ᠰᠡᠩᠭᠷᠳᠠᠨ
ᠨᠡᠶᠢᠲᠡᠯᠡᠭᠰᠡᠨ ᠴᠠᠭ᠄
2020/8/13
ᠰᠡᠩᠭᠡᠷᠳᠠᠨ ᠪᠤᠯ ᠪᠠᠭᠠᠷᠢᠨ ᠪᠠᠷᠠᠭᠤᠨ ᠬᠤᠰᠢᠭᠤᠨ ᠤ  ᠵᠢᠷᠭᠤᠳᠤᠭᠠᠷᠦᠶ᠎ᠡ ᠶᠢᠨ ᠸᠠᠩ ᠪᠤᠯᠤᠨ᠎ᠠ᠃ ᠲᠠᠷᠤᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠬᠤᠶᠠᠳᠤᠭᠠᠷ ᠦᠶ᠎ᠡ ᠶᠢᠨ ᠸᠠᠩ ᠸᠴᠢᠷ ᠤᠨ ᠭᠤᠷᠪᠠᠳᠤᠭᠠᠷ ᠬᠦᠪᠡᠭᠦᠨ᠂ ᠤᠤᠭᠠᠨ ᠸᠠᠩ ᠰᠡᠪᠳᠠᠨ ᠬᠢᠭᠡᠳ ᠰᠡᠴᠡᠨ ᠲᠡᠭᠡᠳᠦ ᠬᠦᠷᠦᠨ ᠬᠦᠩᠵᠦ ᠶᠢᠨ ᠤᠮᠪᠤᠯᠤ᠃ ᠨᠠᠶᠢᠷᠠᠯᠳᠤ ᠲᠦᠪ ᠤᠨ ᠨᠠᠢᠮᠠᠳᠤᠭᠠᠷ ᠤᠨ ︵1730︶ ᠵᠠᠰᠠᠭ ᠵᠢᠶᠦ᠋ᠨ ᠸᠠᠩ ᠤᠨ ᠰᠠᠭᠤᠷᠢᠨ ᠢ ᠵᠠᠯᠭᠠᠮᠵᠢᠯᠠᠵᠤ᠂ ᠲᠡᠭᠷᠢ ᠲᠡᠳᠬᠦᠭᠴᠢ ᠶᠢᠨ ᠠᠷᠪᠠᠨ ᠭᠤᠷᠪᠠᠳᠤᠭᠠᠷ ︵1748︶ ᠤᠨ ᠳᠤ ᠲᠡᠭᠷᠢ ᠳᠤ ᠬᠠᠯᠢᠵᠠᠢ᠃ ᠰᠡᠩᠭᠡᠷᠳᠠᠨ ᠤᠤᠯ ᠳᠠᠭᠠᠨ ᠬᠤᠶᠠᠳᠤᠭᠠᠷ ᠵᠡᠷᠭᠡ ᠶᠢᠨ ᠲᠠᠶᠢᠵᠢ ᠶᠢᠨ ᠭᠡᠷᠭᠡᠮ ᠲᠠᠢ ᠪᠠᠶᠢᠵᠤ᠂ ᠨᠠᠶᠢᠷᠠᠯᠳᠤ ᠲᠦᠪ ᠤᠨ ᠬᠤᠶᠠᠳᠤᠭᠠᠷ ᠤᠨ ︵1724︶ ᠳᠤ ᠴᠢᠩ ᠤᠨ ᠴᠡᠷᠢᠭ ᠢ ᠲᠠᠭᠠᠨ ᠵᠦᠩᠭᠠᠷ ᠤᠷᠤᠨ ᠢ ᠲᠠᠶᠢᠯᠠᠵᠤ ᠭᠠᠪᠢᠶ᠎ᠠ ᠪᠠᠶᠢᠭᠤᠯᠵᠠᠢ᠃ ᠴᠢᠩ ᠤᠨ ᠲᠦᠷᠦ ᠲᠤᠰ ᠤᠨ ᠤ 11 ᠰᠠᠷ᠎ᠠ ᠶᠢᠨ ᠴᠠᠭᠠᠭᠴᠢᠨ ᠭᠠᠭ᠋ᠠᠢ ᠡᠳᠦᠷ ᠲᠡᠭᠦᠨ ᠢ ᠴᠡᠷᠢᠭ  ᠤᠨ ᠭᠠᠪᠢᠶ᠎ᠠ ᠲᠠᠢ ᠬᠡᠮᠡᠨ ᠪᠠᠭᠠᠷᠢᠨ ᠤ ᠬᠤᠶᠠᠳᠤᠠᠭᠠᠷ ᠵᠡᠷᠭᠡ ᠶᠢᠨ ᠲᠠᠶᠢᠵᠢ ᠠᠴᠠ ᠤᠯᠤᠰ ᠲᠤᠷ ᠲᠤᠰᠠᠯᠠᠬᠤ ᠬᠦᠩ ᠲᠡᠪᠰᠢᠭᠦᠯᠵᠤ ᠪᠠᠭᠠᠷᠢᠨ ᠤ ᠬᠤᠰᠢᠭᠤᠨ ᠤ ᠵᠠᠰᠠᠭ ᠤᠨ ᠶᠠᠪᠤᠳᠠᠯ ᠳᠤ ᠲᠤᠰᠠᠯᠠᠭᠤᠯᠵᠠᠢ᠃ ᠡᠨᠡ ᠲᠤᠬᠠᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠷᠢᠮᠪᠤ ᠬᠤᠰᠢᠭᠤᠨ ᠵᠠᠰᠠᠭ   ᠢᠶᠠᠨ ᠬᠠᠮᠢᠶᠠᠷᠬᠤ ᠦᠭᠡᠢ᠂ ᠡᠳᠦᠷᠵᠢᠨ ᠠᠷᠢᠬᠢᠳᠠᠨ ᠴᠡᠩᠭᠡᠯᠳᠦᠵᠦ ᠸᠠᠩ ᠤᠷᠳᠤᠨ ᠢ ᠦᠢᠮᠡᠭᠦᠯᠵᠦ ᠪᠠᠶᠢᠭᠰᠠᠨ ᠢᠶᠠᠨ ᠡᠴᠦᠰ ᠲᠡᠭᠡᠨ ᠠᠷᠢᠬᠢᠨ ᠤ ᠬᠤᠶᠢᠨ᠎ᠠ ᠬᠦᠮᠦᠨ ᠠᠯᠠᠭᠰᠠᠨ ᠠᠴᠠ ᠨᠠᠶᠢᠷᠠᠯᠳᠤ ᠲᠦᠪ ᠤᠨ ᠨᠠᠢᠮᠠᠳᠤᠭᠠᠷ ᠤᠨ ᠤ ᠨᠠᠮᠤᠷᠤᠨ ᠲᠤᠯᠤᠳᠤᠭᠠᠷ ᠰᠠᠷ᠎ᠠ ᠳᠤ ᠬᠠᠷ᠎ᠠ ᠪᠡᠴᠢᠨ ᠡᠳᠦᠷ ᠭᠠᠳᠠᠭᠠᠳᠤ ᠮᠤᠩᠭᠤᠯ ᠤᠨ ᠲᠦᠷᠦ ᠶᠢ ᠬᠠᠮᠢᠶᠠᠷᠬᠤ ᠶᠠᠮᠤᠨ   ᠠᠴᠠ ᠨᠠᠶᠢᠷᠠᠯᠳᠤ ᠲᠦᠪ ᠬᠠᠭᠠᠨ ᠳᠤ ︽ᠪᠠᠭᠠᠷᠢᠨ ᠵᠠᠰᠠᠭ ᠲᠦᠷᠦ ᠶᠢᠨ ᠵᠢᠶᠦ᠋ᠨ ᠸᠠᠩ ᠲᠡᠭᠦᠨ ᠤ ᠬᠠᠷᠬᠢᠰ ᠬᠡᠷᠴᠡᠭᠡᠢ ᠠᠨᠤ ᠲᠦᠢᠯ ᠲᠤᠷ ᠬᠦᠷᠴᠠᠢ᠃ ᠡᠳᠦᠷᠵᠢᠨ ᠠᠷᠢᠬᠢᠳᠠᠵᠤ ᠰᠢᠳᠠᠷ ᠬᠠᠮᠠᠭᠠᠯᠠᠭᠴᠢ ᠶᠤᠭᠠᠨ ᠠᠷᠢᠬᠢᠨ ᠤ ᠬᠤᠶᠢᠨ᠎ᠠ ᠠᠯᠠᠪᠠ᠃ ᠲᠡᠭᠦᠨ ᠤ ᠸᠠᠩ ᠤᠨ ᠬᠡᠷᠭᠡᠮ ᠢ ᠨᠢ ᠬᠤᠰᠤᠵᠤ ᠨᠡᠶᠢᠰᠯᠡᠯ ᠬᠤᠳᠠᠨ᠎ᠠ ᠬᠤᠷᠢᠵᠤ ᠴᠠᠭᠠᠵᠠᠯᠠᠬᠤ ᠶᠢ ᠬᠦᠰᠡᠮᠦᠢ︾ ᠬᠡᠮᠡᠨ ᠵᠠᠭᠠᠯᠳᠤᠭᠰᠠᠨ ᠳᠤ ᠨᠠᠶᠢᠷᠠᠯᠳᠤ ᠲᠦᠪ ᠬᠠᠭᠠᠨ ᠵᠦᠪᠰᠢᠶᠡᠷᠡᠵᠦ ᠲᠤᠰ ᠤᠨ ᠤ ᠠᠷᠪᠠᠨ ᠨᠢᠭᠡᠨ ᠰᠠᠷ᠎ᠠ ᠶᠢᠨ ᠴᠠᠭᠠᠭᠴᠢᠨ ᠲᠠᠤᠯᠠᠢ ᠡᠳᠦᠷ ᠴᠢᠩ ᠤᠨ ᠲᠦᠷᠦ ᠠᠴᠠ ︽ᠪᠠᠭᠠᠷᠢᠨ ᠪᠠᠷᠠᠭᠤᠨ ᠭᠠᠷᠤᠨ ᠵᠢᠶᠦ᠋ᠨ ᠸᠠᠩ ᠷᠢᠮᠪᠤ ᠵᠠᠰᠠᠭ  ᠤᠨ ᠶᠠᠪᠤᠳᠠᠯ ᠢ ᠬᠠᠮᠢᠶᠠᠷᠬᠤ ᠦᠭᠡᠢ᠂ ᠡᠳᠦᠷᠵᠢᠨ ᠶᠡᠭᠡᠪᠡᠷ ᠠᠷᠢᠬᠢᠳᠠᠨ ᠸᠠᠩ ᠤᠨ ᠤᠷᠳᠤᠨ ᠢ ᠲᠦᠢᠪᠡᠭᠡᠵᠦ ᠲᠤᠷᠠᠪᠠᠷ ᠠᠯᠠᠵᠤ ᠰᠢᠳᠠᠭᠠᠨ ᠬᠠᠷᠬᠢᠰ ᠤᠨ ᠲᠦᠢᠯ ᠳᠤ ᠬᠦᠷᠦᠭᠰᠡᠨ ᠲᠤᠯᠠᠳᠠ ᠨᠠᠶᠢᠰᠯᠡᠯ ᠬᠤᠳᠠᠨ ᠳᠤ ᠠᠪᠠᠴᠢᠵᠤ ᠬᠤᠷᠢᠵᠦ  ᠴᠠᠭᠠᠵᠠᠯᠠᠳᠤᠭᠠᠢ  ︾ ᠬᠡᠮᠡᠨ ᠴᠤᠬᠤᠯᠠᠪᠤᠷᠢᠯᠠᠨ ᠲᠤᠭᠳᠠᠭᠠᠨ᠂ ᠡᠵᠡᠨ ᠬᠠᠭᠠᠨ ᠳᠤ ᠲᠤᠭᠤᠭᠳᠠᠭᠰᠠᠨ ᠰᠡᠩᠭᠡᠷᠳᠠᠨ ᠪᠠᠷ ᠸᠠᠩ ᠤᠨ ᠬᠡᠷᠭᠡᠮ ᠵᠠᠯᠠᠭᠠᠮᠵᠢᠯᠠᠭᠤᠯᠵᠤ ᠪᠠᠭᠠᠷᠢᠨ ᠤ ᠵᠠᠰᠠᠭ ᠤᠨ ᠦᠢᠯᠡ ᠶᠢ ᠬᠠᠮᠢᠶᠠᠷᠠᠭᠤᠯᠵᠠᠢ᠃ ᠨᠠᠶᠢᠷᠠᠯᠳᠤ ᠲᠦᠪ  ᠤᠨ ᠠᠷᠪᠠᠳᠤᠭᠠᠷ ᠤᠨ ︵1732︶ ᠤᠨ ᠴᠠᠭᠠᠨ ᠰᠠᠷ᠎ᠠ ᠶᠢᠨ ᠬᠦᠭᠡᠭᠴᠢᠨ ᠪᠡᠴᠢᠨ ᠡᠳᠦᠷ ᠰᠡᠩᠭᠡᠷᠳᠠᠨ ᠴᠡᠷᠢᠭ ᠲᠠᠭᠠᠭᠤᠯᠤᠨ ᠵᠦᠩᠭᠠᠷ ᠤᠨ ᠭᠠᠯᠳᠠᠨ ᠤ ᠴᠡᠷᠢᠭ ᠢ ᠨᠡᠭᠡᠮᠵᠢᠯᠡᠵᠤ ᠤᠰᠠᠳᠬᠠᠭᠰᠠᠨ ᠭᠠᠪᠢᠶ᠎ᠠ ᠪᠠᠷ ᠴᠢᠩ ᠤᠨ ᠲᠦᠷᠦ  ᠠᠴᠠ ︽ᠪᠠᠭᠠᠷᠢᠨ ᠵᠢᠶᠦ᠋ᠨ ᠸᠠᠩ ᠰᠡᠩᠭᠡᠷᠳᠠᠨ ᠳᠤ ᠮᠢᠩᠭᠠᠨ ᠯᠠᠩ ᠮᠦᠩᠬᠦ ᠬᠦᠷᠳᠡᠭᠡᠪᠡ︾᠃ ᠵᠦᠩᠭᠠᠷ ᠲᠤ ᠴᠡᠷᠢᠭᠯᠡᠵᠦ ᠢᠯᠡᠯᠳᠡ ᠤᠯᠤᠭᠰᠠᠨ ᠤ ᠲᠠᠷᠠᠭ᠎ᠠ ᠤᠳᠠᠯ ᠦᠭᠡᠢ ᠵᠤᠤ ᠤᠳᠠ ᠶᠢᠨ ᠴᠢᠭᠤᠯᠭᠠᠨ ᠤ ᠲᠠᠷᠤᠭ᠎ᠠ ᠪᠤᠯᠵᠤ ᠲᠦᠷᠦ ᠬᠦᠷᠦᠨ ᠳᠤ ᠲᠤᠪᠤᠶᠢᠮ᠎ᠠ ᠵᠢᠳᠬᠦᠯ ᠭᠠᠷᠭᠠᠵᠠᠢ᠃ ᠲᠤᠤᠷ᠎ᠠ ᠨᠠᠶᠢᠷᠠᠯᠳᠤ ᠲᠦᠪ ᠬᠠᠭᠠᠨ ᠤ ᠦᠶ᠎ᠡ ᠳᠤ ᠬᠢ ᠰᠡᠩᠭᠡᠷᠳᠠᠨ ᠶᠢᠨ ᠴᠢᠬᠤᠯᠠ ᠬᠡᠷᠡᠭ ᠢ ᠰᠡᠶᠢᠷᠡᠭᠦᠯᠪᠡᠯ᠄ ᠨᠠᠶᠢᠷᠠᠯᠳᠤ ᠲᠦᠪ ᠤᠨ ᠬᠤᠶᠠᠳᠤᠭᠠᠷ ᠤᠨ ︵1724︶ ᠤ ᠠᠷᠪᠠᠨ ᠨᠢᠭᠡᠳᠦᠭᠡᠷ ᠰᠠᠷ᠎ᠠ ᠶᠢᠨ ᠴᠠᠭᠠᠭᠴᠢᠨ ᠭᠠᠭ᠋ᠠᠢ ᠡᠳᠦᠷ ᠪᠠᠭᠠᠷᠢᠨ ᠤ ᠬᠤᠶᠠᠳᠤᠭᠠᠷ ᠵᠡᠷᠭᠡ ᠶᠢᠨ ᠲᠠᠶᠢᠵᠢ ᠰᠡᠩᠭᠡᠷᠳᠠᠨ ᠴᠡᠷᠢᠭ ᠤᠨ ᠭᠠᠪᠢᠶ᠎ᠠ ᠪᠠᠷ ᠤᠯᠤᠰ ᠲᠤᠷ ᠲᠤᠰᠠᠯᠠᠬᠤ ᠬᠦᠩ ᠡᠷᠭᠦᠮᠵᠢᠯᠡᠭᠳᠡᠵᠦ ᠪᠠᠭᠠᠷᠢᠨ ᠬᠤᠰᠢᠭᠤᠨ ᠤ ᠵᠠᠰᠠᠭ ᠤᠨ ᠦᠢᠯᠡ ᠳᠤᠷ ᠲᠤᠰᠠᠯᠠᠪᠠ᠃ ᠨᠠᠶᠢᠷᠠᠯᠳᠤ ᠲᠦᠪ ᠤᠨ ᠭᠤᠷᠪᠠᠳᠤᠭᠠᠷ ᠤᠨ ︵1725︶ ᠤ ᠠᠷᠪᠠᠨ ᠰᠠᠷ᠎ᠠ ᠶᠢᠨ ᠬᠠᠷ᠎ᠠ ᠯᠤᠤ ᠡᠳᠦᠷ ᠪᠠᠭᠠᠷᠢᠨ ᠤ ᠤᠯᠤᠰ ᠲᠤᠷ ᠲᠤᠰᠠᠯᠠᠬᠤ ᠬᠦᠩ ᠰᠡᠩᠭᠡᠷᠳᠠᠨ ᠲᠦᠷᠦ ᠳᠤ ᠤᠷᠤᠵᠤ ᠬᠠᠭᠠᠨ ᠤ ᠡᠵᠡᠨ ᠲᠦᠮᠡᠨ ᠨᠠᠰᠤᠯᠠᠬᠤ ᠶᠢ ᠢᠷᠦᠭᠡᠨ ᠪᠡᠯᠭᠡᠳᠡᠪᠡ᠃ ᠨᠠᠶᠢᠷᠠᠯᠳᠤ ᠲᠦᠪ ᠤᠨ ᠲᠠᠪᠤᠳᠤᠭᠠᠷ ᠤᠨ ︵1724︶ ᠤ ᠠᠷᠪᠠᠨ ᠨᠢᠭᠡᠳᠦᠭᠡᠷ ᠰᠠᠷ᠎ᠠ ᠶᠢᠨ ᠴᠠᠭᠠᠭᠴᠢᠨ ᠭᠠᠭ᠋ᠠᠢ ᠡᠳᠦᠷ ᠪᠠᠭᠠᠷᠢᠨ ᠤ ᠭᠠᠳᠠᠭᠠᠳᠤ ᠮᠤᠩᠭᠤᠯ ᠤᠨ ᠪᠠᠭᠠᠷᠢᠨ ᠤ ᠰᠡᠩᠭᠡᠷᠳᠠᠨ ᠵᠡᠷᠭᠡ ᠬᠦᠮᠦᠰ ᠲᠤ ᠡᠵᠡᠨ ᠤ ᠡᠮᠦᠨ᠎ᠡ ᠰᠢᠳᠠᠷ ᠶᠠᠪᠤᠬᠤᠢ ᠡᠷᠭᠦᠮᠵᠢᠯᠡᠵᠤ ᠬᠠᠭᠠᠨ ᠡᠵᠡᠨ ᠪᠡᠶᠡᠪᠡᠷ ᠢᠶᠠᠨ ᠠᠷᠢᠬᠢ ᠬᠠᠶᠢᠷᠠᠯᠠᠪᠠ᠃ ᠨᠠᠶᠢᠷᠠᠯᠳᠤ ᠲᠦᠪ ᠤᠨ ᠨᠠᠢᠮᠠᠳᠤᠭᠠᠷ ᠤᠨ ︵1730︶ ᠠᠷᠪᠠᠳᠤᠭᠠᠷ ᠰᠠᠷ᠎ᠠ ᠶᠢᠨ ᠴᠠᠭᠠᠨᠴᠢᠨ ᠲᠠᠤᠯᠠᠢ ᠡᠳᠦᠷ ᠪᠠᠭᠠᠷᠢᠨ ᠤ ᠤᠯᠤᠰ ᠲᠤᠷ ᠲᠤᠰᠠᠯᠠᠬᠤ ᠬᠦᠩ ᠰᠡᠩᠭᠡᠷᠳᠠᠨ ᠢ ᠵᠠᠰᠠᠭ ᠲᠦᠷᠦ ᠶᠢᠨ ᠵᠢᠶᠦ᠋ᠨ ᠸᠠᠩ ᠡᠷᠭᠦᠮᠵᠢᠯᠡᠵᠠᠢ᠃ ᠨᠠᠶᠢᠷᠠᠯᠳᠤ ᠲᠦᠪ ᠤᠨ ᠶᠢᠰᠦᠳᠤᠭᠡᠷ ᠤᠨ ︵1731︶ ᠤᠨ ᠠᠷᠪᠠᠨ ᠨᠢᠭᠡᠳᠦᠭᠡᠷ ᠰᠠᠷ᠎ᠠ ᠴᠠᠭᠠᠭᠴᠢᠨ ᠬᠤᠨᠢ ᠡᠳᠦᠷ ᠬᠦᠢ ᠬᠤᠸᠠ ᠬᠤᠳᠠ ᠶᠢᠨ ᠲᠦᠮᠡᠳ ᠴᠡᠷᠢᠭ ᠬᠢᠭᠡᠳ ᠰᠡᠩᠭᠡᠷᠳᠠᠨ ᠤ ᠴᠡᠷᠢᠭ ᠵᠢᠰ ᠪᠤᠯᠤᠩ ᠬᠡᠮᠡᠬᠦ ᠭᠠᠵᠠᠷ ᠪᠠᠭᠤᠳᠠᠯᠯᠠᠵᠤ᠂ ᠭᠠᠯᠳᠠᠨ ᠤ ᠴᠡᠷᠢᠭ ᠢ ᠲᠠᠶᠢᠯᠠᠬᠤ ᠠᠷᠭ᠎ᠠ ᠶᠢ  ᠵᠦᠪᠳᠡᠪᠡ  ᠃ ᠨᠠᠶᠢᠷᠠᠯᠳᠤ ᠲᠦᠪ ᠤᠨ ᠠᠷᠪᠠᠨ ᠨᠢᠭᠡᠳᠦᠭᠡᠷ ᠤᠨ ︵1733︶ ᠤ ᠬᠤᠶᠠᠳᠤᠭᠠᠷ ᠰᠠᠷ᠎ᠠ ᠳᠤ ᠰᠡᠩᠭᠡᠷᠳᠠᠨ᠂ ᠲᠠᠨᠵᠢᠨᠳᠤᠷᠵᠢ ᠨᠠᠷ ᠤᠨ ᠡᠷᠳᠡᠨᠢ ᠵᠤᠤ ᠭᠠᠵᠠᠷ ᠲᠠᠶᠢᠰᠤᠨ ᠢ ᠡᠪᠳᠡᠭᠰᠡᠨ ᠭᠠᠪᠢᠶ᠎ᠠ ᠶᠢ ᠲᠤᠭᠠᠴᠢᠨ ᠠᠯᠪᠠᠨ ᠴᠡᠷᠢᠭ ᠲᠤ ᠶᠢᠰᠦᠨ ᠲᠦᠮᠡ ᠶᠢᠰᠦᠨ ᠮᠢᠩᠭᠠᠨ ᠯᠠᠩ ᠴᠠᠭᠠᠨ ᠮᠦᠩᠬᠦ ᠱᠠᠩᠨᠠᠵᠠᠢ᠃ ᠨᠠᠢᠮᠠᠨ ᠰᠠᠷ᠎ᠠ ᠶᠢᠨ ᠬᠦᠭᠡᠭᠴᠢᠨ ᠮᠤᠭᠠᠢ ᠡᠳᠦᠷ ᠵᠦᠩᠭᠠᠷ ᠴᠡᠷᠢᠭ ᠦᠳᠡᠷ ᠭᠤᠤᠯ ᠣᠷᠴᠢᠮ ᠬᠦᠷᠴᠦ ᠢᠷᠡᠭᠰᠡᠨ ᠢ ᠲᠤᠷᠰᠢᠵᠤ ᠤᠯᠤᠭᠠᠳ ᠰᠡᠩᠭᠡᠷᠳᠠᠨ ᠸᠠᠩ᠂ ᠯᠤᠪᠰᠠᠩ ᠬᠦᠩ ᠲᠠᠨ ᠢ ᠵᠠᠷᠯᠢᠭᠳᠠᠨ ᠴᠡᠷᠢᠭ ᠤᠳᠤᠷᠢᠳᠤᠨ ᠡᠷᠳᠡᠨᠢ ᠵᠤᠤ ᠤᠷᠤᠨ ᠳᠤ ᠬᠦᠷᠴᠠᠢ᠃ ᠨᠠᠢᠮᠠᠨ ᠰᠠᠷ᠎ᠠ  ᠳᠤ ᠲᠦᠮᠡ ᠨᠠᠢᠮᠠᠨ ᠮᠢᠩᠭ᠎ᠠ ᠮᠤᠩᠭᠤᠯ ᠴᠡᠷᠢᠭ ᠢᠶᠠᠷ ᠲᠤᠰᠤᠭᠤᠯᠠᠨ ᠴᠤᠬᠢᠭᠤᠯᠵᠠᠢ᠃ ᠬᠠᠷ᠎ᠠ ᠪᠡᠴᠢᠨ ᠡᠳᠦᠷ ᠰᠡᠩᠭᠡᠷᠳᠠᠨ᠂ ᠯᠤᠪᠰᠠᠩ ᠵᠡᠷᠭᠡ ᠴᠡᠷᠢᠭ ᠲᠠᠭᠠᠭᠤᠯᠤᠨ ᠡᠷᠳᠡᠨᠢ ᠵᠤᠤ ᠤᠷᠤᠨ ᠳᠤ ᠬᠦᠷᠴᠦ ᠨᠠᠢᠮᠠᠨ ᠰᠠᠷ᠎ᠠ ᠶᠢᠨ ᠲᠠᠪᠤᠨ ᠳᠤ ᠠᠷᠪᠠᠨᠳᠠ ᠲᠠᠭᠠᠷᠢᠨ ᠨᠠᠷᠠᠨ ᠰᠢᠩᠭᠭᠡᠬᠦ ᠦᠶᠡᠰ ᠶᠡᠭᠡ ᠠᠭᠤᠯᠠᠨ ᠤ ᠬᠠᠪᠴᠢᠯ ᠳᠤ ᠨᠡᠭᠡᠮᠵᠢᠯᠡᠵᠤ ᠲᠦᠮᠡ ᠢᠯᠡᠬᠦᠦ ᠬᠦᠮᠦᠨ ᠢ ᠠᠯᠠᠵᠤ ᠬᠡᠭᠦᠷ ᠶᠠᠰᠤᠨ ᠠᠭᠤᠯᠠ ᠲᠠᠯ᠎ᠠ ᠶᠢ ᠪᠦᠷᠬᠦᠨ᠂ ᠭᠤᠤᠯ ᠤᠰᠤᠨ ᠤᠯᠠᠭᠠᠨ ᠢᠶᠠᠷ ᠤᠷᠤᠰᠴᠠᠢ᠃ ᠭᠠᠯᠳᠠᠨ ᠤ ᠴᠡᠷᠢᠭ ᠰᠢᠷᠬ᠎ᠠ ᠤᠯᠵᠤ ᠲᠤᠳᠠᠭᠠᠨ ᠶᠠᠪᠤᠭᠰᠠᠨ ᠪᠠᠰᠠᠴᠦ ᠤᠯᠠᠨ᠃ ᠤᠯᠵᠠᠯᠠᠭᠰᠠᠨ ᠵᠠᠷ ᠵᠡᠪᠰᠡᠭ᠂ ᠮᠤᠷᠢ ᠲᠡᠮᠡᠭᠡ ᠶᠢ ᠲᠤᠭᠠᠯᠠᠪᠠᠰᠤ ᠪᠠᠷᠠᠬᠤ ᠦᠭᠡᠢ᠃ ᠵᠦᠩᠭᠠᠷ ᠴᠡᠷᠢᠭ ᠡᠷᠭᠦᠨ᠎ᠡ ᠭᠤᠤᠯ ᠤᠨ ᠲᠡᠭᠡᠳᠦ ᠤᠷᠤᠰᠬᠠᠯ ᠵᠦᠭ ᠪᠤᠷᠤᠭᠤᠯᠠᠵᠠᠢ᠃ ᠶᠢᠰᠦᠨ ᠰᠠᠷ᠎ᠠ ᠶᠢᠨ ᠬᠦᠭᠡᠭᠴᠢᠨ ᠲᠠᠬᠢᠶ᠎ᠠ ᠡᠳᠦᠷ ᠰᠡᠩᠭᠡᠷᠳᠠᠨ ᠪᠠᠭᠠᠳᠤᠷ ᠴᠤᠯᠠ ᠬᠦᠷᠳᠡᠵᠦ ᠵᠡᠷᠭᠡ ᠬᠡᠷᠭᠡᠮ ᠨᠡᠮᠡᠭᠳᠡᠵᠠᠢ᠃ ᠨᠠᠶᠢᠷᠠᠯᠳᠤ ᠲᠦᠪ ᠤᠨ ᠠᠷᠪᠠᠨ ᠨᠢᠭᠡᠨ ᠤᠨ ︵1733︶ ᠤᠨ ᠤ 2 ᠰᠠᠷ᠎ᠠ ᠶᠢᠨ ᠰᠢᠷ᠎ᠠ ᠬᠤᠯᠤᠭᠠᠨ᠎ᠠ ᠡᠳᠦᠷ ᠰᠡᠩᠭᠡᠷᠳᠠᠨ᠂ ᠲᠠᠨᠵᠢᠨᠳᠤᠷᠵᠢ ᠵᠡᠷᠭᠡ ᠬᠦᠮᠦᠨ ᠳᠤ ᠡᠷᠳᠡᠨᠢ ᠵᠤᠤ ᠳᠤ ᠲᠠᠶᠢᠰᠤᠨ ᠢ ᠡᠪᠳᠡᠭᠰᠡᠨ ᠭᠠᠪᠢᠶ᠎ᠠ ᠪᠠᠷ ᠲᠤᠰ ᠲᠤᠰ ᠶᠢᠰᠦᠨ ᠲᠦᠮᠡ ᠶᠢᠰᠦᠨ ᠮᠢᠩᠭᠠᠨ ᠯᠠᠩ ᠴᠠᠭᠠᠨ ᠮᠦᠩᠬᠦ ᠪᠠᠷ ᠱᠠᠩᠨᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号