︽  ᠴᠠᠨ  ᠶᠤᠸᠠᠨ ᠤ ᠬᠡᠯᠡᠯᠴᠡᠭᠡᠷ︾ — ᠯᠢᠶᠤᠤ ᠤᠯᠤᠰ ᠤᠨ ᠱᠠᠭᠠᠵᠠᠩ ᠰᠠᠪᠠ  ᠶᠢᠨ ᠦᠢᠯᠡᠳᠪᠤᠷᠢᠯᠡᠯ  ᠳᠤ ᠦᠵᠡᠭᠦᠯᠦᠭᠰᠡᠨ ᠨᠦᠯᠦᠭᠡ ᠶᠢ ᠲᠤᠷᠰᠢᠨ ᠦᠭᠦᠯᠡᠬᠦ ᠨᠢ
ᠨᠡᠶᠢᠲᠡᠯᠡᠭᠰᠡᠨ ᠴᠠᠭ᠄
2020/12/14
ᠦ᠋ ᠲᠢᠶᠠᠨ ᠶᠢᠦ ᠲᠤᠪᠴᠢ ᠠᠭᠤᠯᠭ᠎ᠠ᠄ ᠰᠦᠩ ᠯᠢᠶᠤᠤ ᠬᠤᠶᠠᠷ ᠤᠯᠤᠰ ᠤᠨ ︽ ᠴᠠᠨ ᠶᠤᠸᠠᠨ ᠤ ᠬᠡᠯᠡᠯᠴᠡᠭᠡᠷ︾ ᠢᠶᠠᠷ ᠵᠠᠭᠠᠭᠯᠠᠵᠤ᠂ ᠡᠮᠦᠨ᠎ᠡ ᠬᠤᠶᠢᠨ᠎ᠠ ᠬᠤᠶᠠᠷ ᠦᠶ᠎ᠡ ᠶᠢᠨ ᠯᠢᠶᠤᠤ ᠤᠯᠤᠰ ᠤᠨ ᠱᠠᠭᠠᠵᠠᠩ ᠰᠠᠪᠠ ᠶᠢᠨ ᠵᠤᠬᠢᠶᠠᠨ ᠢᠯᠡᠷᠡᠬᠦ᠂ ᠰᠢᠷ ᠪᠤᠳᠤᠭ᠂ ᠵᠠᠰᠠᠯ ᠴᠢᠮᠡᠭ ᠤᠨ ᠰᠡᠳᠤᠪ ᠵᠡᠷᠭᠡ ᠲᠠᠯ᠎ᠠ ᠶᠢᠨ ᠬᠤᠪᠢᠷᠠᠯᠳᠠ ᠶᠢ ᠰᠢᠨᠵᠢᠯᠡᠨ ᠰᠤᠳᠤᠯᠵᠤ᠂ ᠤᠯᠠᠮ ᠨᠢᠭᠡ ᠠᠯᠬᠤᠮ ᠯᠢᠶᠤᠤ ᠤᠯᠤᠰ ᠤᠨ ᠱᠠᠭᠠᠵᠠᠩ ᠰᠠᠪᠠ ᠶᠢᠨ ᠨᠦᠯᠦᠭᠡ ᠪᠠ ᠠᠴᠢ ᠬᠤᠯᠪᠤᠭᠳᠠᠯ ᠢ ᠵᠢᠭᠠᠨ ᠬᠡᠷᠡᠴᠢᠯᠡᠬᠦ ᠵᠠᠩᠬᠢᠯᠠᠭ᠎ᠠ ᠦᠭᠡ᠄  ᠴᠠᠨ ᠶᠤᠸᠠᠨ ᠤ ᠬᠡᠯᠡᠯᠴᠡᠭᠡᠷ᠂ ᠯᠢᠶᠤᠤ ᠤᠯᠤᠰ ᠤᠨ ᠱᠠᠭᠠᠵᠠᠩ ᠰᠠᠪᠠ᠂ ᠱᠠᠭᠠᠵᠠᠩ ᠰᠠᠪᠠ  ᠶᠢᠨ ᠬᠡᠪ ᠰᠢᠨᠵᠢ ᠨᠢᠭᠡ᠂ ᠤᠳᠤᠷᠢᠳᠬᠠᠯ ᠦᠭᠡ ᠯᠢᠶᠤᠤ ᠸᠠᠩᠳᠤ ᠤᠯᠤᠰ ︵ᠨᠡᠶᠢᠳᠡ ᠶᠢᠨ ᠤᠨ ᠲᠤᠭᠠᠯᠠᠯ ᠤᠨ 916 — 1125 ᠤᠨ︶ 10 ᠳ᠋ᠤᠭᠠᠷ ᠵᠠᠭᠤᠨ  ᠤ ᠡᠭᠢᠨ ᠤ ᠦᠶ᠎ᠡ ᠳᠤ ᠬᠢᠳᠠᠨ ᠦᠨᠳᠦᠰᠦᠳᠡᠨ ᠤ ᠲᠦᠷᠦᠭᠦᠦ ᠶᠧᠯᠢᠤᠢ ᠠᠪᠤᠤᠵᠢ  ᠮᠠᠨ ᠤ ᠤᠯᠤᠰ ᠤᠨ ᠤᠮᠠᠷᠠᠳᠤ ᠤᠷᠤᠨ ᠳᠤ ᠬᠢᠳᠡᠨ ᠦᠨᠳᠦᠰᠦᠳᠡᠨ ᠢᠶᠠᠷ ᠭᠤᠤᠯ ᠪᠤᠯᠭᠠᠭᠰᠠᠨ᠂ ᠬᠢᠳᠡᠳ ᠦᠨᠳᠦᠰᠦᠳᠡᠨ ᠢᠶᠠᠷ ᠤᠯᠠᠨ᠂ ᠪᠦᠸᠧᠬᠠᠢ᠂ ᠰᠢ᠂ ᠵᠦᠷᠴᠢᠳ᠂ ᠽᠤᠤ ᠫᠦ᠋ ᠵᠡᠷᠭᠡ ᠦᠨᠳᠦᠰᠦᠳᠡᠨ ᠬᠠᠮᠳᠤᠳᠬᠠᠭᠰᠠᠨ ᠯᠢᠶᠤᠤ ᠤᠯᠤᠰ ᠢ ᠪᠠᠶᠢᠭᠤᠯᠵᠤ᠂ ᠮᠠᠨ ᠤ ᠤᠯᠤᠰ ᠤᠨ ᠲᠠᠪᠤᠨ ᠲᠦᠷᠦ᠂ ᠤᠮᠠᠷᠠᠳᠤ ᠰᠦᠩ᠂ ᠪᠠᠷᠠᠭᠤᠨ ᠰᠢᠶᠠ᠂ ᠠᠯᠳᠠᠨ ᠵᠡᠷᠭᠡ ᠲᠦᠷᠦ ᠵᠠᠰᠠᠭ ᠲᠠᠢ ᠬᠠᠮᠳᠤ ᠵᠡᠷᠭᠡᠴᠡᠨ ᠤᠷᠤᠰᠢᠭᠰᠠᠨ ᠴᠠᠭ ᠦᠶ᠎ᠡ ᠪᠤᠯᠤᠭᠰᠠᠨ ᠤ ᠬᠠᠮᠳᠤ᠂ ᠲᠡᠭᠦᠨ ᠤ ᠬᠠᠮᠤᠭ ᠬᠦᠴᠦᠷᠭᠡᠭ ᠦᠶ᠎ᠡ ᠳᠤ  ᠭᠠᠵᠠᠷ ᠨᠤᠳᠤᠭ ᠦᠷᠭᠡᠨ ᠠᠭᠤᠳᠠᠮ᠂   ︽ᠯᠢᠶᠤᠤ ᠶᠢᠨ ᠲᠡᠦᠭᠡ︾ ᠳᠤ ︽ᠵᠡᠭᠦᠨᠰᠢ ᠵᠡᠭᠦᠨ ᠲᠠᠯᠠᠢ ᠳᠤ ᠬᠦᠷᠴᠦ᠂ ᠪᠠᠷᠠᠭᠤᠨ ᠠᠯᠳᠠᠢ ᠠᠭᠤᠯᠠ ᠠᠴᠠ ᠡᠯᠡᠰᠦᠨ ᠮᠠᠩᠬ᠎ᠠ ᠶᠢ ᠲᠦᠰᠢᠵᠦ᠂ ᠤᠮᠠᠷ᠎ᠠ ᠰᠡᠯᠡᠩᠭᠡ ᠮᠦᠷᠡᠨ ᠳᠤ ᠲᠤᠯᠵᠤ᠂ ᠡᠮᠦᠨ᠎ᠡ ᠾᠧᠪᠸᠢ ᠶᠢᠨ ᠪᠠᠶᠢᠬᠡᠦ ᠪᠠᠷ ᠰᠦᠩ ᠤᠯᠤᠰ ᠲᠠᠢ ᠵᠠᠭᠠᠭᠯᠠᠵᠤ᠂ ᠨᠤᠳᠤᠭ ᠲᠡᠪᠢᠰᠭᠡᠷ ᠲᠦᠮᠡᠨ ᠭᠠᠵᠠᠷ︾ ᠬᠡᠵᠦ ᠲᠡᠮᠳᠡᠭᠯᠡᠪᠡ᠃ ᠤᠳᠤ ᠪᠢᠳᠡ ᠲᠠᠨ ᠴᠢ ᠰᠢᠶᠠᠩ ᠠᠪᠤᠭᠠᠢ ᠶᠢᠨ  ︽ᠲᠤᠮᠳᠠᠳᠤ ᠤᠯᠤᠰ ᠤᠨ ᠲᠡᠦᠭᠡ ᠭᠠᠵᠠᠷ  ᠤᠨ ᠵᠢᠷᠤᠭ ᠤᠨ ᠲᠡᠭᠦᠪᠦᠷᠢ︾ ᠳᠤ ᠲᠡᠮᠳᠡᠭᠯᠡᠭᠰᠡᠨ ᠠᠭᠤᠯᠭ᠎ᠠ ᠶᠢ ᠬᠠᠮᠳᠤ ᠵᠠᠳᠠᠯᠬᠤ ᠳᠤ ᠯᠢᠶᠤᠤ ᠤᠯᠤᠰ ᠤᠨ ᠡᠵᠡᠯᠡᠭᠰᠡᠨ ᠨᠤᠳᠤᠭ ᠲᠡᠪᠢᠰᠭᠡᠷ ᠤᠮᠠᠷ᠎ᠠ ᠭᠠᠳᠠᠭᠠᠳᠤ ᠬᠢᠩᠭᠠᠨ ᠲᠠᠪᠠᠭ᠎ᠠ᠂ ᠪᠠᠶᠢᠭᠠᠯ ᠨᠠᠭᠤᠷ ᠬᠦᠷᠴᠦ᠂ ᠡᠮᠦᠨ᠎ᠡ ᠾᠧᠪᠸᠢ ᠶᠢᠨ ᠪᠠᠶᠢᠬᠡᠦ ᠲᠠᠢ ᠵᠠᠭᠠᠭᠯᠠᠵᠤ᠂ ᠵᠡᠭᠦᠨᠰᠢ ᠵᠡᠭᠦᠨ ᠲᠠᠯᠠᠢ ᠶᠠᠫᠤᠨ ᠲᠠᠯᠠᠢ ᠳᠤ ᠲᠤᠯᠵᠤ᠂ ᠪᠠᠷᠠᠭᠤᠨᠰᠢ ᠠᠯᠳᠠᠢ ᠠᠭᠤᠯᠠ ᠶᠢᠨ ᠪᠠᠷᠠᠭᠤᠨ ᠪᠤᠷᠭᠠᠰᠤ ᠨᠠᠭᠤᠷ ᠢ ᠲᠦᠰᠢᠪᠡ᠃ ᠯᠢᠶᠤᠤ ᠤᠯᠤᠰ ᠤᠨ ᠵᠠᠰᠠᠭ ᠲᠦᠷᠦ ᠦᠪᠡᠷ ᠢᠶᠠᠨ ᠪᠠᠳᠤᠳᠤ ᠦᠨᠡᠨ ᠬᠡᠵᠦ ᠪᠤᠳᠤᠵᠤ᠂ ᠬᠢᠳᠠᠳ ᠦᠨᠳᠦᠰᠦᠳᠡᠨ ᠪᠠ ᠬᠢᠳᠠᠨ ᠵᠡᠷᠭᠡ ᠴᠦᠭᠡᠭᠡᠨ ᠲᠤᠭᠠᠨ ᠤ ᠦᠨᠳᠦᠰᠦᠳᠡᠨ ᠤ ᠠᠳᠠᠯᠢ ᠪᠤᠰᠤ ᠶᠢᠨ ᠤᠳᠬ᠎ᠠ ᠰᠤᠶᠤᠯ ᠢ ᠤᠶᠠᠯᠳᠤᠭᠤᠯᠵᠤ᠂ ᠠᠳᠠᠯᠢ ᠪᠤᠰᠤ ᠶᠢᠨ ᠲᠦᠷᠦ ᠶᠢᠨ ᠪᠤᠳᠤᠯᠭ᠎ᠠ ᠬᠡᠷᠡᠭᠯᠡᠵᠦ᠂ ᠲᠡᠦᠭᠡᠨ ᠲᠡᠭᠡᠷ᠎ᠡ ︽ᠬᠢᠳᠡᠳ ᠪᠠ ᠬᠠᠷᠢᠶᠠᠳᠤ ᠶᠢ ᠢᠯᠭᠠᠵᠤ ᠵᠠᠰᠠᠬᠤ︾ ᠬᠡᠵᠦ ᠲᠡᠮᠳᠡᠭᠯᠡᠪᠡ᠃ ᠡᠶᠢᠮᠦ ᠰᠢᠯᠳᠠᠭᠠᠨ ᠠᠴᠠ ᠪᠤᠯᠵᠤ᠂ ᠯᠢᠶᠤᠤ ᠤᠯᠤᠰ ᠤᠨ ᠤᠯᠤᠰ ᠲᠦᠷᠦ᠂ ᠴᠡᠷᠢᠭ ᠶᠠᠪᠤᠳᠠᠯ ᠵᠡᠷᠭᠡ ᠨᠤᠳᠤᠭ ᠲᠡᠪᠢᠰᠭᠡᠷ ᠰᠠᠶᠢᠳᠤᠷ ᠬᠦᠭᠵᠢᠨ ᠪᠠᠳᠠᠷᠠᠵᠤ᠂ ᠨᠢᠭᠡᠨᠳᠡ ᠲᠡᠷᠡ ᠦᠶ᠎ᠡ ᠶᠢᠨ ᠲᠦᠷᠦ ᠵᠠᠰᠠᠭ ᠲᠤᠩ ᠶᠡᠭᠡ ᠬᠦᠴᠦᠨ  ᠲᠠᠢ ᠪᠤᠯᠤᠭᠰᠠᠨ ᠤᠯᠤᠰ  ᠪᠤᠯᠪᠠ᠃ ᠯᠢᠶᠤᠤ ᠤᠯᠤᠰ ᠵᠦᠩ ᠶᠤᠸᠠᠨ ᠤ ᠲᠠᠪᠤᠨ ᠲᠦᠷᠦ ᠶᠢᠨ ᠡᠯ᠎ᠡ ᠲᠦᠷᠦ ᠵᠠᠰᠠᠭ ᠲᠠᠢ ᠡᠰᠡᠷᠭᠦᠴᠡᠯᠳᠦᠨ ᠰᠦᠨᠳᠡᠷᠯᠡᠬᠦ  ᠶᠢᠨ ᠦᠩᠭᠡᠷᠡᠯᠳᠡ ᠳᠤ ᠬᠤᠶᠢᠳᠤ   ᠶᠢᠨ ᠤ ᠲᠦᠷᠦ ᠯᠢᠶᠤᠤ ᠤᠯᠤᠰ ᠲᠤ ᠲᠦᠰᠢᠮᠡᠯ ᠪᠤᠯᠤᠨ ᠨᠤᠭᠤᠷᠠᠵᠤ ᠬᠦᠪᠡᠬᠦᠨ ᠪᠤᠯᠵᠤ᠂ ᠵᠢᠯ ᠤᠨ 30 ᠲᠦᠮᠡᠨ ᠪᠦᠭᠦᠯᠢ ᠲᠤᠷᠭ᠎ᠠ ᠶᠢᠨ ᠠᠯᠪᠠ ᠪᠠᠷᠢᠨ᠎ᠠ᠃ ᠡᠭᠦᠨ ᠢᠶᠠᠷ ᠪᠠᠷᠠᠬᠤ ᠦᠭᠡᠢ  ᠶᠠᠨ ᠶᠦᠨ   ᠤ 16 ᠵᠸᠦ ᠶᠢ ᠪᠠᠰᠠ ᠯᠢᠶᠤᠤ ᠤᠯᠤᠰ ᠲᠤ  ᠡᠷᠭᠦᠵᠠᠢ  ᠃ ᠡᠶᠢᠮᠦ   ᠠᠴᠠ ᠯᠢᠶᠤᠤ ᠤᠯᠤᠰ ᠤᠨ ᠲᠦᠷᠦ ᠵᠠᠰᠠᠭ ᠶᠡᠭᠡ ᠬᠡᠪᠴᠢᠶ᠎ᠡ ᠪᠠᠷ ᠡᠮᠦᠨᠡᠰᠢ ᠲᠦᠯᠬᠢᠨ ᠤᠷᠤᠵᠤ᠂  ᠶᠠᠨ  ᠶᠦᠨ ᠤ ᠤᠷᠤᠨ ᠢᠶᠠᠷ ᠵᠦᠩ ᠶᠤᠸᠠᠨ ᠤᠷᠤᠨ  ᠢ ᠬᠡᠳᠡᠯᠬᠢᠯᠡᠬᠦ ᠰᠠᠭᠤᠷᠢᠨ ᠭᠠᠵᠠᠷ ᠪᠤᠯᠭᠠᠵᠤ᠂ ᠯᠢᠶᠤᠤ ᠰᠦᠩ ᠬᠤᠶᠠᠷ ᠤᠯᠤᠰ ᠤᠨ ᠬᠠᠷᠢᠴᠠᠭ᠎ᠠ ᠡᠶᠢᠮᠦ ᠠᠬᠤᠢ ᠪᠠᠶᠢᠳᠠᠯ ᠤᠨ ᠲᠤᠤᠷ᠎ᠠ ᠲᠡᠯᠭᠡᠷᠡᠨ ᠦᠷᠨᠢᠪᠡ᠃ ᠰᠦᠩ  ᠲᠠᠶᠢᠽᠦ  ᠂ ᠵᠤᠤ ᠺᠤᠸᠠᠩ ᠶᠢᠨ ᠬᠡᠳᠦᠶᠢᠪᠡᠷ ︽ᠤᠷᠢᠳᠠ ᠡᠮᠦᠨ᠎ᠡ ᠰᠡᠭᠦᠯᠡᠷ ᠬᠤᠶᠢᠰᠢ︾ ᠬᠡᠰᠡᠨ ᠭᠠᠳᠠᠭᠠᠳᠤ ᠲᠠᠢ ᠬᠠᠷᠢᠴᠠᠭ᠎ᠠ ᠠᠪᠬᠤ ᠠᠷᠭ᠎ᠠ ᠪᠤᠳᠤᠯᠭ᠎ᠠ ᠠᠪᠴᠤ᠂ ᠤᠷᠢᠳᠠᠪᠠᠷ ᠡᠮᠦᠨ᠎ᠡ ᠤᠷᠤᠨ ᠳᠤ ᠪᠠᠶᠢᠭᠤᠯᠤᠭᠰᠠᠨ ᠡᠯ᠎ᠡ ᠲᠦᠷᠦ ᠵᠠᠰᠠᠭ ᠢ ᠤᠰᠠᠳᠬᠠᠭᠰᠠᠨ ᠪᠤᠯᠪᠠᠴᠤ᠂ ᠤᠮᠠᠷᠠᠳᠤ ᠶᠢᠨ ᠯᠢᠶᠤᠤ ᠤᠯᠤᠰ ᠤᠨ ᠬᠦᠴᠦᠨ  ᠲᠠᠢ ᠲᠡᠮᠡᠴᠡᠭᠰᠡᠨ ᠳᠤ ᠰᠦᠩ ᠤᠨ ᠴᠡᠷᠢᠭ ᠯᠢᠶᠤᠤ ᠶᠢᠨ ᠴᠡᠷᠢᠭ ᠠᠴᠠ ᠪᠠᠭᠤᠷᠠᠢ ᠪᠠᠶᠢᠵᠦ  ᠬᠤᠷᠢᠭᠯᠠᠬᠤ ᠬᠦᠴᠦᠨ ᠪᠠᠶᠢᠬᠤ ᠠᠴᠠ  ᠡᠰᠡᠷᠭᠦᠴᠡᠬᠦ ᠬᠦᠴᠦᠨ ᠦᠭᠡᠢ᠃ ᠬᠡᠳᠡᠯ᠎ᠡ ᠲᠡᠷᠡ ᠦᠶ᠎ᠡ ᠳᠤ ᠯᠢᠶᠤᠤ ᠤᠯᠤᠰ ᠤᠨ ᠴᠡᠷᠢᠭ ᠮᠤᠷᠢ ᠬᠦᠴᠦᠷᠭᠡᠭ ᠪᠤᠯᠪᠠᠴᠤ᠂ ᠠᠵᠤ ᠠᠬᠤᠢ ᠰᠦᠩ ᠤᠯᠤᠰ ᠠᠴᠠ ᠲᠤᠷᠤᠢ ᠪᠤᠯᠬᠤᠷ ᠴᠡᠷᠢᠭ ᠮᠤᠷᠢ ᠶᠢᠨ ᠬᠡᠷᠡᠭᠰᠡᠯ ᠬᠦᠴᠢᠷᠳᠡᠵᠦ᠂ ᠰᠦᠩ ᠤᠯᠤᠰ ᠢ ᠲᠦᠢᠪᠡᠭᠡᠬᠦ ᠬᠦᠴᠦᠨ ᠪᠠᠶᠢᠬᠤ ᠪᠤᠯᠪᠠᠴᠤ ᠤᠰᠠᠳᠬᠠᠬᠤ ᠬᠦᠴᠦᠨ ᠦᠭᠡᠢ᠃ ᠡᠶᠢᠮᠦ ᠤᠴᠢᠷ ᠠᠴᠠ ᠬᠤᠶᠠᠷ ᠲᠠᠯ᠎ᠠ ᠶᠢᠨ ᠰᠢᠢᠳᠪᠦᠷᠢᠯᠡᠭᠴᠢ ᠪᠦᠷ ᠮᠡᠳᠡᠷᠡᠵᠦ᠂ ᠲᠤᠮᠳᠠᠳᠤ ᠤᠯᠤᠰ ᠨᠢᠭᠡᠨᠳᠡ ᠤᠯᠠᠨ ᠱᠠᠳᠤ ᠪᠤᠯᠵᠤ᠂ ᠠᠯᠢᠪᠡ ᠡᠳᠡᠭᠡᠳ ᠲᠤᠮᠳᠠᠳᠤ ᠤᠯᠤᠰ ᠢ ᠨᠢᠭᠡᠳᠭᠡᠬᠦ ᠴᠢᠳᠠᠯ ᠦᠭᠡᠢ᠂ ᠡᠶᠢᠮᠦ ᠠᠴᠠ ᠰᠦᠩ᠂ ᠯᠢᠶᠤᠤ ᠬᠤᠶᠠᠷ ᠤᠯᠤᠰ ᠪᠠᠶᠢᠯᠳᠤᠬᠤ ᠪᠤᠳᠤᠯᠭ᠎ᠠ ᠶᠢᠨ ᠴᠢᠭᠯᠡᠯᠳᠡ ᠪᠠᠨ ᠡᠰᠡᠷᠬᠦ ᠲᠠᠯ᠎ᠠ ᠶᠢᠨ ᠪᠠᠶᠢᠷᠢ ᠰᠠᠭᠤᠷᠢ ᠶᠢ ᠵᠦᠪᠰᠢᠶᠡᠷᠡᠵᠦ᠂ ᠰᠡᠭᠦᠯᠡᠷ ᠭᠠᠷᠤᠭᠰᠠᠨ ᠶᠡᠭᠡ ᠬᠡᠷᠡᠭ ᠨᠡᠩ ᠬᠤᠶᠠᠷ ᠡᠳᠡᠭᠡᠳ ᠢᠶᠠᠷ ᠰᠡᠭᠡᠭᠡᠷᠡᠨ ᠮᠡᠳᠡᠷᠡᠵᠠᠢ᠃ ᠵᠢᠩ ᠳ᠋ᠧ ᠶᠢᠨ ᠲᠡᠷᠢᠬᠦᠨ ᠤᠨ ︵1004 ᠤᠨ︶ ᠳᠤ ᠯᠢᠶᠤᠤ ᠤᠯᠤᠰ ᠤᠨ ᠰᠢᠶᠤᠤ ᠲᠠᠶᠢᠬᠡᠦ ᠵᠢᠴᠢ ᠱᠧᠩ ᠽᠦᠩ ᠬᠠᠭᠠᠨ ᠶᠡᠭᠡ ᠴᠡᠷᠢᠭ ᠲᠠᠶᠢᠴᠢᠯᠠᠵᠤ᠂ ᠰᠦᠩ ᠤᠯᠤᠰ ᠤᠨ ᠬᠢᠵᠠᠭᠠᠷ ᠲᠤ ᠬᠦᠨᠵᠡᠭᠡᠶᠢᠷᠡᠨ ᠤᠷᠤᠵᠤ᠂ ᠰᠦᠩ ᠵᠧᠨ ᠽᠦᠩ ᠬᠠᠭᠠᠨ ᠵᠠᠶᠢᠰᠠᠩ ᠺᠤᠤ ᠵᠦᠸᠧᠨ ᠤ ᠡᠷᠡᠰ ᠴᠢᠩᠭ᠎ᠠ ᠪᠠᠷ ᠦᠪᠡᠷ ᠢᠶᠠᠨ  ᠴᠠᠨ ᠵᠸᠦ ︵ ᠴᠠᠨ ᠶᠤᠸᠠᠨ ᠵᠢᠶᠦ᠋ᠨ — 澶渊郡᠂今河南濮阳︶ ᠳᠤ ᠬᠦᠷᠴᠦ᠂ ᠴᠡᠷᠢᠭ ᠢᠶᠠᠨ ᠵᠢᠯᠤᠭᠤᠳᠤᠨ ᠪᠠᠶᠢᠯᠳᠤᠵᠤ᠂ ᠰᠦᠩ ᠤᠯᠤᠰ ᠤᠨ ᠴᠡᠷᠢᠭ  ᠶᠡᠭᠡ ᠢᠯᠠᠯᠳᠠ ᠤᠯᠵᠤ᠂ ᠯᠢᠶᠤᠤ ᠤᠯᠤᠰ ᠤᠨ ᠵᠠᠩᠵᠤᠨ ᠰᠢᠶᠤᠤ ᠳ᠋ᠠ ᠯᠢᠨ ᠲᠠᠶᠢᠨ ᠳᠤ  ᠰᠢᠷᠠᠭᠳᠠᠨ  ᠦᠭᠦᠵᠦ᠂ ᠴᠡᠷᠢᠭ ᠮᠤᠷᠢ  ᠬᠤᠬᠢᠷᠠᠭᠳᠠᠨ ᠳᠤ  ᠬᠤᠶᠢᠨ᠎ᠠ ᠡᠮᠦᠨ᠎ᠡ ᠠᠴᠠ ᠪᠠᠨ ᠲᠠᠶᠢᠰᠤᠨ ᠳᠤ ᠬᠠᠪᠴᠢᠭᠳᠠᠬᠤ ᠠᠴᠠ ᠠᠶᠤᠵᠤ ᠬᠡᠯᠡᠯᠴᠡᠭᠡᠷ ᠲᠤᠭᠳᠠᠭᠠᠬᠤ ᠬᠡᠵᠦ ᠰᠦᠩ ᠤᠯᠤᠰ ᠲᠤ ᠰᠠᠨᠠᠭᠠᠴᠢᠯᠠᠭᠰᠠᠨ ᠳᠤ᠂ ᠰᠦᠩ ᠵᠧᠨ ᠽᠦᠩ ᠵᠦᠪᠰᠢᠶ᠋ᠷᠡᠵᠦ᠂ ᠲᠠᠷᠠᠭ᠎ᠠ ᠤᠨ ︵1005 ᠤᠨ︶ ᠳᠤ ᠰᠦᠩ᠂ ᠯᠢᠶᠤᠤ ᠬᠤᠶᠠᠷ ᠤᠯᠤᠰ ᠬᠡᠯᠡᠯᠴᠡᠭᠡᠷ ᠲᠤᠭᠳᠠᠭᠠᠵᠤ᠂ ᠬᠤᠶᠠᠷ ᠡᠳᠡᠭᠡᠳ ᠨᠡᠶᠢᠳᠡ ᠶᠢᠨ ᠤᠨ ᠲᠤᠭᠠᠯᠠᠯ ᠤᠨ 1005 ᠤᠨ ᠳᠤ ᠬᠡᠯᠡᠯᠴᠡᠨ ᠵᠦᠪᠳᠡᠯᠴᠡᠵᠦ ︽ ᠴᠠᠨ  ᠶᠤᠸᠠᠨ ᠤ ᠬᠡᠯᠡᠯᠴᠡᠭᠡᠷ︾ ᠲᠤᠭᠳᠠᠭᠠᠪᠠ᠃ ᠡᠭᠦᠨ ᠠᠴᠠ ᠬᠤᠶᠢᠰᠢ ᠰᠦᠩ᠂ ᠯᠢᠶᠤᠤ ᠶᠢᠨ ᠬᠤᠷᠴᠠ ᠡᠰᠡᠷᠭᠦᠴᠡᠯᠡᠯ ᠨᠠᠮᠵᠢᠵᠤ᠂ ᠡᠪ ᠨᠠᠶᠢᠷᠠᠮᠳᠠᠯ ᠤᠨ ᠠᠬ᠎ᠠ ᠲᠡᠭᠦᠦ ᠶᠢᠨ ᠤᠯᠤᠰ ᠤᠨ ᠬᠠᠷᠢᠴᠠᠭ᠎ᠠ ᠳᠤ ᠬᠦᠷᠴᠦ᠂ ᠰᠦᠩ᠂ ᠯᠢᠶᠤᠤ ᠬᠤᠶᠠᠷ ᠤᠯᠤᠰ ᠵᠠᠭᠤ ᠢᠯᠡᠭᠦᠦ ᠤᠨ ᠶᠡᠭᠡ ᠲᠠᠶᠢᠰᠤᠩᠨᠠᠬᠤ ᠲᠠᠶᠢᠨ ᠭᠠᠷᠤᠭᠰᠠᠨ ᠦᠭᠡᠢ ᠪᠦᠭᠡᠳ ᠬᠠᠷᠢᠯᠴᠠᠨ ᠶᠤᠰᠤᠯᠠᠯ ᠲᠠᠢ ᠡᠯᠴᠢ ᠵᠠᠷᠤᠵᠤ ᠶᠠᠪᠤᠯᠴᠠᠬᠤ ᠪᠤᠯᠵᠠᠢ᠃ ᠯᠢᠶᠤᠤ ᠤᠯᠤᠰ ᠤᠨ ᠱᠠᠭᠠᠵᠠᠩ ᠰᠠᠪᠠ ᠶᠢᠨ ᠡᠨᠡᠬᠦ ᠲᠡᠦᠭᠡᠨ ᠦᠶ᠎ᠡ ᠶᠢᠨ ᠠᠵᠤ ᠠᠬᠤᠢ᠂ ᠤᠳᠬ᠎ᠠ ᠰᠤᠶᠤᠯ ᠤᠨ ᠬᠦᠭᠵᠢᠯᠳᠡ ᠶᠢᠨ ᠬᠦᠨᠳᠦ ᠪᠤᠳᠠᠳᠤ ᠴᠤᠭᠴᠠ ᠶᠢᠨ ᠬᠡᠯᠪᠡᠷᠢ ᠪᠠᠷ ᠢᠯᠡᠷᠡᠭᠰᠡᠨ ᠨᠢ ᠲᠡᠷᠡ ᠦᠶ᠎ᠡ ᠶᠢᠨ ᠬᠢᠳᠠᠨ ᠦᠨᠳᠦᠰᠦᠳᠡᠨ ᠪᠠ ᠦᠭᠡᠷ᠎ᠡ ᠦᠨᠳᠦᠰᠦᠳᠡᠨ ᠬᠠᠮᠳᠤ ᠦᠢᠯᠡᠳᠦᠭᠰᠡᠨ ᠯᠢᠶᠤᠤ ᠤᠯᠤᠰ ᠤᠨ ᠲᠡᠦᠭᠡ ᠰᠤᠶᠤᠯ ᠤᠨ ᠪᠤᠳᠠᠳᠤ ᠬᠡᠷᠡᠴᠢ ᠪᠤᠯᠵᠤ᠂ ᠡᠨᠡ ᠪᠤᠯ ᠯᠢᠶᠤᠤ ᠤᠯᠤᠰ ᠤᠨ ᠤᠯᠤᠰ ᠲᠦᠷᠦ᠂ ᠠᠵᠤ ᠠᠬᠤᠢ᠂ ᠲᠡᠦᠭᠡ ᠵᠢᠴᠢ ᠤᠳᠬ᠎ᠠ ᠰᠤᠶᠤᠯ ᠢ ᠰᠤᠳᠤᠯᠬᠤ᠂ ᠤᠮᠠᠷᠠᠳᠤ ᠰᠦᠩ ᠤᠯᠤᠰ ᠤᠨ ᠵᠦᠩ ᠶᠤᠸᠠᠨ ᠤᠷᠤᠨ ᠲᠠᠢ ᠬᠠᠷᠢᠴᠠᠭ᠎ᠠ ᠠᠪᠬᠤ ᠨᠠᠨᠳᠢᠨ ᠬᠦᠷᠦᠩᠭᠡᠳᠦ ᠮᠠᠲ᠋ᠧᠷᠢᠶᠠᠯ ᠪᠤᠯᠤᠨ᠎ᠠ᠃ ᠡᠭᠦᠨ ᠳᠤ ︽ ᠴᠠᠨ  ᠶᠤᠸᠠᠨ ᠤ ᠬᠡᠯᠡᠯᠴᠡᠭᠡᠷ︾ ᠤᠨ ᠨᠦᠯᠦᠭᠡ ᠲᠡᠷᠡ ᠦᠶ᠎ᠡ ᠶᠢᠨ ᠲᠤᠮᠳᠠᠳᠤ ᠤᠯᠤᠰ ᠤᠨ ᠪᠠᠶᠢᠷᠢᠯᠠᠭᠤᠯᠤᠯᠳᠠ ᠶᠢᠨ ᠨᠢᠭᠡᠨ ᠶᠡᠭᠡ ᠬᠡᠷᠡᠭ ᠪᠤᠯᠤᠨ᠎ᠠ᠃ ᠡᠨᠡ ᠪᠤᠯ ᠡᠮᠦᠨ᠎ᠡ ᠬᠤᠶᠢᠨᠠᠬᠢ ᠶᠢᠨ ᠨᠡᠶᠢᠭᠡᠮ ᠤᠨ ᠪᠠᠶᠢᠳᠠᠯ ᠬᠤᠪᠢᠷᠠᠯᠳᠠ ᠳᠤ ᠯᠢᠶᠤᠤ ᠤᠯᠤᠰ ᠤᠨ ᠠᠵᠤ ᠠᠬᠤᠢ᠂ ᠤᠳᠬ᠎ᠠ ᠰᠤᠶᠤᠯ ᠢ ᠲᠦᠯᠬᠢᠨ ᠨᠦᠯᠦᠭᠡᠯᠡᠵᠦ᠂ ᠯᠢᠶᠤᠤ ᠶᠢᠨ ᠱᠠᠭᠠᠵᠠᠩ ᠰᠠᠪᠠ ᠶᠢᠨ ᠦᠷᠭᠡᠳᠭᠡᠨ ᠲᠡᠭᠵᠢᠷᠡᠬᠦ ᠲᠤᠬᠢᠷᠠᠯᠴᠠᠬᠤ ᠬᠡᠮᠵᠢᠶᠡᠨ ᠳᠤ ᠬᠦᠷᠭᠡᠪᠡ᠃ ᠬᠤᠶᠠᠷ᠂ ᠯᠢᠶᠤᠤ ᠤᠯᠤᠰ ᠤᠨ ᠱᠠᠭᠠᠵᠠᠩ ᠰᠠᠪᠠ ᠶᠢᠨ ᠬᠦᠭᠵᠢᠭᠰᠡᠨ ᠱᠠᠳᠤ ᠦᠶ᠎ᠡ ᠪᠠ ᠤᠨᠴᠠᠯᠢᠭ ᠰᠦᠩ᠂ ᠯᠢᠶᠤᠤ ᠬᠤᠶᠠᠷ ᠤᠯᠤᠰ ︽ ᠴᠠᠨ ᠶᠤᠸᠠᠨ ᠤ ᠬᠡᠯᠡᠯᠴᠡᠭᠡᠷ︾ ᠢ ᠲᠤᠭᠳᠠᠭᠠᠭᠰᠠᠨ ᠤ ᠲᠠᠷᠠᠭ᠎ᠠ ᠯᠢᠶᠤᠤ ᠤᠯᠤᠰ ᠤᠨ ᠱᠠᠭᠠᠵᠠᠩ ᠰᠠᠪᠠ ᠶᠢᠨ ᠬᠦᠭᠵᠢᠯᠳᠡ ᠨᠡᠯᠢᠶᠡᠳ ᠬᠤᠪᠢᠷᠠᠯᠳᠠ ᠭᠠᠷᠴᠤ᠂ ᠡᠨᠡᠬᠦ ᠱᠠᠭᠠᠵᠠᠩ ᠰᠠᠪᠠ ᠶᠢᠨ ᠬᠦᠭᠵᠢᠯᠳᠡ ᠶᠢ ᠬᠡᠯᠡᠯᠴᠡᠭᠡᠷ ᠲᠤᠭᠳᠠᠭᠠᠭᠰᠠᠨ ᠢᠶᠠᠷ ᠵᠠᠭᠠᠭ ᠪᠤᠯᠭᠠᠨ ᠬᠤᠪᠢᠶᠠᠬᠤ ᠳᠤ ᠶᠡᠭᠡ ᠲᠦᠯᠦᠪ ᠡᠬᠢᠨ ᠤ ᠦᠶ᠎ᠡ ᠂ ᠬᠦᠭᠵᠢᠬᠦ ᠦᠶ᠎ᠡ ᠬᠡᠵᠦ ᠬᠤᠪᠢᠶᠠᠵᠤ ᠪᠤᠯᠤᠨ᠎ᠠ᠃ ⒈ ᠯᠢᠶᠤᠤ ᠤᠯᠤᠰ ᠤᠨ ᠱᠠᠭᠠᠵᠠᠩ ᠰᠠᠪᠠ ᠶᠢᠨ ᠡᠭᠦᠳᠬᠦ ᠶᠢᠨ ᠡᠬᠢᠨ ᠤ ᠦᠶ᠎ᠡ ᠯᠢᠶᠤᠤ ᠤᠯᠤᠰ ᠢ ᠪᠠᠶᠢᠭᠤᠯᠬᠤ ᠡᠭᠢᠨ ᠤ ᠦᠶ᠎ᠡ ︵916 ᠤᠨ︶ ᠠᠴᠠ ︽ ᠴᠠᠨ ᠶᠤᠸᠠᠨ ᠤ ᠬᠡᠯᠡᠯᠴᠡᠭᠡᠷ︾ ︵1004 ᠤᠨ︶ ᠪᠤᠯᠳᠠᠯ᠎ᠠ ᠶᠠᠭ 10 — 11 ᠳ᠋ᠤᠭᠡᠷ ᠵᠠᠭᠤᠨ ᠤ ᠲᠤᠳᠤᠷᠠᠬᠢ 80 ᠤᠨ ᠳᠤ  ᠲᠠᠶᠢᠽᠦ᠂    ᠲᠠᠶᠢᠽᠦᠩ  ᠂   ᠱᠢᠽᠦᠩ᠂   ᠮᠦᠽᠦᠩ  ᠂  ᠵᠢᠩᠽᠦᠩ᠂  ᠱᠧᠩᠽᠦᠩ ᠤᠨ ᠡᠬᠢᠨ ᠤ ᠲᠦᠩ ᠡᠾᠧ ᠤᠨ ᠳᠤ  ᠬᠢᠳᠠᠨᠴᠤᠳ ᠠᠯᠬᠤᠮ ᠠᠯᠬᠤᠮ ᠢᠶᠠᠷ ᠮᠠᠯᠵᠢᠯ ᠵᠢᠭᠠᠰᠤᠴᠢᠯᠠᠬᠤ ᠶᠢᠨ  ᠦᠢᠯᠡᠳᠪᠤᠷᠢᠯᠡᠯ   ᠠᠴᠠ ᠲᠠᠷᠢᠶᠠᠯᠠᠩ ᠮᠠᠯᠵᠢᠯ᠂ ᠠᠵᠤ ᠠᠬᠤᠢ ᠪᠠᠷ ᠭᠤᠤᠯ ᠪᠤᠯᠭᠠᠨ  ᠂ ᠨᠡᠭᠦᠳᠡᠯ ᠮᠠᠯᠵᠢᠯ ᠠᠮᠢᠳᠤᠷᠠᠯ ᠠᠴᠠ ᠰᠠᠭᠤᠷᠢᠰᠢᠯ ᠢ ᠠᠮᠢᠳᠤᠷᠠᠯ ᠵᠦᠭ ᠲᠤ ᠰᠢᠯᠵᠢᠵᠤ᠂ ᠯᠢᠶᠤᠤ ᠤᠯᠤᠰ ᠤᠨ ᠱᠠᠭᠠᠵᠠᠩ ᠰᠠᠪᠠ ᠶᠢᠨ ᠭᠠᠷ ᠦᠢᠯᠡᠳᠪᠦᠷᠢ ᠶᠢᠨ ᠲᠦᠷᠦᠬᠦ ᠠᠮᠢᠳᠤᠷᠠᠬᠤ ᠶᠢᠨ ᠬᠤᠪᠢᠷᠠᠯᠳᠠ ᠠᠭᠠᠵᠢᠮ ᠢᠶᠠᠷ ᠡᠬᠢᠨ ᠤ ᠦᠶ᠎ᠡ ᠳᠤ ᠤᠷᠤᠪᠠ᠃ ︽ᠯᠢᠶᠤᠤ ᠶᠢᠨ ᠲᠡᠦᠭᠡ︾ ︵辽史︶ ᠳᠤ ᠲᠡᠮᠳᠡᠭᠯᠡᠵᠦ᠂ ᠬᠤᠢ ᠲᠦᠩ ᠤᠨ 8 ᠤᠨ ︵945 ᠤᠨ︶ ᠠᠴᠠ ᠲᠢᠶᠠᠨ ᠯᠦ ᠶᠢᠨ 4 ᠤᠨ ︵950 ᠤᠨ︶ ᠳᠤ ᠯᠢᠶᠤᠤ ᠤᠯᠤᠰ ᠤᠨ ᠴᠡᠷᠢᠭ ᠬᠤᠶᠠᠷ ᠤᠳᠠᠭ᠎ᠠ ᠡᠮᠦᠨᠡᠰᠢ ᠬᠦᠨᠵᠡᠭᠡᠶᠢᠷᠡᠨ ᠤᠷᠤᠵᠤ᠂ ᠰᠢᠩ ᠶᠤᠤ ︵邢窑︶᠂ ᠼᠢ ᠵᠸᠦ ᠶᠤᠤ ︵磁州窑︶ ᠶᠢᠨ ᠤᠷᠤᠨ ᠢ ᠪᠤᠯᠢᠶᠠᠨ ᠲᠡᠭᠡᠷᠡᠮᠳᠡᠪᠡ᠃ ᠵᠢᠩ ᠯᠢ ᠶᠢᠨ 3 ᠤᠨ ︵953 ᠤᠨ︶ ᠯᠢᠶᠤᠤ ᠤᠯᠤᠰ ᠠᠴᠠ ᠲᠤᠳᠠᠭᠠᠨ ᠭᠠᠷᠤᠭᠰᠠᠨ ᠵᠦᠩ ᠶᠤᠸᠠᠨ ᠤᠷᠤᠨ ᠤ ᠪᠢᠴᠢᠭ ᠤᠨ ᠬᠦᠮᠦᠨ ᠬᠤ᠋ ᠴᠢᠶᠤᠤ ︽ᠰᠢᠶᠠᠨ ᠯᠦ ᠵᠢᠢ︾ ︵陷虏记︶ ᠳᠤ ᠲᠤᠤᠷ᠎ᠠ ᠮᠡᠳᠦ ᠲᠡᠭᠡᠳᠦ ᠨᠠᠶᠢᠰᠯᠠᠯ ︵上京︶ ᠢ ᠲᠦᠷᠰᠦᠯᠡᠨ ᠪᠢᠴᠢᠵᠦ᠂ ︽ᠲᠤᠷᠭ᠎ᠠ ᠲᠤᠷᠳᠤᠩ ᠨᠡᠭᠡᠬᠦ ᠠᠵᠢᠯᠳᠠᠨ ᠪᠠᠶᠢᠵᠤ᠂ ᠠᠰᠠᠷᠠᠭᠴᠢ᠂ ᠠᠷᠢᠬᠢ ᠶᠢᠨ ᠲᠠᠷᠢᠭᠴᠢ᠂ ᠪᠢᠴᠢᠭ ᠤᠨ ᠤᠳᠬᠠᠴᠢ᠂ ᠡᠯᠳᠡᠪ ᠮᠡᠷᠭᠡᠵᠢᠯᠳᠡᠨ᠂ ᠦᠢᠯᠡᠳᠪᠦᠷᠢ ᠰᠤᠷᠭᠠᠭᠴᠢ᠂ ᠤᠶᠤᠳᠠᠳ᠂ ᠯᠠᠮᠠ ᠴᠢᠪᠠᠭᠠᠨᠴᠠ᠂ ᠪᠦᠮᠪᠦᠭᠡᠴᠢᠳ︾ ᠵᠡᠷᠭᠡ ᠪᠦᠷ ᠲᠤᠮᠳᠠᠳᠤ ᠤᠯᠤᠰ  ᠠᠴᠠ ᠤᠴᠢᠭᠰᠠᠨ ᠬᠦᠮᠦᠨ᠂ ᠪᠢᠨ᠂ ᠹᠦᠨ᠂ ᠶᠢᠦ᠂ ᠵᠢᠢ ᠭᠠᠵᠠᠷ ᠤᠨ ᠬᠦᠮᠦᠨ ᠲᠤᠩ ᠤᠯᠠᠨ᠂ ᠡᠭᠦᠨ ᠳᠤ ᠪᠢᠴᠢᠭ  ᠤᠨ ᠤᠳᠬᠠᠴᠢ ᠮᠡᠷᠭᠡᠵᠢᠯᠳᠡᠨ ᠪᠤᠯ ᠠᠯᠢᠪᠠ ᠵᠦᠢᠯ ᠤᠨ ᠲᠤᠰᠬᠠᠢ ᠮᠡᠷᠭᠡᠵᠢᠯ ᠢ ᠮᠡᠳᠡᠬᠦ ᠬᠢᠳᠠᠳ ᠤᠷᠠᠨ ᠲᠠᠷᠬᠠᠴᠤᠳ ᠪᠤᠯᠤᠨ᠎ᠠ᠃ ᠡᠭᠦᠨ ᠠᠴᠠ ᠪᠢᠳᠡ ᠲᠦᠯᠬᠢᠨ ᠮᠡᠳᠡᠬᠦ ᠨᠢ᠂ ᠡᠨᠡ ᠦᠶ᠎ᠡ ᠳᠤ ᠯᠢᠶᠤᠤ ᠤᠯᠤᠰ ᠤᠨ ᠬᠢᠵᠠᠭᠠᠷ ᠲᠤ ᠲᠠᠷᠬᠠᠨ ᠮᠡᠷᠭᠡᠵᠢᠯᠳᠡᠨ ᠤ ᠲᠤᠮᠳᠠ ᠨᠢᠭᠡ ᠪᠦᠯᠦᠭ ᠬᠦᠮᠦᠨ ᠨᠢ ᠪᠠᠷᠢᠪᠴᠢᠯᠠᠭᠰᠠᠳ ᠪᠤᠯᠬᠤ ᠪᠦᠭᠡᠳ ᠱᠠᠭᠠᠵᠠᠩ ᠰᠠᠪᠠ  ᠶᠢᠨ ᠴᠢᠬᠤᠯᠠ ᠢᠷᠡᠯ ᠨᠢ ᠭᠠᠳᠠᠭᠰᠢ ᠦᠷᠭᠡᠳᠭᠡᠨ ᠪᠤᠯᠢᠶᠠᠨ ᠤᠯᠤᠭᠰᠠᠨ ᠡᠳ᠋ ᠡᠷᠳᠡᠨᠢ ᠶᠢᠨ ᠰᠠᠪᠠ ᠬᠡᠷᠡᠭᠰᠡᠯ ᠪᠠ ᠠᠮᠢᠳᠤᠷᠠᠨ ᠲᠦᠷᠦᠭᠦ ᠵᠡᠷᠭᠡ ᠬᠡᠷᠡᠭᠰᠡᠯ ᠪᠤᠯᠤᠨ᠎ᠠ᠃ ᠮᠡᠷᠭᠡᠵᠢᠯ ᠪᠠ ᠡᠳ᠋ ᠮᠠᠲ᠋ᠧᠷᠢᠶᠠᠯ ᠠᠴᠠ ᠪᠤᠯᠵᠤ᠂ ᠯᠢᠶᠤᠤ ᠤᠯᠤᠰ ᠤᠨ ᠬᠢᠵᠠᠭᠠᠷ ᠲᠤ ᠪᠠᠶᠢᠭ᠎ᠠ ᠡᠯ᠎ᠡ ᠲᠤᠭᠤᠰᠬᠠᠨ ᠶᠤᠤ ᠶᠢᠨ ᠨᠢᠭᠡ ᠪᠦᠯᠦᠭ ᠠᠵᠢᠯᠳᠠᠨ ᠵᠦᠩ ᠶᠤᠸᠠᠨ ᠤᠷᠤᠨ ᠠᠴᠠ ᠢᠷᠡᠭᠰᠡᠨ ᠪᠤᠯᠪᠠᠴᠤ ᠡᠨᠡ ᠦᠶ᠎ᠡ ᠶᠢᠨ ᠵᠠᠷᠢᠮ ᠱᠠᠭᠠᠵᠠᠩ ᠰᠠᠪᠠ ᠪᠠᠰᠠᠴᠤ ᠬᠠᠭᠤᠴᠢᠨ ᠪᠦᠳᠦᠭᠦᠯᠢᠭ ᠮᠠᠶ᠋ᠢᠭ ᠲᠠᠢ ᠪᠠᠶᠢᠬᠤ ᠪᠦᠭᠡᠳ ᠤᠯᠠᠩᠬᠢ ᠨᠢ ᠬᠢᠳᠠᠨ ᠦᠨᠳᠦᠰᠦᠳᠡᠨ ᠤ ᠮᠠᠯᠵᠢᠯ ᠠᠮᠢᠳᠤᠷᠠᠯ ᠤᠨ ᠬᠡᠷᠡᠭᠰᠡᠯ ᠢᠶᠠᠷ ᠭᠤᠤᠯ ᠪᠤᠯᠭᠠᠵᠤ᠂ ᠵᠢᠱᠢᠶᠡᠯᠡᠪᠡᠯ ᠮᠠ ᠢᠦᠢ ︵马盂 ︶ ᠲᠠᠷᠤᠢ ᠲᠠᠬᠢᠶᠠᠨ ᠰᠡᠴᠡᠭᠳᠦ ᠬᠤᠪᠢᠩ ᠵᠡᠷᠭᠡ ᠪᠤᠯ ᠬᠢᠳᠠᠨ ᠦᠨᠳᠦᠰᠦᠳᠡᠨ ᠤ ᠨᠡᠭᠡᠭᠡᠨ ᠡᠭᠦᠳᠦᠭᠰᠡᠨ ᠮᠤᠷᠢᠨ ᠲᠡᠭᠡᠷ᠎ᠡ ᠠᠪᠴᠤ ᠶᠠᠪᠤᠬᠤ ᠠᠷᠠᠰᠤ ᠪᠠᠷ ᠬᠢᠭᠰᠡᠨ ᠤᠰᠤ᠂ ᠰᠦ᠂ ᠠᠷᠢᠬᠢ ᠵᠡᠷᠭᠡ ᠰᠢᠩᠭᠡᠨ ᠴᠤᠭᠴᠠ ᠶᠢᠨ ᠰᠠᠪᠠ ᠬᠡᠷᠡᠭᠰᠡᠯ ᠪᠤᠯᠤᠨ᠎ᠠ᠃ ᠨᠡᠭᠦᠳᠡᠯᠯᠡᠨ ᠮᠠᠯᠵᠢᠬᠤ ᠳᠤ ᠲᠦᠭᠦᠮ ᠪᠤᠯᠭᠠᠬᠤ ᠶᠢᠨ ᠲᠦᠯᠦᠭᠡ ᠮᠠ ᠢᠦᠢ ᠪᠠᠨ ᠨᠠᠷᠢᠬᠠᠨ ᠠᠮᠠ᠂ ᠬᠠᠪᠳᠠᠭᠠᠢ ᠬᠡᠯᠪᠡᠷᠢ᠂ ᠤᠯᠠᠨ ᠶᠠᠩᠵᠤ ᠶᠢᠨ ᠮᠤᠷᠢᠨ ᠲᠡᠭᠡᠷ᠎ᠡ ᠤᠶᠠᠵᠤ ᠠᠪᠴᠤ ᠶᠠᠪᠤᠬᠤ ᠤᠨᠴᠠᠯᠢᠭ ᠲᠠᠢ ᠡᠭᠦᠳᠦᠭᠰᠡᠨ ᠶᠠᠰᠤ ᠴᠢᠨᠠᠷ ᠪᠤᠯᠤᠨ᠎ᠠ᠃ ᠬᠤᠵᠢᠮ ᠬᠢᠳᠠᠨ ᠦᠨᠳᠦᠰᠦᠳᠡᠨ ᠲᠤᠭᠳᠠᠬᠤ ᠬᠡᠷ ᠪᠠᠶᠢᠷᠢ ᠲᠠᠢ ᠪᠤᠯᠬᠤ ᠶᠢᠨ ᠶᠠᠪᠤᠴᠠ ᠳᠤ ᠡᠪᠡᠰᠦ ᠪᠡᠯᠴᠢᠭᠡᠷᠳᠦ ᠠᠮᠢᠳᠤᠷᠠᠯ ᠢᠶᠠᠨ ᠮᠦᠷᠦᠭᠡᠳᠬᠦ ᠶᠢᠨ ᠲᠦᠯᠦᠭᠡ ᠮᠠ ᠢᠦᠢ ᠶᠢᠨ ᠤᠭ ᠤᠨ ᠬᠡᠯᠪᠡᠷᠢ ᠮᠠᠶ᠋ᠢᠭ ᠲᠠᠢ ᠱᠠᠭᠠᠵᠠᠩ ᠰᠠᠪᠠ ᠶᠢ ᠡᠭᠦᠳᠦᠨ ᠭᠠᠷᠭᠠᠵᠤ᠂ ᠲᠠᠷᠤᠢ ᠲᠠᠬᠢᠶᠠᠨ ᠰᠡᠴᠡᠭᠳᠦ ᠬᠤᠪᠢᠩ ᠢ ᠰᠢᠳᠠᠭᠠᠨ ᠪᠤᠯᠭᠠᠭᠰᠠᠨ ᠪᠠᠶᠢᠨ᠎ᠠ᠃ ᠡᠬᠢᠨ ᠤ ᠦᠶ᠎ᠡ ᠶᠢᠨ ᠲᠠᠬᠢᠶᠠᠨ ᠰᠡᠴᠡᠭᠳᠦ ᠬᠤᠪᠢᠩ ᠤᠨ ᠤᠭ ᠮᠠᠶ᠋ᠢᠭ ᠬᠡᠯᠪᠡᠷᠢ  ᠶᠢ ᠤᠯᠠᠮᠵᠢᠯᠠᠭᠰᠠᠨ ᠪᠦᠭᠡᠳ ᠰᠢᠷᠭᠡᠭ ᠵᠠᠰᠠᠯ ᠵᠡᠷᠭᠡ ᠪᠦᠷ ᠠᠷᠢᠬᠢᠨ ᠬᠤᠪᠢᠩ ᠤᠨ ᠤᠭ ᠠᠷᠠᠰᠤᠨ ᠤᠳᠠᠰᠤ ᠪᠠᠷ ᠤᠶᠤᠭᠰᠠᠨ ᠬᠡᠯᠪᠡᠷᠢ ᠶᠢ ᠨᠢ ᠦᠯᠡᠳᠡᠭᠡᠵᠦ᠂ ᠠᠷᠠᠰᠤᠨ ᠲᠤᠪᠴᠢ᠂ ᠠᠷᠠᠰᠤᠨ ᠵᠢᠷᠤᠭᠠᠰᠤ᠂ ᠠᠷᠠᠰᠤᠨ ᠲᠡᠭᠡᠰᠦ ᠵᠡᠷᠭᠡ ᠦᠩᠭᠡᠯᠡᠯ ᠢ ᠪᠦᠷ ᠠᠳᠠᠯᠢ ᠪᠤᠯᠭᠠᠵᠠᠢ᠃ ᠡᠨᠡᠬᠦ ᠪᠦᠳᠦᠭᠦᠯᠢᠭ ᠶᠠᠰᠤ ᠴᠢᠨᠠᠷ ᠪᠤᠯ ᠬᠢᠳᠠᠨ ᠦᠨᠳᠦᠰᠦᠳᠡᠨ ᠤ ᠲᠠᠯ᠎ᠠ ᠨᠤᠳᠤᠭ ᠤᠨ ᠤᠨᠴᠠᠯᠢᠭ ᠲᠠᠢ ᠬᠡᠪ ᠵᠠᠩᠰᠢᠯ ᠭᠠᠭᠴᠠ ᠲᠠᠬᠢᠶᠠᠨ ᠰᠡᠴᠡᠭᠳᠦ ᠬᠤᠪᠢᠩ ᠰᠢᠳᠠᠭᠠᠨ ᠪᠤᠯᠭᠠᠨ ᠬᠡᠷᠡᠭᠯᠡᠬᠦ ᠲᠡᠳᠦᠢ ᠠᠴᠠ ᠪᠤᠰᠤ ᠨᠡᠩ ᠴᠠᠭᠠᠰᠢᠳᠠ ᠲᠠᠷᠡ ᠦᠶ᠎ᠡ ᠶᠢᠨ ᠯᠢᠶᠤᠤ ᠤᠯᠤᠰ ᠤᠨ ᠱᠠᠭᠠᠵᠠᠩ ᠰᠠᠪᠠ ᠶᠢᠨ ᠤᠷᠤᠭ ᠰᠢᠷᠤᠢ᠂ ᠦᠢᠯᠡᠳᠬᠦ ᠬᠡᠯᠪᠡᠷᠢ᠂ ᠰᠢᠷ ᠪᠤᠳᠤᠭ᠂ ᠰᠢᠷᠭᠡᠭ ᠦᠩᠭᠡᠯᠡᠯ ᠵᠡᠷᠭᠡ ᠤᠯᠠᠨ ᠲᠦᠷᠦᠯ ᠢ ᠢᠯᠡᠷᠭᠡᠶᠢᠯᠡᠭᠰᠡᠨ ᠪᠤᠯᠤᠯᠳᠠᠢ᠃ ᠤᠯᠠᠨ ᠤᠩᠰᠢᠭᠴᠢᠳ ᠲᠤᠤᠷᠠᠬᠢ ᠬᠦᠰᠦᠨᠦᠭ ᠢ ᠬᠠᠷᠢᠴᠠᠭᠤᠯᠤᠨ ᠦᠵᠡᠭᠡᠷᠡᠢ︕
⒉ ᠯᠢᠶᠤᠤ ᠤᠯᠤᠰ ᠤᠨ ᠱᠠᠭᠠᠵᠠᠩ ᠰᠠᠪᠠ ᠶᠢᠨ ᠬᠦᠭᠵᠢᠭᠰᠡᠨ ᠴᠠᠭ ᠦᠶ᠎ᠡ ︽ᠴᠠᠨ ᠶᠤᠸᠠᠨ ᠤ ᠬᠡᠯᠡᠯᠴᠡᠭᠡᠷ︾ ᠢ ᠲᠤᠭᠳᠠᠭᠠᠭᠰᠠᠨ ᠠᠴᠠ ᠬᠤᠶᠢᠨ᠎ᠠ ︵1005 ᠤᠨ︶ ᠲᠢᠶᠠᠨ ᠽᠦᠸᠧ ᠳ᠋ᠢ ︵1125 ᠤᠨ︶᠂ ᠲᠠᠷᠤᠢ 11 ᠳ᠋ᠤᠭᠡᠷ ᠵᠠᠭᠤᠨ ᠤ ᠡᠭᠢ ᠠᠴᠠ 12 ᠳ᠋ᠤᠭᠠᠷ ᠵᠠᠭᠤᠨ ᠤ ᠱᠧᠩ ᠽᠦᠩ ᠬᠠᠭᠠᠨ  ᠤ ᠲᠦᠩ ᠡᠾᠧ ᠶᠢᠨ ᠰᠡᠭᠦᠯᠴᠢ ᠶᠢᠨ ᠤᠨ ᠠᠴᠠ  ᠲᠢᠶᠠᠨ ᠽᠦᠸᠧ ᠳ᠋ᠢ ᠬᠦᠷᠳᠡᠯ᠎ᠡ 100 ᠢᠯᠡᠭᠦᠦ ᠤᠨ ᠤ ᠬᠤᠭᠤᠷᠤᠨᠳᠤ ᠯᠢᠶᠤᠤ ᠤᠯᠤᠰ ᠤᠨ ᠤᠯᠤᠰ ᠲᠦᠷᠦ ᠪᠠᠳᠤ ᠪᠠᠬᠢ᠂ ᠠᠵᠤ ᠠᠬᠤᠢ ᠬᠦᠭᠵᠢᠵᠦ᠂ ᠰᠦᠩ ᠤᠯᠤᠰ ᠲᠠᠢ ᠬᠠᠷᠢᠯᠴᠠᠨ ᠠᠷᠠᠯᠵᠢᠶ᠎ᠠ ᠮᠠᠶᠢᠮᠠᠢ ᠪᠠ ᠤᠳᠬ᠎ᠠ ᠰᠤᠶᠤᠯ ᠰᠤᠯᠢᠯᠴᠠᠵᠤ᠂ ᠡᠨᠡ ᠠᠨᠤ ᠯᠢᠶᠤᠤ ᠤᠯᠤᠰ ᠤᠨ ᠱᠠᠭᠠᠵᠠᠩ ᠰᠠᠪᠠ ᠶᠢ ᠦᠢᠯᠡᠳᠪᠦᠷᠢᠯᠡᠬᠦ ᠮᠡᠷᠭᠡᠵᠢᠯ ᠪᠠ ᠬᠡᠪ ᠵᠠᠩ ᠨᠢᠭᠡᠨ ᠲᠤᠭᠳᠠᠭᠤᠨ ᠬᠦᠭᠵᠢᠬᠦ ᠴᠠᠭ ᠦᠶ᠎ᠡ ᠳᠤ ᠤᠷᠤᠪᠠ᠃ ᠬᠡᠯᠡᠯᠴᠡᠭᠡᠷ ᠲᠤᠳᠤᠷ᠎ᠠ ᠰᠦᠩ᠂ ᠯᠢᠶᠤᠤ ᠬᠤᠶᠠᠷ ᠡᠳᠡᠭᠡᠳ ᠾᠧᠪᠸᠢ ᠶᠢᠨ ᠬᠢᠯᠢ ᠶᠢᠨ ᠤᠷᠤᠨ ᠰᠢᠶᠦᠩ ᠵᠸᠦ᠂  ᠪᠠᠨ ᠵᠸᠦ᠂ ᠠᠨ ᠰᠦ᠋ ᠵᠢᠶᠦ᠋ᠨ᠂ ᠭᠤᠸᠠᠩ ᠰᠢᠨ ᠵᠢᠶᠦ᠋ᠨ ᠲᠦᠷᠪᠡᠨ ᠵᠦᠪᠯᠡᠭᠴᠢ ᠲᠠᠯᠠᠪᠠᠢ᠂ ᠲᠠᠷᠤᠢ ᠾᠧᠪᠸᠢ ᠶᠢᠨ ᠲᠦᠷᠪᠡᠨ ᠵᠦᠪᠯᠡᠬᠦ ᠲᠤᠪᠴᠢᠶ᠎ᠡ ᠲᠤᠭᠳᠠᠭᠠᠵᠤ᠂ ᠪᠠᠰᠠ ᠲᠢᠩ ᠵᠸᠦ ᠵᠢᠶᠦ᠋ᠨ ᠬᠤᠳᠠ ᠶᠢᠨ ᠪᠤᠭᠤᠮᠳᠠ᠂ ᠹᠸᠢ ᠬᠤ᠋ ᠯᠢᠩ ᠶᠠ ︵飞狐菱牙︶᠂ ᠡᠾᠦ᠋ᠸᠧ ᠱᠠᠨ ᠵᠢᠶᠦ᠋ᠨ ︵火山军︶᠂ ᠵᠢᠦ ᠯᠢᠶᠠᠩ ᠶᠢᠨ ︵久良津︶ ᠵᠡᠷᠭᠡ ᠤᠷᠤᠨ ᠳᠤ ᠤᠬᠤᠷ ᠴᠠᠭ ᠤᠨ ᠵᠦᠪᠳᠡᠬᠦ ᠲᠠᠯᠠᠪᠠᠢ ᠪᠠᠶᠢᠭᠤᠯᠵᠤ᠂ ᠰᠦᠩ᠂ ᠯᠢᠶᠤᠤ ᠬᠤᠶᠠᠷ ᠤᠯᠤᠰ  ᠤᠨ ᠬᠠᠷᠢᠯᠴᠠᠨ ᠵᠦᠪᠯᠡᠭᠴᠢ ᠰᠠᠶᠢᠨ ᠰᠠᠶᠢᠬᠠᠨ ᠵᠦᠭ ᠲᠤ ᠬᠠᠨᠳᠤᠵᠤ᠂ ᠬᠤᠶᠠᠷ ᠡᠳᠡᠭᠡᠳ ᠤᠨ ᠠᠷᠠᠯᠵᠢᠶ᠎ᠠ ᠮᠠᠶᠢᠮᠠᠢ ᠯᠠᠪᠳᠠᠭᠤᠨ ᠲᠡᠭᠰᠢ ᠬᠦᠭᠵᠢᠵᠦ᠂ ᠠᠷᠠᠯᠵᠢᠶ᠎ᠠ ᠮᠠᠶᠢᠮᠠᠢ ᠦᠭᠡᠳᠡ ᠬᠦᠭᠵᠢᠵᠦ ᠶᠠᠪᠤᠬᠤ ᠨᠢ ᠰᠦᠩ ᠤᠯᠤᠰ ᠤᠨ ᠲᠤᠭᠳᠠᠭᠤᠨ ᠨᠡᠶᠢᠭᠡᠮ ᠤᠨ ᠤᠷᠴᠢᠨ ᠲᠤᠭᠤᠷᠢᠨ ᠤᠨ ᠲᠤᠤᠷ᠎ᠠ ᠱᠠᠭᠠᠵᠠᠩ ᠰᠠᠪᠠ ᠶᠢᠨ ᠬᠡᠷᠡᠭᠰᠡᠯ ᠤᠨ ᠴᠢᠨᠠᠷ ᠲᠤᠭ᠎ᠠ ᠨᠡᠩ ᠢᠯᠡᠭᠦᠦ ᠪᠠᠳᠤᠳᠬᠠᠪᠠ᠃ ᠯᠢᠶᠤᠤ ᠤᠯᠤᠰ ᠠᠭᠠᠵᠢᠮ ᠳᠤ ᠪᠠᠨ ᠰᠢᠯᠭᠠᠯᠳᠠ ᠶᠢᠨ ᠵᠢᠷᠤᠮ ᠢ ᠶᠠᠪᠤᠭᠳᠠᠭᠤᠯᠵᠤ᠂ ᠰᠤᠷᠭᠠᠨ ᠬᠦᠮᠦᠵᠢᠯ ᠢ ᠡᠷᠬᠢᠮᠯᠡᠵᠦ᠂ ᠬᠢᠳᠠᠨ ᠦᠨᠳᠦᠰᠦᠳᠡᠨ ᠡᠷᠭᠡ ᠲᠡᠭᠰᠢ ᠲᠡᠭᠰᠢᠷᠡᠵᠦ᠂ ᠡᠭᠦᠨ ᠤ ᠵᠡᠷᠭᠡᠪᠡᠷ ᠬᠢᠳᠠᠨᠴᠤᠳ ᠹᠸᠤᠳᠠᠯ ᠤᠨ ᠨᠡᠶᠢᠭᠡᠮ ᠵᠦᠭ ᠵᠢᠴᠢ ᠬᠢᠳᠠᠳᠴᠢᠯᠠᠬᠤ ᠨᠢ ᠡᠳᠦᠷ ᠠᠴᠠ ᠡᠳᠦᠷ ᠬᠦᠨᠵᠡᠭᠡᠶᠢᠷᠡᠪᠡ᠃ 1007 ᠤᠨ ᠠᠴᠠ ᠡᠭᠢᠯᠡᠨ ᠯᠢᠶᠤᠤ ᠤᠯᠤᠰ ᠤᠨ ᠵᠦᠩᠵᠢᠩ ᠬᠤᠳᠠ ᠶᠢᠨ ᠪᠦᠬᠦ ᠪᠠᠶᠢᠷᠢᠯᠠᠯ ᠪᠦᠷ ᠤᠮᠠᠷᠠᠳᠤ ᠰᠦᠩ ᠤᠯᠤᠰ ᠤᠨ ᠪᠢᠶᠠᠨ ᠵᠢᠩ ᠬᠤᠳᠠ ᠪᠠᠷ ᠬᠡᠪ ᠵᠢᠱᠢᠶ᠎ᠡ ᠪᠤᠯᠭᠠᠨ ᠪᠠᠶᠢᠭᠤᠯᠵᠤ᠂ ᠠᠰᠠᠷ ᠤᠨ ᠡᠭᠦᠳᠡ ᠶᠢᠨ ᠴᠢᠮᠡᠭᠯᠡᠯ ᠪᠠᠰᠠ ᠰᠦᠩ ᠤᠯᠤᠰ ᠤᠨ ᠨᠠᠶᠢᠰᠯᠠᠯ ᠬᠤᠳᠠ ᠶᠢ ᠲᠠᠭᠤᠷᠢᠶᠠᠨ ᠪᠠᠶᠢᠭᠤᠯᠵᠠᠢ᠃ ᠪᠦᠬᠦ ᠬᠢᠳᠠᠨ ᠤ ᠨᠡᠶᠢᠭᠡᠮ ᠲᠡᠭᠡᠷ᠎ᠡ ᠠᠴᠠ ᠲᠤᠤᠷ᠎ᠠ ᠬᠦᠷᠳᠡᠯ᠎ᠡ ᠠᠯᠬᠤᠮ ᠠᠯᠬᠤᠮ ᠢᠶᠠᠷ ᠵᠦᠩ ᠶᠤᠸᠠᠨ ᠤ ᠤᠳᠬ᠎ᠠ ᠰᠤᠶᠤᠯ ᠢ ᠬᠦᠯᠢᠶᠡᠨ ᠠᠪᠤᠭᠰᠠᠨ ᠪᠦᠭᠡᠳ ᠪᠠᠭ᠋ᠠᠷᠬᠠᠬᠤ ᠳᠤ ᠬᠦᠷᠪᠡ᠃ ᠠᠩᠬ᠎ᠠ ᠬᠢᠳᠠᠨ ᠦᠨᠳᠦᠰᠦᠳᠡᠨ ᠶᠡᠭᠡ ᠬᠡᠪᠴᠢᠶ᠎ᠡ ᠪᠠᠷ ᠲᠤᠮᠳᠠᠳᠤ ᠤᠯᠤᠰ ᠤᠨ ᠤᠪᠤᠷ ᠰᠤᠷᠳᠠᠯ ᠢ  ᠪᠠᠭ᠋ᠠᠷᠬᠠᠬᠤ  ᠠᠴᠠ ᠬᠢᠳᠠᠳ ᠤᠨ ᠬᠡᠪ ᠵᠠᠩ ᠢ ᠰᠤᠷᠤᠯᠴᠠᠬᠤ  ᠶᠠᠪᠤᠴᠠ ᠳᠤ ᠬᠢᠳᠠᠨ ᠦᠨᠳᠦᠰᠦᠳᠡᠨ ᠤ ᠰᠠᠭᠤᠵᠤ ᠠᠮᠢᠳᠤᠷᠠᠬᠤ ᠶᠢ ᠪᠠᠰᠠ ᠵᠦᠩ ᠶᠤᠸᠠᠨ ᠤᠷᠤᠨ ᠤ ᠮᠠᠶ᠋ᠢᠭ ᠵᠦᠭ ᠲᠤ ᠰᠢᠯᠵᠢᠵᠦ᠂ ᠴᠠᠢ ᠠᠮᠳᠠᠯᠠᠬᠤ ᠨᠢ ᠡᠨᠡ ᠦᠶ᠎ᠡ ᠶᠡᠭᠡ ᠲᠡᠯᠭᠡᠷᠡᠵᠦ ᠂ ᠰᠦᠩ᠂ ᠯᠢᠶᠤᠤ ᠬᠤᠶᠠᠷ ᠤᠯᠤᠰ ᠬᠠᠷᠢᠯᠴᠠᠨ ᠡᠯᠴᠢ ᠲᠤᠮᠢᠯᠠᠨ ᠬᠠᠷᠢᠴᠠᠵᠤ᠂ ᠰᠦᠩ ᠤᠨ ᠡᠯᠴᠢ ᠯᠢᠶᠤᠤ ᠤᠯᠤᠰ  ᠲᠤ ᠤᠴᠢᠬᠤ ᠳᠤ ᠤᠯᠠᠩᠬᠢ ᠨᠢ ᠴᠠᠢ ᠶᠢᠨ ᠪᠡᠯᠡᠭ ᠪᠠ ᠠᠶᠠᠭ᠎ᠠ᠂ ᠶᠡᠭᠡ ᠪᠠᠭ᠎ᠠ ᠯᠤᠩᠬᠤ᠂ ᠰᠠᠪᠬ᠎ᠠ ᠵᠡᠷᠭᠡ ᠬᠡᠷᠡᠭᠰᠡᠯ ᠪᠤᠯᠤᠨ᠎ᠠ᠃ ᠡᠨᠡ ᠠᠨᠤ ᠨᠢᠭᠡᠨ ᠲᠠᠯ᠎ᠠ ᠪᠠᠷ ᠬᠢᠳᠡᠨ ᠦᠨᠳᠦᠰᠦᠳᠡᠨ ᠤ ᠠᠮᠢᠳᠤᠷᠠᠯ ᠤᠨ ᠮᠠᠶ᠋ᠢᠭ ᠤᠨ ᠬᠤᠪᠢᠷᠠᠯᠳᠠ ᠶᠢ ᠬᠡᠷᠡᠴᠢᠯᠡᠵᠦ ᠪᠠᠶᠢᠭ᠎ᠠ ᠪᠦᠭᠡᠳ ᠡᠳᠦᠷ ᠲᠤᠳᠤᠮ ᠤᠨ ᠬᠡᠷᠡᠭᠰᠡᠯ ᠤᠨ ᠡᠳ᠋ ᠰᠠᠪᠠ ᠶᠢᠨ ᠬᠤᠪᠢᠷᠠᠯᠳᠠ ᠶᠢ ᠬᠡᠷᠡᠴᠢᠯᠡᠵᠦ ᠪᠤᠢ᠃ ᠡᠶᠢᠮᠦ ᠤᠴᠢᠷ ᠠᠴᠠ ᠯᠢᠶᠤᠤ ᠤᠯᠤᠰ ᠤᠨ ᠱᠠᠭᠠᠵᠠᠩ ᠰᠠᠪᠠ ᠶᠢᠨ ᠬᠦᠭᠵᠢᠯᠳᠡ ᠪᠤᠢ ᠪᠤᠯᠬᠤ ᠨᠢ ᠪᠦᠬᠦᠨ  ᠢᠶᠠᠷ ᠰᠢᠨ᠎ᠡ ᠬᠤᠪᠢᠷᠠᠯᠳᠠ ᠰᠢᠨ᠎ᠡ ᠤᠨᠴᠠᠯᠢᠭ ᠲᠠᠢ ᠪᠤᠯᠪᠠ᠃ ᠬᠦᠭᠵᠢᠬᠦ ᠦᠶ᠎ᠡ ᠶᠢᠨ ᠯᠢᠶᠤᠤ ᠤᠯᠤᠰ ᠤᠨ ᠱᠠᠭᠠᠵᠠᠩ ᠰᠠᠪᠠ ᠶᠢᠨ ᠤᠨᠴᠠᠯᠢᠭ
ᠭᠤᠷᠪᠠ᠂ ᠯᠢᠶᠤᠤ ᠤᠯᠤᠰ ᠤᠨ ᠡᠮᠦᠨ᠎ᠡ ᠬᠤᠶᠢᠨ᠎ᠠ ᠬᠤᠶᠠᠷ ᠴᠠᠭ ᠦᠶ᠎ᠡ ᠶᠢᠨ ᠱᠠᠭᠠᠵᠠᠩ ᠰᠠᠪᠠ ᠶᠢᠨ ᠤᠨᠴᠠᠯᠢᠭ ᠢ ᠠᠳᠠᠯᠢᠳᠬᠠᠨ ᠬᠠᠷᠢᠴᠠᠭᠤᠯᠬᠤ ︽ ᠴᠠᠨ  ᠶᠤᠸᠠᠨ ᠤ ᠬᠡᠯᠡᠯᠴᠡᠭᠡᠷ︾ ᠲᠤᠭᠳᠠᠭᠠᠬᠤ ᠠᠴᠠ ᠡᠮᠦᠨ᠎ᠡ᠂ ᠬᠢᠳᠠᠨ ᠦᠨᠳᠦᠰᠦᠳᠡᠨ ᠤ ᠠᠮᠢᠳᠤᠷᠠᠯ ᠤᠨ ᠮᠠᠶ᠋ᠢᠭ ᠤᠭ ᠤᠨ ᠨᠡᠭᠦᠳᠡᠯ ᠮᠠᠯᠵᠢᠯ ᠢᠶᠠᠷ ᠭᠤᠤᠯ ᠪᠤᠯᠭᠠᠵᠤ᠂ ᠡᠨᠡ ᠦᠶ᠎ᠡ ᠶᠢᠨ ᠱᠠᠭᠠᠵᠠᠩ ᠰᠠᠪᠠ ᠶᠢᠨ ᠲᠤᠭ᠎ᠠ ᠬᠢᠵᠠᠭᠠᠷᠯᠠᠭᠳᠠᠵᠤ᠂ ᠭᠤᠤᠯᠳᠠᠭᠤ ᠬᠡᠷᠡᠭᠯᠡᠬᠦ ᠳᠤ ᠲᠦᠭᠦᠮ ᠢ ᠠᠩᠬᠠᠷᠴᠤ᠂ ᠨᠡᠭᠦᠳᠡᠯᠯᠡᠨ ᠰᠢᠯᠵᠢᠵᠦ ᠠᠪᠴᠤ ᠶᠠᠪᠤᠬᠤ  ᠳᠤ ᠠᠮᠠᠷᠬᠠᠨ ᠤᠨᠴᠠᠯᠢᠭ ᠲᠠᠢ᠃ ᠡᠶᠢᠮᠦ ᠠᠴᠠ ᠬᠡᠯᠪᠡᠷᠢ ᠶᠢᠨ ᠲᠠᠯ᠎ᠠ ᠪᠠᠷ ᠤᠨᠴᠠᠭᠠᠢ ᠬᠢᠳᠠᠨ ᠦᠨᠳᠦᠰᠦᠳᠡᠨ ᠤ ᠬᠡᠪ ᠲᠦᠷᠢᠮ ᠲᠠᠢ ᠲᠠᠬᠢᠶᠠᠨ ᠰᠡᠴᠡᠭᠳᠦ ᠬᠤᠪᠢᠩ ᠪᠠ ᠬᠠᠪᠳᠠᠭᠠᠢ ᠬᠤᠪᠢᠩ ᠪᠤᠯ ᠲᠡᠷᠡ ᠦᠶ᠎ᠡ ᠶᠢᠨ ᠬᠠᠮᠤᠭ ᠲᠦᠯᠦᠭᠡᠯᠡᠭᠴᠢ ᠤᠨᠴᠠᠯᠢᠭ ᠲᠠᠢ ᠱᠠᠭᠠᠵᠠᠩ ᠰᠠᠪᠠ ᠪᠤᠯᠤᠨ᠎ᠠ᠃ ᠰᠢᠷ ᠪᠤᠳᠤᠭ ᠤᠨ ᠲᠠᠯ᠎ᠠ ᠪᠠᠷ ᠬᠡᠯᠡᠪᠡᠯ᠂ ᠮᠠᠲ᠋ᠧᠷᠢᠶᠠᠯ ᠬᠦᠷᠦᠯᠴᠡᠬᠦ ᠦᠭᠡᠢ᠂ ᠮᠡᠷᠭᠡᠵᠢᠯ ᠲᠤᠳᠠᠭᠳᠠᠨ ᠪᠤᠯᠪᠠᠰᠤᠷᠠᠯ ᠬᠦᠢᠴᠡᠬᠦ ᠦᠭᠡᠢ ᠵᠡᠷᠭᠡ ᠨᠦᠭᠦᠴᠡᠯ ᠠᠴᠠ ᠪᠤᠯᠵᠤ᠂ ᠰᠠᠪᠠ ᠡᠳ᠋ ᠤᠯᠠᠩᠬᠢ ᠨᠢ ᠰᠢᠳᠠᠭᠠᠭᠰᠠᠨ ᠨᠢ ᠬᠦᠢᠴᠡᠳ ᠦᠭᠡᠢ ᠰᠢᠷ ᠪᠤᠳᠤᠭ ᠲᠠᠢ ᠱᠠᠭᠠᠵᠠᠩ ᠰᠠᠪᠠ ᠪᠤᠯᠬᠤ ᠪᠦᠭᠡᠳ ᠪᠤᠳᠤᠭ ᠤᠨ ᠲᠦᠷᠦᠯ ᠵᠦᠢᠯ ᠴᠦᠭᠡᠭᠡᠨ᠂ ᠰᠢᠷ ᠪᠤᠳᠤᠭ ᠤᠨ ᠦᠩᠭᠡᠯᠡᠯ ᠲᠡᠭᠰᠢ ᠦᠭᠡᠢ᠂ ᠨᠢᠯᠪᠤᠰᠤ ᠲᠤᠰᠤᠯ ᠵᠡᠷᠭᠡ ᠦᠵᠡᠭᠳᠡᠨ᠎ᠡ᠃ ᠡᠭᠦᠨ ᠠᠴᠠ ᠪᠢᠳᠡ ᠮᠡᠳᠡᠬᠦ ᠨᠢ ᠯᠢᠶᠤᠤ ᠤᠯᠤᠰ ᠤᠨ ᠬᠢᠵᠠᠭᠠᠷ ᠲᠤᠳᠤᠷ᠎ᠠ ᠡᠯ᠎ᠡ ᠶᠤᠤ ᠠᠮᠠᠨ ᠳᠤ ᠰᠢᠷ ᠪᠤᠳᠤᠭ ᠤᠷᠤᠭᠤᠯᠬᠤ᠂ ᠰᠢᠳᠠᠭᠠᠬᠤ ᠮᠡᠷᠭᠡᠵᠢᠯ ᠪᠦᠷ ᠪᠤᠯᠪᠠᠰᠤᠷᠠᠯ ᠦᠭᠡᠢ᠂ ᠰᠢᠷᠭᠡᠭ ᠦᠩᠭᠡᠯᠡᠯ ᠤᠨ ᠲᠠᠯ᠎ᠠ ᠪᠤᠷᠤᠭᠵᠢᠭᠤᠨ ᠮᠠᠶ᠋ᠢᠭ ᠲᠠᠢ᠂ ᠰᠡᠶᠢᠯᠬᠦ ᠵᠢᠷᠤᠬᠤ᠂ ᠨᠠᠭᠠᠵᠤ ᠡᠭᠦᠳᠬᠦ ᠵᠡᠷᠭᠡ ᠦᠭᠡᠳᠡᠰᠦ᠂ ᠠᠷᠠᠰᠤᠨ ᠲᠤᠪᠴᠢ᠂ ᠠᠷᠠᠰᠤᠨ ᠤᠭᠤᠰᠤᠷ ᠨᠢ ᠦᠨᠡᠨ ᠮᠡᠳᠦ ᠦᠵᠡᠭᠳᠡᠵᠦ᠂ ᠤᠷᠭᠤᠮᠠᠯ ᠤᠨ ᠰᠢᠷᠭᠡᠭ ᠤᠯᠠᠩᠬᠢ ᠨᠢ ᠵᠦᠩ ᠶᠤᠸᠠᠨ ᠤᠷᠤᠨ ᠢ ᠲᠠᠭᠤᠷᠢᠶᠠᠭᠰᠠᠨ ᠬᠡᠪ ᠮᠠᠶ᠋ᠢᠭ ᠲᠠᠢ᠃ ︽ ᠴᠠᠨ  ᠶᠤᠸᠠᠨ ᠤ ᠬᠡᠯᠡᠯᠴᠡᠭᠡᠷ︾ ᠢ ᠲᠤᠭᠳᠠᠭᠠᠭᠰᠠᠨ ᠤ ᠰᠡᠭᠦᠯᠡᠷ ᠠᠮᠢᠳᠤᠷᠠᠯ ᠤᠨ ᠲᠠᠯ᠎ᠠ ᠶᠢᠨ ᠬᠤᠪᠢᠷᠠᠯᠳᠠ᠂ ᠤᠯᠤᠰ ᠲᠦᠷᠦ᠂ ᠠᠵᠤ ᠠᠬᠤᠢ᠂ ᠤᠳᠬ᠎ᠠ ᠰᠤᠶᠤᠯ ᠵᠡᠷᠭᠡ ᠶᠢᠨ ᠨᠦᠯᠦᠭᠡ ᠪᠠᠷ ᠯᠢᠶᠤᠤ ᠤᠯᠤᠰ ᠤᠨ ᠱᠠᠭᠠᠵᠠᠩ ᠰᠠᠪᠠ ᠤᠯᠠᠮ ᠢᠯᠡᠭᠦᠦ ᠦᠨᠢᠷ ᠪᠠᠶᠠᠯᠢᠭ ᠤᠳᠬ᠎ᠠ ᠤᠷᠠᠯᠢᠭ ᠤᠨ ᠤᠨᠴᠠᠯᠢᠭ ᠲᠠᠢ ᠪᠤᠯᠪᠠ᠃ ᠬᠡᠯᠪᠡᠷᠢ ᠶᠢᠨ ᠲᠠᠯ᠎ᠠ  ᠶᠢᠨ ᠬᠤᠪᠢᠷᠠᠯᠳᠠ ᠵᠦᠩ ᠶᠤᠸᠠᠨ ᠤᠷᠤᠨ ᠤ ᠤᠳᠬ᠎ᠠ ᠰᠤᠶᠤᠯ ᠢ ᠡᠷᠬᠢᠮᠯᠡᠵᠦ᠂ ᠶᠠᠨᠳᠠᠢ᠂ ᠪᠢᠷ ᠪᠡᠭᠡᠰ᠂ ᠴᠠᠢ ᠤᠤᠭᠤᠬᠤ ᠰᠠᠪᠠ ᠬᠡᠷᠡᠭᠰᠡᠯ ᠤᠨ ᠲᠤᠭ᠎ᠠ ᠠᠷᠪᠢᠳᠴᠦ᠂ ᠬᠢᠳᠠᠨ ᠦᠨᠳᠦᠰᠦᠳᠡᠨ ᠤ ᠬᠠᠶᠢᠳᠠᠩ ᠫᠠᠨᠽᠢ᠂ ᠲᠦᠷᠪᠡᠯᠵᠢᠨ ᠫᠠᠨᠽᠢ ᠵᠡᠷᠭᠡ ᠭᠠᠷᠭᠠᠪᠠ᠃ ᠡᠨᠡ ᠦᠶ᠎ᠡ ᠳᠤ ᠬᠢᠳᠠᠨ ᠦᠨᠳᠦᠰᠦᠳᠡᠨ ᠤ ᠬᠡᠪ ᠮᠠᠶ᠋ᠢᠭ ᠲᠠᠢ ᠰᠠᠪᠠ ᠬᠡᠷᠡᠭᠰᠡᠯ ᠬᠤᠪᠢᠷᠠᠯᠳᠠ ᠭᠠᠷᠤᠭᠰᠠᠨ ᠪᠦᠭᠡᠳ ᠵᠠᠷᠢᠮ ᠨᠢ ᠠᠭᠠᠵᠢᠮ ᠢᠶᠠᠷ ᠤᠰᠠᠳᠬᠤ ᠳᠤ ᠬᠦᠷᠪᠡ᠃ ᠵᠢᠱᠢᠶᠡᠯᠡᠪᠡᠯ ᠨᠦᠭᠡ ᠲᠠᠢ ᠲᠤᠭᠤᠰᠳᠤ ᠲᠠᠬᠢᠶᠠᠨ ᠰᠡᠴᠡᠭᠳᠦ ᠬᠤᠪᠢᠩ᠂ ᠬᠤᠳᠤᠭᠤᠷ ᠬᠡᠯᠪᠡᠷᠢᠳᠠᠢ ᠬᠤᠤᠰ ᠲᠤᠭᠤᠰᠳᠤ ᠲᠠᠬᠢᠶᠠᠨ ᠰᠡᠴᠡᠭᠳᠦ ᠬᠤᠪᠢᠩ ᠪᠤᠯᠭᠠᠨ᠂ ᠰᠡᠨᠵᠢᠳᠠᠢ ᠲᠦᠷᠦᠯ ᠤᠨ ᠲᠠᠬᠢᠶᠠᠨ ᠰᠡᠴᠡᠭᠳᠦ ᠬᠤᠪᠢᠩ᠂ ᠲᠦᠭᠦᠷᠢᠭ ᠬᠦᠯ ᠲᠠᠢ ᠦᠨᠳᠦᠷ ᠬᠡᠯᠪᠡᠷᠢᠳᠠᠢ ᠲᠦᠷᠦᠯ ᠵᠦᠢᠯ ᠪᠦᠷ ᠤᠰᠠᠳᠬᠤ ᠦᠭᠡᠢ ᠬᠡᠷᠡᠭᠯᠡᠵᠦ᠂ ᠬᠡᠯᠬᠢᠶᠡᠰᠦᠳᠠᠢ ᠬᠠᠪᠳᠠᠭᠠᠢ ᠬᠤᠪᠢᠩ᠂ ᠨᠤᠭᠤᠯᠬᠤ ᠮᠦᠷᠦ ᠲᠠᠢ ᠬᠤᠪᠢᠩ᠂ ᠫᠠᠨᠽᠢ ᠶᠢᠨ ᠠᠮᠠ ᠲᠠᠢ ᠤᠶᠠᠳᠠᠰᠤᠳᠠᠢ ᠬᠦᠵᠦᠭᠦᠳᠦ ᠬᠤᠪᠢᠩ ᠵᠡᠷᠭᠡ ᠰᠠᠪᠠ ᠬᠡᠷᠡᠭᠰᠡᠯ ᠠᠶᠠᠨᠳᠠᠭᠠᠨ ᠬᠦᠮᠦᠰ ᠤᠨ ᠬᠠᠷᠵᠢ ᠠᠴᠠ ᠵᠠᠶᠢᠳᠠᠪᠠ᠃ ᠰᠢᠳᠠᠭᠠᠬᠤ ᠮᠡᠷᠭᠡᠵᠢᠯ ᠤᠨ ᠲᠠᠯ᠎ᠠ ᠪᠠᠷ ᠨᠡᠩ ᠪᠤᠯᠪᠠᠰᠤᠷᠠᠯ ᠲᠠᠢ ᠪᠤᠯᠵᠤ᠂ ᠨᠡᠩ ᠭᠤᠸ᠎ᠠ ᠰᠠᠶᠢᠬᠠᠨ ᠰᠠᠪᠠ ᠬᠡᠷᠡᠭᠰᠡᠯ ᠦᠢᠯᠡᠳᠦᠨ ᠭᠠᠷᠭᠠᠬᠤ ᠴᠢᠳᠠᠯ ᠲᠠᠢ᠂ ᠰᠢᠷ ᠪᠤᠳᠤᠭ ᠤᠨ ᠲᠦᠷᠦᠯ ᠪᠠᠰᠠ ᠨᠡᠮᠡᠭᠳᠡᠪᠡ᠃ ᠪᠠᠰᠠ ᠰᠢᠷ ᠪᠤᠳᠤᠭ ᠢ ᠤᠰᠤ ᠪᠠᠷ ᠵᠠᠭᠤᠷᠠᠵᠤ ᠨᠠᠶᠢᠷᠠᠭᠤᠯᠬᠤ ᠠᠷᠭ᠎ᠠ ᠬᠡᠮᠵᠢᠶ᠎ᠡ ᠶᠢ ᠡᠵᠡᠮᠰᠢᠭᠰᠡᠨ ᠤᠴᠢᠷ ᠠᠴᠠ ᠬᠤᠤᠰ ᠰᠢᠷ ᠪᠤᠳᠤᠭᠳᠠᠢ ᠱᠠᠭᠠᠵᠠᠩ ᠰᠠᠪᠠ ᠪᠠ ᠲᠠᠩ ᠤᠯᠤᠰ ᠤᠨ ᠭᠤᠷᠪᠠᠨ ᠦᠩᠭᠡᠳᠠᠢ᠂ ᠠᠳᠠᠯᠢ ᠲᠤᠤᠷ᠎ᠠ ᠬᠠᠯᠠᠭᠤᠨ ᠢᠶᠠᠷ ᠦᠢᠯᠡᠳᠦᠭᠰᠡᠨ ᠰᠠᠪᠠ ᠬᠡᠷᠡᠭᠰᠡᠯ ᠡᠭᠦᠳᠦᠨ ᠭᠠᠷᠭᠠᠭᠰᠠᠨ ᠪᠦᠭᠡᠳ ᠯᠢᠶᠤᠤ ᠤᠯᠤᠰ ᠤᠨ ᠡᠨᠡᠬᠦ ᠭᠤᠷᠪᠠᠨ ᠦᠩᠭᠡᠳᠦ ᠱᠠᠭᠠᠵᠠᠩ ᠰᠠᠪᠠ ᠴᠠᠭ ᠦᠶ᠎ᠡ ᠶᠢᠨ ᠤᠨᠴᠠᠯᠢᠭ ᠲᠠᠢ᠂ ᠦᠨᠳᠦᠰᠦᠳᠡᠨ ᠤ ᠤᠨᠴᠠᠯᠢᠭ ᠲᠠᠢ ᠰᠠᠪᠠ ᠬᠡᠷᠡᠭᠰᠡᠯ ᠪᠤᠯᠵᠤ᠂ ᠮᠠᠨ ᠤ ᠤᠯᠤᠰ ᠤᠨ ᠱᠠᠭᠠᠵᠠᠩ ᠰᠠᠪᠠ ᠶᠢᠨ ᠲᠡᠦᠭᠡᠨ  ᠳᠤ ᠦᠳᠭᠡᠨ ᠪᠡᠭᠡ ᠬᠦᠨᠳᠦ ᠦᠩᠭᠡᠳᠦ ᠭᠡᠷᠢᠶᠡᠰᠦ ᠦᠯᠡᠳᠡᠭᠡᠪᠡ᠃ ᠤᠷᠤᠭ ᠰᠢᠨᠵᠢ ᠨᠠᠷᠢᠬᠠᠨ ᠡᠶᠡᠳᠠᠢ᠂ ᠴᠠᠶᠢᠪᠤᠷ ᠤᠯᠠᠭᠠᠨ ᠬᠠᠷᠠᠭᠳᠠᠵᠤ᠂ ᠰᠢᠷ ᠪᠤᠳᠤᠭ ᠦᠵᠡᠰᠭᠦᠯᠡᠩ ᠰᠠᠶᠢᠬᠠᠨ ᠬᠡᠷᠡᠯ ᠴᠡᠪᠡᠷ ᠦᠵᠡᠭᠳᠡᠵᠦ᠂ ᠤᠯᠠᠩᠬᠢ ᠨᠢ ᠰᠢᠷ᠎ᠠ᠂ ᠨᠤᠭᠤᠭᠠᠨ᠂ ᠪᠤᠷᠤ ᠬᠦᠷᠡᠩ ᠵᠡᠷᠭᠡ ᠭᠤᠷᠪᠠᠨ ᠦᠩᠭᠡᠳᠠᠢ ᠰᠢᠷ ᠪᠤᠳᠤᠭᠳᠤ ᠱᠠᠭᠠᠵᠠᠩ ᠰᠠᠪᠠ ᠪᠤᠯᠤᠨ᠎ᠠ᠃ ᠬᠡᠷᠡᠭᠰᠡᠯ  ᠤᠨ ᠬᠡᠯᠪᠡᠷᠢ ᠨᠢ ᠤᠯᠠᠩᠬᠢ ᠨᠢ ᠬᠦᠨᠳᠦᠷᠡᠨ ᠴᠢᠳᠬᠤᠭᠰᠠᠨ ᠬᠤᠪᠢᠩ᠂ ᠲᠦᠷᠪᠡᠯᠵᠢᠨ ᠫᠠᠨᠽᠢ᠂ ᠬᠠᠶᠢᠳᠠᠩ ᠬᠤᠸᠠᠷ  ᠲᠠᠢ ᠦᠨᠳᠦᠷ ᠫᠠᠨᠽᠢ ᠵᠡᠷᠭᠡ ᠪᠤᠯᠤᠨ᠎ᠠ᠃ ᠡᠭᠦᠨ ᠤ ᠲᠤᠳᠤᠷ᠎ᠠ 1977 ᠤᠨ ᠳᠤ ᠤᠯᠠᠭᠠᠨᠬᠠᠳᠠ ᠬᠤᠳᠠ ᠶᠢᠨ ᠰᠦᠩ ᠱᠠᠨ ᠲᠤᠭᠤᠷᠢᠭ ᠤᠨ ᠸᠠᠩ ᠵᠢᠶᠠ ᠲᠢᠶᠠᠨ ᠳᠤ ᠠᠭᠤᠳᠠᠯᠠᠨ ᠭᠠᠷᠭᠠᠭᠰᠠᠨ ᠯᠢᠶᠤᠤ ᠤᠯᠤᠰ ᠤᠨ ᠬᠡᠭᠦᠷ ᠠᠴᠠ ᠤᠷᠠᠨ ᠬᠠᠴᠢᠨ ᠭᠤᠷᠪᠠᠨ ᠦᠩᠭᠡᠳᠦ ᠱᠠᠭᠠᠵᠠᠩ ᠰᠠᠪᠠ ᠨᠠᠷᠢᠯᠢᠭ ᠰᠠᠶᠢᠬᠠᠨ ᠨᠢ ᠤᠯᠠᠨ ᠮᠡᠷᠭᠡᠳ ᠱᠠᠭᠰᠢᠨ ᠪᠬᠠᠷᠬᠠᠪᠠ ᠃ ᠭᠤᠤᠯ ᠵᠠᠰᠠᠯ ᠴᠢᠮᠡᠭᠯᠡᠯ ᠤᠨ ᠠᠷᠭ᠎ᠠ ᠨᠢ ᠬᠤᠸᠠᠷᠯᠠᠬᠤ᠂ ᠵᠢᠷᠤᠭᠳᠤ ᠬᠤᠸᠠᠷ ᠬᠤᠶᠠᠷ ᠵᠦᠢᠯ ᠪᠠᠶᠢᠵᠤ᠂ ᠶᠡᠭᠡ ᠲᠦᠯᠦᠪ ᠫᠠᠨᠽᠢ᠂ ᠫᠢᠯᠠ ᠶᠢᠨ ᠦᠩᠭᠡ ᠨᠢ ᠠᠷᠭ᠎ᠠ ᠶᠢᠨ ᠤᠳᠬ᠎ᠠ ᠲᠠᠢ ᠵᠢᠷᠤᠭ ᠬᠤᠸᠠᠷ ᠪᠤᠯᠵᠤ᠂ ᠰᠡᠶᠢᠯᠦᠮᠡᠯ ᠰᠠᠪᠠ  ᠨᠢ ᠪᠠᠰᠠ ᠵᠢᠷᠤᠭᠯᠠᠨ ᠬᠤᠸᠠᠷᠯᠠᠵᠤ᠂ ᠲᠠᠩ ᠤᠯᠤᠰ ᠤᠨ ᠭᠤᠷᠪᠠᠨ ᠦᠩᠭᠡᠳᠦ ᠰᠠᠪᠠ ᠠᠴᠠ ᠤᠨᠳᠤᠤ ᠨᠢ ᠬᠦᠭᠡ ᠦᠩᠭᠡ ᠶᠢᠨ ᠰᠢᠷ ᠪᠤᠳᠤᠭ ᠦᠭᠡᠢ᠂ ᠶᠠᠪᠤᠭᠤᠯᠬᠤ ᠰᠢᠷ ᠪᠤᠳᠤᠭ ᠢᠳᠡᠭᠡᠰᠢᠬᠦ ᠦᠭᠡᠢ᠂ ᠰᠢᠷ ᠪᠤᠳᠤᠭ ᠤᠨ ᠨᠢᠭᠤᠷ ᠤᠷᠤᠰᠬᠤ ᠨᠢᠯᠪᠤᠰᠤ ᠲᠤᠰᠤᠯ ᠪᠠᠭ᠎ᠠ᠃ ᠰᠢᠷᠭᠡᠭ ᠦᠩᠭᠡᠯᠡᠯ ᠤᠨ ᠲᠠᠯ᠎ᠠ ᠪᠠᠷ ᠤᠳᠬ᠎ᠠ ᠤᠷᠠᠯᠢᠭ ᠤᠨ ᠢᠳᠡᠭᠡᠰᠢᠬᠦ ᠨᠢ ᠨᠡᠩ ᠢᠯᠡᠷᠭᠡᠢ᠂ ᠶᠠᠭ ᠵᠦᠩ ᠶᠤᠸᠠᠨ ᠤᠷᠤᠨ ᠳᠤ ᠦᠷᠭᠡᠨ ᠢᠶᠠᠷ ᠬᠡᠷᠡᠭᠯᠡᠵᠦ ᠪᠠᠶᠢᠭ᠎ᠠ ᠨᠤᠭᠤᠷᠠᠯ ᠰᠠᠯᠠᠭ᠎ᠠ ᠲᠠᠢ ᠤᠳᠠᠪᠠᠯ᠎ᠠ ᠰᠢᠷᠭᠡᠭ᠂ ᠭᠠᠳᠠᠰᠢ ᠨᠠᠪᠴᠢ ᠲᠠᠢ ᠰᠠᠪᠠ ᠬᠡᠷᠡᠭᠰᠡᠯ᠂ ᠨᠡᠩ ᠤᠯᠠᠨ ᠨᠢ ᠬᠢᠳᠠᠳ ᠦᠨᠳᠦᠰᠦᠳᠡᠨ ᠤ ᠬᠡᠪ ᠮᠠᠶ᠋ᠢᠭ ᠲᠠᠢ ᠰᠢᠷᠭᠡᠭ ᠦᠩᠭᠡᠯᠡᠯ ᠠᠷᠪᠢᠨ ᠢᠯᠡᠷᠡᠵᠦ᠂ ᠵᠢᠱᠢᠶᠡᠯᠡᠪᠡᠯ ᠲᠦᠭᠦᠷᠢᠭ ᠬᠤᠸᠠᠷ᠂ ᠲᠦᠷᠪᠡᠯᠵᠢᠨ ᠨᠠᠪᠴᠢᠳᠠᠢ ᠮᠠᠨᠳᠠᠷᠠᠸ᠎ᠠ ᠴᠡᠴᠡᠭ᠂ ᠲᠦᠭᠦᠷᠢᠭ ᠬᠡᠯᠪᠡᠷᠢᠳᠠᠢ ᠪᠠᠳᠮ᠎ᠠ ᠴᠡᠴᠡᠭ᠂ ᠠᠷᠠᠰᠤᠨ ᠤᠭᠤᠰᠤᠷ ᠲᠠᠢ ᠪᠡᠶ᠎ᠡ ᠬᠤᠪᠢᠷᠠᠯᠳᠤ ᠡᠪᠭᠡᠮᠡᠯ ᠡᠪᠡᠰᠦ᠂ ᠭᠠᠯ ᠪᠤᠯᠤᠷ᠂ ᠬᠠᠷᠢ ᠦᠨᠳᠦᠰᠦᠳᠡᠨ ᠤ ᠠᠷᠢᠶᠠᠳᠠᠨ ᠢ ᠰᠤᠷᠭᠠᠬᠤ ᠵᠡᠷᠭᠡ᠃ ᠲᠦᠷᠪᠡ᠂ ︽ ᠴᠠᠨ  ᠶᠤᠸᠠᠨ ᠤ ᠬᠡᠯᠡᠯᠴᠡᠭᠡᠷ︾ ᠯᠢᠶᠤᠤ ᠤᠯᠤᠰ ᠵᠢᠴᠢ ᠰᠡᠭᠦᠯᠴᠢ ᠶᠢᠨ ᠦᠶᠡᠰ ᠤᠨ ᠱᠠᠭᠠᠵᠠᠩ ᠰᠠᠪᠠ ᠶᠢᠨ ᠦᠢᠯᠡᠳᠦᠯ ᠢ ᠨᠦᠯᠦᠭᠡᠯᠡᠬᠦ ᠨᠢ ᠯᠢᠶᠤᠤ ᠤᠯᠤᠰ ᠤᠨ ᠱᠠᠭᠠᠵᠠᠩ ᠰᠠᠪᠠ ᠶᠢᠨ ᠪᠤᠯᠪᠠᠰᠤᠷᠠᠭᠤᠯᠬᠤ ᠠᠵᠢᠯ ᠪᠠᠳᠠᠷᠠᠨ ᠬᠦᠭᠵᠢᠭᠰᠡᠨ ᠠᠨᠤ ᠲᠤᠮᠳᠠᠳᠤ ᠤᠯᠤᠰ ᠤᠨ ᠤᠮᠠᠷᠠᠳᠤ ᠤᠷᠤᠨ ᠤ ᠱᠠᠭᠠᠵᠠᠩ ᠰᠠᠪᠠ ᠶᠢᠨ ᠬᠦᠭᠵᠢᠯᠳᠡ ᠶᠢᠨ ᠰᠠᠭᠤᠷᠢ ᠶᠢ ᠯᠠᠪᠳᠠᠭᠤᠨ ᠲᠠᠯᠪᠢᠪᠠ᠃ ᠡᠭᠦᠨ ᠠᠴᠠ ᠡᠮᠦᠨ᠎ᠡ ᠤᠮᠠᠷ᠎ᠠ ᠤᠷᠤᠨ ᠤ ᠱᠠᠭᠠᠵᠠᠩ ᠰᠠᠪᠠ ᠶᠢᠨ ᠪᠤᠯᠪᠠᠰᠤᠷᠠᠭᠤᠯᠬᠤ ᠠᠵᠢᠯ ᠬᠦᠨᠳᠡᠢ ᠬᠤᠭᠤᠰᠤᠨ ᠪᠠᠶᠢᠵᠤ᠂ ᠪᠦᠷᠢᠨ ᠰᠢᠰᠲ᠋ᠧᠮ ᠲᠠᠢ ᠪᠦᠳᠦᠭᠡᠨ ᠬᠦᠷᠦᠯᠴᠡᠬᠦ ᠦᠭᠡᠢ ᠪᠠᠶᠢᠭᠰᠠᠨ ᠪᠤᠯᠪᠠᠴᠤ ᠯᠢᠶᠤᠤ ᠤᠯᠤᠰ ᠬᠦᠴᠦᠷᠭᠡᠭ ᠬᠦᠭᠵᠢᠬᠦ ᠶᠢᠨ ᠶᠠᠪᠤᠴᠠ ᠳᠤ ᠱᠠᠭᠠᠵᠠᠩ ᠰᠠᠪᠠ ᠲᠡᠦᠭᠡᠨ ᠳᠤ ᠵᠢᠷᠤᠭᠠᠰᠤ ᠴᠢᠭ ᠲᠤᠰᠤᠯ ᠪᠤᠯᠵᠤ᠂ ᠠᠯᠭᠤᠷ ᠢᠶᠠᠷ ᠦᠨᠡᠭᠡᠷ ᠤᠮᠠᠷᠠᠳᠤ ᠶᠢᠨ ᠭᠤᠶᠤ ᠰᠠᠶᠢᠬᠠᠨ ᠱᠠᠭᠠᠵᠠᠩ ᠰᠠᠪᠠ ᠪᠤᠯᠤᠨ ᠬᠦᠭᠵᠢᠪᠡ᠃ ᠡᠭᠦᠨ ᠤ ᠵᠡᠷᠭᠡᠪᠡᠷ ᠬᠤᠶᠢᠴᠢ ᠦᠶ᠎ᠡ ᠶᠢᠨ ᠠᠯᠳᠠᠨ ᠤᠯᠤᠰ᠂ ᠶᠤᠸᠠᠨ ᠤᠯᠤᠰ ᠤᠨ ᠱᠠᠭᠠᠵᠠᠩ ᠰᠠᠪᠠ ᠶᠢᠨ ᠪᠤᠯᠪᠠᠰᠤᠷᠠᠭᠤᠯᠬᠤ ᠠᠵᠢᠯ ᠤᠨ ᠬᠦᠭᠵᠢᠬᠦ ᠳᠤ ᠬᠦᠨᠳᠦ ᠶᠡᠭᠡ ᠠᠴᠢ ᠲᠤᠰᠠ ᠬᠤᠯᠪᠤᠭᠳᠠᠪᠠ᠃ ⒈ ᠯᠢᠶᠤᠤ ᠤᠯᠤᠰ ᠤᠨ ᠱᠠᠭᠠᠵᠠᠩ ᠰᠠᠪᠠ ᠶᠢ ᠨᠦᠯᠦᠭᠡᠯᠡᠭᠰᠡᠨ ᠤᠮᠠᠷᠠᠳᠤ ᠰᠦᠩ ᠤᠯᠤᠰ ᠤᠨ ᠬᠢᠯᠢ ᠳᠤ ᠪᠠᠶᠢᠬᠤ ᠼᠢ ᠵᠸᠦ ᠶᠤᠤ ᠪᠤᠯ ᠲᠡᠷᠡ ᠦᠶ᠎ᠡ ᠶᠢᠨ ᠲᠤᠮᠳᠠᠳᠤ ᠤᠯᠤᠰ ᠤᠨ ᠡᠷᠳᠡᠨ ᠤ ᠤᠮᠠᠷᠠᠳᠤ ᠤᠷᠤᠨ ᠤ ᠬᠠᠮᠤᠭ ᠤᠨ ᠶᠡᠭᠡ ᠠᠷᠠᠳ ᠤᠨ ᠱᠠᠭᠠᠵᠠᠩ ᠰᠠᠪᠠ ᠬᠡᠷᠡᠭᠯᠡᠬᠦ ᠨᠦᠭᠡᠨ ᠵᠤᠤᠬ᠎ᠠ ︵窑︶ ᠪᠤᠯᠬᠤ ᠪᠦᠭᠡᠳ ᠤᠮᠠᠷᠠᠳᠤ ᠶᠤᠤ ᠠᠮᠠᠨ ︵窑口︶ ᠤ ᠱᠠᠭᠠᠵᠠᠩ ᠰᠠᠪᠠ ᠶᠢᠨ ᠰᠢᠰᠲ᠋ᠧᠮ ᠤᠨ ᠲᠦᠪ ᠭᠤᠤᠯ ᠨᠡᠷ᠎ᠡ ᠠᠯᠳᠠᠷ ᠲᠠᠢ᠃ ᠲᠡᠭᠦᠨ ᠤ ᠰᠢᠳᠠᠭᠠᠬᠤ ᠲᠦᠷᠦᠯ ᠵᠦᠢᠯ ᠠᠷᠪᠢᠨ ᠪᠦᠭᠡᠳ ᠲᠤᠭ᠎ᠠ ᠨᠢ ᠶᠡᠭᠡ᠂ ᠪᠦᠬᠦ ᠤᠯᠤᠰ  ᠤᠨ ᠱᠠᠭᠠᠵᠠᠩ ᠰᠠᠪᠠ ᠶᠢᠨ ᠦᠢᠯᠡᠰ ᠤᠨ ᠬᠦᠭᠵᠢᠯᠳᠡ ᠶᠢ ᠨᠦᠯᠦᠭᠡᠯᠡᠪᠡ᠃ ︽ᠲᠠᠨ ᠶᠤᠸᠠᠨ ᠤ ᠬᠡᠯᠡᠯᠴᠡᠭᠡᠷ︾ ᠲᠤᠭᠳᠠᠭᠠᠭᠰᠠᠨ ᠤ ᠰᠡᠭᠦᠯᠡᠷ᠂ ᠶᠡᠭᠡ ᠲᠤᠭᠠᠨ ᠤ ᠼᠢ ᠵᠸᠦ ᠶᠤᠤ ᠤᠨ ᠰᠢᠳᠠᠭᠠᠭᠰᠠᠨ ᠱᠠᠭᠠᠵᠠᠩ ᠰᠠᠪᠠ ᠬᠡᠷᠡᠭᠰᠡᠯ ᠯᠢᠶᠤᠤ ᠤᠯᠤᠰ ᠲᠤ ᠤᠷᠤᠵᠤ ᠢᠷᠡᠨ᠂ ᠯᠢᠶᠤᠤ ᠤᠯᠤᠰ ᠤᠨ ᠱᠠᠭᠠᠵᠠᠩ ᠰᠠᠪᠠ ᠶᠢᠨ ᠰᠢᠳᠠᠭᠠᠨ ᠦᠢᠯᠡᠳᠬᠦ ᠮᠡᠷᠭᠡᠵᠢᠯ ᠵᠢᠴᠢ ᠬᠡᠪ ᠮᠠᠶ᠋ᠢᠭ ᠨᠢᠵᠡᠭᠡᠳ ᠨᠦᠯᠦᠭᠡᠯᠡᠪᠡ᠃ 1962 ᠤᠨ ᠤ 6 ᠰᠠᠷ᠎ᠠ ᠠᠴᠠ 9 ᠰᠠᠷ᠎ᠠ ᠳᠤ ᠦᠪᠦᠷ ᠮᠤᠩᠭᠤᠯ ᠤᠨ ᠲᠡᠦᠭᠡ ᠶᠢᠨ ᠲᠤᠷᠠᠰᠬᠠᠯᠳᠤ ᠵᠦᠢᠯ ᠤᠨ ᠡᠷᠳᠡᠨ ᠤ ᠬᠢ ᠶᠢ ᠰᠤᠳᠤᠯᠬᠤ ᠭᠠᠵᠠᠷ᠂ ᠪᠠᠭᠠᠷᠢᠨ ᠵᠡᠭᠦᠨ ᠬᠤᠰᠢᠭᠤ ᠯᠢᠨᠳᠦ᠋ᠩ ᠪᠠᠯᠭᠠᠰᠤ ᠶᠢᠨ ᠡᠮᠦᠨ᠎ᠡ᠂ ᠯᠢᠶᠤᠤ ᠤᠯᠤᠰ ᠤᠨ ᠲᠡᠭᠡᠳᠦ ᠨᠠᠶᠢᠰᠯᠠᠯ ︵上京︶ ᠤᠨ ᠰᠠᠭᠤᠷᠢ ᠶᠢ ᠬᠠᠶᠢᠨ ᠪᠠᠶᠢᠴᠠᠭᠠᠬᠤ ᠳᠤ ᠬᠠᠭᠠᠨ ᠤ ᠤᠷᠳᠤᠨ ᠤ ᠬᠤᠳᠠ ᠶᠢᠨ ᠲᠤᠳᠤᠷ᠎ᠠ ᠠᠭᠤᠳᠠᠯᠯᠠᠨ ᠭᠠᠷᠭᠠᠭᠰᠠᠨ ᠰᠠᠪᠠ ᠬᠡᠷᠡᠭᠰᠡᠯ ᠤᠨ ᠬᠡᠯᠳᠦᠷᠭᠡᠢ 115 ᠭᠠᠷᠴᠤ᠂ ᠪᠦᠳᠦᠭᠦᠯᠢᠭ ᠨᠠᠷᠢᠯᠢᠭ ᠱᠠᠭᠠᠵᠠᠩ ᠰᠠᠪᠠ ᠶᠢᠨ ᠬᠡᠯᠳᠦᠷᠭᠡᠢ 190 ᠭᠠᠷᠴᠤ᠂ ᠬᠤᠶᠠᠳᠤᠭᠠᠷ ᠤᠳᠠᠭ᠎ᠠ ᠶᠢᠨ ᠰᠢᠷᠤᠢ ᠶᠢᠨ ᠪᠤᠯᠠᠭᠳᠠᠯ  ᠳᠤ ᠵᠢᠪᠡ ᠲᠠᠢ ᠤᠷᠤᠭ ᠲᠦᠷᠦᠯ ᠤᠨ ᠪᠦᠳᠦᠭᠦᠯᠢᠭ ᠴᠠᠭᠠᠨ ᠰᠢᠷ ᠪᠤᠳᠤᠭ ᠲᠠᠢ ᠱᠠᠭᠠᠵᠠᠩ ᠰᠠᠪᠠ᠂ ᠤᠯᠠᠭᠠᠨ ᠦᠩᠭᠡᠳᠠᠢ ᠰᠠᠪᠠ᠂ ᠰᠦᠩ ᠤᠯᠤᠰ ᠤᠨ ᠶᠤᠸᠠᠨ ᠶᠢᠦ ᠲᠦᠩ ᠪᠤᠤ ︵元祐通宝︶ ᠵᠡᠷᠭᠡ ᠦᠯᠡᠳᠡᠭᠳᠡᠯ ᠭᠠᠷᠴᠤ᠂ ᠭᠤᠷᠪᠠᠳᠤᠭᠠᠷ ᠤᠳᠠᠭ᠎ᠠ ᠨᠢ ᠤᠪᠤᠭᠠᠯᠠᠭᠰᠠᠨ ᠰᠢᠷᠤᠢ ᠳᠤ ᠬᠦᠭᠡ ᠴᠠᠭᠠᠨ ᠱᠠᠭᠠᠵᠠᠩ ᠰᠠᠪᠠ ᠶᠢᠨ ᠬᠡᠯᠳᠦᠷᠭᠡᠢ᠂ ᠤᠯᠠᠨ ᠵᠦᠢᠯ ᠤᠨ ᠲᠤᠭᠳᠠᠮᠠᠯ ᠴᠠᠭᠠᠨ ᠱᠠᠭᠠᠵᠠᠩ ᠰᠠᠪᠠ ᠪᠠ ᠲᠠᠭᠤᠷᠢᠶᠠᠮᠠᠯ ᠲᠤᠭᠳᠠᠮᠠᠯ ᠴᠠᠭᠠᠨ ᠱᠠᠭᠠᠵᠠᠩ ᠰᠠᠪᠠ᠂ ᠤᠯᠠᠨ ᠲᠤᠭᠠᠨ ᠤ ᠰᠦᠩ ᠤᠯᠤᠰ ᠤᠨ ︽ᠰᠢ ᠨᠢᠩ ᠶᠤᠸᠠᠨ ᠪᠤᠤ︾ ︵熙宁元宝︶ ᠵᠢᠴᠢ ᠶᠤᠸᠠᠨ ᠶᠢᠦ ᠲᠦᠩ ᠪᠤᠤ ᠵᠤᠭᠤᠰ ᠵᠡᠷᠭᠡ ᠭᠠᠷᠴᠠᠢ᠃ ᠲᠦᠷᠪᠡᠳᠦᠭᠡᠷ ᠤᠳᠠᠭᠠᠨ ᠤ ᠬᠡᠷ ᠤᠨ ᠰᠠᠭᠤᠷᠢ ᠶᠢᠨ ᠤᠪᠤᠭᠠᠯᠠᠭᠰᠠᠨ ᠰᠢᠷᠤᠢ ᠳᠤ ᠪᠦᠳᠦᠭᠦᠯᠢᠭ ᠬᠠᠷ᠎ᠠ ᠴᠠᠭᠠᠨ ᠰᠢᠷᠭᠡᠭ ᠱᠠᠭᠠᠵᠠᠩ ᠰᠠᠪᠠ ᠪᠠ ᠲᠠᠭᠤᠷᠢᠶᠠᠮᠠᠯ ᠲᠤᠭᠳᠠᠮᠠᠯ ᠴᠠᠭᠠᠨ ᠱᠠᠭᠠᠵᠠᠩ ᠰᠠᠪᠠ ᠶᠢᠨ ᠬᠡᠯᠳᠦᠷᠭᠡᠢ ᠵᠢᠴᠢ ᠪᠤᠷᠴᠠᠭᠳᠤ ᠨᠤᠭᠤᠭᠠᠨ᠂ ᠪᠤᠷᠴᠠᠭᠳᠤ ᠬᠦᠭᠡ ᠱᠠᠭᠠᠵᠠᠩ ᠰᠠᠪᠠ  ᠶᠢᠨ ᠬᠡᠯᠳᠦᠷᠭᠡᠢ᠂ ︽ᠵᠧᠩ ᠡᠾᠧ ᠲᠦᠩ ᠪᠤᠤ︾ ︵政和通宝︶ ᠵᠡᠷᠭᠡ ᠰᠦᠩ ᠤᠯᠤᠰ ᠤᠨ ᠵᠤᠭᠤᠰ ᠨᠡᠯᠢᠶᠡᠳ ᠭᠠᠷᠴᠠᠢ᠃ ᠡᠭᠦᠨ ᠤ ᠲᠤᠳᠤᠷ᠎ᠠ ᠱᠠᠭᠠᠵᠠᠩ ᠰᠠᠪᠠ ᠨᠢ ᠦᠨᠡᠰᠦᠨ ᠦᠩᠭᠡ ᠲᠠᠢ᠂ ᠱᠠᠭᠠᠵᠠᠩ ᠰᠠᠪᠠ ᠶᠢᠨ ᠲᠤᠭ᠎ᠠ ᠨᠢ ᠪᠠᠭ᠎ᠠ᠂ ᠵᠠᠷᠢᠮ ᠨᠢ ᠨᠠᠷᠢᠨ ᠤᠯᠠᠭᠠᠨ ᠯᠠᠭ ᠰᠢᠪᠠᠷ ᠢᠶᠠᠷ ᠬᠢᠭᠰᠡᠨ ᠱᠠᠭᠠᠵᠠᠩ ᠰᠠᠪᠠ ᠶᠢᠨ ᠭᠠᠳᠠᠭᠤᠷ ᠨᠢᠭᠤᠭᠳᠠᠭᠰᠠᠨ ᠰᠢᠷᠭᠡᠭ ᠲᠠᠢ᠂ ᠡᠰᠡᠭᠦᠯ᠎ᠡ ᠬᠠᠷ᠎ᠠ ᠦᠩᠭᠡ ᠮᠢᠯᠢᠶᠠᠭᠰᠠᠨ ᠱᠠᠭᠠᠵᠠᠩ ᠰᠠᠪᠠ ᠪᠤᠯᠤᠨ᠎ᠠ᠃ ᠵᠠᠷᠢᠮ ᠨᠢ ᠪᠠᠭ᠎ᠠ ᠲᠤᠭᠠᠨ ᠤ ᠪᠦᠳᠦᠭᠦᠯᠢᠭ ᠤᠯᠠᠭᠠᠨ ᠦᠩᠭᠡ ᠲᠠᠢ ᠱᠠᠭᠠᠵᠠᠩ ᠰᠠᠪᠠ ᠶᠢᠨ ᠲᠤᠳᠤᠷ᠎ᠠ ᠬᠠᠨ᠎ᠠ ᠳᠤ ᠴᠠᠭᠠᠨ ᠪᠤᠳᠤᠭ ᠮᠢᠯᠢᠶᠠᠵᠤ᠂ ᠭᠠᠳᠠᠷ ᠲᠠᠯ᠎ᠠ ᠨᠢ ᠦᠩᠭᠡᠯᠡᠨ ᠴᠢᠮᠡᠭᠯᠡᠵᠦ᠂ ᠰᠢᠷ ᠪᠤᠳᠤᠭ ᠨᠢ ᠪᠦᠳᠦᠭᠦᠯᠢᠭ ᠬᠢᠯᠪᠠᠷᠬᠠᠨ ᠢᠶᠠᠷ ᠱᠠᠭᠠᠷᠠᠨ ᠤᠨᠠᠨ᠎ᠠ᠃ ᠨᠠᠷᠢᠨ ᠰᠢᠷᠭᠡᠭ ᠲᠠᠢ ᠱᠠᠭᠠᠵᠠᠩ ᠰᠠᠪᠠ ᠶᠢᠨ ᠲᠦᠷᠦᠯ ᠵᠦᠢᠯ ᠨᠠᠷᠢᠯᠢᠭ ᠴᠠᠭᠠᠨ ᠦᠩᠭᠡ ᠲᠠᠢ  ᠨᠢ ᠲᠤᠭ᠎ᠠ ᠨᠢ ᠤᠯᠠᠨ᠂ ᠪᠠᠰᠠ ᠲᠤᠭᠳᠠᠮᠠᠯ ᠱᠠᠭᠠᠵᠠᠩ ᠰᠠᠪᠠ ᠶᠢ ᠲᠠᠭᠤᠷᠢᠶᠠᠭᠰᠠᠨ ᠬᠡᠯᠳᠦᠷᠭᠡᠢ ᠱᠠᠭᠠᠵᠠᠩ ᠰᠠᠪᠠ ᠭᠠᠷᠤᠭᠰᠠᠨ ᠪᠦᠭᠡᠳ ᠪᠠᠭ᠎ᠠ ᠲᠤᠭᠠᠨ ᠤ ᠬᠦᠭᠡ ᠪᠤᠷᠴᠠᠭ ᠮᠡᠳᠦ ᠦᠩᠭᠡ ᠲᠠᠢ ᠷᠦ᠋ ᠶᠤᠤ ︵汝窑︶ ᠶᠢᠨ ᠱᠠᠭᠠᠵᠠᠩ ᠠᠶᠠᠭ᠎ᠠ ᠶᠢᠨ ᠬᠡᠯᠳᠦᠷᠭᠡᠢ᠂ ᠬᠦᠭᠡ ᠰᠡᠭᠦᠳᠡᠷ ᠤᠨ ᠰᠢᠷ ᠪᠤᠳᠤᠭ ᠲᠠᠢ ᠵᠢᠩ ᠳ᠋ᠧ ᠵᠧᠨ ᠤ ᠶᠤᠤ ᠶᠢᠨ ᠱᠠᠭᠠᠵᠠᠩ ᠰᠠᠪᠠ ᠶᠢᠨ ᠬᠡᠯᠳᠦᠷᠭᠡᠢ ᠢᠯᠡᠷᠡᠨ ᠭᠠᠷᠴᠤ᠂ ᠤᠷᠤᠭ ᠵᠤᠵᠠᠭᠠᠨ᠂ ᠴᠢᠨᠠᠷ ᠪᠦᠳᠦᠭᠦᠯᠢᠭ᠂ ᠰᠢᠷ᠎ᠠ ᠦᠩᠭᠡᠳᠠᠢ᠂ ᠲᠤᠳᠤᠷ ᠬᠠᠨ᠎ᠠ ᠨᠢ ᠬᠤᠯᠢᠮᠠᠭ ᠰᠢᠷ ᠪᠤᠳᠠᠰ ᠦᠵᠡᠭᠳᠡᠨ᠎ᠡ᠃ ᠰᠢᠷ ᠪᠤᠳᠤᠭ ᠤᠨ ᠦᠩᠭᠡ ᠨᠢ ᠴᠡᠪᠡᠷ ᠴᠠᠭᠠᠨ ᠪᠤᠶᠤ ᠡᠭᠡᠳᠡᠷᠡᠭᠰᠡᠨ ᠴᠠᠭᠠᠨ᠂ ᠨᠠᠷᠢᠬᠠᠨ ᠨᠡᠭᠡᠭᠡᠯᠳᠠᠢ ᠰᠢᠷᠭᠡᠭ ᠵᠡᠷᠭᠡ ᠪᠠᠰᠠ ᠪᠠᠶᠢᠨ᠎ᠠ᠃ ᠦᠭᠡᠷ᠎ᠡ ᠪᠠᠭ᠎ᠠ ᠰᠠᠭ᠎ᠠ ᠤᠷᠤᠭ ᠤᠨ ᠭᠤᠷᠪᠠᠨ ᠦᠩᠭᠡᠳᠠᠢ ᠤᠯᠠᠭᠠᠨ ᠰᠠᠪᠠ ᠶᠢᠨ ᠬᠡᠯᠳᠦᠷᠭᠡᠢ ᠪᠠᠰᠠ ᠪᠠᠶᠢᠵᠤ᠂ ᠬᠦᠨ ᠨᠤᠭᠤᠭᠠᠨ ᠪᠠ ᠵᠢᠪᠡ ᠲᠠᠢ ᠰᠢᠷ᠎ᠠ ᠬᠤᠶᠠᠷ ᠦᠩᠭᠡ ᠲᠠᠢ ᠶᠢ ᠪᠠᠰᠠ ᠠᠭᠤᠳᠠᠯᠯᠠᠨ ᠭᠠᠷᠭᠠᠪᠠ᠃ ᠲᠡᠭᠡᠷᠡᠬᠢ ᠰᠢᠷᠤᠢ ᠠᠴᠠ ᠠᠭᠤᠳᠠᠯᠯᠠᠨ ᠭᠠᠷᠭᠠᠭᠰᠠᠨ ᠱᠠᠭᠠᠵᠠᠩ ᠰᠠᠪᠠ ᠶᠢᠨ ᠬᠡᠯᠳᠦᠷᠭᠡᠢ ᠵᠦᠩ ᠶᠤᠸᠠᠨ ᠤᠷᠤᠨ ᠶᠤᠤ ᠠᠮᠠᠨ ᠠᠴᠠ ᠭᠠᠷᠤᠭᠰᠠᠨ ᠠᠴᠠ ᠭᠠᠳᠠᠨ᠎ᠠ᠂ ᠪᠠᠷᠠᠭ᠎ᠠ ᠰᠠᠪᠠᠨ ᠤ ᠡᠭᠦᠳᠦᠭᠰᠡᠨ ᠬᠡᠯᠪᠡᠷᠢ᠂ ᠰᠢᠷ ᠪᠤᠳᠤᠭ ᠪᠤᠶᠤ ᠰᠢᠳᠠᠭᠠᠭᠰᠠᠨ ᠮᠡᠷᠭᠡᠵᠢᠯ ᠪᠦᠷ ᠵᠦᠩ ᠶᠤᠸᠠᠨ ᠤᠷᠤᠨ ᠤ ᠼᠢ ᠵᠸᠦ ᠶᠤᠤ ᠪᠠ ᠲᠢᠩ ᠵᠸᠦ ᠶᠤᠤ ᠠᠴᠠ ᠭᠠᠷᠤᠭᠰᠠᠨ ᠱᠠᠭᠠᠵᠠᠩ ᠰᠠᠪᠠ ᠲᠠᠢ ᠠᠳᠠᠯᠢᠪᠳᠤᠷ ᠤᠨᠴᠠᠯᠢᠭ ᠲᠠᠢ᠃ ᠡᠨᠡ ᠪᠤᠯ ᠰᠦᠩ᠂ ᠯᠢᠶᠤᠤ ᠬᠤᠶᠠᠷ ᠤᠯᠤᠰ ᠤᠨ ᠤᠯᠠᠨ ᠤᠳᠠᠭ᠎ᠠ ᠬᠠᠷᠢᠯᠴᠠᠨ ᠰᠤᠯᠢᠯᠴᠠᠵᠤ᠂ ᠯᠢᠶᠤᠤ ᠤᠯᠤᠰ ᠤᠨ ᠱᠠᠭᠠᠵᠠᠩ ᠰᠠᠪᠠ ᠶᠢᠨ ᠮᠡᠷᠭᠡᠵᠢᠯ ᠨᠢ ᠲᠠᠪᠰᠢᠭᠰᠠᠨ ᠢ ᠬᠡᠷᠡᠴᠢᠯᠡᠵᠦ ᠪᠤᠯᠤᠨ᠎ᠠ᠃ ᠡᠭᠦᠨ ᠤ ᠵᠡᠷᠭᠡᠪᠡᠷ ᠡᠳᠡᠭᠡᠷ ᠰᠢᠷᠤᠢ ᠠᠴᠠ ᠠᠭᠤᠳᠠᠯᠯᠠᠨ ᠭᠠᠷᠭᠠᠭᠰᠠᠨ ᠱᠠᠭᠠᠵᠠᠩ ᠰᠠᠪᠠ ᠲᠡᠷᠡ ᠦᠶ᠎ᠡ ᠶᠢᠨ ᠲᠡᠦᠭᠡ ᠶᠢᠨ ᠴᠠᠷᠴᠠᠮᠠᠯ ᠪᠤᠯᠬᠤ ᠪᠦᠭᠡᠳ ᠬᠡᠯᠡᠯᠴᠡᠭᠡᠷ ᠲᠤᠭᠳᠠᠭᠠᠭᠰᠠᠨ ᠤ ᠰᠡᠭᠦᠯᠡᠷ᠂ ᠰᠦᠩ᠂ ᠯᠢᠶᠤᠤ ᠬᠤᠶᠠᠷ ᠤᠯᠤᠰ ᠤᠨ ᠤᠯᠤᠰ ᠲᠦᠷᠦ᠂ ᠠᠵᠤ ᠠᠬᠤᠢ᠂ ᠤᠳᠬ᠎ᠠ ᠰᠤᠶᠤᠯ ᠤᠨ ᠰᠤᠯᠢᠯᠴᠠᠬᠤ ᠨᠢ ᠤᠯᠠᠨᠳᠠ ᠪᠤᠯᠵᠤ᠂ ᠯᠢᠶᠤᠤ ᠤᠯᠤᠰ ᠤᠨ ᠬᠠᠭᠠᠨ ᠤ ᠤᠷᠳᠤᠨ ᠨᠢ ᠭᠤᠶᠤ ᠰᠠᠶᠢᠬᠠᠨ ᠰᠤᠨᠢᠷᠬᠠᠬᠤ ᠤᠷᠮ᠎ᠠ ᠶᠢ ᠨᠦᠯᠦᠭᠡᠯᠡᠪᠡ᠃ ⒉ ᠬᠤᠶᠢᠴᠢ ᠦᠶ᠎ᠡ ᠶᠢᠨ ᠱᠠᠭᠠᠵᠠᠩ ᠰᠠᠪᠠ ᠶᠢ ᠨᠦᠯᠦᠭᠡᠯᠡᠭᠰᠡᠨ 1115 ᠤᠨ ᠳᠤ ᠠᠯᠳᠠᠨ ᠤᠯᠤᠰ ᠪᠠᠶᠢᠭᠤᠯᠤᠭᠳᠠᠵᠤ᠂ 1125 ᠤᠨ ᠳᠤ ᠠᠯᠳᠠᠨ ᠤᠯᠤᠰ ᠯᠢᠶᠤᠤ ᠤᠯᠤᠰ ᠢ ᠤᠰᠠᠳᠬᠠᠵᠤ᠂ ᠲᠡᠭᠦᠨ ᠤ ᠬᠢᠵᠠᠭᠠᠷ ᠯᠢᠶᠤᠤ ᠤᠯᠤᠰ ᠤᠨ ᠬᠢᠯᠢ ᠬᠢᠵᠠᠭᠠᠷ ᠢ ᠵᠠᠯᠭᠠᠮᠵᠢᠯᠠᠵᠤ᠂ ᠡᠨᠡ ᠠᠨᠤ ᠯᠢᠶᠤᠤ ᠤᠯᠤᠰ ᠤᠨ ᠬᠢᠵᠠᠭᠠᠷ ᠲᠤ ᠤᠷᠤᠰᠢᠵᠤ ᠪᠠᠶᠢᠭ᠎ᠠ ᠡᠯ᠎ᠡ ᠶᠤᠤ ᠠᠮᠠᠨ ︵窑口︶ ᠪᠦᠷ ᠠᠯᠳᠠᠨ ᠤᠯᠤᠰ ᠤᠨ ᠨᠤᠶᠠᠷᠬᠠᠯ ᠳᠤ ᠤᠷᠤᠪᠠ᠃ ᠡᠶᠢᠮᠦ ᠤᠴᠢᠷ ᠠᠴᠠ ᠠᠯᠳᠠᠨ ᠤᠯᠤᠰ ᠤᠨ ᠱᠠᠭᠠᠵᠠᠩ ᠰᠠᠪᠠ ᠯᠢᠶᠤᠤ ᠤᠯᠤᠰ ᠤᠨ ᠱᠠᠭᠠᠵᠠᠩ ᠰᠠᠪᠠ ᠶᠢᠨ ᠬᠡᠪ ᠮᠠᠶ᠋ᠢᠭ ᠢ ᠤᠯᠠᠮᠵᠢᠯᠠᠨ᠂ ᠴᠦᠷᠴᠢᠳ ᠦᠨᠳᠦᠰᠦᠳᠡᠨ ᠢ ᠨᠦᠯᠦᠭᠡᠯᠡᠭᠰᠡᠨ ᠰᠢᠷᠭᠡᠭ ᠦᠩᠭᠡᠯᠡᠯ ᠪᠠ ᠭᠤᠶᠤ ᠦᠩᠭᠡᠳᠠᠢ ᠤᠨᠴᠠᠯᠢᠭ ᠪᠤᠯᠤᠨ᠎ᠠ᠃ 1982 ᠤᠨ ᠤ ᠡᠪᠦᠯ ᠤᠯᠠᠭᠠᠨᠬᠠᠳᠠ ᠬᠤᠳᠠ ᠪᠠ ᠠᠤᠬᠠᠨ ᠬᠤᠰᠢᠭᠤᠨ ᠤ ᠰᠤᠶᠤᠯ ᠪᠤᠯᠪᠠᠰᠤᠷᠠᠯ ᠤᠨ ᠬᠡᠷ ᠠᠴᠠ ᠰᠢᠨ ᠬᠤᠢ ᠪᠠᠯᠭᠠᠰᠤ ᠶᠢᠨ ᠪᠠᠭ᠎ᠠ ᠪᠤᠷᠭᠠᠰᠤᠨ ᠭᠤᠤ ᠶᠢᠨ ᠬᠠᠰ ᠴᠠᠭᠠᠨ ᠠᠭᠤᠷᠬᠠᠢ ᠠᠴᠠ ᠠᠭᠤᠳᠠᠯᠯᠠᠨ ᠭᠠᠷᠭᠠᠭᠰᠠᠨ ᠠᠯᠳᠠᠨ ᠤᠯᠤᠰ ᠤᠨ ᠲᠤᠭᠤᠰᠬ᠎ᠠ ᠬᠡᠭᠦᠷ ᠠᠴᠠ ᠭᠤᠷᠪᠠᠨ ᠦᠩᠭᠡᠳᠦ ᠶᠢᠨ ᠤᠷᠳᠤ ᠬᠦᠵᠦᠭᠦᠳᠠᠢ ᠰᠠᠪᠠ ᠬᠤᠶᠠᠷ ᠭᠠᠷᠴᠤ᠂ ᠲᠡᠭᠡᠷ᠎ᠡ ᠨᠢ ᠴᠠᠭᠠᠨ ᠰᠢᠷ ᠪᠤᠳᠤᠭ ᠪᠠᠳᠮ᠎ᠠ ᠴᠡᠴᠡᠭ ᠲᠠᠢ ᠰᠢᠷᠭᠡᠭ ᠰᠠᠪᠠ ᠨᠢᠭᠡ᠂ ᠲᠡᠭᠡᠷ᠎ᠡ ᠨᠢ ᠴᠠᠭᠠᠨ ᠰᠢᠷ ᠪᠤᠳᠤᠭ ᠲᠠᠢ ᠪᠠᠳᠮ᠎ᠠ ᠴᠡᠴᠡᠭ ᠵᠢᠭᠠᠰᠤ ᠤᠮᠪᠠᠭ᠋ᠤ ᠰᠢᠷᠭᠡᠭ ᠲᠠᠢ ᠰᠠᠪᠠ ᠨᠢᠭᠡ᠂ ᠭᠤᠷᠪᠠᠨ ᠦᠩᠭᠡᠳᠠᠢ ᠤᠷᠳᠤ ᠬᠦᠵᠦᠭᠦᠳᠠᠢ ᠨᠤᠭᠤᠭᠠᠨ᠂ ᠰᠢᠷ᠎ᠠ᠂ ᠴᠠᠭᠠᠨ ᠦᠩᠭᠡ ᠪᠠᠷ ᠪᠦᠷᠢᠳᠦᠭᠰᠡᠨ ᠰᠠᠪᠠ ᠲᠤᠰ ᠲᠤᠰ ᠬᠤᠶᠠᠷ ᠭᠠᠷᠴᠤ᠂ ᠡᠳᠡᠭᠡᠷ ᠰᠠᠪᠠ ᠶᠢᠨ ᠰᠢᠷ ᠪᠤᠳᠤᠭ ᠤᠨ ᠦᠩᠭᠡ ᠯᠢᠶᠤᠤ ᠤᠯᠤᠰ ᠤᠨ ᠭᠤᠷᠪᠠᠨ ᠦᠩᠭᠡᠳᠠᠢ ᠰᠠᠪᠠ ᠠᠴᠠ ᠦᠩᠭᠡ ᠨᠢ ᠬᠦᠶᠦᠭᠡᠨ᠂ ᠵᠢᠷᠤᠭ ᠨᠢ ᠨᠠᠷᠢᠨ ᠪᠤᠯᠪᠠᠰᠤᠷᠠᠩᠭᠤᠢ᠂ ᠦᠨᠡᠨ ᠢᠶᠠᠷ ᠭᠤᠤᠯ ᠪᠤᠯᠭᠠᠵᠤ᠂ ᠬᠡᠳᠡᠰᠦ ᠶᠢᠨ ᠲᠤᠮᠳᠠ ᠨᠢ ᠬᠡᠪᠳᠡᠭᠰᠡᠨ ᠲᠠᠤᠯᠠᠢ ᠪᠠ ᠨᠢᠭᠳᠠ ᠤᠷᠭᠤᠭᠰᠠᠨ ᠡᠪᠡᠰᠦ ᠶᠢ ᠵᠢᠷᠤᠭᠯᠠᠵᠤ᠂ ᠯᠢᠶᠤᠤ ᠤᠯᠤᠰ ᠤᠨ ᠭᠤᠷᠪᠠᠨ ᠦᠩᠭᠡ  ᠶᠢᠨ ᠵᠢᠷᠤᠭ ᠠᠴᠠ ᠲᠦᠭᠦᠷᠢᠭ ᠮᠠᠷᠢᠶ᠎ᠠ ᠲᠠᠢ᠂ ᠤᠯᠠᠩᠬᠢ ᠨᠢ ᠲᠠᠷᠤᠮᠯᠠᠭᠰᠠᠨ ᠰᠢᠷᠭᠡᠭ ᠦᠭᠡᠢ᠂ ᠡᠭᠦᠨ ᠠᠴᠠ ᠦᠵᠡᠬᠦ  ᠳᠤ ᠠᠯᠳᠠᠨ ᠤᠯᠤᠰ ᠤᠨ ᠦᠶ᠎ᠡ ᠬᠡᠪ ᠮᠠᠶ᠋ᠢᠭ ᠨᠢ ᠬᠤᠪᠢᠷᠠᠯᠳᠠ ᠭᠠᠷᠤᠭᠰᠠᠨ ᠪᠤᠯᠪᠠᠴᠤ᠂ ᠰᠢᠷ ᠪᠤᠳᠤᠭ ᠤᠨ ᠦᠩᠭᠡ ᠪᠠ ᠰᠢᠳᠠᠭᠠᠭᠰᠠᠨ ᠮᠡᠷᠭᠡᠵᠢᠯ ᠤᠨ ᠲᠠᠯ᠎ᠠ ᠪᠠᠷ ᠪᠠᠰᠠᠴᠤ ᠯᠢᠶᠤᠤ ᠤᠯᠤᠰ ᠤᠨ ᠭᠤᠷᠪᠠᠨ ᠦᠩᠭᠡᠳᠠᠢ ᠰᠠᠪᠠ ᠶᠢᠨ ᠬᠡᠯᠪᠡᠷᠢᠳᠠᠢ ᠠᠳᠠᠯᠢ᠃ ᠡᠳᠦᠭᠡ ᠶᠢᠨ ᠤᠯᠠᠭᠠᠨᠬᠠᠳᠠ ᠬᠤᠳᠠ ᠶᠢᠨ ᠰᠦᠩ ᠱᠠᠨ ᠲᠤᠭᠤᠷᠢᠭ ᠤᠨ ᠡᠾᠸᠦ ᠲᠤ ᠬᠤ᠋ ᠰᠢᠶᠠᠩ ᠭᠠᠩ ᠸᠠ ᠶᠤᠤ ︵缸瓦窑︶ ᠶᠢ ᠦᠪᠦᠷ ᠮᠤᠩᠭᠤᠯ ᠤᠨ ᠡᠷᠳᠡᠨ ᠤ ᠬᠢ ᠶᠢ ᠰᠤᠳᠤᠯᠬᠤ ᠤᠷᠤᠨ᠂ ᠤᠯᠠᠭᠠᠨᠬᠠᠳᠠ ᠬᠤᠳᠠ  ᠶᠢᠨ ᠮᠦᠽᠸᠢ ᠪᠠ ᠰᠦᠩ ᠱᠠᠨ ᠲᠤᠭᠤᠷᠢᠭ ᠤᠨ ᠡᠷᠳᠡᠨ ᠤ ᠬᠠᠮᠢᠶᠠᠷᠬᠤ ᠤᠷᠤᠨ ᠬᠤᠯᠪᠤᠭ᠎ᠠ ᠨᠢᠭᠡᠳᠴᠦ᠂ ᠭᠤᠷᠪᠠᠨ ᠤᠳᠠᠭ᠎ᠠ ᠠᠭᠤᠳᠠᠯᠬᠤ ᠠᠵᠢᠯ ᠢ ᠶᠠᠪᠤᠭᠳᠠᠭᠤᠯᠵᠤ᠂ ᠶᠤᠤ ᠶᠢᠨ ᠲᠠᠯᠠᠪᠠᠢ ᠶᠢᠨ ᠤᠪᠤᠭ᠎ᠠ ᠶᠢᠨ ᠲᠤᠤᠷ᠎ᠠ ᠬᠡᠰᠡᠭ 20 — 80 ᠰᠡᠨᠲ᠋ᠢᠮᠧᠲᠷ ᠰᠢᠷᠤᠢ ᠠᠴᠠ ᠭᠤᠷᠪᠠᠨ ᠦᠩᠭᠡ ᠶᠢᠨ ᠱᠠᠭᠠᠵᠠᠩ ᠰᠠᠪᠠ ᠶᠢᠨ ᠬᠡᠯᠳᠦᠷᠭᠡᠢ᠂ ᠬᠤᠸᠠᠷ ᠲᠠᠷᠤᠮᠯᠠᠭᠰᠠᠨ ᠡᠩ ᠤᠨ ᠤᠷᠤᠭ ᠰᠠᠪᠠ᠂ ᠴᠠᠭᠠᠨ ᠱᠠᠭᠠᠵᠠᠩ ᠰᠠᠪᠠ ᠶᠢᠨ ᠠᠶᠠᠭ᠎ᠠ ᠫᠠᠨᠽᠢ᠂ ᠲᠠᠬᠢᠶᠠᠨ ᠰᠡᠴᠡᠭᠳᠦ ᠬᠤᠪᠢᠩ ᠵᠢᠴᠢ ᠰᠦᠩ ᠤᠯᠤᠰ ᠤᠨ ︽ᠶᠤᠸᠠᠨ ᠶᠢᠦ ᠲᠦᠩ ᠪᠤᠤ︾ ︵元祐通宝︶ ᠵᠡᠷᠭᠡ ᠶᠤᠤ ᠠᠮᠠᠨ  ᠤ ᠰᠢᠳᠠᠭᠠᠭᠰᠠᠨ ᠢ ᠰᠤᠳᠤᠯᠬᠤ ᠳᠤ ᠯᠢᠶᠤᠤ ᠤᠯᠤᠰ ᠤᠨ ᠰᠡᠭᠦᠯᠴᠢ ᠳ᠋ᠤᠤ ᠽᠦᠩ ᠬᠠᠭᠠᠨ ᠤ ᠳ᠋ᠠ ᠠᠨ ᠤ ᠦᠶ᠎ᠡ ᠪᠤᠯᠤᠨ᠎ᠠ᠃ ᠡᠭᠦᠨ ᠤ ᠲᠡᠭᠡᠷ᠎ᠡ ᠰᠢᠷᠤᠢ ᠶᠢᠨ ᠤᠪᠤᠭ᠎ᠠ 150 ᠰᠡᠨᠲ᠋ᠢᠮᠧᠲᠷ ᠵᠤᠵᠠᠭᠠᠨ᠂ ᠠᠭᠤᠳᠠᠯᠯᠠᠨ ᠭᠠᠷᠭᠠᠭᠰᠠᠨ ᠶᠠᠭᠤᠮ᠎ᠠ ᠶᠢᠨ ᠬᠤᠪᠢᠷᠠᠯᠳᠠ ᠨᠢ ᠲᠡᠭᠳᠡᠷ ᠬᠤᠪᠢᠶᠠᠵᠤ᠂ ᠠᠯᠳᠠᠨ ᠤᠯᠤᠰ ᠤᠨ ᠡᠮᠦᠨᠡᠭᠢ ᠦᠶ᠎ᠡ ᠶᠢᠨ ᠲᠡᠭᠳᠡᠷ ᠯᠢᠶᠤᠤ ᠤᠯᠤᠰ ᠤᠨ ᠰᠡᠭᠦᠯᠴᠢ ᠶᠢᠨ ᠲᠡᠭᠡᠷ᠎ᠡ ᠤᠪᠤᠭᠠᠯᠠᠵᠤ᠂ ᠠᠭᠤᠳᠠᠯᠯᠠᠨ ᠭᠠᠷᠭᠠᠭᠰᠠᠨ ᠶᠠᠭᠤᠮ᠎ᠠ᠂ ᠴᠢᠬᠤᠯᠠ ᠨᠢ ᠰᠢᠳᠠᠭᠠᠭᠰᠠᠨ ᠴᠠᠭᠠᠨ ᠱᠠᠭᠠᠵᠠᠩ ᠰᠠᠪᠠ᠂ ᠮᠡᠷᠭᠡᠵᠢᠯ ᠤᠨ ᠲᠠᠯ᠎ᠠ ᠪᠠᠷ ᠯᠢᠶᠤᠤ ᠤᠯᠤᠰ ᠤᠨ ᠰᠡᠭᠦᠯᠴᠢ ᠶᠢᠨ ᠦᠶ᠎ᠡ  ᠶᠢᠨ ᠮᠡᠷᠭᠡᠵᠢᠯ ᠢ ᠤᠯᠠᠮᠵᠢᠯᠠᠭᠰᠠᠨ ᠮᠠᠶ᠋ᠢᠭ ᠲᠠᠢ᠂ ᠬᠡᠳᠡᠯ᠎ᠡ ᠠᠶᠠᠭ᠎ᠠ ᠫᠠᠨᠽᠢ ᠶᠢᠨ ᠬᠡᠯᠪᠡᠷᠢ᠂ ᠰᠢᠷ ᠪᠤᠳᠤᠭ ᠤᠨ ᠲᠠᠯ᠎ᠠ  ᠪᠠᠷ ᠯᠢᠶᠤᠤ ᠤᠯᠤᠰ ᠤᠨ ᠱᠠᠭᠠᠵᠠᠩ ᠰᠠᠪᠠ ᠲᠠᠢ ᠠᠳᠠᠯᠢ ᠦᠭᠡᠢ ᠪᠤᠯᠪᠠ᠃ ᠠᠯᠳᠠᠨ ᠤᠯᠤᠰ ᠤᠨ ᠰᠡᠭᠦᠯᠴᠢ ᠦᠶ᠎ᠡ  ᠶᠢᠨ ᠰᠢᠷᠤᠢ ᠶᠢᠨ ᠤᠪᠤᠭ᠎ᠠ ᠨᠢ ᠡᠮᠦᠨᠡᠬᠢ ᠦᠶ᠎ᠡ ᠶᠢᠨ ᠲᠡᠭᠡᠷ᠎ᠡ ᠤᠪᠤᠭᠠᠯᠠᠵᠤ᠂ ᠠᠭᠤᠳᠠᠯᠯᠠᠨ ᠭᠠᠷᠤᠭᠰᠠᠨ ᠶᠠᠭᠤᠮ᠎ᠠ  ᠨᠢ ᠶᠡᠭᠡ ᠬᠤᠪᠢᠷᠠᠯᠳᠠ ᠭᠠᠷᠴᠤ᠂ ᠴᠢᠬᠤᠯᠠ ᠨᠢ ᠶᠡᠭᠡ ᠬᠡᠪᠴᠢᠶᠡᠨ ᠤ ᠴᠠᠭᠠᠨ ᠱᠠᠭᠠᠵᠠᠩ ᠲᠡᠭᠡᠷ᠎ᠡ ᠬᠠᠷ᠎ᠠ ᠬᠤᠸᠠᠷ᠂ ᠵᠢᠪᠡ ᠲᠠᠢ ᠬᠤᠸᠠᠷ ᠰᠠᠪᠠ ᠭᠠᠷᠴᠤ᠂ ᠤᠷᠤᠭ ᠲᠦᠷᠦᠯ ᠪᠦᠳᠦᠭᠦᠯᠢᠭ᠂ ᠰᠢᠷ ᠪᠤᠳᠤᠭ ᠤᠨ ᠦᠩᠭᠡ ᠴᠠᠭᠠᠨ ᠲᠡᠭᠡᠷ᠎ᠡ ᠰᠢᠷ᠎ᠠ ᠦᠩᠭᠡ ᠬᠢᠯᠳᠠᠭᠠᠨᠠᠵᠤ᠂ ᠬᠤᠸᠠᠷ ᠤᠨ ᠰᠢᠷᠭᠡᠭ ᠬᠢᠯᠪᠠᠷ ᠲᠦᠭᠦᠮ᠂ ᠲᠤᠮᠳᠠᠳᠤ ᠤᠯᠤᠰ ᠤᠨ ᠵᠢᠷᠤᠭ ᠮᠡᠳᠦ᠃ ᠬᠡᠳᠡᠯ᠎ᠡ ᠯᠢᠶᠤᠤ ᠤᠯᠤᠰ ᠤᠨ ᠴᠠᠭᠠᠨ ᠰᠢᠷ ᠪᠤᠳᠤᠭ ᠲᠠᠢ ᠬᠠᠷ᠎ᠠ ᠬᠤᠸᠠᠷ ᠲᠠᠢ ᠱᠠᠭᠠᠵᠠᠩ ᠰᠠᠪᠠ᠂ ᠵᠢᠪᠡ ᠲᠠᠢ ᠬᠤᠸᠠᠷ ᠤᠨ ᠱᠠᠭᠠᠵᠠᠩ ᠰᠠᠪᠠ ᠡᠳᠦᠭᠡ ᠪᠤᠯᠳᠠᠯ᠎ᠠ ᠤᠯᠠᠭᠠᠨᠬᠠᠳᠠ ᠬᠤᠳᠠ ᠠᠴᠠ ᠭᠠᠳᠠᠨ᠎ᠠ ᠦᠭᠡᠷ᠎ᠡ ᠤᠷᠤᠨ ᠳᠤ ᠪᠠᠰᠠ ᠤᠯᠠᠨ ᠭᠠᠷᠴᠠᠢ᠃ ᠬᠠᠮᠤᠭ ᠨᠡᠶᠢᠳᠡᠯᠢᠭ ᠲᠠᠢ ᠨᠢ ᠪᠠᠭᠠᠷᠢᠨ ᠵᠡᠭᠦᠨ ᠬᠤᠰᠢᠭᠤᠨ ᠤ ᠬᠤᠭᠤᠯᠠᠶᠢᠳᠤ ᠰᠢᠶᠠᠨ ᠳᠤ ᠭᠠᠷᠤᠭᠰᠠᠨ ᠴᠠᠭᠠᠨ ᠰᠢᠷ ᠪᠤᠳᠤᠭ᠂ ᠲᠡᠮᠦᠷ ᠵᠢᠪᠡ ᠲᠠᠢ ᠬᠤᠸᠠᠷ ᠤᠨ ᠲᠤᠭᠳᠠᠮᠠᠯ ᠬᠤᠪᠢᠩ ᠪᠠ ᠤᠩᠨᠢᠭᠤᠳ ᠬᠤᠰᠢᠭᠤᠨ ᠤ ᠴᠢᠯᠠᠭᠤᠳᠤ ᠪᠠᠯᠭᠠᠰᠤ ︵桥头镇︶ ᠶᠢᠨ ᠬᠤᠶᠠᠷ ᠤᠰᠤ ᠤᠷᠤᠨ ᠠᠴᠠ ᠭᠠᠷᠤᠭᠰᠠᠨ ᠬᠤᠤᠰ ᠴᠠᠭᠠᠨ ᠰᠢᠷ ᠪᠤᠳᠤᠭ ᠲᠠᠢ᠂ ᠬᠠᠷ᠎ᠠ ᠬᠤᠸᠠᠷ ᠴᠡᠴᠡᠭ ᠢᠶᠠᠷ ᠦᠩᠭᠡᠯᠡᠭᠰᠡᠨ ᠤᠭᠤᠰᠤᠷᠳᠤ ᠰᠢᠷᠭᠡᠭ ᠲᠠᠢ ᠯᠤᠩᠬᠤ ᠠᠨᠤ ᠠᠯᠳᠠᠨ ᠤᠯᠤᠰ ᠤᠨ ᠴᠠᠭᠠᠨ ᠰᠢᠷ ᠪᠤᠳᠤᠭᠳᠤ ᠬᠠᠷ᠎ᠠ ᠬᠤᠸᠠᠷ᠂ ᠵᠢᠪᠡᠳᠠᠢ ᠬᠤᠸᠠᠷ ᠢᠶᠠᠷ ᠦᠩᠭᠡᠯᠡᠭᠰᠡᠨ ᠰᠠᠪᠠ ᠲᠠᠢ ᠠᠳᠠᠯᠢ ᠦᠭᠡᠢ ᠭᠠᠵᠠᠷ ᠨᠢ ᠰᠢᠷ ᠪᠤᠳᠤᠭ ᠤᠨ ᠦᠩᠭᠡ ᠨᠢ ᠰᠢᠷᠠᠪᠳᠤᠷ ᠴᠠᠭᠠᠨ᠂ ᠡᠨᠡ ᠠᠨᠤ ᠡᠨᠡᠬᠦ ᠶᠤᠤ ᠶᠢᠨ ᠲᠠᠯᠠᠪᠠᠢ ᠬᠡᠳᠦᠢ ᠪᠠᠷ ᠤᠯᠤᠰ ᠲᠦᠷᠦ ᠬᠤᠪᠢᠷᠠᠭᠰᠠᠨ ᠪᠤᠯᠪᠠᠴᠤ ᠲᠡᠭᠦᠨ ᠤ ᠰᠢᠳᠠᠭᠠᠨ ᠦᠢᠯᠡᠳᠦᠭᠰᠡᠨ ᠮᠡᠷᠭᠡᠵᠢᠯ ᠨᠢ ᠲᠠᠰᠤᠷᠠᠭᠰᠠᠨ ᠦᠭᠡᠢ ᠪᠦᠭᠡᠳ ᠤᠯᠠᠮᠵᠢᠯᠠᠬᠤ ᠶᠢᠨ ᠦᠩᠭᠡᠷᠡᠯᠳᠡ ᠲᠠᠰᠤᠷᠠᠭ᠎ᠠ ᠦᠭᠡᠢ ᠤᠷᠤᠭᠰᠢᠯᠠᠵᠤ ᠪᠠᠶᠢᠭ᠎ᠠ ᠶᠢ ᠬᠡᠷᠡᠴᠢᠯᠡᠨ᠎ᠡ᠃ ᠶᠤᠸᠠᠨ ᠤᠯᠤᠰ ᠪᠠᠷᠠᠭᠤᠨ ᠰᠢᠶᠠ ᠤᠯᠤᠰ ᠢ ᠴᠤᠬᠢᠵᠤ᠂ ᠠᠯᠳᠠᠨ ᠤᠯᠤᠰ ᠢ ᠤᠰᠠᠳᠬᠠᠵᠤ ︵1234 ᠤᠨ︶᠂ ᠰᠦᠩ ᠤᠯᠤᠰ ᠤᠨ ᠵᠠᠰᠠᠭ ᠢ ᠲᠦᠯᠬᠢᠨ ᠤᠨᠠᠭᠠᠵᠤ ︵1279 ᠤᠨ︶᠂ ᠡᠭᠦᠨ ᠤ ᠵᠡᠷᠭᠡᠪᠡᠷ ᠦᠰᠪᠧᠺᠰᠠᠳᠠᠨ ᠤ ᠰᠠᠮᠠᠷᠺᠠᠨᠳᠠ᠂ ᠲᠤᠺᠤᠮᠠᠨᠰᠠᠳᠠᠨ ᠤ ᠤᠷᠭᠠᠴᠢ ᠵᠡᠷᠭᠡ ᠬᠤᠳᠠ ᠵᠢᠴᠢ ᠪᠠᠷᠠᠭᠤᠨ ᠺᠷᠢᠮᠦ ᠬᠤᠶᠢᠭ ᠬᠦᠷᠳᠡᠯ᠎ᠡ ᠡᠵᠡᠯᠡᠵᠦ᠂ ᠡᠨᠡᠬᠦ ᠲᠠᠰᠤᠷᠠᠭ᠎ᠠ ᠦᠭᠡᠢ ᠲᠠᠶᠢᠨ ᠤ ᠨᠦᠭᠦᠴᠡᠯ ᠢᠶᠠᠷ ᠶᠤᠸᠠᠨ ᠤᠯᠤᠰ ᠤᠨ ᠡᠮᠦᠨᠡᠬᠢ ᠱᠠᠭᠠᠵᠠᠩ ᠰᠠᠪᠠ ᠶᠢᠨ ᠦᠢᠯᠡᠳᠪᠦᠷᠢ ᠬᠢᠵᠠᠭᠠᠷᠯᠠᠭᠳᠠᠵᠤ᠂ ᠡᠶᠢᠮᠦ ᠠᠴᠠ ᠶᠤᠸᠠᠨ ᠤᠯᠤᠰ ᠤᠨ ᠡᠬᠢᠨ ᠤ ᠦᠶ᠎ᠡ ᠤᠯᠠᠩᠬᠢ ᠨᠢ ᠠᠷᠠᠳ ᠢᠷᠭᠡᠳ ᠤᠨ ᠬᠡᠷᠡᠭᠯᠡᠬᠦ ᠪᠦᠳᠦᠭᠦᠯᠢᠭ ᠱᠠᠭᠠᠵᠠᠩ ᠰᠠᠪᠠ ᠪᠤᠯᠤᠨ᠎ᠠ᠃ ᠶᠤᠸᠠᠨ ᠤᠯᠤᠰ ᠤᠨ ᠲᠤᠮᠳᠠᠳᠤ ᠦᠶ᠎ᠡ ᠠᠴᠠ ᠬᠤᠶᠢᠰᠢ ᠲᠡᠯᠡᠭᠡᠢ ᠳ᠋ᠠᠬᠢᠨ ᠡᠩᠭᠡ ᠠᠮᠤᠭᠤᠯᠠᠩ ᠪᠤᠯᠵᠤ᠂ ᠱᠠᠭᠠᠵᠠᠩ ᠰᠠᠪᠠ ᠶᠢᠨ ᠦᠢᠯᠡᠳᠪᠦᠷᠢ᠂ ᠠᠷᠠᠯᠵᠢᠶ᠎ᠠ ᠮᠠᠶᠢᠮᠠᠢ ᠲᠡᠭᠵᠢᠷᠡᠨ ᠬᠦᠭᠵᠢᠵᠦ᠂ ᠱᠠᠭᠠᠵᠠᠩ ᠰᠠᠪᠠ ᠶᠢᠨ ᠦᠢᠯᠡᠳᠪᠦᠷᠢ ᠡᠬᠢᠯᠡᠨ ᠬᠦᠭᠵᠢᠵᠦ᠂ ᠴᠠᠭᠠᠨ ᠰᠢᠷ ᠪᠤᠳᠤᠭ ᠢᠶᠠᠷ ᠦᠩᠭᠡᠯᠡᠭᠰᠡᠨ ᠬᠠᠷ᠎ᠠ ᠬᠤᠸᠠᠷ᠂ ᠪᠤᠷᠤ ᠬᠦᠷᠡᠩ ᠬᠤᠸᠠᠷ ᠲᠠᠢ ᠱᠠᠭᠠᠵᠠᠩ ᠰᠠᠪᠠ ᠰᠢᠨ᠎ᠡ ᠪᠠᠷ ᠦᠷᠨᠢᠨ ᠬᠦᠭᠵᠢᠵᠦ᠂ ᠡᠨᠡ ᠠᠨᠤ ᠰᠢᠨ᠎ᠡ ᠡᠭᠦᠳᠬᠦ ᠮᠡᠷᠭᠡᠵᠢᠯ ᠪᠤᠢ ᠪᠤᠯᠤᠭᠰᠠᠨ ᠢ ᠬᠡᠷᠡᠴᠢᠯᠡᠵᠦ ᠪᠠᠶᠢᠨ᠎ᠠ᠃ ᠶᠤᠸᠠᠨ ᠤᠯᠤᠰ ᠠᠴᠠ ᠯᠢᠶᠤᠤ ᠤᠯᠤᠰ ᠤᠨ ᠱᠠᠭᠠᠵᠠᠩ ᠰᠠᠪᠠ ᠶᠢ ᠲᠤᠮᠳᠠᠳᠤ ᠤᠯᠤᠰ ᠤᠨ ᠡᠷᠳᠡᠨ ᠤ ᠤᠮᠠᠷᠠᠳᠤ ᠤᠷᠤᠨ ᠤ ᠲᠡᠷᠢᠬᠦᠨ ᠰᠢᠰᠲ᠋ᠧᠮ ᠴᠢᠨᠠᠷ ᠲᠠᠢ ᠴᠢᠬᠤᠯᠠ ᠦᠢᠯᠡᠳᠬᠦ ᠮᠡᠷᠭᠡᠵᠢᠯ ᠤᠨ ᠰᠠᠭᠤᠷᠢ ᠶᠢ ᠨᠦᠳᠦᠨ ᠪᠠᠳᠤᠳᠬᠠᠵᠤ᠂ ᠰᠡᠭᠦᠯᠴᠢ ᠶᠢᠨ ᠦᠶ᠎ᠡ ᠶᠢᠨ ᠱᠠᠭᠠᠵᠠᠩ ᠰᠠᠪᠠ ᠶᠢᠨ ᠬᠦᠭᠵᠢᠬᠦ ᠳᠤ ᠰᠠᠭᠤᠷᠢ ᠲᠠᠯᠪᠢᠪᠠ᠃ ᠲᠡᠭᠡᠷ᠎ᠡ ᠦᠭᠦᠯᠡᠭᠰᠡᠨ ᠠᠴᠠ ᠭᠠᠳᠠᠨ᠎ᠠ᠂ 1958 ᠤᠨ ᠤ 5 ᠰᠠᠷ᠎ᠠ ᠠᠴᠠ ᠡᠭᠢᠯᠡᠨ ᠴᠠᠬᠠᠷ ᠡᠮᠦᠨ᠎ᠡ ᠪᠠᠷᠠᠭᠤᠨ ᠬᠤᠰᠢᠭᠤ ᠶᠢ ᠨᠢᠩ ᠯᠦ ᠶᠢᠨ ᠡᠷᠳᠡᠨ ᠤ ᠦᠯᠡᠳᠡᠭᠳᠡᠯ ᠰᠠᠭᠤᠷᠢ ᠠᠴᠠ 6 ᠤᠳᠠᠭ᠎ᠠ ᠠᠭᠤᠳᠠᠯᠯᠠᠨ ᠪᠠᠶᠢᠴᠠᠭᠠᠵᠤ᠂ ᠨᠡᠶᠢᠳᠡ 200 ᠢᠯᠡᠭᠦᠦ ᠪᠦᠬᠦᠯᠢ ᠱᠠᠭᠠᠵᠠᠩ ᠰᠠᠪᠠ ᠶᠢ ᠮᠠᠯᠳᠠᠵᠤ ᠭᠠᠷᠭᠠᠵᠤ᠂ ᠤᠭ ᠶᠠᠩᠵᠤ ᠪᠠᠷ ᠨᠡᠶᠢᠯᠡᠭᠦᠯᠦᠭᠰᠡᠨ 7416 ᠵᠦᠢᠯ ᠭᠠᠷᠭᠠᠵᠤ᠂ ᠱᠠᠭᠠᠵᠠᠩ ᠰᠠᠪᠠ᠂ ᠵᠡᠰ ᠰᠠᠪᠠ᠂ ᠲᠡᠮᠦᠷ ᠰᠠᠪᠠ᠂ ᠠᠯᠳᠠ ᠮᠦᠩᠬᠦ ᠶᠢᠨ ᠰᠠᠪᠠ ᠵᠡᠷᠭᠡ ᠶᠠᠭᠤᠮ᠎ᠠ 5000 ᠢᠯᠡᠭᠦᠦ ᠵᠦᠢᠯ ᠭᠠᠷᠴᠤ᠂ ᠡᠭᠦᠨ ᠤ ᠲᠤᠳᠤᠷ᠎ᠠ ᠬᠠᠮᠤᠭ ᠤᠯᠠᠨ ᠭᠠᠷᠤᠭᠰᠠᠨ ᠨᠢ ᠼᠢ ᠵᠸᠦ ᠶᠤᠤ  ᠶᠢᠨ ᠰᠢᠰᠲ᠋ᠧᠮ ᠤᠨ ᠱᠠᠭᠠᠵᠠᠩ ᠰᠠᠪᠠ ᠪᠤᠯᠬᠤ ᠪᠦᠭᠡᠳ ᠲᠤᠳᠤᠷ᠎ᠠ ᠨᠢ ᠲᠤᠭᠳᠠᠮᠠᠯ ᠲᠤᠭᠠᠨ ᠤ ᠴᠠᠭᠠᠨ ᠰᠢᠷ ᠪᠤᠳᠤᠭᠳᠠᠢ᠂ ᠰᠢᠷ᠎ᠠ ᠬᠤᠸᠠᠷ᠂ ᠬᠦᠷᠡᠩ ᠬᠤᠸᠠᠷ ᠲᠠᠢ ᠰᠠᠪᠠ ᠭᠠᠷᠴᠠᠢ᠃ ᠡᠳᠡᠭᠡᠷ ᠰᠠᠪᠠ ᠬᠡᠷᠡᠭᠰᠡᠯ ᠯᠢᠶᠤᠤ᠂ ᠠᠯᠳᠠᠨ ᠤᠯᠤᠰ ᠤᠨ ᠱᠠᠭᠠᠵᠠᠩ ᠰᠠᠪᠠ ᠲᠠᠢ ᠠᠳᠠᠯᠢᠪᠳᠤᠷ ᠰᠢᠷ ᠪᠤᠳᠤᠭ ᠤᠨ ᠦᠩᠭᠡ ᠲᠠᠢ ᠠᠴᠠ ᠭᠠᠳᠠᠨ᠎ᠠ᠂ ᠪᠠᠰᠠ ᠬᠤᠶᠢᠴᠢ ᠦᠶ᠎ᠡ ᠶᠢᠨ ᠰᠢᠷ ᠪᠤᠳᠤᠭ ᠤᠨ ᠦᠩᠭᠡ ᠲᠠᠢ ᠰᠢᠷ᠎ᠠ᠂ ᠬᠦᠷᠡᠩ ᠦᠩᠭᠡ ᠲᠠᠢ ᠱᠠᠭᠠᠵᠠᠩ ᠰᠠᠪᠠ ᠢᠯᠡᠷᠡᠵᠦ᠂ ᠰᠢᠳᠠᠭᠠᠭᠰᠠᠨ ᠤ ᠨᠦᠭᠦᠴᠡᠯ ᠢᠶᠠᠷ ᠪᠤᠳᠤᠭ ᠦᠩᠭᠡᠯᠡᠭᠰᠡᠨ ᠬᠤᠳᠤᠭᠤᠷ ᠰᠤᠷᠪᠢ ᠦᠵᠡᠭᠳᠡᠨ᠎ᠡ᠃ ᠲᠡᠭᠡᠷᠡᠬᠢ ᠠᠴᠠ ᠪᠢᠳᠡ ᠮᠡᠳᠡᠬᠦ ᠨᠢ᠂ ᠴᠠᠭᠠᠨ ᠰᠢᠷ ᠪᠤᠳᠤᠭ ᠲᠠᠢ ᠬᠠᠷ᠎ᠠ ᠬᠤᠸᠠᠷ ᠢᠶᠠᠷ ᠦᠩᠭᠡᠯᠡᠭᠰᠡᠨ ᠠᠷᠭ᠎ᠠ ᠨᠢ ᠲᠡᠷᠡ ᠦᠶ᠎ᠡ ᠳᠤ ᠰᠤᠯᠢᠭᠳᠠᠭᠰᠠᠨ ᠦᠭᠡᠢ ᠪᠦᠭᠡᠳ ᠬᠠᠷᠢᠨ ᠲᠡᠦᠭᠡ ᠶᠢᠨ ᠶᠠᠪᠤᠴᠠ ᠳᠤ ᠯᠢᠶᠤᠤ᠂ ᠠᠯᠳᠠᠨ ᠤᠯᠤᠰ  ᠤᠨ ᠬᠤᠶᠠᠷ ᠦᠶ᠎ᠡ ᠵᠢᠴᠢ ᠰᠡᠭᠦᠯᠴᠢ ᠶᠢᠨ ᠦᠶ᠎ᠡ ᠲᠠᠰᠤᠷᠠᠭ᠎ᠠ ᠦᠭᠡᠢ ᠰᠢᠳᠠᠭᠠᠨ ᠦᠢᠯᠡᠳᠪᠦᠷᠢᠯᠡᠭᠰᠡᠨ ᠮᠡᠷᠭᠡᠵᠢᠯ ᠤᠯᠠᠮ ᠪᠤᠯᠪᠠᠰᠤᠷᠠᠩᠭᠤᠢ ᠪᠤᠯᠵᠤ᠂ ᠨᠡᠩ ᠰᠢᠨ᠎ᠡ ᠪᠠᠷ ᠦᠢᠯᠡᠳᠬᠦ ᠮᠡᠷᠭᠡᠵᠢᠯ ᠪᠤᠢ ᠪᠤᠯᠬᠤ ᠶᠢᠨ ᠵᠡᠷᠭᠡ ᠪᠠᠷ ᠯᠢᠶᠤᠤ ᠤᠯᠤᠰ ᠤᠨ ᠱᠠᠭᠠᠵᠠᠩ ᠰᠠᠪᠠ ᠲᠤᠮᠳᠠᠳᠤ ᠤᠯᠤᠰ ᠤᠨ ᠤᠮᠠᠷᠠᠳᠤ ᠤᠷᠤᠨ ᠤ ᠱᠠᠭᠠᠵᠠᠩ ᠰᠠᠪᠠ ᠶᠢᠨ ᠦᠢᠯᠡᠳᠦᠯ ᠮᠡᠷᠭᠡᠵᠢᠯ ᠤᠨ ᠰᠠᠭᠤᠷᠢ ᠶᠢ ᠬᠦᠴᠦᠳᠠᠢ ᠬᠠᠨᠳᠤᠵᠤ᠂ ᠬᠤᠶᠢᠴᠢ ᠦᠶ᠎ᠡ ᠶᠢᠨ ᠱᠠᠭᠠᠵᠠᠩ ᠰᠠᠪᠠ ᠶᠢᠨ ᠬᠦᠭᠵᠢᠯ ᠤᠨ ᠠᠰᠢᠭ ᠲᠠᠢ ᠦᠢᠯᠡᠰ ᠦᠯᠡᠳᠡᠭᠡᠪᠡ᠃ ᠲᠠᠪᠤ᠂ ᠲᠡᠭᠦᠰᠭᠡᠯ ᠤᠨ ᠦᠭᠡ ︽ ᠴᠠᠨ  ᠶᠤᠸᠠᠨ ᠤ ᠬᠡᠯᠡᠯᠴᠡᠭᠡᠷ︾ ᠠᠴᠠ ᠡᠮᠦᠨ᠎ᠡ ᠠᠵᠤ ᠠᠬᠤᠢ ᠶᠢᠨ ᠬᠦᠭᠵᠢᠯᠳᠡ ᠶᠢᠨ ᠪᠠᠶᠢᠳᠠᠯ ᠠᠴᠠ ᠪᠤᠯᠵᠤ᠂ ᠦᠢᠯᠡᠳᠪᠦᠷᠢᠯᠡᠯ ᠠᠵᠤ ᠠᠮᠢᠳᠤᠷᠠᠯ ᠤᠨ ᠮᠠᠶ᠋ᠢᠭ ᠠᠳᠠᠯᠢ ᠪᠤᠰᠤ ᠪᠤᠯᠬᠤᠷ ᠯᠢᠶᠤᠤ ᠤᠯᠤᠰ ᠤᠨ ᠬᠢᠯᠢ ᠬᠢᠵᠠᠭᠠᠷ ᠤᠷᠤᠨ ᠤ ᠱᠠᠭᠠᠵᠠᠩ ᠰᠠᠪᠠ ᠶᠢᠨ ᠦᠢᠯᠡᠳᠦᠨ ᠡᠭᠦᠳᠬᠦ ᠦᠢᠯᠡᠰ ᠡᠬᠢᠨ ᠤ ᠦᠶ᠎ᠡ ᠳᠤ ᠤᠷᠤᠵᠤ᠂ ᠦᠢᠯᠡᠳᠪᠦᠷᠢᠯᠡᠯ  ᠤᠨ ᠬᠦᠴᠦᠨ ᠪᠠ ᠲᠧᠭᠨᠢᠭ ᠮᠡᠷᠭᠡᠵᠢᠯ ᠤᠨ ᠬᠢᠷᠢ ᠬᠡᠮᠵᠢᠶ᠎ᠡ ᠲᠤᠤᠷ᠎ᠠ ᠪᠦᠭᠡᠳ ᠬᠦᠭᠵᠢᠯᠳᠡ ᠨᠢ ᠪᠠᠰᠠ ᠤᠳᠠᠭᠠᠨ ᠪᠠᠶᠢᠵᠠᠢ᠃ ᠡᠨᠡ ᠦᠶ᠎ᠡ ᠶᠢᠨ ᠯᠢᠶᠤᠤ ᠤᠯᠤᠰ ᠤᠨ ᠬᠢᠯᠢ ᠬᠢᠵᠠᠭᠠᠷ ᠲᠤᠳᠤᠷ᠎ᠠ ᠡᠯ᠎ᠡ ᠶᠤᠤ ᠠᠮᠠᠨ ᠤ ᠲᠤᠭ᠎ᠠ ᠲᠤᠩ ᠬᠦᠷᠦᠯᠴᠡᠬᠦ ᠦᠭᠡᠢ᠂ ᠱᠠᠭᠠᠵᠠᠩ ᠰᠠᠪᠠ ᠦᠢᠯᠡᠳᠬᠦ ᠪᠤᠯᠪᠠᠰᠤᠷᠠᠩᠭᠤᠢ ᠮᠡᠷᠭᠡᠵᠢᠯᠳᠡᠨ ᠲᠤᠳᠠᠭᠳᠠᠵᠤ᠂ ᠡᠭᠦᠨ ᠤ ᠲᠤᠳᠤᠷ᠎ᠠ ᠬᠡᠳᠦᠶᠢᠪᠡᠷ ᠨᠢᠭᠡ ᠪᠦᠯᠦᠭ ᠱᠠᠭᠠᠵᠠᠩ ᠰᠠᠪᠠ ᠦᠢᠯᠡᠳᠬᠦ ᠮᠡᠷᠭᠡᠵᠢᠯᠳᠡᠨ ᠤᠮᠠᠷᠠᠳᠤ ᠰᠦᠩ ᠤᠯᠤᠰ ᠲᠠᠢ ᠪᠠᠶᠢᠯᠳᠤᠭᠠᠨ ᠤ ᠲᠤᠮᠳᠠ ᠪᠤᠯᠢᠶᠠᠨ ᠤᠯᠵᠠᠯᠠᠭᠰᠠᠨ ᠪᠤᠯᠪᠠᠰᠤᠷᠠᠩᠭᠤᠢ ᠮᠡᠷᠭᠡᠵᠢᠯᠳᠡᠨ ᠪᠠᠶᠢᠪᠠᠴᠤ᠂ ᠭᠠᠵᠠᠷ ᠵᠦᠢ᠂ ᠤᠷᠴᠢᠨ ᠲᠤᠭᠤᠷᠢᠨ᠂ ᠤᠷᠤᠭ ᠰᠢᠷᠤᠢ ᠶᠢᠨ ᠮᠠᠲ᠋ᠧᠷᠢᠶᠠᠯ ᠬᠢᠵᠠᠭᠠᠷᠯᠠᠭᠳᠠᠵᠤ᠂ ᠦᠨᠳᠦᠷ ᠴᠢᠨᠠᠷ ᠲᠠᠢ ᠱᠠᠭᠠᠵᠠᠩ ᠰᠠᠪᠠ ᠶᠢ ᠦᠢᠯᠡᠳᠪᠦᠷᠢᠯᠡᠬᠦ ᠠᠷᠭ᠎ᠠ ᠡᠷᠢᠵᠦ ᠰᠤᠷᠬᠤ ᠦᠶ᠎ᠡ ᠪᠠᠶᠢᠵᠤ᠂ ᠡᠶᠢᠮᠦ ᠤᠴᠢᠷ ᠠᠴᠠ ᠡᠨᠡ ᠦᠶ᠎ᠡ ᠶᠢᠨ ᠯᠢᠶᠤᠤ ᠤᠯᠤᠰ ᠤᠨ ᠬᠢᠯᠢ ᠬᠢᠵᠠᠭᠠᠷ ᠲᠤ ᠦᠢᠯᠡᠳᠪᠦᠷᠢᠯᠡᠨ ᠦᠢᠯᠡᠳᠬᠦ ᠱᠠᠭᠠᠵᠠᠩ ᠰᠠᠪᠠ ᠲᠤᠤᠷᠠᠳᠤ ᠬᠡᠮᠵᠢᠶᠡᠨ ᠤ ᠰᠢᠷ ᠪᠤᠳᠤᠭ ᠲᠠᠢ ᠱᠠᠭᠠᠵᠠᠩ ᠰᠠᠪᠠ ᠪᠤᠯᠬᠤ ᠪᠦᠭᠡᠳ ᠡᠭᠦᠳᠦᠭᠰᠡᠨ ᠬᠡᠯᠪᠡᠷᠢ ᠪᠦᠳᠦᠭᠦᠯᠢᠭ᠂ ᠭᠠᠭᠴᠠ ᠡᠳᠦᠷ ᠤᠨ ᠠᠮᠢᠳᠤᠷᠠᠯ ᠤᠨ ᠬᠡᠷᠡᠭᠰᠡᠯ ᠦᠢᠯᠡᠳᠦᠯ ᠴᠢᠳᠠᠪᠤᠷᠢ ᠶᠢᠨ ᠲᠡᠳᠦᠢ᠂ ᠴᠢᠮᠡᠭᠯᠡᠯ ᠪᠠᠭ᠎ᠠ᠂ ᠰᠢᠷ ᠪᠤᠳᠤᠭ ᠳ᠋ᠠᠩ ᠬᠢᠯᠪᠠᠷ᠂ ᠭᠤᠶᠤ ᠰᠠᠶᠢᠬᠠᠨ ᠱᠠᠭᠠᠵᠠᠩ ᠰᠠᠪᠠ ᠤᠯᠠᠩᠬᠢ ᠨᠢ ᠲᠠᠶᠢᠨ ᠤ ᠲᠤᠮᠳᠠ ᠡᠮᠦᠨ᠎ᠡ ᠤᠷᠤᠨ ᠠᠴᠠ ᠪᠤᠯᠢᠶᠠᠨ ᠤᠯᠤᠭᠰᠠᠨ ᠰᠠᠪᠠ ᠬᠡᠷᠡᠭᠰᠡᠯ ᠪᠤᠯᠤᠨ᠎ᠠ᠃ ︽ᠴᠠᠨ ᠶᠤᠸᠠᠨ ᠤ ᠬᠡᠯᠡᠯᠴᠡᠭᠡᠷ︾ ᠤᠨ ᠰᠡᠭᠦᠯᠡᠷ ᠨᠡᠶᠢᠭᠡᠮ ᠤᠨ ᠪᠠᠶᠢᠳᠠᠯ ᠲᠤᠭᠳᠠᠪᠤᠷᠢᠳᠠᠢ ᠪᠤᠯᠵᠤ᠂ ᠠᠵᠤ ᠠᠬᠤᠢ ᠲᠤᠭᠳᠠᠭᠤᠨ ᠬᠦᠭᠵᠢᠵᠦ᠂ ᠬᠢᠳᠠᠨ ᠦᠨᠳᠦᠰᠦᠳᠡᠨ ᠤᠯᠠᠩᠬᠢ ᠨᠢ ᠬᠢᠳᠠᠳ ᠤᠨ ᠬᠡᠪ ᠮᠠᠶ᠋ᠢᠭ ᠢ ᠪᠠᠭ᠋ᠠᠷᠬᠠᠵᠤ᠂ ᠠᠷᠠᠯᠵᠢᠶ᠎ᠠ ᠮᠠᠶᠢᠮᠠᠢ ᠶᠢᠨ ᠲᠠᠯᠠᠪᠠᠢ ᠨᠡᠭᠡᠭᠡᠵᠦ᠂ ᠤᠯᠠᠮ ᠢᠶᠠᠷ ᠤᠯᠠᠨ ᠲᠤᠭᠠᠨ ᠤ ᠤᠮᠠᠷᠠᠳᠤ ᠰᠦᠩ ᠤᠯᠤᠰ ᠤᠨ ᠱᠠᠭᠠᠵᠠᠩ ᠰᠠᠪᠠ ᠪᠠ ᠱᠠᠭᠠᠵᠠᠩ ᠰᠠᠪᠠ ᠶᠢᠨ ᠦᠢᠯᠡᠳᠪᠦᠷᠢᠯᠡᠬᠦ ᠮᠡᠷᠭᠡᠵᠢᠯᠳᠡᠨ ᠯᠢᠶᠤᠤ ᠤᠯᠤᠰ ᠲᠤ ᠢᠷᠡᠵᠦ᠂ ᠯᠢᠶᠤᠤ ᠤᠯᠤᠰ ᠤᠨ ᠡᠯ᠎ᠡ ᠶᠤᠤ ᠠᠮᠠᠨ ᠤ ᠱᠠᠭᠠᠵᠠᠩ ᠰᠠᠪᠠ ᠦᠢᠯᠡᠳᠬᠦ ᠮᠡᠷᠭᠡᠵᠢᠯ ᠠᠯᠬᠤᠮ ᠠᠯᠬᠤᠮ ᠢᠶᠠᠷ ᠲᠠᠪᠰᠢᠵᠤ᠂ ᠭᠤᠶᠤᠯᠠᠬᠤ ᠰᠠᠨᠠᠭ᠎ᠠ ᠠᠨᠤ ᠵᠦᠩ ᠶᠤᠸᠠᠨ ᠤᠷᠤᠨ ᠤ ᠬᠡᠪ ᠮᠠᠶ᠋ᠢᠭ ᠢ ᠲᠠᠭᠤᠷᠢᠶᠠᠵᠤ᠂ ᠡᠨᠡ ᠦᠶ᠎ᠡ ᠳᠤ ᠯᠢᠶᠤᠤ ᠤᠯᠤᠰ ᠤᠨ ᠡᠯ᠎ᠡ ᠶᠤᠤ ᠠᠮᠠᠨ ᠶᠡᠷᠦ ᠶᠢᠨ ᠬᠡᠷᠡᠭᠯᠡᠬᠦ ᠱᠠᠭᠠᠵᠠᠩ ᠰᠠᠪᠠ ᠶᠢ ᠬᠠᠩᠭᠠᠬᠤ ᠶᠢᠨ ᠵᠡᠷᠭᠡ ᠪᠠᠷ ᠠᠵᠤ ᠦᠢᠯᠡᠳᠪᠦᠷᠢ ᠶᠢᠨ ᠰᠠᠭᠤᠷᠢᠨ ᠲᠡᠭᠡᠷ᠎ᠡ ᠠᠴᠠ ᠶᠠᠭᠠᠬᠢᠨ ᠨᠡᠩ ᠭᠤᠶᠤ ᠰᠠᠶᠢᠬᠠᠨ ᠨᠠᠷᠢᠯᠢᠭ ᠱᠠᠭᠠᠵᠠᠩ ᠰᠠᠪᠠ ᠶᠢ ᠦᠢᠯᠡᠳᠬᠦ ᠠᠷᠭ᠎ᠠ ᠮᠡᠷᠭᠡᠵᠢᠯ ᠤᠨ ᠲᠤᠷᠰᠢᠯᠭ᠎ᠠ ᠬᠢᠵᠦ᠂ ᠤᠯᠠᠮ ᠨᠢᠭᠡ ᠠᠯᠬᠤᠮ ᠭᠤᠶᠤ ᠰᠠᠶᠢᠬᠠᠨ ᠱᠠᠭᠠᠵᠠᠩ ᠰᠠᠪᠠ  ᠶᠢ ᠦᠢᠯᠡᠳᠪᠦᠷᠢᠯᠡᠨ ᠭᠠᠷᠭᠠᠪᠠ᠃ ᠶᠡᠷᠦᠩᠭᠡᠶᠢᠯᠡᠨ ᠬᠡᠯᠡᠪᠡᠰᠦ ᠯᠢᠶᠤᠤ ᠤᠯᠤᠰ ᠤᠨ ᠨᠤᠶᠠᠷᠬᠠᠯ ᠤᠨ ᠦᠶ᠎ᠡ ᠳᠤ᠂ ᠲᠦᠷᠦ ᠶᠢᠨ ᠡᠷᠭᠡ ᠪᠠᠷᠢᠭᠴᠢ ᠰᠦᠩ ᠤᠯᠤᠰ ᠤᠨ ᠬᠡᠷᠡᠭᠵᠢᠭᠦᠯᠵᠦ ᠪᠠᠶᠢᠭ᠎ᠠ ᠭᠠᠳᠠᠭᠰᠢ ᠦᠷᠭᠡᠳᠭᠡᠬᠦ ᠵᠢᠴᠢ ᠠᠷᠠᠯᠵᠢᠶ᠎ᠠ ᠨᠡᠪᠳᠡᠷᠡᠬᠦ ᠲᠦᠷᠦ ᠶᠢᠨ ᠪᠤᠳᠤᠯᠭ᠎ᠠ ᠪᠦᠷ ᠰᠢᠭᠤᠳ ᠪᠤᠶᠤ ᠲᠠᠮ ᠢᠶᠠᠷ ᠤᠮᠠᠷᠠᠳᠤ ᠤᠷᠤᠨ ᠤ ᠭᠠᠷ ᠦᠢᠯᠡᠳᠪᠦᠷᠢ ᠶᠢᠨ ᠬᠦᠭᠵᠢᠯ ᠢ ᠨᠦᠯᠦᠭᠡᠯᠡᠵᠦ᠂ ᠤᠮᠠᠷᠠᠳᠤ ᠤᠷᠤᠨ ᠤ ᠤᠳᠬ᠎ᠠ ᠰᠤᠶᠤᠯ ᠵᠦᠩ ᠶᠤᠸᠠᠨ ᠤᠷᠤᠨ ᠤ ᠤᠳᠬ᠎ᠠ ᠰᠤᠶᠤᠯ ᠲᠠᠢ ᠰᠤᠯᠢᠯᠴᠠᠬᠤ ᠵᠠᠪᠰᠢᠶᠠᠨ ᠤᠯᠵᠤ᠂ ᠤᠮᠠᠷᠠᠳᠤ ᠤᠷᠤᠨ ᠤ ᠡᠯ᠎ᠡ ᠵᠦᠢᠯ ᠤᠨ ᠠᠷᠠᠯᠵᠢᠶ᠎ᠠ ᠮᠠᠶᠢᠮᠠᠢ ᠲᠡᠭᠡᠭᠰᠢ ᠬᠦᠭᠵᠢᠭᠦᠯᠬᠦ ᠬᠡᠮᠵᠢᠶᠡᠨ ᠳᠤ ᠬᠦᠷᠭᠡᠵᠦ᠂ ᠡᠭᠦᠨ ᠤ ᠲᠤᠳᠤᠷ᠎ᠠ ︽ᠲᠠᠨ ᠶᠤᠸᠠᠨ ᠤ ᠬᠡᠯᠡᠯᠴᠡᠭᠡᠷ︾ ᠤᠨ ᠨᠦᠯᠦᠭᠡ ᠬᠠᠮᠤᠭ ᠶᠡᠭᠡ᠂ ᠨᠡᠭᠡᠭᠡᠯᠳᠦ ᠠᠭᠤᠴᠢᠯᠠᠯᠳᠤ ᠲᠤᠭᠳᠠᠪᠤᠷᠢ ᠲᠠᠢ ᠨᠡᠶᠢᠭᠡᠮ ᠤᠨ ᠪᠠᠶᠢᠳᠠᠯ ᠤᠮᠠᠷᠠᠳᠤ ᠤᠷᠤᠨ ᠤ ᠭᠠᠷ ᠦᠢᠯᠡᠳᠪᠦᠷᠢ ᠨᠡᠩ ᠢᠯᠡᠭᠦᠦ ᠱᠠᠭᠠᠵᠠᠩ ᠰᠠᠪᠠ ᠶᠢᠨ ᠦᠢᠯᠡᠳᠬᠦ ᠮᠡᠷᠭᠡᠵᠢᠯ ᠢᠯᠠᠩᠭᠤᠶ᠎ᠠ ᠠᠯᠳᠠᠨ ᠤᠯᠤᠰ᠂ ᠶᠤᠸᠠᠨ ᠤᠯᠤᠰ ᠤᠨ ᠱᠠᠭᠠᠵᠠᠩ ᠰᠠᠪᠠ  ᠶᠢᠨ ᠬᠦᠭᠵᠢᠯᠳᠡ ᠳᠤ ᠤᠯᠭᠤᠨ ᠦᠭᠬᠦ ᠪᠠᠳᠤ ᠪᠠᠬᠢ ᠰᠠᠭᠤᠷᠢ ᠲᠠᠯᠪᠢᠪᠠ᠃ ᠯᠠᠪᠯᠠᠭᠰᠠᠨ ᠨᠤᠮ ⑴ ︽ ᠴᠠᠨ  ᠶᠤᠸᠠᠨ ᠤ ᠬᠡᠯᠡᠯᠴᠡᠭᠡᠷ︾ ᠪᠤᠯ ᠤᠮᠠᠷᠠᠳᠤ ᠰᠦᠩ ᠤᠯᠤᠰ ᠯᠢᠶᠤᠤ ᠤᠯᠤᠰ ᠲᠠᠢ ᠨᠡᠶᠢᠳᠡ ᠶᠢᠨ ᠤᠨ ᠲᠤᠭᠠᠯᠠᠯ ᠤᠨ 1005 ᠤᠨ ᠤ 1 ᠳ᠋ᠤᠭᠡᠷ ᠰᠠᠷ᠎ᠠ ᠳᠤ ᠲᠤᠭᠳᠠᠭᠠᠭᠰᠠᠨ ᠨᠠᠶᠢᠷᠠᠮᠳᠠᠯ ᠤᠨ ᠬᠡᠯᠡᠯᠴᠡᠭᠡᠷ ︵1979 ᠤᠨ ᠤ 9 ᠰᠠᠷ᠎ᠠ ᠶᠢᠨ ᠱᠠᠩᠬᠠᠢ ᠬᠤᠳᠠ ᠶᠢᠨ ᠦᠰᠦᠭ ᠪᠢᠴᠢᠭ ᠤᠨ ᠬᠡᠪᠯᠡᠯ ᠤᠨ ᠬᠤᠷᠢᠶᠠᠨ ᠤ ᠬᠡᠪᠯᠡᠭᠰᠡᠨ ︽ᠦᠭᠡᠰ ᠤᠨ ᠲᠠᠯᠠᠢ︾ ᠶᠢᠨ 449 ᠳ᠋ᠤᠭᠡᠷ ᠨᠢᠭᠤᠷ ᠤᠨ ᠲᠡᠮᠳᠡᠭᠯᠡᠯ︶ ⑵ ᠯᠢ ᠢ ᠶᠢᠦ᠂ ᠯᠢᠶᠤᠤ ᠶᠧ ᠯᠢᠦᠢ ᠠᠶᠢᠮᠠᠭ ᠤᠨ ᠮᠦᠷ ᠢ ᠴᠢᠯᠠᠭᠤᠨ ᠬᠦᠰᠢᠶ᠎ᠡ ᠳᠤ ᠰᠡᠶᠢᠯᠡᠨ ᠲᠦᠷᠰᠦᠯᠡᠬᠦ ᠵᠢᠴᠢ ᠬᠤᠪᠢᠯᠭᠠᠨ ᠵᠠᠮ ᠤᠨ ᠬᠦᠰᠢᠶ᠎ᠡ ᠪᠢᠴᠢᠭᠡᠰᠦ ︵J︶᠂ ︽ᠵᠡᠭᠦᠨ ᠬᠤᠶᠢᠳᠤ ᠤᠷᠤᠨ ᠤ ᠲᠡᠦᠭᠡ ᠪᠠ ᠡᠷᠳᠡᠨ ᠤ  ᠬᠢ ᠶᠢ ᠰᠤᠳᠤᠯᠬᠤ︾ ᠴᠤᠪᠤᠷᠠᠯ ᠪᠢᠴᠢᠭ᠂ ᠨᠢᠭᠡᠳᠦᠭᠡᠷ ᠡᠪᠬᠢᠮᠠᠯ᠂ 1982 ᠤᠨ ⑶ ᠼᠦᠢ ᠵᠢᠶᠠᠨ ᠹᠧᠩ᠂ ᠯᠢᠦ ᠱᠤᠸᠠᠩ᠂ ᠫᠧᠩ ᠱᠠᠨ ᠬᠦᠸᠧ᠂ ᠦ᠋ ᠰᠢᠶᠤᠤ ᠬᠤᠩ᠂ ᠤᠯᠠᠭᠠᠨᠬᠠᠳᠠ ᠬᠤᠳᠠ ᠤᠮᠠᠷᠠᠳᠤ ᠤᠷᠤᠨ ᠤ ᠯᠢᠶᠤᠤ ᠤᠯᠤᠰ ᠤᠨ ᠳ᠋ᠠᠢ ᠶᠤᠤ ︵代窑︶ ᠶᠢᠨ ᠰᠠᠭᠤᠷᠢᠨ ᠰᠢᠷᠤᠢ ᠠᠴᠠ ᠠᠭᠤᠳᠠᠯᠯᠠᠨ ᠭᠠᠷᠭᠠᠭᠰᠠᠨ ᠱᠠᠭᠠᠵᠠᠩ ᠰᠠᠪᠠ ᠶᠢᠨ ᠬᠡᠯᠳᠦᠷᠭᠡᠢ ᠵᠢᠴᠢ ᠶᠤᠤ ᠶᠢᠨ ᠪᠠᠶᠢᠴᠢ ᠬᠡᠷᠡᠭᠰᠡᠯ ᠤᠨ ᠪᠦᠷᠢᠯᠳᠦᠭᠦᠨ ᠢ ᠵᠠᠳᠠᠯᠤᠨ ᠰᠢᠨᠵᠢᠯᠡᠬᠦ ︵J︶᠂ ︽ᠬᠢᠯᠢ ᠬᠢᠵᠠᠭᠠᠷ ᠤᠨ ᠡᠷᠳᠡᠨ ᠤ ᠬᠢ ᠶᠢ ᠰᠤᠳᠤᠯᠬᠤ︾ ᠨᠠᠢᠮᠠᠳᠤᠭᠠᠷ ᠡᠪᠬᠢᠮᠡᠯ ⑷ ᠴᠠᠬᠢᠭᠤᠷ ᠬᠦᠴᠢᠯ ᠤᠨ ᠲᠠᠪᠤᠰᠤᠨ ᠰᠢᠨᠵᠢᠯᠡᠭᠡᠨ ᠤ ᠨᠡᠶᠢᠭᠡᠮᠯᠢᠭ ᠤᠨ ᠨᠠᠶᠢᠷᠠᠭᠤᠯᠤᠯ᠂ ᠲᠤᠮᠳᠠᠳᠤ ᠤᠯᠤᠰ ᠤᠨ ᠱᠠᠭᠠᠵᠠᠩ ᠰᠠᠪᠠ ᠶᠢᠨ ᠲᠡᠦᠭᠡ᠂ ︵M︶᠂ ᠲᠡᠦᠭᠡ ᠶᠢᠨ ᠲᠤᠷᠠᠰᠬᠠᠯᠳᠤ ᠵᠦᠢᠯ ᠤᠨ ᠬᠡᠪᠯᠡᠯ ᠤᠨ ᠬᠤᠷᠢᠶ᠎ᠠ ⑸ ᠫᠧᠩ ᠱᠠᠨ ᠬᠦᠸᠧ᠂ ᠯᠢᠶᠤᠤ ᠤᠯᠤᠰ ᠤᠨ ᠱᠠᠭᠠᠵᠠᠩ ᠰᠠᠪᠠ ᠶᠢᠨ ᠡᠷᠳᠡᠨ ᠤ ᠬᠢ ᠶᠢ ᠰᠤᠳᠤᠯᠬᠤ ᠰᠤᠷᠭᠠᠯ᠂ ︵M︶᠂ ᠬᠢᠷᠢᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂ 2003 — 07 ⑹ ᠶᠢᠦ ᠪᠢᠶᠤᠤ᠂ ᠰᠦᠩ ᠤᠯᠤᠰ ᠤᠨ 18 ᠬᠠᠭᠠᠨ ᠢ ᠲᠡᠭᠰᠢ ᠦᠭᠦᠯᠡᠬᠦ᠂ ︵M︶᠂ ᠵᠦᠩ ᠬᠤᠸᠠ ᠪᠢᠴᠢᠭ  ᠤᠨ ᠲᠤᠪᠴᠢᠶ᠎ᠡ᠂ 2005 — 07 ⑺ ᠦᠪᠦᠷ ᠮᠤᠩᠭᠤᠯ ᠤᠨ ᠲᠡᠦᠭᠡ ᠶᠢᠨ ᠲᠤᠷᠠᠰᠬᠠᠯᠳᠤ ᠵᠦᠢᠯ ᠤᠨ ᠡᠷᠳᠡᠨ ᠤ ᠬᠢ ᠶᠢ ᠰᠤᠳᠤᠯᠬᠤ ᠭᠠᠵᠠᠷ᠂ ᠦᠪᠦᠷ ᠮᠤᠩᠭᠤᠯ ᠤᠨ ᠲᠡᠦᠭᠡ ᠶᠢᠨ ᠲᠤᠷᠠᠰᠬᠠᠯᠳᠤ ᠵᠦᠢᠯ ᠤᠨ ᠡᠷᠳᠡᠨ ᠤ ᠬᠢ ᠶᠢ ᠰᠤᠳᠤᠯᠬᠤ ᠪᠢᠴᠢᠭ ᠴᠤᠪᠤᠷᠠᠯ᠂ ︵M︶᠂ ᠲᠤᠮᠳᠠᠳᠤ ᠤᠯᠤᠰ ᠤᠨ ᠶᠡᠭᠡ ᠰᠢᠨᠵᠢᠯᠡᠬᠦ ᠤᠬᠠᠭᠠᠨ ᠤ ᠪᠦᠷᠢᠨ ᠨᠤᠮ ᠤᠨ ᠬᠡᠪᠯᠡᠯ ᠤᠨ ᠬᠤᠷᠢᠶ᠎ᠠ᠂ 1994 — 08 ⑻ ᠸᠠᠩ ᠵᠢᠶᠠᠨ ᠬᠦᠸᠧ᠂ ᠠᠤᠬᠠᠨ ᠬᠤᠰᠢᠭᠤᠨ ᠤ ᠪᠠᠭ᠎ᠠ ᠪᠤᠷᠭᠠᠰᠤᠨ ᠭᠤᠤ ᠶᠢᠨ ᠠᠯᠳᠠᠨ ᠤᠯᠤᠰ ᠤᠨ ᠬᠡᠭᠦᠷ ᠪᠤᠯᠠᠰᠢ᠂ ︵J︶᠂ ᠦᠪᠦᠷ ᠮᠤᠩᠭᠤᠯ ᠤᠨ ᠲᠡᠦᠭᠡ ᠶᠢᠨ ᠲᠤᠷᠠᠰᠬᠠᠯᠳᠤ ᠵᠦᠢᠯ ᠤᠨ ᠡᠷᠳᠡᠨ ᠤ ᠬᠢ ᠶᠢ ᠰᠤᠳᠤᠯᠬᠤ᠂ 1988 ᠤᠨ ᠤ 00 ᠳ᠋ᠤᠭᠠᠷ ⑼ ᠯᠢᠦ ᠪᠢᠩ᠂ ᠭᠠᠩ ᠸᠠ ᠶᠤᠤ ᠶᠢᠨ ᠡᠷᠳᠡᠨ ᠤ ᠬᠢ ᠶᠢ ᠠᠭᠤᠳᠠᠯᠠᠬᠤ ᠶᠢ ᠬᠤᠷᠢᠶᠠᠩᠭᠤᠶᠢᠯᠠᠨ ᠦᠭᠦᠯᠡᠬᠦ᠂ ᠤᠯᠠᠭᠠᠨᠬᠠᠳᠠ ᠮᠦᠽᠸᠢ ᠲᠡᠦᠭᠡ ᠶᠢᠨ ᠲᠤᠷᠠᠰᠬᠠᠯᠳᠤ ᠡᠷᠳᠡᠨ ᠤ ᠬᠢ ᠶᠢ ᠰᠤᠳᠤᠯᠬᠤ ᠪᠢᠴᠢᠭ ᠤᠨ ᠴᠤᠪᠤᠷᠠᠯ᠂ ︵M ︶᠂ ᠠᠯᠤᠰ ᠭᠠᠵᠠᠷ ᠤᠨ ᠬᠡᠪᠯᠡᠯ ᠤᠨ ᠬᠤᠷᠢᠶ᠎ᠠ᠂ 2007 — 04 ⑽ ᠲᠠᠩ ᠼᠠᠢ ᠯᠠᠨ᠂ ᠯᠢᠶᠤᠤ ᠶᠢᠨ ᠲᠡᠭᠡᠳᠦ ᠨᠠᠶᠢᠰᠯᠠᠯ ᠤᠨ ᠲᠡᠦᠭᠡ ᠶᠢᠨ ᠲᠤᠷᠠᠰᠬᠠᠯᠳᠤ ᠴᠤᠭᠯᠠᠭᠤᠯᠬᠤ ᠴᠡᠴᠡᠭ᠂ ᠠᠯᠤᠰ ᠭᠠᠵᠠᠷ ᠤᠨ ᠬᠡᠪᠯᠡᠯ ᠤᠨ ᠬᠤᠷᠢᠶ᠎ᠠ᠂ 2005 — 07 ⑾ ᠯᠢᠦ ᠽᠧᠩ ᠵᠢᠶᠦ᠋ᠨ᠂ ᠤᠩᠨᠢᠭᠤᠳ ᠤᠨ ᠲᠡᠦᠭᠡ ᠶᠢᠨ ᠲᠤᠷᠠᠰᠬᠠᠯᠳᠤ ᠵᠦᠢᠯ ᠤᠨ ᠰᠢᠯᠢᠳᠡᠭ ᠰᠤᠩᠭᠤᠯᠳᠠ᠂ ︵M︶᠂ ᠦᠪᠦᠷ ᠮᠤᠩᠭᠤᠯ ᠤᠨ ᠤᠳᠬ᠎ᠠ ᠰᠤᠶᠤᠯ ᠤᠨ ᠬᠡᠪᠯᠡᠯ ᠤᠨ ᠬᠤᠷᠢᠶ᠎ᠠ᠂ 2012 — 06 ⑿ ᠴᠧᠨ ᠶᠦᠩ ᡁᠢ᠂ ᠦᠪᠦᠷ ᠮᠤᠩᠭᠤᠯ ᠤᠨ ᠵᠢᠢ ᠨᠢᠩ ᠯᠦ ᠡᠷᠳᠡᠨ ᠤ ᠬᠤᠳᠠ ᠶᠢᠨ ᠦᠯᠡᠳᠡᠭᠳᠡᠯ ᠰᠠᠭᠤᠷᠢ  ᠠᠴᠠ ᠭᠠᠷᠭᠠᠭᠰᠠᠨ ᠱᠠᠭᠠᠵᠠᠩ ᠰᠠᠪᠠ᠂ ︵M︶᠂ ᠲᠡᠦᠭᠡ ᠶᠢᠨ ᠲᠤᠷᠠᠰᠬᠠᠯᠳᠤ ᠵᠦᠢᠯ ᠤᠨ ᠬᠡᠪᠯᠡᠯ ᠤᠨ ᠬᠤᠷᠢᠶ᠎ᠠ᠂ 2004 — 08 ᠵᠤᠬᠢᠶᠠᠭᠴᠢ ᠶᠢᠨ ᠲᠤᠪᠴᠢ ᠨᠠᠮᠳᠠᠷ ᠦ᠋ ᠲᠢᠶᠠᠨ ᠶᠢᠦ ︵武天佑︶᠂ ᠡᠮᠡᠭᠳᠠᠢ᠂ 23 ᠨᠠᠰᠤᠳᠠᠢ᠂ ᠮᠤᠩᠭᠤᠯ ᠦᠨᠳᠦᠰᠦᠳᠡᠨ᠂ ᠦᠪᠦᠷ ᠮᠤᠩᠭᠤᠯ  ᠤᠨ ᠤᠯᠠᠭᠠᠨᠬᠠᠳᠠ ᠬᠤᠳᠠ ᠶᠢᠨ ᠯᠢᠨᠰᠢ ᠰᠢᠶᠠᠨ ᠤ ᠬᠦᠮᠦᠨ᠂ ᠲᠡᠳ᠋ ᠳ᠋ᠤᠺᠲ᠋ᠤᠷ ᠰᠤᠳᠤᠯᠬᠤ ᠰᠤᠷᠤᠭᠴᠢ  ᠵᠢᠯᠭᠤᠳᠤᠭᠰᠠᠨ  ᠪᠠᠭᠰᠢ ᠨᠢᠩ ᠬᠦᠸᠧ ᠴᠢᠶᠠᠩ᠂ ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ  ᠶᠢᠨ  ᠭᠡᠷᠡᠭᠯᠡᠭᠡᠨ   ᠤ  ᠰᠢᠨᠵᠢᠯᠡᠬᠦ ᠤᠬᠠᠭᠠᠨ ᠪᠠ ᠤᠷᠠᠯᠠᠨ ᠲᠦᠯᠦᠪᠯᠡᠬᠦ ᠲᠡᠭᠡᠳᠦ ᠰᠤᠷᠭᠠᠭᠤᠯᠢ ᠶᠢᠨ ᠫᠷᠤᠹᠧᠰᠰᠤᠷ广东海洋大学助教       武天佑
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号