ᠤ᠂ ᠰᠡᠴᠡᠨᠪᠠᠭᠠᠳᠤᠷ ᠤᠨ ᠤᠷᠠᠨ ᠵᠤᠬᠢᠶᠠᠯ ᠤᠨ ᠵᠤᠭᠤᠭ ᠪᠡ ᠲᠡᠬᠦᠨ ᠤ ᠲᠤᠭᠤᠵᠢᠰ ᠤᠨ ᠲᠤᠬᠠᠢ
ᠨᠡᠶᠢᠲᠡᠯᠡᠭᠰᠡᠨ ᠴᠠᠭ᠄
2020/7/8
                                      ᠲ᠊᠂ ᠡᠷᠳᠡᠨᠢᠪᠠᠭᠠᠨ᠎ᠠ          ᠵᠤᠤ ᠤᠳᠠ ᠨᠤᠳᠤᠭ ᠤᠰᠤᠨ ᠤ ᠤᠷᠠᠨ ᠵᠤᠬᠢᠶᠠᠯ ︽ ᠭᠠᠷᠠᠭ ᠤᠨ ᠵᠤᠭᠤᠭ︾ 2020 ᠤᠨ ᠤ 02 ᠰᠷ᠎ᠠ ᠶᠢᠨ 22   ᠤ ᠡᠳᠦᠷ  ᠤᠨ14 ᠴᠠᠭ ᠲᠤ ᠪᠤᠯᠵᠤᠭ᠎ᠠ ᠶᠤᠰᠤᠭᠠᠷ ᠡᠬᠢᠯᠡᠵᠤ᠂ ᠰᠠᠶᠢᠬᠠᠨ ᠵᠤᠭᠤᠭ ᠲᠡᠯᠬᠡᠭᠰᠡᠨ ᠳᠤ ᠪᠠᠶᠠᠷ ᠬᠦᠷᠬᠡᠶ᠎ᠡ︔ ᠵᠤᠭᠤᠭ  ᠢ ᠬᠦᠯᠢᠶᠡᠨ ᠠᠪᠴᠤ ᠰᠤᠨᠢᠷᠬᠠᠵᠤ ᠪᠠᠶᠢᠭ᠎ᠠ ᠤᠷᠠᠨ ᠵᠤᠬᠢᠶᠠᠯ ᠤᠨ ᠲᠤᠷ᠎ᠠ ᠪᠠᠭ᠋ᠠᠳᠠᠳ ᠠᠬᠠᠰ ᠵᠠᠬᠠᠰ ᠡᠷᠳᠡᠮᠳᠡᠨ ᠲᠤᠮᠤᠭᠠᠳᠠᠨ ᠵᠢᠴᠢ ᠲᠤᠰ ᠤᠳᠠᠭᠠᠨ ᠤ ᠵᠤᠭᠤᠭ ᠢ ᠡᠷᠬᠢᠯᠡᠭᠴᠢ ᠶ᠊᠂ ᠪᠠᠳᠤᠳᠠᠯᠠᠢ᠂ ᠬᠦᠳᠤᠯᠦᠭᠴᠢ  ᠪᠠ᠊᠂ ᠤᠷᠳᠤᠨᠠᠰᠤᠳᠤ ᠪᠡ ᠵᠤᠭᠤᠭ ᠲᠡᠯᠬᠡᠭᠴᠢ ᠤ᠂ ᠰᠡᠴᠡᠨᠪᠠᠭᠠᠳᠤᠷ ᠵᠡᠷᠬᠡ ᠪᠦᠬᠦ ᠨᠦᠬᠦᠳ ᠰᠠᠶᠢᠨ ᠪᠠᠶᠢᠨ᠎ᠠ ᠤᠤ︖           ᠪᠢ ᠵᠤᠤ ᠤᠳᠠ ᠨᠤᠳᠤᠭ ᠤᠰᠤᠨ ᠤ  ᠤᠷᠠᠨ ᠵᠤᠬᠢᠶᠠᠯ ᠤᠨ ᠵᠤᠬᠢᠶᠠᠨ ᠪᠠᠶᠢᠭᠤᠯᠬᠤ ᠺᠤᠮᠢᠰ ᠤᠨ ᠨᠠᠶᠢᠳᠠᠯᠭ᠎ᠠ ᠪᠠᠷ ᠤ᠂ ᠰᠠᠴᠡᠨᠪᠠᠭᠠᠳᠤᠷ ᠭᠤᠸᠠᠢ ᠶᠢᠨ ᠦᠪᠡᠷ ᠤᠨ ᠵᠤᠬᠢᠶᠠᠨ ᠪᠦᠳᠤᠬᠡᠯ ᠤᠨ ᠢᠶᠠᠨ ᠲᠤᠬᠠᠢ ᠴᠢᠯᠦᠬᠡᠳᠦ ᠵᠤᠭᠤᠭ ᠤᠨ ᠲᠤᠭᠤᠷᠢᠨ ᠳᠤ᠂ ᠲᠡᠬᠦᠨ ᠤ  ︽ᠲᠡᠷᠨ ᠬᠠᠪᠤᠷ ᠤᠨ ᠢᠷᠭᠤᠢ︾ ᠦᠬᠦᠯᠡᠯᠬᠡ ᠶᠢᠨ ᠲᠡᠬᠦᠪᠤᠷᠢ ᠶᠢᠨ ᠲᠤᠬᠠᠢ ᠲᠤᠪᠴᠢ ᠨᠦᠬᠦᠪᠤᠷᠢᠯᠡᠨ ᠰᠢᠬᠦᠮᠵᠢᠯᠡᠬᠦ   ᠪᠠᠷ ᠪᠤᠯᠤᠯ᠎ᠠ︔ ᠤᠷᠠᠨ ᠵᠤᠬᠢᠶᠠᠯ ᠤᠨ ᠵᠤᠭᠤᠭ ᠰᠤᠨᠢᠷᠬᠠᠭᠴᠢᠳ ᠮᠡᠨᠢ  ᠤᠬᠠᠭᠠᠨ ᠳᠤ ᠪᠠᠨ ᠲᠤᠩᠭᠠᠵᠤ ᠤᠨᠤᠰᠢ ᠠᠯᠳᠠᠰᠢ ᠶᠢ ᠨᠢ ᠵᠠᠰᠠᠮᠵᠢᠯᠠᠬᠤ ᠪᠤᠯᠪᠠᠤ︖                 ᠨᠢᠬᠡ᠂ ᠵᠤᠬᠢᠶᠠᠭᠴᠢ ᠶᠢᠨ ᠲᠤᠬᠠᠢ        ᠤ᠂ ᠰᠡᠴᠡᠨᠪᠠᠭᠠᠳᠤᠷ ᠭᠤᠸᠠᠢ ᠪᠤᠯ ᠤᠤᠯ ᠤᠨ ᠵᠤᠤ ᠤᠳᠠ ᠠᠶᠢᠮᠠᠭ ᠤᠨ ᠬᠡᠰᠢᠭᠳᠡᠨ ᠬᠤᠰᠢᠭᠤᠨ ᠤ ᠪᠠᠷᠠᠭᠤᠨ ᠠᠷᠤ ᠨᠤᠳᠤᠭ ᠤᠨ ᠲᠠᠪᠤᠨ ᠦᠬᠡᠷᠳᠦ ᠶᠢᠨ ᠮᠠᠯᠴᠢᠨ ᠤᠷᠳᠤᠨᠠᠰᠤᠨ ᠭᠠᠷᠪᠤ  ᠶᠢᠨ ᠬᠡᠷ ᠲᠤ᠂1951 ᠤᠨ ᠳᠤ ᠵᠠᠶᠠᠭᠠᠵᠠᠢ︔ ᠨᠤᠳᠤᠭ ᠤᠨ ᠰᠢᠷᠤᠢ ᠵᠤᠯᠠᠶᠢᠳᠠᠭᠰᠡᠨ ᠠᠬ᠎ᠠ ᠲᠡᠬᠦᠤ  ᠬᠤᠶᠠᠭᠤᠯᠠᠨ ᠤᠷᠠᠨ ᠪᠦᠳᠤᠬᠡᠯᠴᠢ᠂ ᠠᠬ᠎ᠠ ᠨᠢ ᠴᠤᠭᠵᠢᠯᠳᠤ ᠬᠦᠭᠵᠢᠮ ᠤᠨ ᠵᠤᠬᠢᠶᠠᠯᠴᠢ᠂ ᠲᠡᠬᠦᠤ ᠨᠢ ᠤ᠂ ᠰᠡᠴᠡᠨᠪᠠᠭᠠᠳᠤᠷ ᠭᠤᠸᠠᠢ ᠲᠤᠭᠤᠵᠢᠰ ᠤᠨ ᠵᠦᠬᠢᠶᠠᠯᠴᠢ ᠶᠤᠮᠰᠠᠨ︔ ᠲᠡᠷᠨ ᠪᠠᠷ ᠤᠯᠠᠭᠠᠨᠬᠠᠳᠠ ᠲᠡᠬᠡᠳᠦ ᠰᠤᠷᠭᠠᠭᠤᠯᠢ ᠶᠢᠨ ᠤᠷᠢᠳᠠᠬᠢ ᠵᠤᠤ ᠤᠳᠠ ᠶᠢᠨ ᠮᠤᠩᠭᠤᠯ ᠦᠨᠳᠤᠰᠤᠳᠡᠨ ᠤ ᠪᠠᠭᠰᠢ ᠶᠢᠨ ᠲᠤᠰᠬᠠᠢ ᠮᠡᠷᠬᠡᠵᠢᠯ ᠤᠨ ᠰᠤᠷᠭᠠᠭᠤᠯᠢ ᠳᠤ ᠰᠤᠷᠤᠯᠴᠠᠵᠤ ᠪᠠᠶᠢᠭ᠎ᠠ ᠦᠶ᠎ᠡ ᠠᠴᠠ ᠪᠠᠨ ᠡᠬᠢᠯᠡᠬᠡᠳ ᠤᠯᠠᠨ ᠵᠢᠯ ᠤᠨ ᠲᠤᠷᠰᠢ ᠠᠵᠢᠯ ᠤᠨ ᠴᠢᠯᠦᠬᠡᠨ ᠤ ᠤᠷᠠᠨ ᠵᠤᠬᠢᠶᠠᠯ ᠤᠷᠤᠯᠳᠤᠵᠤ᠂ ᠦᠬᠦᠯᠡᠯᠬᠡ᠂ ᠨᠠᠶᠢᠷᠠᠭᠤᠯᠤᠯ᠂ ᠱᠤᠭ ᠶᠠᠷᠢᠶ᠎ᠠ᠂ ᠲᠠᠭᠤᠤ ᠶᠢᠨ ᠦᠬᠡ᠂ ᠦᠬᠦᠯᠡᠯ᠂ ᠮᠡᠳᠡᠬᠡᠯᠡᠯ ᠤᠨ ᠤᠷᠠᠨ ᠵᠤᠬᠢᠶᠠᠯ᠂  ᠠᠷᠳ ᠤᠨ ᠠᠮᠠᠨ ᠦᠯᠢᠬᠡᠷ  ᠤᠨ ᠡᠮᠬᠢᠳᠬᠡᠯ ᠵᠡᠷᠬᠡ ᠪᠠᠨ ᠤᠷᠤᠨ ᠪᠠ ᠠᠶᠢᠮᠠᠭ ᠤᠨ ᠰᠤᠨᠢᠨ ᠰᠡᠳᠬᠦᠯ᠂ ᠷᠠᠳᠢᠤ᠋ ᠲᠧᠯᠸᠢᠰ ᠲᠡᠬᠡᠷ᠎ᠡ ᠨᠡᠶᠢᠳᠡᠯᠡᠵᠤ ᠢᠷᠡᠵᠡᠢ︔ ᠦᠬᠦᠯᠡᠯᠬᠡ ᠶᠢᠨ ᠲᠡᠬᠦᠪᠤᠷᠢ ︽ᠲᠡᠷᠨ ᠬᠠᠪᠤᠷ ᠤᠨ ᠢᠷᠭᠤᠢ︾᠂ ︽ᠬᠡᠰᠢᠭᠳᠡᠨ ᠠᠷᠠᠳ ᠤᠨ ᠠᠮᠠᠨ ᠵᠤᠬᠢᠶᠠᠯ︾᠂ ᠲᠤᠭᠤᠵᠢ ᠦᠬᠦᠯᠡᠯᠬᠡ ᠶᠢᠨ ᠲᠡᠬᠦᠪᠤᠷᠢ ︽ᠴᠦᠩᠬᠦ ᠶᠢᠨ ᠨᠠᠮᠤᠷ︾᠂ ︽ᠬᠠᠯᠴᠠᠭᠠᠢ ᠬᠤᠯᠠᠭᠠᠶᠢᠴᠢ ᠶᠢᠨ ᠦᠯᠢᠬᠡᠷ︾᠂ ︽ᠬᠡᠰᠢᠭᠳᠡᠨ ᠬᠤᠰᠢᠭᠤᠨ ᠤ ᠠᠮᠠᠨ ᠦᠯᠢᠬᠡᠷ︾ ᠵᠡᠷᠬᠡ ᠪᠦᠳᠤᠬᠡᠯ  ᠲᠠᠢ︔ ᠵᠠᠷᠢᠮ ᠵᠤᠬᠢᠶᠠᠯ ᠪᠦᠳᠤᠬᠡᠯ ᠨᠢ ᠶᠠᠫᠤᠨ ᠬᠡᠯᠡᠨ ᠳᠤ ᠤᠷᠴᠢᠭᠤᠯᠤᠭᠳᠠᠪᠠ︔ ᠤ᠂ ᠰᠡᠴᠡᠨᠪᠠᠭᠠᠳᠤᠷ ᠭᠤᠸᠠᠢ᠂ ᠨᠤᠳᠤᠭ ᠤᠰᠤᠨ ᠤ ᠰᠤᠶᠤᠯ ᠲᠡᠤᠬᠡ  ᠤᠷᠠᠨ ᠵᠤᠬᠢᠶᠠᠯ ᠤᠨ ᠰᠡᠳᠬᠦᠯ ︽ᠬᠦᠩᠬᠡᠷ ᠤᠨ ᠲᠠᠯ᠎ᠠ︾ ᠶᠢ ᠡᠬᠦᠰᠬᠡᠨ ᠪᠠᠶᠢᠭᠤᠯᠤᠭᠰᠡᠨ ᠶᠤᠮ︔ ᠲᠡᠷᠨ ᠪᠠᠷ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠤᠨ ᠬᠡᠰᠢᠬᠦᠨ᠂ ᠦᠪᠤᠷ ᠮᠤᠩᠭᠤᠯ ᠤᠨ ᠵᠤᠬᠢᠶᠠᠯᠴᠢᠳ ᠤᠨ ᠨᠡᠶᠢᠬᠡᠮᠯᠢᠭ ᠤᠨ ᠬᠡᠰᠢᠬᠦᠨ᠂ ᠬᠡᠰᠢᠭᠳᠡᠨ ᠬᠤᠰᠢᠭᠤᠨ ᠤ ︽ᠷᠤᠯᠭᠠᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ ᠤᠨ ᠤᠤᠯ ᠤᠨ ᠲᠡᠷᠢᠬᠦᠯᠡᠭᠴᠢ ᠪᠠᠶᠢᠪᠠ︔                      ᠬᠤᠶᠠᠷ᠂ ︽ᠲᠡᠷᠨ ᠬᠠᠪᠤᠷ ᠤᠨ ᠢᠷᠭᠤᠢ︾ ᠦᠬᠦᠯᠡᠯᠬᠡ ᠶᠢᠨ ᠲᠡᠬᠦᠪᠤᠷᠢ ᠶᠢᠨ ᠬᠡᠳᠦᠨ ᠤᠨᠴᠠᠯᠢᠭ          ᠤ᠂ ᠰᠡᠴᠡᠨᠪᠠᠭᠠᠳᠤᠷ ᠭᠤᠸᠠᠢ ᠤᠷᠠᠨ ᠵᠤᠬᠢᠶᠠᠯ ᠤᠨ ᠲᠤᠬᠠᠢ ᠵᠤᠭᠤᠭ  ᠢᠶᠠᠨ ᠲᠤᠪᠴᠢ ᠲᠤᠳᠤᠷᠬᠠᠢ ᠤᠶᠢᠯᠠᠭᠠᠮᠵᠢᠳᠠᠢ ᠶᠠᠷᠢᠯ᠎ᠠ︔ ᠲᠤᠤᠷ᠎ᠠ ᠪᠢ ᠤ᠂ ᠰᠡᠴᠡᠨᠪᠠᠭᠠᠳᠤᠷ ᠭᠤᠸᠠᠢ ᠶᠢᠨ ︽ᠲᠠᠷᠨ ᠬᠠᠪᠤᠷ ᠤᠨ ᠢᠷᠭᠤᠢ︾ ᠦᠬᠦᠯᠡᠯᠬᠡ ᠶᠢᠨ ᠲᠡᠬᠦᠪᠤᠷᠢ ᠶᠢᠨ ᠬᠡᠳᠦᠨ  ᠤᠨᠴᠠᠯᠢᠭ ᠰᠢᠨᠵᠢ ᠶᠢ ᠡᠷᠬᠢᠴᠡᠬᠦᠯᠦᠨ ᠰᠠᠨᠠᠭᠠᠯᠵᠠᠵᠤ  ᠂ ᠲᠤᠪᠴᠢᠬᠠᠨ ᠨᠦᠬᠦᠵᠤ ᠲᠠᠪᠳᠠᠨ ᠶᠠᠷᠢᠬᠤ ᠪᠠᠷ ᠪᠤᠢ︔          ᠡᠩ ᠲᠡᠷᠢᠬᠦᠨ ᠳᠤ᠂  ᠤᠳᠬ᠎ᠠ ᠰᠡᠳᠤᠪ ᠤᠨ ᠲᠤᠬᠠᠢ︔ ᠲᠤᠰ ᠲᠡᠬᠦᠪᠤᠷᠢ ᠳᠤ ᠤ᠂ ᠰᠡᠴᠡᠨᠪᠠᠭᠠᠳᠤᠷ ᠤᠨ23 ᠦᠬᠦᠯᠡᠯᠬᠡ ᠰᠢᠯᠦᠭᠳᠡᠨ ᠤᠷᠤᠭᠰᠡᠨ ᠪᠠᠶᠢᠳᠠᠭ︔ ᠤᠳᠬ᠎ᠠ ᠰᠡᠳᠤᠪ ᠤᠨ ᠬᠤᠪᠢ ᠳᠤ ᠭᠤᠤᠯᠳᠠᠭᠤ ︽ᠰᠢᠷᠬ᠎ᠠ ᠰᠤᠷᠪᠢ︾ ᠶᠢᠨ ᠰᠡᠳᠤᠪ᠂ ᠦᠬᠡᠷᠡᠴᠢᠯᠡᠯᠳᠡ ᠶᠢᠨ ᠰᠡᠳᠤᠪ᠂ ᠰᠡᠬᠦᠯᠴᠢ  ︵ᠬᠤᠵᠢᠭᠤ︶ ᠤᠳᠤᠬᠢᠴᠢ ᠦᠵᠡᠯ ᠤᠨ ᠰᠡᠳᠤᠪ ᠤᠳ ᠲᠤᠰᠬᠠᠭᠳᠠᠭᠰᠡᠨ ᠪᠤᠢ︔ ᠲᠤᠬᠠᠶᠢᠯᠠᠪᠠᠯ᠄         ︽ᠰᠢᠷᠬ᠎ᠠ ᠰᠤᠷᠪᠢ︾ ᠵᠢᠨ‌‍ᠰᠡᠳᠤᠪ ᠲᠠᠢ ᠦᠬᠦᠯᠡᠯᠡᠭᠡ ᠠᠴᠠ ᠨᠢ  ᠲᠤᠷᠠᠳᠪᠠᠯ᠂ ︽ᠲᠡᠷᠨ ᠬᠠᠪᠤᠷ ᠤᠨ ᠢᠷᠭᠤᠢ︾ ᠳᠤ  ᠂ ᠵᠤᠬᠢᠶᠠᠯ ᠳᠠᠬᠢ ︽ᠪᠢ︾ ᠴᠠᠰᠤ ᠵᠤᠳ ᠲᠤ ᠬᠠᠷᠢ ᠤᠯᠤᠰ ᠲᠤ ᠠᠪᠤᠷᠠᠭᠳᠠᠭᠰᠡᠨ ᠪᠠᠶᠢᠳᠠᠯ᠎ᠠ ᠬᠠᠷᠢᠵᠤ ᠢᠷᠡᠮᠡᠭᠴᠡ ᠬᠤᠤᠷᠯᠠᠭᠳᠠᠵᠤ᠂ ᠲᠠᠯ᠎ᠠ ᠨᠤᠳᠤᠭ ᠤᠨ ︽ᠪᠠᠭᠠᠳᠤᠷ︾ ᠪᠤᠯᠤᠭᠰᠡᠨ ᠦᠬᠡᠢ ︽ᠴᠢᠳᠬᠦᠷ︾ ᠪᠤᠯᠵᠤ ᠱᠤᠷᠤᠩ ᠳᠤ ᠬᠤᠷᠢᠭᠳᠠᠭᠠᠳ ᠬᠤᠵᠢᠮ ᠨᠢ ᠰᠠᠶ᠋ᠢ ᠴᠠᠭᠠᠳᠬᠠᠭᠳᠠᠭᠰᠡᠨ︔ ᠦᠬᠦᠯᠡᠯᠬᠡ ︽ᠡᠳᠡᠬᠡᠷᠡᠰᠢ ᠦᠬᠡᠢ ᠮᠤᠬᠤᠷ ᠤᠯᠤᠭᠠᠢ ᠶᠢᠨ ᠦᠷᠪᠢᠰᠤᠯ︾ ᠳᠤ ᠬᠠᠳᠠᠩᠬᠢᠷ ᠬᠠᠷ᠎ᠠ ᠶᠢᠨ ︽ᠰᠧᠯᠢᠩ︾ ᠪᠤᠯᠤᠭᠰᠡᠨ ᠪᠡ ︽ᠱᠦᠵᠢ︾ ᠪᠤᠯᠵᠤ ᠡᠴᠤᠰ ᠲᠡᠭᠡᠨ ᠲᠤᠤᠷᠠᠳᠤ ︽ᠱᠠᠯᠪᠠᠭ︾ ᠲᠤ ᠬᠦᠯ ᠠᠯᠳᠠᠭᠰᠡᠨ ᠪᠠᠶᠢᠪᠠ︔ ᠡᠳᠡᠬᠡᠷ ᠦᠬᠦᠯᠡᠯᠬᠡ ᠨᠦᠭᠦᠳ ᠪᠤᠯ ᠪᠦᠷ ᠲᠤᠬᠠᠢ ᠶᠢᠨ ᠨᠡᠶᠢᠬᠡᠮ ᠤᠨ ︽ᠬᠡᠳᠦ ᠵᠡᠬᠦᠨ︾ ᠤ ᠰᠢᠷᠬ᠎ᠠ ᠰᠤᠷᠪᠢ ᠶᠢ ᠬᠦᠨᠳᠡᠭᠰᠡᠨ ᠤᠳᠬ᠎ᠠ ᠰᠡᠳᠤᠪ   ᠲᠠᠢ᠂ ᠬᠦᠮᠦᠨ ᠵᠤᠨ ᠤ ᠰᠠᠶᠢᠨ ᠰᠠᠶᠢᠬᠠᠨ ᠢ  ᠬᠦᠰᠡᠵᠤ ᠡᠷᠡᠮᠡᠯᠵᠡᠭᠰᠡᠨ  ᠦᠵᠡᠯ ᠰᠠᠨᠠᠭ᠎ᠠ ᠨᠢ ᠡᠷᠡᠬᠦᠯ ᠰᠠᠷᠠᠭᠤᠯ ᠵᠦᠪ ᠠᠸ᠋ᠷᠬᠢ ᠶᠢ ᠬᠠᠩᠭᠠᠭᠰᠡᠨ ᠦᠬᠦᠯᠡᠯᠬᠡ ᠤᠳ ᠪᠤᠯᠬᠤ ᠶᠤᠮ︔         ︽ᠦᠬᠡᠷᠡᠴᠢᠯᠡᠯᠳᠡ ᠶᠢᠨ ᠰᠡᠳᠤᠪ︾ ᠲᠠᠢ ᠦᠬᠦᠯᠡᠯᠬᠡ ᠠᠴᠠ ᠨᠢ ᠲᠤᠷᠠᠳᠪᠠᠯ᠂ ︽ᠴᠢᠰᠤ ᠰᠢᠩᠬᠡᠭᠰᠡᠨ ᠬᠠᠪᠳᠠᠭ᠎ᠠ︾ ᠳᠤ ᠰᠠᠷᠠᠩᠬᠡᠷᠡᠯ ᠬᠡᠤᠬᠡᠨ ᠤ ᠬᠤᠪᠴᠠᠰᠤᠨ ᠬᠤᠳᠤᠯᠳᠤᠭᠠᠴᠢᠨ ᠳᠤ ᠮᠡᠬᠡᠯᠡᠭᠳᠡᠵᠤ ︽ᠶᠠᠩᠬᠠᠨ ︾ ᠳᠤ ᠬᠤᠳᠠᠯᠳᠤᠭᠳᠠᠭᠰᠡᠨ ᠭᠤᠨᠢᠭᠳᠤ ᠦᠯᠢᠬᠡᠷ ᠢ ᠪᠢᠴᠢᠵᠤ᠂ ᠬᠦᠮᠦᠨ ᠢ ᠮᠡᠬᠡᠯᠡᠬᠦ ᠫᠠᠨᠽᠢᠯᠠᠭᠴᠢᠳ ᠲᠤ ᠴᠢᠩᠭ᠎ᠠ ᠴᠤᠬᠢᠯᠳᠠ ᠦᠭᠬᠦ ᠬᠡᠷᠭᠳᠡᠢ ᠬᠡᠰᠡᠨ ᠤᠳᠬ᠎ᠠ ᠰᠡᠳᠤᠪ  ᠲᠡᠪᠰᠢᠬᠦᠯᠦᠭᠳᠡᠵᠡᠢ︔ ᠤ᠂  ᠰᠡᠴᠡᠨᠪᠠᠭᠠᠳᠤᠷ ᠭᠤᠸᠠᠢ ᠲᠤᠰ ᠵᠤᠬᠢᠶᠠᠯ ᠤᠨ ᠲᠤᠬᠠᠢ ᠶᠠᠷᠢᠬᠤ ᠳᠠᠭᠠᠨ᠂ ᠨᠡᠶᠢᠬᠡᠮ ᠲᠡᠬᠡᠷᠡᠬᠢ ᠡᠶᠢᠮᠦᠷᠬᠦ ᠬᠡᠷᠡᠭ ᠵᠠᠪᠤᠳᠠᠯ ᠭᠠᠷᠤᠭᠰᠡᠨ ᠢ ᠰᠤᠨᠤᠰᠤᠭᠠᠳ ᠬᠤᠷᠴᠠ ᠰᠡᠷᠡᠭᠳᠡᠯ ᠤᠯᠵᠤ᠂ ︽ᠴᠢᠰᠤ ᠰᠢᠩᠬᠡᠭᠰᠡᠨ ᠬᠠᠪᠳᠠᠭ᠎ᠠ︾ ᠬᠡᠬᠦ ᠦᠬᠦᠯᠡᠯᠬᠡ ᠪᠠᠨ ᠪᠢᠴᠢᠯ᠎ᠡ ᠬᠡᠳᠡᠭ︔ ︽ᠠᠮᠠᠭᠠᠢ ᠠᠯᠳᠠᠬᠤ ᠠᠭᠠᠬᠢᠮ᠎ᠠ ᠨᠠᠰᠤ︾ ᠳᠤ᠂ ᠰᠤᠭᠳᠤᠭᠤ ᠪᠠᠳᠠᠷᠠᠯ ᠤᠨ ᠱᠠᠬᠠᠢ ᠨᠦᠬᠦᠭᠴᠢ ᠪᠦᠰᠡᠬᠦᠢ ᠳᠤ ᠮᠡᠬᠡᠯᠡᠭᠳᠡᠭᠰᠡᠨ ᠢ ᠪᠢᠴᠢᠵᠤ᠂ ᠦᠬᠡᠷᠡᠴᠢᠯᠡᠯᠡᠳᠡ ᠶᠢᠨ ᠡᠷᠡᠨ ᠳᠤ ᠪᠠᠰᠠ ᠡᠯᠳᠡᠪ ᠵᠦᠢᠯ ᠤᠨ ︽ᠮᠡᠬᠡᠯᠡᠭᠴᠢ︾ ᠪᠤᠢ ᠬᠡᠬᠦ ᠰᠡᠷᠡᠮᠵᠢ ᠶᠢᠨ ᠬᠤᠩᠬᠤ ᠶᠢ  ᠴᠤᠬᠢᠭᠰᠡᠨ ᠨᠢ ᠤᠳᠤ ᠴᠤ ᠬᠡᠰᠡᠨ ᠴᠠᠬᠢᠯᠠᠭᠠᠨ ᠬᠤᠯᠪᠤᠭ᠎ᠠ ᠪᠠᠷ ᠵᠤᠭᠤᠰ ᠮᠡᠬᠡᠯᠡᠬᠦ ᠶᠢ ᠰᠡᠷᠬᠡᠶᠢᠯᠡᠬᠦ ᠳᠤ ᠠᠬᠤᠶᠢᠴᠢ ᠠᠴᠢ ᠬᠤᠯᠪᠤᠭᠳᠠᠯ ᠲᠠᠢ ᠪᠠᠶᠢᠭᠰᠠᠭᠠᠷ ᠶᠤᠮ︔        ︽ᠰᠡᠬᠦᠯᠴᠢ ︵ᠬᠤᠵᠢᠭᠤ︶ ᠤᠳᠤᠬᠢᠴᠢ ᠦᠵᠡᠯ︾ ᠤᠨ ᠰᠡᠳᠤᠪ ᠲᠠᠢ ᠦᠬᠦᠯᠡᠯᠡᠭᠡ ᠠᠴᠠ ᠨᠢ ᠲᠤᠷᠠᠳᠪᠠᠯ᠂  ᠬᠢᠯᠪᠡᠬᠡᠨ ᠦᠬᠦᠯᠡᠯᠬᠡ ︽ ᠰᠤᠴᠢᠯᠳᠡ︾ ᠳᠤ ᠨᠢᠬᠡ ᠡᠷᠡᠨ ᠤ ᠲᠦᠬᠦᠮ ᠬᠤᠭᠤᠯᠠᠨ ᠳᠤ ᠭᠤᠴᠢᠨ ᠲᠦᠬᠦᠷᠢᠭ ᠵᠠᠷᠤᠭᠰᠡᠨ ᠳᠠᠭᠠᠨ ᠰᠤᠴᠢᠭᠰᠡᠨ ᠢ ᠪᠢᠴᠢᠬᠦ ᠪᠠᠷ ᠲᠠᠮᠵᠢᠭᠤᠯᠵᠤ᠂ ᠪᠠᠷᠠᠭᠠᠨ ᠤ ᠦᠨ᠎ᠡ ᠦᠰᠴᠤ ᠵᠤᠭᠤᠰ ᠤᠨ ᠦᠷᠳᠡᠭ ᠪᠠᠭᠤᠷᠠᠭᠰᠡᠨ ᠳᠤ ᠲᠤᠷ᠎ᠠ ᠦᠬᠡᠶᠢᠴᠡᠭᠰᠡᠨ ᠤᠷᠮᠠᠰ ᠰᠡᠳᠬᠢᠯᠡᠭᠡ  ᠲᠤᠰᠬᠠᠭᠳᠠᠵᠠᠢ︔ ᠲᠤᠰ ᠦᠬᠦᠯᠡᠯᠡᠭᠡ ᠤᠳᠤ ᠬᠡᠰᠡᠨ ᠠᠭᠤᠶᠢᠴᠢ ᠠᠴᠢ ᠬᠤᠯᠪᠤᠭᠳᠠᠯ ᠲᠠᠢ ᠪᠦᠬᠡᠳ ᠠᠯᠤᠰ ᠬᠡᠳᠦ ᠶᠢᠨ ᠲᠡᠤᠬᠡᠴᠢ ᠠᠴᠢ ᠬᠤᠯᠪᠤᠭᠳᠠᠯ ᠲᠠᠢ ᠬᠡᠵᠤ ᠪᠢ ᠦᠵᠡᠨ᠎ᠡ︔ ᠦᠬᠦᠯᠡᠯᠬᠡ ︽ᠠᠷᠢᠶᠠᠳᠠᠨ ᠤ ᠡᠮᠦᠨ᠎ᠡ ᠠᠴᠠ︾ ᠳᠤ ᠦᠨᠦᠴᠢᠨ ᠰᠢᠷᠠᠭᠴᠢᠨ ᠤ ᠡᠮᠦᠨ᠎ᠡ ᠠᠴᠠ ᠦᠪᠡᠷ ᠤᠨ ᠭᠠᠷ ᠲᠠᠭᠠᠨ ᠭᠠᠪᠠ ᠤᠷᠤᠭᠤᠯᠤᠭᠰᠡᠨ ᠢ ᠪᠢᠴᠢᠬᠦ ᠪᠠᠷ ᠲᠠᠮᠵᠢᠭᠤᠯᠵᠤ᠂ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠬᠤ ᠳᠤ ᠶᠠᠭᠤᠨ ᠤ ᠡᠮᠦᠨ᠎ᠡ ᠬᠦᠮᠦᠨ ᠦᠪᠡᠷ ᠤᠨ ᠶᠠᠯ᠎ᠠ ᠨᠢᠬᠦᠯ ᠢᠶᠠᠨ ᠮᠡᠳᠡᠷᠡᠪᠡᠯ ᠵᠤᠬᠢᠬᠤ ᠤᠳᠤᠬᠢᠴᠢ ᠤᠳᠬ᠎ᠠ ᠰᠡᠳᠤᠪ ᠢ ᠬᠦᠨᠳᠡᠵᠡᠢ︔ ᠡᠨ᠋ᠨ ᠨᠢ ᠬᠡᠬᠡᠷ᠎ᠡ ᠶᠢᠨ ᠠᠮᠢᠳᠠᠨ ᠢ ᠠᠷᠢᠯᠵᠢᠶᠠᠯᠠᠳᠠᠭ ᠦᠬᠠᠨ ᠤ ᠵᠠᠬ᠎ᠠ ᠲᠡᠯᠬᠡᠬᠦᠷ ᠠᠴᠠ ᠺᠤᠷᠤᠨᠠ ᠸᠢᠷᠦ᠋ᠰ ᠤᠨ ᠬᠢᠵᠢᠭ ᠲᠡᠯᠡᠬᠡᠷᠡᠭᠰᠡᠨ ᠤᠳᠤᠬᠢ ᠡᠮᠬᠡᠨᠢᠯᠳᠤ ᠶᠠᠪᠤᠳᠠᠯ ᠢ ᠦᠪᠡᠷ ᠤᠨ ᠡᠷᠬᠡ ᠦᠬᠡᠢ ᠬᠤᠯᠪᠤᠨ ᠪᠤᠳᠤᠭᠳᠠᠭᠤᠯᠬᠤ ᠠᠬᠤᠶᠢᠴᠢ ᠠᠴᠢ ᠬᠤᠯᠪᠤᠭᠳᠠᠯ ᠲᠠᠢ  ᠪᠠᠶᠢᠭ᠎ᠠ ᠶᠤᠮ︔          ᠲᠠᠷᠠᠭᠠᠯᠠᠪᠠᠯ᠂ ᠤᠷᠠᠨ ᠲᠦᠷᠢ ᠶᠢᠨ ᠲᠤᠬᠠᠢ︔ ᠲᠤᠭᠤᠵᠢᠰ ᠵᠤᠬᠢᠶᠠᠯ ᠪᠤᠯ ᠤᠷᠠᠨ ᠲᠦᠷᠢ ᠦᠪᠡᠷᠮᠢᠴᠡ ᠵᠠᠩ ᠴᠢᠨᠡᠷ ᠢ  ᠪᠦᠳᠤᠬᠡᠵᠤ ᠴᠢᠳᠠᠭᠰᠡᠨ ᠡᠰᠡᠬᠦ ᠪᠠᠷ ᠲᠤᠭᠤᠵᠢᠰ ᠨᠢ ᠬᠦᠮᠦᠨ ᠵᠤᠨ ᠳᠤ ᠬᠡᠯᠡᠯᠴᠡᠭᠳᠡᠨ  ᠦᠬᠡᠶᠢᠯᠡᠭᠳᠡᠳᠡᠭ ᠶᠤᠮ︔ ᠤ᠂ ᠰᠡᠴᠡᠨᠪᠠᠭᠠᠳᠤᠷ ᠤᠨ ᠲᠤᠭᠤᠵᠢᠰ ᠤᠨ ᠲᠦᠷᠢ ᠪᠦᠳᠤᠬᠡᠯᠬᠡ ᠶᠢ ᠠᠵᠢᠶᠠᠷᠠᠪᠠᠯ᠂ ᠤᠳᠤᠮᠰᠢᠯᠳᠤ ᠮᠤᠩᠭᠤᠯ ᠬᠦᠮᠦᠨ ᠤ ᠲᠦᠷᠢ᠂ ᠮᠡᠬᠡᠯᠡᠭᠴᠢ ᠶᠢᠨ ᠲᠦᠷᠢ᠂ ᠵᠠᠪᠰᠢᠭᠴᠢ ᠶᠢᠨ ᠲᠦᠷᠢ ᠬᠡᠬᠦ ᠮᠡᠳᠦ ᠤᠯᠠᠨ ᠶᠠᠩᠵᠤ ᠲᠦᠷᠢ ᠶᠢ  ᠲᠤᠷᠰᠢᠨ ᠪᠦᠳᠦᠬᠡᠭᠰᠡᠨ ᠪᠠᠶᠢᠳᠠᠭ︔ ᠲᠤᠬᠠᠶᠢᠯᠠᠪᠠᠯ᠂ ︽ᠲᠡᠷᠨ ᠬᠠᠪᠤᠷ ᠤᠨ ᠢᠷᠭᠤᠢ︾ ᠳᠠᠬᠢ ︽ᠪᠢ︾ ᠶᠢᠨ ᠲᠦᠷᠢ᠂ ︽ᠰᠤᠴᠢᠯᠳᠠ︾ ᠳᠠᠬᠢ ︽ᠬᠡᠩ ᠡᠪᠤᠬᠡᠨ︾ ᠤ ᠲᠦᠷᠢ  ᠵᠡᠷᠬᠡ ᠪᠤᠯ ᠪᠦᠷ ᠦᠨᠡᠨ ᠢᠶᠠᠨ ᠬᠡᠯᠡᠵᠤ ᠪᠡᠯᠡᠨ ᠢᠶᠠᠨ ᠢᠳᠡᠳᠡᠭ ᠤᠳᠤᠮᠰᠢᠯᠳᠤ ᠮᠤᠩᠭᠤᠯ ᠬᠦᠮᠦᠨ ᠤ ᠨᠡᠶᠢᠳᠡᠯᠢᠭ ᠲᠦᠷᠢ ᠪᠤᠯᠤᠨ᠎ᠠ︔ ᠲᠡᠳᠡᠨ ᠤ ᠦᠪᠡᠷᠮᠢᠴᠡ ᠵᠠᠩ ᠴᠢᠨᠡᠷ ᠨᠢ ᠵᠦᠷᠢᠬᠦᠳ᠂ ᠠᠷᠪᠢᠴᠢ᠂ ᠲᠠᠭᠠᠮᠠᠭᠠᠢ᠂ ᠦᠭᠬᠢᠶᠡᠮᠦᠷᠴᠢ ᠪᠠᠶᠢᠳᠠᠭ︔ ᠬᠤᠪᠴᠢ ᠪᠢᠯᠳᠠᠤᠴᠢ᠂ ᠬᠢᠬᠠᠨ ᠮᠠᠬᠡᠯᠡᠭᠴᠢ᠂ ᠪᠦᠷᠢᠯᠬᠡᠨ ᠰᠦᠢᠳᠬᠡᠭᠴᠢ ᠶᠢ  ᠦᠵᠡᠨ ᠶᠠᠳᠠᠳᠠᠭ︔ ︽ᠴᠢᠰᠤ ᠰᠢᠩᠬᠡᠭᠰᠡᠨ ᠬᠠᠪᠳᠠᠭ᠎ᠠ︾ ᠳᠠᠬᠢ ︽ᠵᠠᠩ ᠰᠢᠨ︾ ᠤ ᠲᠦᠷᠢ ᠪᠤᠯ ᠬᠦᠮᠦᠨ ᠢ ᠮᠡᠬᠡᠯᠡᠵᠤ ᠡᠮᠡᠭᠳᠡᠶᠢᠴᠤᠳ ᠢ ᠰᠠᠷᠢᠭᠠᠯᠠᠳᠠᠭ ᠬᠢᠬᠠᠨ ᠮᠡᠬᠡᠯᠡᠭᠴᠢ ᠶᠢᠨ ᠲᠦᠷᠢ ᠪᠤᠯᠤᠨ᠎ᠠ︔ ︽ᠨᠤᠭᠤ ᠶᠢᠨ ᠴᠡᠩᠬᠡᠷ ᠤᠰᠤ︾ ᠲᠠᠬᠢ ︽ᠨᠢᠴᠦᠬᠦᠨ ᠨᠢᠭᠤᠷᠳᠤ︾ ᠶᠢᠨ ᠲᠦᠷᠢ ᠪᠤᠯ ᠦᠨᠢᠶ᠎ᠡ ᠲᠤᠭᠤᠯ ᠳᠤ ᠬᠦᠷᠳᠡᠯ᠎ᠡ ᠦᠰᠢᠨ ᠵᠠᠨᠤᠵᠤ ᠬᠤᠤᠷᠯᠠᠳᠠᠭ᠂ ᠡᠯᠵᠢᠬᠡ ᠤᠨᠤᠭᠰᠡᠨ ᠲᠠᠯ᠎ᠠ ᠶᠢᠨ ᠶᠠᠷᠭᠠᠴᠢᠨ ᠤ ᠲᠦᠷᠢ ᠪᠤᠯᠤᠨ᠎ᠠ︔ ᠤ᠂ ᠰᠡᠴᠡᠨᠪᠠᠭᠠᠳᠤᠷ ᠤᠨ ᠦᠬᠦᠯᠡᠯᠬᠡ ︽ᠲᠤᠭᠯᠠᠯᠳᠠ ᠬᠢᠨᠠᠭᠰᠡᠨ ᠨᠢ︾ ᠳᠠᠬᠢ ︽ᠲᠠᠷᠤᠭ᠎ᠠ︾ ᠶᠢᠨ ᠲᠦᠷᠢ ᠪᠤᠯ ᠴᠢᠳᠠᠪᠤᠷᠢ ᠦᠬᠡᠢ ᠪᠤᠯᠪᠠᠴᠤ  ᠂ ᠴᠠᠭ ᠢ ᠵᠠᠪᠰᠢᠵᠤ ᠨᠤᠶᠠᠨ ᠰᠠᠭᠤᠭᠰᠡᠨ ᠵᠠᠪᠰᠢᠭᠴᠢ ᠶᠢᠨ ᠲᠦᠷᠢ ᠪᠤᠯᠤᠨ᠎ᠠ︔       ᠶᠡᠷᠤᠩᠬᠡᠢ ᠳᠤ ᠨᠢ ᠬᠡᠯᠡᠪᠡᠯ ᠤ ᠰᠡᠴᠡᠨᠪᠠᠭᠠᠳᠤᠷ ᠤᠨ ᠦᠬᠦᠯᠡᠯᠬᠡ ᠲᠤᠭᠤᠵᠢᠰ ᠤᠨ ᠤᠳᠬ᠎ᠠ ᠰᠡᠳᠤᠪ ᠨᠢ ᠡᠷᠡᠬᠦᠯ ᠰᠠᠷᠠᠭᠤᠯ᠂ ᠴᠠᠭ ᠦᠶ᠎ᠡ ᠶᠢᠨ ᠤᠨᠴᠠᠯᠢᠭ ᠬᠤᠷᠴᠠ ᠲᠤᠳᠤ᠂ ᠤᠷᠠᠨ ᠲᠦᠷᠢ ᠨᠢ ᠦᠪᠡᠷᠮᠢᠴᠡ᠂ ᠬᠡᠯᠨ  ᠬᠡᠯᠡᠯᠬᠡ ᠨᠢ  ᠠᠮᠢᠳᠤ  ᠶᠠᠷᠢᠶᠠᠨ ᠤ ᠮᠦᠷᠳᠡᠬᠡᠨ ᠬᠤᠱᠤᠩ ᠶᠦᠮᠦᠷᠯᠢᠭ ᠪᠠᠶᠢᠳᠠᠭ︔ ᠡᠨ᠋ᠨ ᠨᠢ ᠤ᠂ ᠰᠡᠴᠡᠨᠪᠠᠭᠠᠳᠤᠷ ᠭᠤᠸᠠᠢ ᠶᠢᠨ ᠦᠪᠡᠷ ᠤᠨ ᠵᠠᠷᠢᠶ᠎ᠠ ᠵᠤᠭᠤᠭ ᠳᠠᠭᠠᠨ ᠬᠡᠯᠡᠭᠰᠡᠨ ᠮᠡᠳᠦ ᠪᠠᠷ ᠦᠨᠳᠤᠰᠤᠨ ᠱᠠᠳᠤᠨ ᠳᠤ ᠪᠠᠶᠢᠬᠤ ᠳᠤ ᠪᠠᠨ ᠠᠷᠠᠳ ᠤᠨ ᠠᠮᠢᠳᠤ  ᠶᠠᠷᠢᠶᠠᠨ ᠠᠴᠠ ᠠᠵᠢᠶᠠᠷᠠᠨ ᠰᠤᠷᠤᠯᠴᠠᠭᠰᠡᠨ ᠲᠠᠢ ᠰᠢᠭᠤᠳ ᠬᠤᠯᠪᠤᠭ᠎ᠠ ᠲᠠᠢ ᠠᠵᠠᠢ︔                 ᠭᠤᠷᠪᠠ᠂  ᠵᠤᠭᠤᠭ  ᠪᠡ ᠠᠮᠠᠨ ᠵᠤᠬᠢᠶᠠᠯ ᠤᠨ ᠦᠨ᠎ᠡ ᠴᠡᠨ᠎ᠡ ᠶᠢᠨ ᠲᠤᠬᠠᠢ       ᠤ᠂ ᠰᠡᠴᠡᠨᠪᠠᠭᠠᠳᠤᠷ ᠤᠨ ᠤᠷᠠᠨ ᠵᠤᠬᠢᠶᠠᠯ ᠤᠨ ᠲᠤᠬᠠᠢ ᠵᠤᠭᠤᠭ ᠢ ᠰᠤᠨᠤᠰᠤᠭᠠᠳ᠂ ᠵᠤᠤ ᠤᠳᠠ ᠶᠢᠨ ᠤᠷᠠᠨ ᠵᠤᠬᠢᠶᠠᠯ ᠤᠨ ᠬᠦᠭᠵᠢᠯᠳᠡ ᠳᠤ ᠪᠠᠶᠢᠪᠠᠰᠤ ᠵᠤᠬᠢᠬᠤ ᠠᠬᠤᠶᠢᠴᠢ ᠠᠴᠢ ᠬᠤᠯᠪᠤᠭᠳᠠᠯ ᠪᠠ  ᠯᠠᠪᠯᠠᠯᠳᠠ ᠪᠤᠯᠭᠠᠬᠤ ᠦᠨ᠎ᠡ ᠴᠡᠨ᠎ᠡ ᠲᠠᠢ ᠰᠢᠭ᠋ ᠰᠠᠨᠠᠭᠳᠠᠯ᠎ᠠ︔ ᠵᠢᠷᠬᠢᠬᠡ ᠬᠤᠯᠪᠤᠭ᠎ᠠ ᠪᠠᠷ ᠤᠷᠠᠨ ᠵᠤᠬᠢᠶᠠᠯ ᠤᠨ ᠲᠤᠬᠠᠢ ᠵᠤᠭᠤᠭ ᠲᠡᠯᠡᠬᠡᠵᠤ᠂ ᠶᠠᠷᠢᠯᠴᠠᠵᠤ ᠰᠤᠳᠤᠯᠬᠤ ᠬᠡᠭᠴᠢ ᠰᠦᠯᠵᠢᠶᠡᠨ ᠤ ᠤᠷᠠᠨ ᠵᠤᠬᠢᠶᠠᠯ ᠤᠨ ᠲᠠᠪᠴᠠᠩ ᠤᠨ ᠰᠢᠨ᠎ᠡ ᠬᠦᠭᠵᠢᠯᠳᠡ ᠪᠤᠯᠬᠤ ᠶᠤᠮ︔ ᠡᠨ᠋ᠨ ᠲᠠᠯ᠎ᠠ ᠪᠠᠷ ᠬᠠᠳᠠᠨᠪᠠᠭᠠᠳᠤᠷ ᠤᠨ ᠡᠷᠬᠢᠯᠡᠭᠰᠡᠨ ︽ᠴᠢᠩᠬᠢᠰ ᠰᠦᠯᠵᠢᠶ᠎ᠡ︾ ᠪᠤᠯ ᠠᠯᠢ ᠡᠷᠳᠡ ᠰᠦᠯᠵᠢᠶᠠᠨ ᠤ ᠵᠤᠭᠤᠭ ᠤᠨ ᠦᠷᠬᠦᠬᠡ  ᠶᠢᠨ ᠲᠠᠶᠢᠯᠦᠮᠵᠢ  ᠬᠢᠬᠦ ᠠᠵᠢᠯᠯᠠᠭ᠎ᠠ ᠦᠷᠨᠢᠬᠦᠯᠳᠡᠭ ᠦᠯᠢᠬᠡᠷ ᠵᠢᠱᠢᠶ᠎ᠡ ᠪᠤᠯᠬᠤ ᠶᠤᠮ︔ ᠬᠡᠪᠡᠴᠤ ᠸᠢᠴᠡᠲ ᠬᠤᠯᠪᠤᠭ᠎ᠠ ᠪᠠᠷ ᠶᠠᠷᠢᠶ᠎ᠠ ᠰᠢᠬᠦᠮᠵᠢ ᠦᠷᠨᠢᠬᠦᠯᠬᠦ ᠶᠠᠪᠤᠳᠠᠯ ᠪᠤᠯ ᠰᠢᠨ᠎ᠡ  ᠪᠠᠷ ᠪᠤᠢ ᠪᠤᠯᠵᠤ ᠦᠷᠨᠢᠨ ᠬᠦᠭᠵᠢᠵᠤ ᠪᠠᠶᠢᠭ᠎ᠠ ᠰᠢᠨ᠎ᠡ ᠦᠵᠡᠭᠳᠡᠯ ᠰᠢᠨ᠎ᠠ ᠤᠷᠤᠰᠬᠠᠯ ᠬᠡᠵᠤ ᠬᠡᠯᠡᠵᠤ ᠪᠤᠯᠤᠨ᠎ᠠ︔ ᠡᠬᠦᠨ ᠳᠤ ᠲᠡᠯᠬᠡᠷ ᠤᠨ ᠡᠷᠬᠢᠯᠡᠭᠰᠡᠨ ︽ᠮᠤᠩᠭᠤᠯ ᠡᠯᠡᠰᠤᠨ︾  ᠬᠤᠯᠪᠤᠭ᠎ᠠ ᠁ ᠵᠡᠷᠬᠡ ᠠᠯᠢ ᠤᠯᠠᠨ ᠸᠢᠴᠠᠲ ᠬᠤᠯᠪᠤᠭ᠎ᠠ ᠶᠢ ᠲᠤᠷᠠᠳᠴᠤ ᠪᠤᠯᠤᠨ᠎ᠠ︔ ᠡᠨ᠋ᠨ ᠨᠢ ᠴᠠᠭ ᠵᠠᠢ ᠤᠷᠤᠨ ᠭᠠᠵᠠᠷ ᠲᠤ ᠬᠢᠵᠠᠭᠠᠷᠯᠠᠭᠳᠠᠬᠤ ᠦᠬᠡᠢ᠂ ᠵᠠᠷᠤᠳᠠᠯ ᠮᠦᠩᠬᠦ ᠳᠤ ᠠᠷᠪᠢᠳᠠᠢ᠂ ᠤᠷᠤᠯᠴᠠᠬᠤ ᠬᠦᠮᠦᠨ ᠤᠯᠠᠨ ᠪᠠᠶᠢᠳᠠᠭ ᠤᠯᠠᠨ ᠲᠦᠮᠡᠨᠴᠢ ᠴᠢᠨᠠᠷᠳᠠᠢ ᠬᠡᠯᠨ ᠤᠳᠬ᠎ᠠ ᠵᠤᠬᠢᠶᠠᠯ ᠤᠷᠠᠯᠢᠭ ᠤᠨ ᠵᠠᠷᠢᠯᠴᠠᠭᠠᠨ ᠤ ᠲᠠᠪᠴᠠᠩ ᠪᠤᠯᠤᠭᠰᠡᠨ ᠪᠤᠢ︔ ᠤ᠂ ᠰᠡᠴᠡᠨᠪᠠᠭᠠᠳᠤᠷ ᠭᠤᠸᠠᠢ ᠶᠢᠨ ᠦᠪᠡᠷ ᠤᠨ ᠪᠡᠶ᠎ᠡ ᠪᠠᠷ ᠢᠶᠠᠨ ᠦᠩᠬᠡᠷᠡᠬᠦᠯᠦᠭᠰᠡᠨ ᠡᠷᠬᠢᠴᠡᠬᠦᠯᠦᠯ ᠵᠤᠭᠤᠭ ᠠᠴᠠ ᠬᠤᠪᠢ ᠬᠦᠮᠦᠨ ᠤ ᠵᠤᠬᠢᠶᠠᠯ ᠪᠦᠳᠤᠬᠡᠯ ᠤᠨ ᠲᠤᠬᠠᠢ ᠦᠵᠡᠯ ᠪᠤᠳᠤᠯ ᠲᠤᠷᠰᠢᠯᠠᠭ᠎ᠠ ᠰᠤᠷᠭᠠᠮᠵᠢ ᠶᠢ ᠬᠤᠪᠢᠶᠠᠯᠴᠠᠯ᠎ᠠ︔ ᠢᠯᠠᠩᠭᠤᠶ᠎ᠠ ᠤ᠂ ᠰᠡᠴᠡᠨᠪᠠᠭᠠᠳᠤᠷ ᠭᠤᠸᠠᠢ ᠶᠢᠨ ᠠᠷᠠᠳ ᠤᠨ ᠠᠮᠠᠨ ᠵᠤᠬᠢᠶᠠᠯ  ᠢ ᠡᠮᠬᠢᠳᠬᠡᠨ ᠬᠡᠪᠯᠡᠬᠦᠯᠬᠦ ᠳᠤ ᠰᠢᠯᠵᠢᠬᠡᠳ ᠠᠷᠠᠳ ᠤᠨ ᠠᠮᠠᠨ ᠵᠤᠬᠢᠶᠠᠯ ᠢ ᠡᠯᠪᠡᠭ ᠲᠡᠯᠪᠡᠭ ᠡᠮᠬᠢᠳᠬᠡᠨ  ᠬᠡᠪᠯᠡᠬᠦᠯᠦᠭᠰᠡᠨ ᠢ ᠰᠤᠨᠤᠰᠤᠭᠠᠳ ᠪᠢ ᠲᠤᠩ ᠰᠡᠳᠬᠢᠯ  ᠬᠦᠳᠡᠯᠦᠯ᠎ᠡ ︔ ᠠᠷᠠᠳ ᠤᠨ ᠠᠮᠠᠨ ᠵᠤᠬᠢᠶᠠᠯ ᠬᠡᠭᠴᠢ ᠠᠷᠠᠳ ᠲᠦᠮᠡᠨ ᠤ ᠠᠮᠠᠨ ᠲᠡᠤᠬᠡ ᠪᠠᠶᠢᠭ᠎ᠠ ᠶᠤᠮ︔ ᠠᠷᠠᠳ ᠤᠨ ᠠᠮᠠᠨ ᠵᠤᠬᠢᠶᠠᠯ᠂ ᠠᠷᠠᠳ ᠤᠨ ᠲᠠᠭᠤᠤ ᠶᠢ ᠮᠡᠳᠡᠬᠦ ᠦᠬᠡᠢ ᠪᠤᠯ ᠠᠷᠠᠳ ᠲᠦᠮᠡᠨ ᠤ ᠲᠡᠤᠬᠡ ᠪᠡ ᠰᠤᠶᠤᠯ ᠢ ᠮᠡᠳᠡᠬᠦ ᠶᠢᠨ ᠠᠷᠭ᠎ᠠ ᠦᠬᠡᠢ ᠶᠤᠮ︔ ᠨᠡᠩ ᠴᠤ ᠤᠯᠠᠮᠵᠢᠯᠠᠯᠳᠤ ᠰᠤᠶᠤᠯ ᠪᠤᠯ ᠬᠦᠮᠦᠨ ᠰᠤᠶᠤᠯ  ᠤᠨ ︽ᠤᠭ ᠦᠨᠳᠤᠰᠤ︾ ᠪᠡ ︽ᠠᠮᠢᠨ ᠰᠦᠨᠡᠰᠤ︾  ᠬᠡᠳᠡᠭ ᠢ ᠵᠦᠪ ᠤᠶᠢᠯᠠᠭᠠᠬᠤ ᠳᠤ ᠪᠡᠷᠬᠡ ᠶᠤᠮ︔ ᠰᠢ ᠶᠢᠨ ᠫᠢᠩ ᠨᠦᠬᠦᠷ ᠠᠴᠠ᠄ ︽ᠤᠭ ᠢᠵᠠᠭᠤᠷ ᠢᠶᠠᠨ ᠮᠠᠷᠳᠠᠬᠤ ᠦᠬᠡᠢ ᠪᠠᠶᠢᠪᠠᠯ ᠰᠠᠶ᠋ᠢ ᠢᠷᠡᠬᠡᠳᠦᠢ ᠪᠠᠨ ᠨᠡᠬᠡᠬᠡᠨ ᠴᠤᠭᠴᠠᠯᠠᠵᠤ ᠴᠢᠳᠠᠨ᠎ᠠ᠂ ᠴᠢᠳᠠᠮᠠᠭᠠᠢ  ᠪᠠᠷ ᠵᠠᠯᠭᠠᠮᠵᠢᠯᠠᠵᠤ ᠴᠢᠳᠠᠪᠠᠯ ᠰᠠᠶ᠋ᠢ ᠨᠡᠩ ᠰᠠᠶᠢᠨ ᠡᠬᠦᠳᠤᠨ ᠪᠦᠳᠤᠬᠡᠵᠤ ᠴᠢᠳᠠᠨ᠎ᠠ︾ ᠬᠡᠪᠡ︔ ︵︽ᠰᠢ ᠶᠢᠨ ᠫᠢᠩ  ᠶᠡᠷᠦᠩᠬᠡᠢ ᠱᠦᠵᠢ ᠶᠢᠨ ᠰᠢᠷᠢᠰ ᠴᠢᠬᠤᠯᠨ ᠶᠠᠷᠢᠶᠠᠨ ᠤ ᠲᠠᠶᠢᠯᠤᠮᠵᠢ︾ ᠮᠤᠩᠭᠤᠯ ᠬᠡᠪᠯᠡᠯ ᠤᠨP164 ᠲᠤ︶ ᠮᠠᠨ ᠤ ᠤᠯᠠᠮᠵᠢᠯᠠᠯᠳᠤ ᠰᠤᠶᠤᠯ  ᠳᠤ ᠠᠷᠠᠳ ᠤᠨ ᠠᠮᠠᠨ ᠵᠤᠬᠢᠶᠠᠯ᠂ ᠵᠠᠩ ᠵᠠᠩᠰᠢᠯ᠂ ᠮᠠᠯᠵᠢᠬᠤ  ᠰᠤᠶᠤᠯ᠂ ᠬᠡᠷ ᠤᠨ ᠰᠤᠷᠭᠠᠯ᠂ ᠢᠵᠠᠭᠤᠷ ᠱᠠᠰᠢᠨ ᠵᠡᠷᠬᠡ ᠤᠯᠠᠨ ᠲᠠᠯ᠎ᠠ ᠶᠢᠨ ᠠᠭᠤᠯᠠᠭ᠎ᠠ ᠪᠠᠭᠳᠠᠵᠤ ᠪᠤᠢ︔ ᠡᠨ᠋ᠨ ᠪᠤᠯ ᠮᠠᠨ ᠤ ᠤᠤᠭᠠᠯ ᠤᠯᠠᠮᠵᠢᠯᠠᠯᠳᠤ ᠰᠤᠶᠤᠯ ᠤᠨ ︽ᠤᠭ ᠦᠨᠳᠤᠰᠤ︾᠂ ︽ᠠᠮᠢᠨ ᠰᠦᠨᠠᠰᠤ︾ ᠨᠢ ᠪᠤᠯᠬᠤ ᠶᠤᠮ︔ ᠡᠨᠡᠬᠦ ᠤᠳᠬ᠎ᠠ ᠠᠭᠤᠯᠠᠭ᠎ᠠ ᠠᠴᠠ ᠠᠪᠴᠤ ᠬᠡᠯᠡᠪᠡᠯ᠂ ᠤ᠊  ᠂ ᠰᠡᠴᠡᠨᠪᠠᠭᠠᠳᠤᠷ ᠭᠤᠸᠠᠢ ᠶᠢᠨ ᠠᠷᠠᠳ ᠤᠨ ᠠᠮᠠᠨ ᠵᠤᠬᠢᠶᠠᠯ ᠤᠨ ᠡᠮᠬᠢᠳᠬᠡᠯ ᠪᠤᠯ ᠮᠠᠨ ᠤ ᠠᠷᠠᠳ  ᠤᠨ ᠠᠮᠠᠨ ᠲᠡᠤᠬᠡ  ᠶᠢᠨ ᠡᠮᠬᠢᠳᠬᠡᠯ‌ᠮᠦ᠋ᠷᠳᠡᠬᠡᠨ ᠤᠠᠯᠠᠮᠵᠢᠯᠠᠯᠳᠤ ᠰᠤᠶᠤᠯ  ᠤᠨ ᠦᠪ ᠬᠦᠷᠦᠩᠬᠡ ᠪᠤᠯᠤᠨ᠎ᠠ︔ ᠪᠢᠳᠡ  ᠬᠡᠷᠪᠡ  ᠠᠬᠠᠮᠠᠳ ᠲᠤᠮᠤᠭᠠᠳᠡᠳ ᠢᠶᠠᠨ ᠠᠮᠢᠳᠤ ᠰᠡᠷᠡᠬᠦᠨ ᠪᠠᠶᠢᠬᠤ ᠳᠤ ᠵᠠᠪᠳᠤᠵᠤ᠂ ᠠᠷᠠᠳ ᠤᠨ ᠠᠮᠠᠨ ᠵᠤᠬᠢᠶᠠᠯ ᠢᠶᠠᠨ ᠡᠮᠬᠢᠳᠬᠡᠵᠤ᠂ ᠬᠡᠪᠯᠡᠬᠦᠯᠵᠤ ᠬᠤᠶᠢᠴᠢ ᠦᠶ᠎ᠡ  ᠳᠡᠭᠡᠨ ᠦᠪᠯᠡᠵᠤ ᠦᠯᠡᠳᠡᠬᠡᠬᠦ ᠦᠬᠡᠢ ᠪᠤᠯ ᠪᠢᠳᠡᠨ ᠦᠪᠡᠷ ᠤᠨ ᠤᠯᠠᠮᠵᠢᠯᠠᠯᠳᠤ ᠰᠤᠶᠤᠯ ᠳᠠᠭᠠᠨ ᠤᠰᠤᠯᠳᠠᠨ᠎ᠠ᠂ ᠦᠪᠡᠷ ᠤᠨ ᠦᠷ᠎ᠡ ᠬᠤᠶᠢᠴᠢᠰ ᠲᠠᠭᠠᠨ ᠤᠰᠤᠯᠳᠠᠨ᠎ᠠ︔           ᠪᠠᠭᠴᠠᠯᠠᠭᠠᠳ ᠬᠡᠯᠡᠪᠡᠯ᠂ ᠤ᠂ ᠰᠡᠴᠡᠨᠪᠠᠭᠠᠳᠤᠷ ᠭᠤᠸᠠᠢ ᠶᠢᠨ ᠤᠷᠠᠨ ᠵᠤᠬᠢᠶᠠᠯ ᠤᠨ ᠵᠤᠭᠤᠭ ᠤᠨ ᠦᠨ᠎ᠡ ᠴᠡᠨ᠎ᠡ ᠪᠡ ᠠᠴᠢ ᠬᠤᠯᠪᠤᠭᠳᠠᠯ ᠪᠤᠯ ᠲᠠᠷᠤᠢ ᠵᠤᠤ ᠤᠳᠠ ᠨᠤᠳᠤᠭ ᠤᠰᠤᠨ ᠤ ᠮᠤᠩᠭᠤᠯ ᠤᠷᠠᠨ ᠵᠤᠬᠢᠶᠠᠯ ᠤᠨ ᠤᠯᠨ ᠮᠦᠷ ᠢ ᠬᠠᠶᠢᠬᠤ ᠪᠡ ᠠᠷᠠᠳ ᠤᠨ ᠠᠮᠠᠨ ᠵᠤᠬᠢᠶᠠᠯ ᠢ ᠡᠮᠬᠢᠳᠬᠡᠨ ᠬᠡᠪᠯᠡᠬᠦᠯᠵᠤ᠂ ᠤᠯᠠᠮᠵᠢᠯᠠᠯᠳᠤ ᠰᠤᠶᠤᠯ ᠢᠶᠠᠨ ᠵᠠᠯᠭᠠᠮᠵᠢᠯᠠᠵᠤ ᠬᠦᠭᠵᠢᠬᠦᠯᠬᠦ ᠳᠤ ᠤᠯᠳᠠᠰᠢ ᠦᠬᠡᠢ ᠦᠨ᠎ᠡ ᠴᠡᠨ᠎ᠡ ᠲᠠᠢ ᠵᠤᠭᠤᠭ ᠪᠤᠯᠬᠤ ᠮᠦᠷᠳᠡᠬᠡᠨ ᠤᠳᠤ ᠪᠡ ᠢᠷᠡᠬᠡᠳᠦᠢ ᠳᠤ ᠴᠤ  ᠬᠡᠰᠡᠨ ᠠᠬᠤᠶᠢᠴᠢ ᠠᠴᠢ ᠬᠤᠯᠪᠤᠭᠳᠠᠯ ᠲᠠᠢ ᠪᠦᠬᠡᠳ ᠲᠡᠤᠬᠡᠳᠦ ᠠᠴᠢ ᠬᠤᠯᠪᠤᠭᠳᠠᠯ ᠲᠠᠢ ᠬᠡᠵᠤ ᠪᠢ ᠬᠤᠪᠢᠨ ᠳᠠᠭᠠᠨ ᠪᠤᠳᠤᠨ᠎ᠠ︔ ᠪᠠᠶᠠᠷᠯᠠᠯ᠎ᠠ︕              ︵ᠬᠠᠶ᠋ᠢᠭ᠄赤峰市松山区教育学院家属院内北侧04号信箱,额尔墩巴根︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号