠷ᠎ᠡ ᠬᠤᠶᠢᠴᠢᠰ ᠨᠢ ᠤᠷᠤᠯᠴᠠᠬᠤ ᠪᠠᠷ ᠪᠠᠷᠠᠬᠤ ᠦᠭᠡᠢ ᠲᠦᠷᠪᠡᠨ ᠵᠦᠭ  ᠨᠠᠢᠮᠠᠨ ᠵᠤᠪᠬᠢᠰ ᠤᠨ  ᠬᠡᠳᠦᠨ ᠠᠷᠪᠠᠨ ᠭᠠᠵᠠᠷ ᠤᠨ  ᠮᠤᠩᠭᠤᠯ ᠂ ᠮᠠᠨᠵᠤ᠂  ᠬᠢᠳᠠᠳ  ᠵᠡᠷᠭᠡ  ᠰᠢᠳᠦᠯᠭᠡᠳᠡᠨ  ᠨᠠᠷ ᠪᠠᠰᠠ ᠢᠷᠡᠵᠦ  ᠤᠷᠤᠯᠴᠠᠵᠤ᠂ ᠤᠯᠠᠩᠬᠢ ᠤᠷᠤᠯᠴᠠᠭᠰᠠᠳ  ᠪᠦᠬᠦᠯᠢ ᠬᠤᠨᠢ  ᠬᠢᠭᠡᠳ ᠴᠠᠭᠠᠨ ᠢᠳᠡᠭᠡᠨ  ᠡᠷᠭᠦᠵᠤ᠂  ᠡᠷᠬᠢᠯᠡᠭᠰᠡᠳ ᠠᠴᠠ  ᠮᠤᠷᠢ ᠤᠷᠤᠯᠳᠠᠭᠤᠯᠤᠨ᠂  ᠪᠦᠭᠡ ᠪᠠᠷᠢᠯᠳᠤᠭᠤᠯᠵᠤ᠂  ᠰᠤᠷ ᠬᠠᠷᠪᠤᠭᠤᠯᠤᠨ  ᠂ ᠤᠷᠠᠨ  ᠰᠠᠶᠢᠬᠠᠨ ᠤ ᠲᠤᠭᠯᠠᠯᠳᠠ ᠭᠠᠷᠭᠠᠵᠤ  ᠨᠠᠭᠠᠳᠤᠮ ᠤᠨ  ᠬᠤᠷᠠᠯ  ᠶᠠᠪᠤᠭᠳᠠᠭᠤᠯᠤᠨ᠎ᠠ᠃ 1986 ᠤᠨ   ᠤ 5 ᠰᠠᠷ᠎ᠠ ᠳᠤ  ᠴᠢᠩ ᠤᠯᠤᠰ ᠤᠨ ᠬᠠᠭᠠᠨ ᠤ ᠤᠳᠤᠮ   ᠶᠢᠨ ᠳ᠋ᠠ ᠱᠠᠨ ᠵᠡᠷᠭᠡ ᠬᠦᠮᠦᠰ ᠤᠨ  ᠲᠡᠮᠵᠢᠯᠭᠡ ᠪᠠᠷ  ᠰᠡᠴᠡᠨ ᠲᠡᠭᠡᠳᠦ  ᠬᠦᠷᠦᠨ ᠭᠦᠩᠵᠤ   ᠶᠢᠨ  ᠭᠤᠤᠯ  ᠢᠨᠵᠤ ᠮᠠᠨᠵᠤ ᠶᠢᠨ  ᠬᠤᠶᠢᠴᠢᠰ  ᠯᠤᠯᠭᠠᠷᠵᠠᠪ  ᠵᠡᠷᠭᠡ ᠬᠦᠮᠦᠰ  ᠲᠡᠷᠢᠭᠦᠯᠡᠵᠤ ᠴᠠᠭᠠᠨᠮᠦ᠋ᠷᠡᠨ ᠭᠤᠤᠯ ᠤᠨ  ᠵᠡᠭᠦᠨ  ᠬᠦᠪᠡᠭᠡᠨ ᠤ ᠠᠯᠢᠨ ᠰᠦᠭᠡ ᠠᠭᠤᠯᠠᠨ ᠤ  ᠪᠠᠷᠠᠭᠤᠨ  ᠡᠩᠭᠡᠷ  ᠬᠦᠩᠵᠤ ᠶᠢᠨ  ᠰᠦᠮ᠎ᠡ ᠶᠢ ᠰᠢᠨ᠎ᠡ ᠪᠠᠷ ᠪᠠᠶᠢᠭᠤᠯᠵᠤ  ᠂ ᠬᠦᠩᠵᠤ ᠶᠢᠨ  ᠤᠨ ᠪᠦᠷᠢ   ᠶᠢᠨ ᠲᠠᠬᠢᠯᠭ᠎ᠠ   ᠶᠢᠨ ᠬᠦᠳᠡᠯᠭᠡᠭᠡᠨ ᠢ  ᠲᠠᠬᠢᠨᠳᠠ ᠰᠡᠷᠭᠦᠭᠡᠪᠡ᠃  ︽ᠵᠤᠤ ᠤᠳᠠ ᠶᠢᠨ  ᠭᠡᠪ ᠵᠠᠩᠰᠢᠯ  ︾  ᠳᠤ ᠲᠡᠮᠳᠡᠭᠯᠡᠭᠰᠡᠨ  ᠭᠦᠩᠵᠤ ᠶᠢᠨ  ᠭᠡᠭᠡᠨ  ᠢᠵᠠᠭᠤᠷ   ᠨᠢ ᠡᠷᠳᠡᠨᠢ ᠠᠭᠤᠯᠠ ᠶᠢᠨ ᠡᠩᠭᠡᠷ ᠪᠠᠶᠢᠨ᠎ᠠ ᠭᠡᠰᠡᠨ ᠨᠢ ᠪᠤᠷᠤᠭᠤ᠃  ᠡᠨᠡᠬᠦ ᠡᠷᠳᠡᠨᠢ ᠠᠭᠤᠯᠠ   ᠨᠢ ᠪᠠᠶᠠᠨ ᠬᠦᠨᠳᠡᠯᠡᠨ ᠠᠭᠤᠯᠠᠨ ᠠᠴᠠ  ᠬᠤᠶᠢᠰᠢ 10 ᠺᠢᠯᠤᠮᠧᠲᠷ ᠤᠨ  ᠵᠠᠶᠢᠳᠠᠢ᠂  ᠰᠡᠴᠡᠨ ᠲᠡᠭᠡᠳᠦ ᠬᠦᠷᠦᠨ ᠭᠦᠩᠵᠤ ᠶᠢᠨ  ᠤᠩᠭᠤᠨ ᠠᠴᠠ 12 ᠺᠢᠯᠤᠮᠧᠲᠷ  ᠵᠠᠶᠢᠳᠠᠢ ᠪᠠᠶᠢᠷᠢᠰᠢᠨ᠎ᠠ᠃  ᠡᠩᠭᠡ ᠠᠮᠤᠭᠤᠯᠠᠩ ᠤᠨ  ᠲᠤᠭᠤᠷᠢᠪᠢᠭᠰᠠᠨ  ᠭᠠᠰᠢᠭᠤᠳᠠᠯ ᠤᠨ ᠦᠭᠡᠰ  ᠵᠦᠪ ᠪᠠᠶᠢᠬᠤ ᠨᠢ ᠯᠠᠪᠳᠠᠢ  ᠃ ᠲᠡᠷᠡ ᠪᠢᠴᠢᠭ ᠲᠤ ᠦᠭᠦᠯᠡᠷᠦᠨ  ︽ ᠴᠠᠭᠠᠨ ᠮᠦᠷᠡᠨ ᠭᠤᠤᠯ ᠤᠨ  ᠪᠠᠷᠠᠭᠤᠨ ᠬᠦᠪᠡᠭᠡᠨ ᠤ  ᠪᠠᠶᠠᠨ ᠬᠦᠨᠳᠡᠯᠡᠨ ᠨᠡᠷᠡᠳᠤ ᠠᠭᠤᠯᠠᠨ ᠳᠤ  ᠨᠤᠶᠢᠷᠰᠤᠭᠤᠯᠪᠠ  ︾ ᠭᠡᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号