ᠣᠩᠨᠢᠭᠤᠳ  ᠠᠶᠢᠮᠠᠭ ᠤᠨ ᠨᠡᠷ᠎ᠡ ᠳᠠᠭᠤᠳᠠᠯᠭ᠎ᠠ  ᠶᠢ ᠳᠠᠬᠢᠨᠲᠠ ᠨᠠᠷᠢᠪᠴᠢᠯᠠᠬᠤ ᠨᠢ
ᠨᠡᠶᠢᠲᠡᠯᠡᠭᠰᠡᠨ ᠴᠠᠭ᠄
2020-06-16
ᠣᠩᠨᠢᠭᠤᠳ  ᠠᠶᠢᠮᠠᠭ ᠤᠨ ᠨᠡᠷ᠎ᠡ ᠳᠠᠭᠤᠳᠠᠯᠭ᠎ᠠ   ᠶᠢ ᠳᠠᠬᠢᠨᠲᠠ ᠨᠠᠷᠢᠪᠴᠢᠯᠠᠬᠤ ᠨᠢ                                      ᠰᠠᠯᠬᠢᠨ           ᠮᠢᠨᠣ ᠪᠢᠴᠢᠭᠰᠡᠨ  ︽ᠣᠩᠨᠢᠭᠤᠳ ᠠᠶᠢᠮᠠᠭ ᠤᠨ ᠬᠤᠰᠢᠭᠤ ᠬᠤᠪᠢᠶᠠᠷᠢᠯᠠᠭᠳᠠᠭᠰᠠᠨ 370  ᠵᠢᠯ ᠤᠨ ᠣᠢ ᠶᠢ ᠳᠣᠷᠠᠰᠬᠠᠬᠤ   ᠨᠢ︾ ᠬᠡᠬᠦ ᠣᠯᠳᠣᠢ ᠵᠣᠬᠢᠶᠠᠯ ᠳᠠᠭᠠᠨ ᠣᠩᠨᠢᠭᠤᠳ ᠠᠶᠢᠮᠠᠭ ᠤᠨ ᠨᠡᠷᠡᠶᠢᠳᠦᠯ ᠤᠨ ᠲᠣᠬᠠᠢ ᠦᠪᠡᠷ ᠤᠨ ᠦᠵᠡᠯᠲᠡ ᠪᠠᠨ ᠲᠣᠳᠣᠷᠬᠠᠶᠢᠯᠠᠨ ᠶᠠᠷᠢᠭᠠᠳ ᠪᠠᠭ᠎ᠠ ᠪᠣᠰᠣ ᠰᠠᠨᠠᠯ  ᠰᠢᠭᠦᠮᠵᠢᠯᠡᠯ ᠢ ᠬᠦᠯᠢᠶᠡᠯ᠎ᠡ᠃ ᠠᠳᠡ ᠪᠢ ᠦᠪᠡᠷ ᠤᠨ ᠦᠵᠡᠯᠲᠡ ᠶᠢᠨ ᠲᠣᠭᠤᠷᠢᠨ ᠳᠤ ᠦᠪᠡᠷ ᠤᠨ ᠦᠵᠡᠯᠲᠡ ᠪᠠᠨ ᠴᠢᠨᠠᠭᠰᠢᠲᠠ ᠳᠡᠯᠭᠡᠨ ᠶᠠᠷᠢᠬᠤ ᠶᠢ ᠵᠣᠷᠢᠪᠠ᠃  ︽ᠣᠩᠨᠢᠭᠤᠳ︾ ᠬᠡᠮᠡᠬᠦ ᠨᠡᠷ᠎ᠡ ᠶᠢ ︽ᠸᠠᠩ ᠨᠤᠭᠤᠳ︾ ᠲᠠᠢ ᠬᠤᠯᠪᠣᠨ ᠦᠵᠡᠬᠦ ᠨᠢ ᠨᠢᠭᠡᠨᠲᠡ ᠵᠣᠷᠰᠢᠯ ᠪᠣᠯᠴᠢᠬᠠᠭᠰᠠᠨ ᠣᠴᠢᠷ ᠪᠠᠭ᠎ᠠ ᠪᠣᠰᠣ ᠡᠰᠡᠷᠭᠦᠴᠡᠯ ᠪᠠ ᠦᠭᠡᠶᠢᠰᠭᠡᠯ ᠳᠤ ᠬᠦᠷᠬᠦ ᠨᠢ ᠵᠠᠶᠢᠯᠠᠰᠢ ᠦᠭᠡᠢ᠃  ᠬᠠᠮᠤᠭ ᠡᠬᠢᠨ ᠳᠤ ᠡᠨᠡᠬᠦ ᠨᠡᠷ᠎ᠡ ᠶᠢ ᠠᠯᠪᠠ ᠪᠠᠷ ᠲᠣᠬᠤᠭᠰᠠᠨ ᠨᠢ ᠵᠦᠪᠯᠡᠯᠲᠣ ᠶᠢᠨ ᠮᠣᠩᠭᠤᠯᠴᠢ ᠡᠷᠳᠡᠮᠲᠡᠨ ᠪᠣᠯᠣᠨ᠎ᠠ ᠃ ᠲᠣᠬᠠᠢ ᠶᠢᠨ ᠦᠶ᠎ᠡ ᠳᠤ ᠣᠷᠣᠰ ᠵᠦᠪᠯᠡᠯᠲᠣ ᠶᠢ ᠪᠢᠰᠢᠷᠡᠨ ᠰᠢᠲᠣᠵᠣ ᠪᠠᠶᠢᠭᠰᠠᠨ ᠴᠠᠭ ᠦᠶ᠎ᠡ ᠣᠴᠢᠷ ᠠᠴᠠ ᠵᠦᠪᠯᠡᠯᠲᠣ ᠶᠢᠨ ᠡᠷᠳᠡᠮᠲᠡᠨ ᠤ ᠬᠡᠯᠡᠭᠰᠡᠨ ᠨᠢ ᠯᠣᠣ ᠳᠣᠣᠭᠠᠷᠣᠭᠰᠠᠨ ᠮᠡᠲᠣ ᠪᠣᠯᠵᠣ ᠮᠣᠩᠭᠤᠯ ᠣᠯᠣᠰ ᠠᠴᠠ ᠦᠪᠦᠷ ᠮᠣᠩᠭᠤᠯ ᠳᠤ ᠣᠷᠣᠵᠣ ᠢᠷᠡᠵᠣ ︽ᠦᠨᠡᠨ ᠶᠣᠰᠣ︾ ᠮᠡᠲᠣ ᠪᠣᠯᠵᠣ ︽ᠪᠠᠲᠣᠯᠠᠭᠳᠠᠵᠠᠢ︾᠃  ︵1︶ ᠬᠡᠪᠡᠴᠣ ᠨᠠᠷᠢᠪᠴᠢᠯᠠᠵᠣ ᠦᠨᠦ ᠦᠵᠡᠬᠦ ᠳᠤ  ᠡᠨᠡ ᠬᠤᠶᠠᠷ ᠦᠭᠡ ᠨᠢ ᠶᠠᠭᠠᠬᠢᠪᠠᠴᠣ ᠨᠢᠭᠡ ᠳᠣᠣᠷ᠎ᠠ ᠪᠣᠯᠵᠣ ᠳᠡᠶᠢᠯᠬᠦ ᠦᠭᠡᠢ ᠶᠣᠮ᠃ ᠲᠣᠣᠷ᠎ᠠ ᠪᠢ ᠨᠢᠭᠡ ᠨᠢᠭᠡ ᠪᠠᠷ ᠬᠠᠷᠭᠤᠭᠤᠯᠣᠶ᠎ᠠ᠄          1  ᠂  ᠵᠦᠪᠯᠡᠯᠲᠣ ᠶᠢᠨ ᠮᠣᠩᠭᠤᠯᠴᠢ ᠡᠷᠳᠡᠮᠲᠡᠨ ᠠᠴᠠ ᠣᠳᠣ ᠶᠢᠨ ︽ᠸᠠᠩ︾ ᠪᠣᠯᠣᠨ ︽ ᠨᠤᠭᠤᠳ︾ ᠬᠤᠶᠠᠷ ᠢ ᠬᠤᠯᠪᠣᠵᠣ ︽ᠣᠩᠨᠢᠭᠤᠳ︾ ᠪᠣᠯᠭᠠᠪᠠ᠃ ᠦᠨᠡᠨᠳᠡᠭᠡᠨ ︽ᠸᠠᠩ︾ ᠭᠡᠰᠡᠨ ᠢ ᠶᠣᠸᠠᠨ ᠣᠯᠣᠰ ᠤᠨ ᠦᠶ᠎ᠡ ᠳᠤ ︽ᠦᠩ︾ ᠭᠡᠵᠤ ᠪᠢᠴᠢᠵᠣ ᠪᠠᠶᠢᠪᠠ᠃ ︽ᠦᠩ︾ ᠲᠠᠢ  ᠣᠯᠠᠨ ᠲᠣᠭᠠᠨ ᠤ ᠳᠠᠭᠠᠪᠣᠷᠢ ᠵᠠᠯᠭᠠᠪᠠᠯ ᠰᠢᠭᠤᠳ ︽ ᠤᠳ︾ ᠵᠠᠯᠭᠠᠳᠠᠭ ᠰᠢᠭ᠃ ᠢᠩᠬᠢᠪᠡᠯ ︽ᠦᠩᠭᠦᠳ  ︾ ᠭᠡᠵᠤ ᠪᠢᠴᠢᠨ᠎ᠡ᠃  ︽ ᠨᠤᠭᠤᠳ︾ ᠢ ᠵᠠᠯᠭᠠᠪᠠᠯ ︽ᠦᠩᠨᠢᠭᠤᠳ︾ ᠭᠡᠵᠤ ᠪᠢᠴᠢᠬᠦ ᠠᠴᠠ ᠪᠢᠰᠢ᠂ ︽ᠣᠩᠨᠢᠭᠤᠳ︾ ᠭᠡᠵᠤ ᠪᠢᠴᠢᠬᠦ ᠦᠭᠡᠢ ᠶᠣᠮ᠃           ᠦᠩ+ ᠤᠳ  — ᠦᠩᠭᠦᠳ           ᠦᠩ+ ᠨᠤᠭᠤᠳ — ᠦᠩᠨᠢᠭᠤᠳ          ᠣᠳᠣ ᠶᠢᠨ ᠠᠪᠢᠶᠠᠯᠠᠯᠭ᠎ᠠ ᠪᠠᠷ ︽ᠦᠩᠯᠢᠭᠦᠳ︾᠂ ︽ᠦᠩᠯᠢᠭᠤᠳ︾ ᠭᠡᠵᠤ ᠬᠤᠪᠢᠷᠠᠵᠣ ᠴᠦ ᠪᠣᠯᠳᠠᠭ ᠪᠣᠯᠪᠠᠴᠣ ︽ᠣᠩᠨᠢᠭᠤᠳ︾ ᠲᠤ ᠬᠤᠪᠢᠷᠠᠵᠣ ᠢᠷᠡᠳᠡᠭ ᠪᠣᠰᠣ᠃ ︽ᠣᠩᠨᠢᠭᠤᠳ︾ ᠭᠡᠰᠡᠨ ᠢ ᠡᠷᠲᠡᠨ ᠤ ᠳᠠᠭᠤᠳᠠᠯᠭ᠎ᠠ ᠪᠠᠷ ᠳᠠᠭᠤᠳᠠᠪᠠᠰᠣ ︽ᠾᠦᠩᠯᠢᠭᠤᠳ︾ ᠪᠣᠶᠣ ︽ᠾᠦᠩᠨᠣᠳ︾  ︽ᠾᠦᠩᠨᠦᠭᠦᠳ︾ ᠬᠡᠬᠦ ᠳᠠᠭᠤᠳᠠᠯᠭ᠎ᠠ ᠳᠤ  ᠣᠶᠢᠷᠠᠲᠣᠨ᠎ᠠ᠃ ᠶᠠᠭᠠᠬᠢᠪᠠᠴᠣ ︽ᠸᠠᠩ   ᠨᠤᠭᠤᠳ  ︾ ᠲᠤ ᠬᠦᠷᠦᠮᠡᠷ ᠦᠭᠡᠢ᠃   ︽ᠸᠠᠩ  ᠨᠤᠭᠤᠳ︾ ᠭᠡᠰᠡᠨ ᠨᠢ ᠮᠣᠩᠭᠤᠯ ᠬᠡᠯᠡᠨ ᠤ ᠡᠷᠲᠡᠨ ᠡᠳᠦᠭᠡ ᠶᠢᠨ ᠳᠠᠭᠤᠳᠠᠯᠭ᠎ᠠ ᠶᠢ ᠬᠤᠳᠬᠤᠯᠳᠣᠭᠤᠯᠵᠣ᠂ ᠰᠢᠨ᠎ᠡ ᠬᠠᠭᠤᠴᠢᠨ ᠢ ᠬᠤᠯᠢᠭᠰᠠᠨ ᠨᠢᠭᠡ ᠠᠮᠢᠳᠣ ᠵᠢᠱᠢᠶ᠎ᠡ ᠪᠣᠯᠬᠤ ᠶᠣᠮ᠃          2  ᠂  ᠶᠣᠸᠠᠨ ᠣᠯᠣᠰ ᠨᠢ ᠲᠣᠬᠠᠢ ᠶᠢᠨ ᠦᠶ᠎ᠡ ᠳᠡᠭᠡᠨ ︽ᠨᠢᠭᠡ ᠣᠯᠣᠰ ᠬᠤᠶᠠᠷ ᠪᠠᠶᠢᠭᠤᠯᠣᠯ︾  ᠪᠣᠶᠣ ︽ᠨᠢᠭᠡ ᠣᠯᠣᠰ ᠬᠤᠶᠠᠷ ᠳᠠᠭᠤᠳᠠᠯᠭ᠎ᠠ︾ ᠶᠢ ᠬᠡᠷᠡᠭᠯᠡᠵᠣ ᠪᠠᠶᠢᠭᠰᠠᠨ ᠢ ᠣᠮᠳᠣᠭᠠᠶᠢᠯᠠᠵᠠᠢ᠃  ᠡᠨᠡ ᠨᠢ᠄ ᠬᠢᠲᠠᠳ ᠣᠷᠣᠨ ᠳᠤ ᠬᠢᠲᠠᠳ ᠤᠨ ᠶᠣᠰᠣ ᠪᠠᠷ ᠬᠠᠭᠠᠨ ᠤ ᠣᠨ ᠤ ᠴᠣᠯᠠ᠂ ᠣᠯᠣᠰ ᠤᠨ ᠨᠡᠷ᠎ᠡ᠂ ᠸᠠᠩ ᠤᠨ ᠴᠣᠯᠠ  ᠶᠢ ᠬᠢᠲᠠᠳ ᠢᠶᠠᠷ ᠵᠠᠷᠣᠵᠣ᠂ ᠮᠣᠩᠭᠤᠯ ᠣᠷᠣᠨ ᠳᠠᠭᠠᠨ ᠮᠣᠩᠭᠤᠯ ᠢᠶᠠᠷ ᠵᠠᠷᠣᠳᠠᠭ᠃ ᠵᠢᠱᠢᠶᠡᠯᠡᠪᠡᠯ᠂ ᠬᠤᠪᠢᠯᠠᠢ ᠬᠠᠭᠠᠨ ᠢ  ᠮᠣᠩᠭᠤᠯ ᠢᠶᠠᠷ ᠰᠡᠴᠡᠨ ᠬᠠᠭᠠᠨ ᠭᠡᠵᠤ᠂ ᠬᠢᠲᠠᠳ ᠢᠶᠠᠷ ᠬᠤᠪᠢᠯᠠᠢ ᠭᠡᠵᠤ᠂ ᠬᠤᠵᠢᠮ ᠨᠢ ᠱᠾᠽᠥ ᠬᠠᠭᠠᠨ  ᠭᠡᠵᠤ ᠣᠨ ᠤ ᠴᠣᠯᠠ ᠶᠢ ︽ᠵᠦᠩ ᠲᠦᠩ︾ ᠭᠡᠵᠤ ᠵᠠᠷᠣᠳᠠᠭ᠃ ᠬᠢᠲᠠᠳ ᠢᠶᠠᠷ ᠣᠯᠣᠰ ᠤᠨ ᠨᠡᠷ᠎ᠡ ᠪᠠᠨ ︽ ᠲᠠᠢ ᠶᠣᠸᠠᠨ︾ ᠣᠯᠣᠰ ᠭᠡᠵᠤ᠂ ᠮᠣᠩᠭᠤᠯ ᠢᠶᠠᠷ ︽ᠶᠡᠭᠡ ᠮᠣᠩᠭᠤᠯ ᠣᠯᠣᠰ  ︾ ᠬᠡᠮᠡᠳᠡᠭ  ᠃  ᠬᠠᠭᠠᠨ ᠬᠤᠲᠠ ᠪᠠᠨ ︽ᠳ᠋ᠠ ᠳ᠋ᠦ᠋︾ ᠭᠡᠳᠡᠭ ᠪᠣᠯᠪᠠᠴᠣ ᠮᠣᠩᠭᠤᠯ ᠢᠶᠠᠷ ︽ᠬᠠᠨ ᠪᠠᠯᠢᠭ︾ ᠭᠡᠳᠡᠭ᠃ ︽ᠸᠠᠩ︾ ᠭᠡᠰᠡᠨ ᠨᠢ ᠴᠦ ᠠᠳᠠᠯᠢ᠃ ᠬᠢᠲᠠᠳ ᠢᠶᠠᠷ ᠶᠠᠮᠠᠷ ᠶᠠᠮᠠᠷ ᠸᠠᠩ ᠭᠡᠳᠡᠭ ᠪᠣᠯᠪᠠᠴᠣ ᠮᠣᠩᠭᠤᠯ ᠢᠶᠠᠷ ︽ᠨᠣᠶᠠᠨ︾ ᠭᠡᠵᠤ ᠳᠠᠭᠤᠳᠠᠳᠠᠭ ᠪᠠᠶᠢᠨ᠎ᠠ᠃ ᠬᠤᠵᠢᠮ ᠨᠢ ᠠᠷᠣ ᠭᠠᠵᠠᠷ ᠲᠠᠭᠠᠨ ᠪᠣᠴᠠᠭᠰᠠᠨ ᠠᠴᠠ ︽ᠸᠠᠩ︾ ᠭᠡᠬᠦ ᠨᠡᠷᠡᠶᠢᠳᠦᠯ ᠭᠡᠭᠡᠭᠳᠡᠵᠠᠢ᠃  ᠮᠣᠩᠭᠤᠯ ᠨᠣᠶᠠᠳ ᠤᠨ ᠬᠡᠷ ᠤᠨ ᠪᠢᠴᠢᠮᠡᠯ ᠢ ᠦᠵᠡᠪᠡᠯ ᠡᠨᠡᠬᠦ ᠨᠡᠷᠡᠶᠢᠳᠦᠯ ᠣᠯᠠᠨ ᠭᠠᠷᠴᠣ ᠢᠷᠡᠨ᠎ᠡ᠃   ᠬᠤᠵᠢᠮ ᠤᠨ ᠬᠢᠲᠠᠳ ᠮᠠᠨᠵᠣ ᠲᠡᠣᠬᠡ   ᠶᠢᠨ ᠨᠣᠮ   ᠤᠨ ᠨᠦᠯᠦᠭᠡ ᠠᠴᠠ ᠪᠣᠯᠵᠣ ᠣᠷᠣᠵᠣ ᠢᠷᠡᠭᠰᠡᠨ ᠸᠠᠩ ᠭᠡᠬᠦ ᠦᠭᠡ ᠶᠢ  ᠡᠭᠦᠨ ᠠᠴᠠ ᠬᠤᠯᠠ ᠡᠷᠲᠡ ᠭᠠᠷᠣᠭᠰᠠᠨ‌ᠠᠶᠢᠮᠠᠭ ᠤᠨ ᠨᠡᠷ᠎ᠡ ᠳᠤ ᠠᠪᠴᠢᠷᠠᠨ ᠳᠣᠬᠤᠬᠤ ᠨᠢ ᠢᠯᠦᠨᠲᠡ ᠪᠣᠷᠣᠭᠤ ᠶᠣᠮ         3  ᠂  ︽ᠣᠩᠨᠢᠭᠤᠳ︾ ᠭᠡᠬᠦ ᠪᠢᠴᠢᠯᠭᠡ ᠨᠢ ᠣᠩᠨᠢᠭᠤᠳ ᠠᠶᠢᠮᠠᠭ ᠮᠠᠨᠵᠣ ᠳᠤ ᠣᠷᠣᠬᠤ ᠠᠴᠠ ᠡᠮᠦᠨ᠎ᠡ ᠨᠢᠭᠡᠨᠲᠡ ᠳᠦᠷᠢᠮᠵᠢᠵᠠᠢ᠃ ᠵᠠᠷᠢᠮ ᠲᠡᠣᠬᠡᠴᠢᠨ ᠤ ᠪᠢᠴᠢᠳᠡᠭ ᠮᠠᠨᠵᠣ ᠪᠠᠷ ᠠᠪᠢᠶᠠᠯᠠᠵᠣ ᠪᠢᠴᠢᠭᠡᠳ ︽ᠣᠩᠨᠢᠭᠤᠳ︾ ᠪᠣᠯᠵᠠᠢ ᠭᠡᠰᠡᠨ ᠬᠡᠯᠡᠯᠭᠡ ᠪᠣᠷᠣᠭᠤ ᠶᠣᠮ᠃ ᠣᠩᠨᠢᠭᠤᠳ ᠠᠶᠢᠮᠠᠭ ᠮᠠᠨᠵᠣ ᠳᠤ ᠣᠷᠣᠵᠣ ᠦᠭᠬᠦ ᠠᠴᠠ 15  ᠵᠢᠯ ᠤᠨ ᠡᠮᠦᠨ᠎ᠡ ᠴᠢᠯᠠᠭᠤᠨ ᠳᠤ ᠰᠡᠶᠢᠯᠦᠭᠰᠡᠨ ︽ᠴᠣᠭᠲᠣ ᠲᠠᠶᠢᠵᠢ ᠶᠢᠨ ᠬᠠᠳᠠᠨ ᠪᠢᠴᠢᠭ︾ ᠲᠤ ᠪᠦᠷ  ᠴᠢᠭ ᠳᠣᠰᠣᠯ ᠦᠭᠡᠢ ᠪᠣᠯᠪᠠᠴᠣ ᠣᠳᠣ ᠶᠢᠨ ᠪᠢᠴᠢᠯᠭᠡ ᠲᠠᠢ ᠠᠳᠠᠯᠢᠬᠠᠨ ᠪᠢᠴᠢᠵᠣ ᠪᠠᠶᠢᠨ᠎ᠠ᠃          4  ᠂  ᠮᠣᠩᠭᠤᠯ ᠬᠡᠯᠡ ᠨᠢ ᠵᠠᠯᠭᠠᠮᠠᠯ  ᠬᠡᠯᠡ ᠪᠣᠯᠬᠤ ᠣᠴᠢᠷ ᠦᠭᠡ ᠦᠰᠦᠭ ᠢ ᠢᠵᠠᠭᠤᠷ᠂ ᠦᠨᠳᠦᠰᠦ᠂ ᠳᠠᠭᠠᠪᠣᠷᠢ ᠪᠣᠯᠭᠠᠨ ᠵᠠᠳᠠᠯᠵᠣ ᠪᠣᠯᠳᠠᠭ᠃ ᠣᠨᠴᠣᠭᠤᠶᠢᠯᠠᠨ ᠮᠣᠩᠭᠤᠯ ᠦᠰᠦᠭ ᠢᠶᠠᠷ ᠪᠢᠴᠢᠭᠰᠡᠨ ᠦᠰᠦᠭ ᠨᠢ ᠪᠦᠷ ᠦᠭᠡ ᠶᠢᠨ ᠢᠵᠠᠭᠤᠷ ᠢᠶᠠᠨ ᠬᠠᠳᠠᠭᠠᠯᠠᠵᠣ ᠪᠠᠶᠢᠳᠠᠭ᠃ ︽ᠣᠩᠨᠢᠭᠤᠳ︾ ᠬᠡᠮᠡᠬᠦ ᠦᠰᠦᠭ ᠨᠢ ᠪᠦᠷ ᠴᠦ ︽ᠣᠩᠭᠤ︾ ᠬᠡᠮᠡᠬᠦ ᠣᠭ ᠢᠵᠠᠭᠤᠷ ᠢᠶᠠᠨ ᠬᠠᠳᠠᠭᠠᠯᠠᠵᠣ ᠪᠠᠶᠢᠲᠠᠯ᠎ᠠ  ︽ᠸᠠᠩ ᠨᠤᠭᠤᠳ︾ ᠭᠡᠵᠤ ᠬᠤᠶᠠᠷ ᠦᠰᠦᠭ ᠪᠣᠯᠭᠠᠨ ᠵᠠᠳᠠᠯᠬᠤ ᠨᠢ ᠪᠣᠷᠣᠭᠤ ᠶᠣᠮ᠃ ᠶᠠᠭ ᠯᠠ ᠨᠠᠶᠠᠭᠠᠳ ᠣᠨ ᠳᠤ ᠣᠩᠨᠢᠭᠤᠳ ᠤᠨ ᠨᠢᠭᠡ ᠪᠦᠯᠦᠭ ᠬᠦᠮᠦᠰ ᠤᠨ ︽ᠣᠩᠭᠤᠨ ᠣᠳᠠ︾ ᠪᠣᠯᠭᠠᠨ ᠵᠠᠳᠠᠯᠣᠭᠰᠠᠨ ᠲᠠᠢ ᠠᠳᠠᠯᠢᠬᠠᠨ ᠢᠨᠢᠶᠡᠳᠦᠮᠲᠠᠢ  ᠶᠠᠪᠣᠳᠠᠯ ᠶᠣᠮ᠃           ᠪᠠᠭᠴᠠᠯᠠᠪᠠᠯ ︽ᠣᠩᠨᠢᠭᠤᠳ︾ ᠢ ︽ᠸᠠᠩ ᠨᠤᠭᠤᠳ︾ ᠲᠠᠢ ᠬᠤᠯᠪᠣᠵᠣ ᠲᠠᠶᠢᠯᠪᠣᠷᠢᠯᠠᠬᠤ ᠨᠢ ᠬᠠᠷᠢ ᠡᠷᠳᠡᠮᠲᠡᠨ ᠤ ᠬᠢ ᠶᠢ ᠰᠢᠲᠣᠵᠣ ᠳᠣᠯᠳᠣᠶᠢᠴᠢᠯᠠᠵᠣ ᠪᠠᠶᠢᠭᠰᠠᠨ ᠤ ᠨᠢᠭᠡ ᠪᠣᠷᠣᠭᠤ ᠬᠡᠯᠪᠡᠷᠢᠯ ᠪᠣᠯᠣᠨ᠎ᠠ᠃ ︽ᠠᠶᠢᠯ  ᠠᠴᠠ ᠡᠷᠢᠬᠦ ᠪᠠᠷ ᠠᠪᠳᠠᠷ᠎ᠠ ᠠᠴᠠ ᠪᠠᠨ ᠡᠷᠢ︾ ᠭᠡᠳᠡᠭᠴᠢᠯᠡᠨ ᠮᠣᠩᠭᠤᠯ ᠦᠭᠡᠨ ᠠᠴᠠ ᠡᠭᠦᠰᠦᠯᠲᠡᠢ ︽ᠣᠩᠨᠢᠭᠤᠳ︾ ᠬᠡᠮᠡᠬᠦ ᠦᠭᠡ ᠨᠢ ᠣᠳᠣᠣ ᠢᠷᠡᠯᠲᠡ ᠲᠠᠢ ᠪᠠᠶᠢᠬᠤ ᠶᠣᠰᠣᠲᠠᠢ᠃ ︽ᠣᠩᠨᠢᠭᠤᠳ︾ ᠬᠡᠮᠡᠬᠦ ᠳᠠᠭᠤᠳᠠᠯᠭ᠎ᠠ ᠨᠢ ᠮᠣᠩᠭᠤᠯ ᠤᠨ ᠦᠨᠳᠦᠷᠯᠢᠭ ᠲᠤ ᠡᠷᠲᠡᠨ ᠠᠴᠠ ᠣᠯᠠᠨ ᠠᠶᠢᠮᠠᠭ ᠣᠭᠰᠠᠭ᠎ᠠ ᠳᠠᠮᠵᠢᠨ ᠬᠡᠷᠡᠭᠯᠡᠭᠳᠡᠵᠣ ᠢᠷᠡᠵᠠᠢ᠃ ᠮᠣᠩᠭᠤᠯ ᠣᠭᠰᠠᠭᠠᠲᠠᠨ ᠪᠣᠯ ᠨᠡᠭᠦᠳᠡᠯᠴᠢᠨ ᠭᠠᠷᠣᠯ ᠲᠠᠢ ᠣᠴᠢᠷ ᠬᠢᠲᠠᠳ ᠤᠨ ᠪᠣᠶᠣ ᠪᠠᠷᠠᠭᠤᠨ ᠤ ᠡᠷᠳᠡᠮᠲᠡᠨ ᠤ ᠰᠣᠳᠣᠯᠳᠠᠭ ᠰᠢᠭ ᠨᠢᠭᠡ ᠭᠠᠵᠠᠷ ᠲᠤ ᠨᠢ ᠵᠣᠭᠰᠣᠩᠭᠤᠶᠢᠷᠠᠭᠤᠯᠣᠨ ᠰᠣᠳᠣᠯᠵᠣ ᠦᠯᠦ ᠪᠣᠯᠣᠨ᠎ᠠ᠃ ᠡᠷᠲᠡᠨ ᠤ ᠪᠠᠭᠠᠷᠢᠨ ᠠᠶᠢᠮᠠᠭ ᠨᠢ ᠡᠳᠦᠭᠡ ᠶᠢᠨ ᠪᠠᠭᠠᠷᠢᠨ ᠬᠤᠰᠢᠭᠤ   ᠶᠢᠨ ᠳᠡᠭᠡᠳᠦᠰ ᠪᠣᠰᠣ᠂ ᠡᠷᠲᠡᠨ ᠤ  ᠨᠠᠢᠮᠠᠨ ᠠᠶᠢᠮᠠᠭ ᠴᠦ  ᠣᠳᠣ ᠶᠢᠨ ᠨᠠᠢᠮᠠᠨ ᠬᠤᠰᠢᠭᠤ ᠶᠢᠨ ᠳᠡᠭᠡᠳᠦᠰ ᠪᠣᠰᠣ  ᠪᠠᠶᠢᠳᠠᠭ ᠲᠠᠢ ᠠᠳᠠᠯᠢ ᠪᠠᠷ ᠡᠷᠲᠡᠨ ᠤ ᠲᠡᠣᠬᠡᠨ ᠳᠠᠪᠴᠠᠩ  ᠳᠤ ᠢᠯᠡᠷᠡᠭᠰᠡᠨ ᠣᠩᠨᠢᠭᠤᠳ ᠬᠡᠮᠡᠬᠦ ᠨᠡᠷᠡᠶᠢᠳᠦᠯ ᠲᠠᠢ ᠠᠶᠢᠮᠠᠭ ᠣᠭᠰᠠᠭ᠎ᠠ ᠶᠢ ᠪᠦᠷ ᠣᠳᠣ ᠶᠢᠨ ᠣᠩᠨᠢᠭᠤᠳ ᠬᠤᠰᠢᠭᠤ ᠲᠠᠢ ᠬᠤᠯᠪᠣᠵᠣ ᠨᠢᠭᠡ ᠭᠠᠷᠣᠯ ᠲᠠᠢ ᠬᠡᠮᠡᠨ ᠬᠤᠯᠪᠣᠨ  ᠶᠠᠷᠢᠵᠣ ᠦᠯᠦ ᠪᠣᠯᠣᠨ᠎ᠠ᠃           ︽ᠣᠩᠨᠢᠭᠤᠳ︾ ᠬᠡᠮᠡᠬᠦ ᠨᠡᠷᠡᠶᠢᠳᠦᠯ ᠪᠣᠯ ᠣᠳᠣᠬᠢ ᠣᠩᠨᠢᠭᠤᠳ ᠠᠶᠢᠮᠠᠭ ᠤᠨ ᠬᠢᠨ ᠬᠠᠴᠢᠭᠤᠨ ᠤ ᠣᠭ ᠡᠵᠡᠮᠰᠢᠯ ᠨᠣᠲᠤᠭ ᠢ  ᠦᠮᠴᠢᠯᠡᠵᠣ  ᠰᠠᠭᠤᠭᠠᠳ ᠠᠪᠣᠭᠰᠠᠨ ᠨᠡᠷ᠎ᠡ ᠪᠣᠯᠬᠤ ᠶᠣᠮ᠃ ᠣᠣᠯ ᠳᠠᠭᠠᠨ ︽ᠣᠩᠨᠢᠭᠤᠳ᠂ ᠬᠠᠷ᠎ᠠ ᠴᠡᠷᠢᠭ᠂ ᠢᠰᠦᠳ︾ ᠬᠡᠮᠡᠬᠦ ᠭᠤᠷᠪᠠᠨ ᠠᠶᠢᠮᠠᠭ ᠠᠴᠠ ᠪᠦᠷᠢᠯᠳᠦᠵᠠᠢ᠃ ᠴᠢᠩ ᠣᠯᠣᠰ ᠠᠴᠠ ᠬᠤᠰᠢᠭᠤ ᠬᠤᠪᠢᠶᠠᠷᠢᠯᠠᠬᠤ ᠳᠠᠭᠠᠨ ᠣᠩᠨᠢᠭᠤᠳ ᠵᠡᠭᠦᠨ ᠪᠠᠷᠠᠭᠤᠨ ᠬᠤᠰᠢᠭᠤ ᠪᠣᠯᠭᠠᠨ ᠨᠡᠶᠢᠯᠡᠭᠦᠯᠦᠭᠰᠡᠨ ᠠᠴᠠ ᠬᠠᠷ᠎ᠠ ᠴᠡᠷᠢᠭ ᠠᠶᠢᠮᠠᠭ ᠪᠠ ᠢᠰᠦᠳ ᠨᠢ ᠪᠠᠶᠢᠬᠤ ᠦᠭᠡᠢ ᠪᠣᠯᠵᠠᠢ᠃  ᠣᠩᠨᠢᠭᠤᠳ  ᠵᠡᠭᠦᠨ ᠬᠤᠰᠢᠭᠤ ᠶᠢᠨ ᠭᠤᠴᠢᠨ ᠨᠠᠶᠢᠮᠠᠨ ᠰᠣᠮᠣ ᠨᠢ ᠣᠩᠨᠢᠭᠤᠳ ᠠᠶᠢᠮᠠᠭ ᠠᠴᠠ ᠪᠦᠷᠢᠯᠳᠦᠵᠣ᠂ ᠪᠠᠷᠠᠭᠤᠨ ᠣᠩᠨᠢᠭᠤᠳ ᠤᠨ ᠬᠤᠷᠢᠨ ᠰᠣᠮᠣ ᠨᠢ ᠬᠠᠷ᠎ᠠ ᠴᠡᠷᠢᠭ ᠠᠶᠢᠮᠠᠭ ᠪᠠ ᠢᠰᠦᠳ ᠠᠶᠢᠮᠠᠭ ᠠᠴᠠ ᠪᠦᠷᠢᠯᠳᠦᠭᠰᠡᠨ ᠭᠡᠳᠡᠭ ᠶᠣᠮ᠃ ᠵᠠᠷᠢᠮ ᠲᠡᠣᠬᠡ ᠶᠢᠨ ᠪᠢᠴᠢᠯᠭᠡ  ᠳᠤ ᠣᠩᠨᠢᠭᠤᠳ ᠠᠶᠢᠮᠠᠭ ᠢ ᠭᠢᠷᠬᠢᠰ ᠣᠳᠣᠮ ᠲᠠᠢ ᠭᠡᠵᠤ ᠪᠢᠴᠢᠭᠰᠡᠨ ᠨᠢ ᠴᠦ ᠪᠠᠶᠢᠳᠠᠭ  ᠃ ᠡᠨᠡ ᠨᠢ ᠪᠠᠰᠠᠴᠣ ᠨᠢᠭᠡ ᠲᠡᠣᠬᠡ ᠶᠢᠨ ᠡᠰᠢᠯᠡᠯ ᠲᠠᠢ ᠪᠠᠶᠢᠬ᠎ᠠ᠃ ᠣᠴᠢᠷ ᠨᠢ ᠣᠩᠨᠢᠭᠤᠳ ᠸᠠᠩ ᠨᠢ  ᠬᠦᠭᠡᠰᠡᠭᠦᠯ ︵ᠬᠦᠪᠰᠦᠯ︶ ( 2 ) ( 3 ) ᠣᠪᠣᠭ ᠲᠠᠢ ᠶᠣᠮ᠃ ᠲᠣᠬᠠᠢ ᠶᠢᠨ ᠴᠠᠭ ᠦᠶ᠎ᠡ ᠳᠤ ᠴᠢᠩᠭᠢᠰ ᠤᠨ ᠠᠯᠲᠠᠨ ᠣᠷᠤᠭ ᠯᠠ ᠲᠦᠪ ᠶᠣᠰᠣ  ᠪᠠᠷ  ᠮᠣᠩᠭᠤᠯ ᠠᠶᠢᠮᠠᠭ ᠢ ᠨᠣᠶᠠᠷᠬᠠᠵᠣ ᠪᠠᠶᠢᠭᠰᠠᠨ ᠣᠴᠢᠷ ᠣᠨᠳᠣᠣ ᠣᠭᠰᠠᠭᠠᠲᠠᠨ ᠤ ᠠᠶᠢᠮᠠᠭ ᠤᠨ ᠲᠦᠷᠦᠭᠦᠦ ᠨᠢ ᠬᠠᠰᠢᠭᠳᠠᠬᠤ ᠪᠠ ᠬᠤᠪᠢᠶᠠᠭᠳᠠᠬᠤ ᠠᠶᠣᠯ ᠲᠠᠢ ᠪᠠᠶᠢᠳᠠᠭ ᠲᠣᠯᠠ ᠬᠠᠴᠢᠭᠤᠨ ᠤ ᠬᠠᠭᠤᠴᠢᠨ ᠨᠣᠲᠤᠭ ᠢ ᠡᠵᠡᠯᠡᠵᠣ ᠰᠠᠭᠤᠭᠠᠳ ᠬᠠᠴᠢᠭᠤᠨ ᠤ ᠬᠤᠶᠢᠴᠢᠰ ᠬᠡᠮᠡᠨ ᠪᠠᠷᠢᠮᠲᠠᠯᠠᠭᠰᠠᠨ ᠶᠠᠪᠣᠳᠠᠯ ᠪᠣᠯᠪᠠᠣ ᠬᠡᠵᠣ ᠪᠣᠳᠣᠨ᠎ᠠ᠃ ᠣᠳᠣ ᠪᠠᠷ ᠮᠢᠨᠣ ᠭᠠᠷ ᠲᠤ ᠪᠠᠶᠢᠭ᠎ᠠ ᠣᠩᠨᠢᠭᠤᠳ ᠤᠨ ᠣᠪᠣᠭ ᠠᠶᠢᠮᠠᠭ ᠤᠨ ᠪᠦᠷᠢᠳᠬᠡᠯ ᠠᠴᠠ ᠦᠵᠡᠪᠡᠯ᠂ ᠣᠩᠨᠢᠭᠤᠳ ᠬᠤᠰᠢᠭᠤᠨ ᠤ  ᠬᠠᠷᠠᠴᠣ ᠢᠵᠠᠭᠤᠷᠲᠣ ᠠᠷᠠᠳ ᠤᠨ ᠳᠣᠲᠣᠷ᠎ᠠ ᠮᠣᠩᠭᠤᠯ ᠣᠪᠣᠭ ᠣᠯᠠᠨ ᠪᠣᠰᠣ᠂ ᠬᠠᠷᠢᠨ ᠣᠨᠳᠣᠣ  ᠭᠠᠷᠣᠯ ᠲᠠᠢ  ︵ ᠲᠦᠷᠦᠭ ᠢᠵᠠᠭᠤᠷᠲᠣ  ︶   ᠬᠦᠮᠦᠰ ᠬᠠᠷᠢᠨ ᠣᠯᠠᠩᠬᠢ ᠲᠤᠭ᠎ᠠ ᠶᠢ ᠡᠵᠡᠯᠡᠵᠣ ᠪᠠᠶᠢᠳᠠᠭ ᠪᠠᠶᠢᠨ᠎ᠠ ᠃  ᠭᠢᠷᠬᠢᠰᠴᠣᠳ ᠪᠣᠯᠪᠠᠰᠣ ᠳᠣᠮᠳᠠᠳᠣ ᠠᠽᠢᠶ᠎ᠠ ᠶᠢᠨ ᠡᠷᠲᠡᠨ ᠤ ᠣᠭᠰᠠᠭᠠᠲᠠᠨ ᠪᠣᠯᠬᠤ ᠪᠦᠭᠡᠳ ᠲᠦᠷᠺ  ᠭᠠᠷᠣᠯ  ᠲᠠᠢ᠂  ᠮᠣᠩᠭᠤᠯᠴᠣᠳ ᠲᠠᠢ ᠪᠠᠰᠠ ᠭᠠᠷᠣᠯ ᠣᠭᠰᠠᠭ᠎ᠠ ᠣᠶᠢᠷ᠎ᠠ ᠪᠠᠶᠢᠳᠠᠭ ᠪᠦᠭᠡᠳ ᠣᠶᠢᠷᠠᠳ ᠤᠨ ᠪᠦᠷᠢᠯᠳᠦᠭᠦᠨ  ᠳᠤ ᠪᠠᠭᠲᠠᠭᠳᠠᠵᠣ ︽ᠭᠢᠷᠬᠢᠰ ᠲᠦᠮᠡᠨ︾ ᠭᠡᠵᠤ ᠳᠠᠭᠤᠳᠠᠭᠳᠠᠵᠣ ᠪᠠᠶᠢᠵᠠᠢ᠃ ᠣᠣᠯ ᠳᠠᠭᠠᠨ ᠬᠠᠯᠠᠬ᠎ᠠ ᠪᠠ ᠣᠶᠢᠷᠠᠳ  ᠤᠨ ᠬᠤᠭᠤᠷᠣᠨᠳᠣᠬᠢ ᠨᠣᠲᠤᠭ ᠢᠶᠠᠷ ᠨᠣᠲᠣᠭᠯᠠᠵᠣ ᠪᠠᠶᠢᠭᠰᠠᠨ ᠢᠶᠠᠨ ᠵᠡᠭᠦᠨᠭᠠᠷ ᠬᠠᠭᠠᠨᠲᠣ ᠣᠯᠣᠰ ᠤᠨ ᠦᠶ᠎ᠡ ᠳᠤ ᠴᠡᠷᠢᠭ ᠳᠠᠶᠢᠨ ᠤ ᠬᠡᠷᠡᠭᠴᠡᠭᠡ ᠠᠴᠠ ᠪᠣᠯᠵᠣ ᠡᠮᠦᠨᠡᠰᠢᠯᠡᠭᠦᠯᠦᠨ ᠨᠡᠭᠦᠯᠭᠡᠭᠡᠳ ᠣᠳᠣ ᠶᠢᠨ ᠨᠣᠲᠤᠭ ᠲᠤ ᠰᠠᠭᠤᠷᠢᠰᠢᠵᠠᠢ᠃ ᠵᠦᠪᠯᠡᠯᠲᠣ ᠵᠠᠳᠠᠷᠠᠭᠰᠠᠨ ᠤ ᠰᠡᠭᠦᠯᠡᠷ ᠵᠦᠪᠯᠡᠯᠲᠣ ᠶᠢᠨ ᠬᠠᠷᠢᠶᠠᠨ ᠳᠤ ᠬᠤᠯᠪᠣᠭᠠᠨ ᠤ ᠣᠯᠣᠰ ᠪᠠᠶᠢᠭᠰᠠᠨ ᠭᠢᠷᠬᠢᠰᠲ᠋ᠠᠨ ᠨᠢ ᠣᠳᠣ ᠳᠣᠰᠠᠭᠠᠷ ᠣᠯᠣᠰ ᠪᠣᠯᠵᠠᠢ᠃ ᠰᠢᠨᠵᠢᠶᠠᠩ ᠳᠤ ᠪᠠᠰᠠ ᠨᠢᠭᠡ ᠪᠦᠯᠦᠭ ᠭᠢᠷᠬᠢᠰᠴᠣᠳ ᠰᠠᠭᠤᠵᠣ ᠪᠠᠶᠢᠳᠠᠭ᠃ ᠲᠡᠳᠡᠨᠦᠰ ᠤᠨ ᠲᠦᠷᠦᠭᠰᠡᠨ ᠲᠦᠯᠦᠪ ᠪᠠᠶᠢᠳᠠᠯ ᠨᠢ ᠮᠣᠩᠭᠤᠯ ᠬᠦᠮᠦᠨ ᠲᠠᠢ ᠳᠡᠮᠡᠢ ᠢᠯᠡᠭᠠᠭ᠎ᠠ ᠦᠭᠡᠢ ᠪᠢᠯᠡ᠃  ᠲᠠᠶᠢᠯᠪᠣᠷᠢ᠄ ︵1︶  ᠬᠠᠮᠤᠭ ᠠᠩᠬᠠᠨ ᠳᠤ ᠣᠩᠨᠢᠭᠤᠳ ᠢ ︽ᠸᠠᠩ ᠨᠤᠭᠤᠳ︾ ᠲᠠᠢ ᠬᠤᠯᠪᠣᠵᠣ ᠲᠠᠶᠢᠯᠪᠣᠷᠢᠯᠠᠭᠰᠠᠨ ᠨᠢ ᠵᠦᠪᠯᠡᠯᠲᠣ ᠶᠢᠨ ᠮᠣᠩᠭᠤᠯᠴᠢ ᠡᠷᠳᠡᠮᠲᠡᠨ ᠸᠠᠯᠠᠳᠢᠮᠢᠷᠦᠽᠧ ᠪᠣᠯᠣᠨ᠎ᠠ᠃ ︵2︶  ᠣᠩᠨᠢᠭᠤᠳ ᠲᠠᠶᠢᠵᠢ ᠶᠢ ᠠᠷᠪᠠᠨ ᠠᠶᠢᠮᠠᠭ ᠲᠤ ᠬᠤᠪᠢᠶᠠᠳᠠᠭ᠃ ᠡᠨᠡ ᠨᠢ᠄  ᠴᠦᠨᠳᠦᠪ ᠠᠶᠢᠮᠠᠭ᠂ ᠲᠠᠪᠣᠨ ᠬᠤᠲᠠ  ᠂ ᠲᠣᠯᠣᠭᠠᠨ ᠬᠤᠲᠠ  ᠂ ᠴᠠᠬᠠᠷ ᠲᠠᠶᠢᠵᠢ᠂ ᠲᠣᠯᠣᠭᠠᠨ ᠮᠣᠳᠣ ᠲᠠᠶᠢᠵᠢ᠂ ᠳᠣᠭᠤᠷᠣᠣ ︵dvgrvv) ᠴᠠᠭᠠᠨ᠂  ᠬᠦᠬᠡᠰᠡᠭᠦᠯ ︵ᠬᠦᠪᠰᠦᠯ︶᠂ ᠪᠠᠷᠠᠭᠤᠨ ᠣᠩᠨᠢᠭᠤᠳ ᠲᠠᠶᠢᠵᠢ᠂ ᠬᠠᠮᠪᠤ ᠶᠢᠨ ᠰᠦᠮ᠎ᠡ ︵ᠣᠷᠤᠭ ᠳᠣᠰᠠᠯᠠᠭᠴᠢ ᠶᠢᠨ ᠬᠤᠶᠢᠴᠢᠰ︶  ᠂ ᠪᠣᠷᠵᠢᠭᠢᠨ ᠭᠡᠵᠤ ᠬᠤᠪᠢᠶᠠᠨ᠎ᠠ᠃  ︵3︶  ᠬᠦᠬᠡᠰᠡᠭᠦᠯ ︵ᠬᠦᠪᠰᠦᠯ︶ ᠠᠶᠢᠮᠠᠭ ᠤᠨ ᠲᠣᠬᠠᠢ ᠲᠣᠮᠤᠭ ᠲᠤ  ᠣᠩᠨᠢᠭᠤᠳ ᠸᠠᠩ ᠨᠢ  ᠬᠠᠭᠠᠨ ᠤ  ᠪᠠᠨ ᠮᠣᠷᠢ ᠶᠢ ᠬᠤᠯᠭᠤᠭᠠᠳ ᠰᠡᠭᠦᠯ ᠢ ᠨᠢ ᠬᠦᠬᠡ ᠪᠠᠷ ᠪᠣᠳᠣᠭᠠᠳ ᠡᠶᠢᠮᠣ  ᠣᠪᠣᠭ ᠲᠠᠢ ᠪᠣᠯᠣᠭᠰᠠᠨ ᠭᠡᠵᠤ ᠶᠠᠷᠢᠳᠠᠭ᠃  ᠪᠣᠣᠰᠢ ᠶᠢᠨ ᠪᠢᠴᠢᠭᠰᠡᠨ ︽ᠮᠣᠩᠭᠤᠯ ᠣᠪᠣᠭ ᠤᠨ ᠣᠴᠢᠷ︾ ᠭᠡᠬᠦ ᠨᠣᠮ ᠳᠠᠭᠠᠨ ᠬᠦᠬᠡᠰᠡᠭᠦᠯ ᠳᠠᠪᠠᠭᠠᠨ ᠠᠴᠠ ᠢᠷᠡᠯᠲᠡᠲᠡᠢ ᠭᠡᠵᠤ ᠪᠢᠴᠢᠵᠠᠢ᠃ ᠭᠡᠪᠡᠴᠦ ᠬᠦᠬᠡᠰᠡᠭᠦᠯ ᠳᠠᠪᠠᠭ᠎ᠠ ᠭᠡᠵᠤ ᠬᠠᠮᠢᠭ᠎ᠠ ᠪᠠᠶᠢᠳᠠᠭ ᠢ  ᠡᠷᠢᠵᠣ ᠣᠯᠬᠤ ᠦᠭᠡᠢ ᠪᠠᠶᠢᠨ᠎ᠠ᠃ ᠬᠠᠷᠢᠨ ᠮᠣᠩᠭᠤᠯ ᠣᠯᠣᠰ ᠲᠤ ᠬᠦᠬᠡᠰᠡᠭᠦᠯ ︵ᠬᠦᠪᠰᠦᠭᠦᠯ︶ ᠨᠠᠭᠤᠷ ᠭᠡᠵᠤ ᠪᠠᠶᠢᠳᠠᠭ᠃ ᠬᠦᠪᠰᠦᠭᠦᠯ ᠨᠠᠭᠤᠷ ᠨᠢ ᠣᠣᠯ ᠤᠨ ᠭᠢᠷᠬᠢᠰ ᠠᠶᠢᠮᠠᠭ ᠤᠨ ᠨᠡᠭᠦᠳᠡᠯᠯᠡᠨ ᠠᠮᠢᠳᠣᠷᠠᠵᠣ ᠪᠠᠶᠢᠭᠰᠠᠨ ᠭᠠᠵᠠᠷ  ᠠᠴᠠ ᠣᠶᠢᠷᠠᠯᠴᠠᠭ᠎ᠠ ᠪᠠᠶᠢᠵᠠᠢ᠃ ᠲᠡᠭᠡᠬᠦ ᠪᠠᠷ ᠢᠶᠠᠨ ᠣᠩᠨᠢᠭᠤᠳ ᠠᠶᠢᠮᠠᠭ ᠢ ᠭᠢᠷᠬᠢᠰ ᠭᠠᠷᠣᠯ ᠲᠠᠢ ᠬᠡᠰᠡᠨ ᠮᠠᠭᠠᠳ᠃ ᠣᠩᠨᠢᠭᠤᠳ ᠲᠤ ᠴᠠᠳ᠋ ︵ᠴᠠᠳ︶ ᠠᠶᠢᠮᠠᠭ ᠤᠨ ᠬᠦᠮᠦᠰ ᠣᠯᠠᠨ ᠪᠠᠶᠢᠳᠠᠭ᠃ ᠴᠠᠳ᠋ ᠬᠦᠮᠦᠰ ᠣᠣᠯ ᠨᠢ ᠬᠦᠪᠰᠦᠭᠦᠯ  ᠨᠠᠭᠤᠷ ᠣᠶᠢᠷᠠᠯᠴᠠᠭ᠎ᠠ ᠨᠡᠭᠦᠳᠡᠯᠯᠡᠨ ᠠᠮᠢᠳᠣᠷᠠᠳᠠᠭ  ᠲᠦᠷᠦᠭ ᠭᠠᠷᠣᠯ ᠲᠠᠢ ᠨᠡᠭᠦᠳᠡᠯᠴᠢᠨ ᠠᠶᠢᠮᠠᠭ ᠪᠦᠭᠡᠳ  ᠣᠳᠣ ᠳᠤ ᠪᠠᠰᠠ ᠲᠡᠨᠳᠡ ᠨᠢᠭᠡ ᠪᠦᠯᠦᠭ ᠴᠠᠳ᠋ ᠬᠦᠮᠦᠰ ᠴᠠ ᠪᠣᠭᠤ  ᠲᠡᠵᠢᠭᠡᠵᠣ  ᠨᠡᠭᠦᠳᠡᠯᠯᠡᠨ ᠠᠮᠢᠳᠣᠷᠠᠵᠣ ᠪᠠᠶᠢᠳᠠᠭ᠃ ᠴᠠ ᠪᠣᠭᠤ ᠬᠠᠷᠢᠭᠤᠯᠳᠠᠭ ᠠᠴᠠ ᠴᠠᠲᠠᠨ ︵chaatan ) ᠭᠡᠵᠤ ᠨᠡᠷᠡᠯᠡᠪᠡ ᠭᠡᠵᠤ ᠬᠠᠯᠠᠬ᠎ᠠ ᠳᠤ ᠲᠠᠶᠢᠯᠪᠣᠷᠢᠯᠠᠳᠠᠭ ᠴᠦ  ᠣᠩᠨᠢᠭᠤᠳ ᠤᠨ ᠴᠠᠳ᠋ ᠠᠶᠢᠮᠠᠭ ᠤᠨ ᠬᠢᠨ ᠪᠣᠯ ᠮᠦᠩᠭᠦ ᠶᠢ  ᠣᠷᠣᠯᠠᠭᠤᠯᠣᠨ ᠬᠡᠷᠡᠭᠯᠡᠳᠡᠭ ᠴᠠᠭᠠᠨ ᠭᠠᠣᠯᠢ ᠶᠢ ᠬᠡᠯᠡᠨ᠎ᠡ ᠭᠡᠵᠤ ᠲᠠᠶᠢᠯᠪᠣᠷᠢᠯᠠᠳᠠᠭ᠃  ᠴᠠᠳ᠋ ᠬᠦᠮᠦᠰ ᠤᠨ ᠳᠣᠲᠣᠷ᠎ᠠ ᠺᠠᠣᠺᠠᠰ ᠵᠢᠰᠦ  ᠲᠠᠢ ᠬᠦᠮᠦᠰ ᠪᠢᠰᠢᠭᠦᠢ ᠲᠠᠭᠠᠷᠢᠯᠳᠣᠳᠠᠭ᠃ ᠡᠰᠢᠯᠡᠭᠰᠡᠨ ᠮᠠᠲ᠋ᠧᠷᠢᠶᠠᠯ᠄1  ᠂  ︽ᠮᠣᠩᠭᠤᠯ ᠣᠪᠣᠭ ᠤᠨ ᠣᠴᠢᠷ︾᠃ ᠪᠣᠣ ᠰᠢ ᠨᠠᠶᠢᠷᠠᠭᠤᠯᠣᠨ ᠵᠣᠬᠢᠶᠠᠪᠠ᠃ ᠪᠣᠶᠠᠨᠬᠦᠦ ᠣᠷᠴᠢᠭᠤᠯᠪᠠ᠃ ᠦᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ ᠬᠡᠪᠯᠡᠭᠦᠯᠦᠨ ᠲᠠᠷᠬᠠᠭᠠᠪᠠ᠃2002  ᠣᠨ ᠤ ᠬᠡᠪᠯᠡᠯ᠃2  ᠂  ︽ᠮᠣᠩᠭᠤᠯ ᠣᠪᠣᠭ ᠤᠨ ᠲᠣᠪᠴᠢᠶᠠᠨ︾᠂ ᠮᠢᠩᠭᠠᠳ ᠲᠦᠩᠰᠢᠭ ᠵᠣᠬᠢᠶᠠᠪᠠ᠃ ᠯᠢᠶᠥᠥᠨᠢᠩ ᠤᠨ ᠦᠨᠳᠦᠰᠦᠲᠡᠨ ᠤ ᠬᠡᠪᠯᠡᠯ ᠤᠨ ᠬᠤᠷᠢᠶ᠎ᠠ ᠬᠡᠪᠯᠡᠭᠦᠯᠦᠨ ᠲᠠᠷᠬᠠᠭᠠᠪᠠ᠃2009  ᠣᠨ   ᠤ ᠬᠡᠪᠯᠡᠯ᠃3  ᠂  ︽ᠭᠡᠷᠰᠡᠩ ᠨᠣᠲᠤᠭ ᠤᠨ ᠣᠶᠢᠯᠠᠯᠭ᠎ᠠ︾᠂  ᠪᠦᠬᠡᠴᠢᠯᠠᠭᠤ  ᠨᠠᠶᠢᠷᠠᠭᠤᠯᠪᠠ᠃ 2004 ᠣᠨ ᠤ 5 ᠰᠠᠷ᠎ᠠ  ᠶᠢᠨ ᠬᠡᠪᠯᠡᠯ᠂ ᠰᠢᠶᠠᠩᠭᠠᠩ ᠤᠨ ᠲᠢᠶᠠᠨ ᠮᠠ ᠬᠡᠪᠯᠡᠯ ᠤᠨ ᠺᠣᠮᠫᠠᠨᠢ ᠬᠡᠪᠯᠡᠭᠦᠯᠪᠡ᠃ 4  ᠂ ︽ᠮᠣᠩᠭᠤᠯ ᠨᠣᠲᠤᠭ ᠲᠠᠬᠢ ᠲᠡᠣᠬᠡ ᠰᠤᠶᠤᠯ ᠤᠨ ᠳᠤᠷᠠᠰᠬᠠᠯ︾᠂ [ᠮᠣᠩᠭᠤᠯ ᠣᠯᠤᠰ ] ᠯ᠊᠂ ᠳᠠᠰᠢᠨᠨᠢᠮ᠎ᠠ ᠭᠤᠣᠯᠯᠠᠨ ᠨᠠᠶᠢᠷᠠᠭᠤᠯᠪᠠ᠂ 2006 ᠣᠨ ᠤ 7 ᠰᠠᠷ᠎ᠠ ᠶᠢᠨ ᠬᠡᠪᠯᠡᠯ᠂ ᠦᠪᠦᠷ ᠮᠣᠩᠭᠤᠯ ᠤᠨ ᠠᠷᠠᠳ ᠤᠨ ᠬᠡᠪᠯᠡᠯ  ᠤᠨ ᠬᠤᠷᠢᠶ᠎ᠠ ᠬᠡᠪᠯᠡᠭᠦᠯᠪᠡ᠃ 5  ᠂   ︽ᠤᠡᠭᠨ᠋‍‌ᠵᠭᠤᠤᠡ ᠠᠶᠢᠮᠠᠭ ᠤᠨ ᠬᠤᠰ‍‌ᠵᠭᠤ ᠬᠤᠪᠢᠶᠠᠷ‍‌ᠵᠯᠠᠭᠳᠠᠭᠰᠠᠡ 370 ᠵ‍‌ᠵᠯ ᠤᠨ ᠤᠢ ᠶᠢ ᠲᠤᠷᠠᠰᠬᠠᠬᠤ  ᠨᠢ  ︾᠂ ︽ᠳᠣᠮᠳᠠᠳᠣ ᠣᠯᠣᠰ ᠤᠨ ᠮᠣᠩᠭᠤᠯ ᠰᠣᠳᠣᠯᠣᠯ︾  ᠰᠡᠳᠭᠦᠯ᠂ 2007  ᠣᠨ ᠤ 6 ᠳ᠋ᠣᠭᠠᠷ ᠬᠤᠭᠤᠴᠠᠭ᠎ᠠ 61 — 66  ᠳ᠋ᠣᠭᠠᠷ ᠬᠠᠭᠤᠳᠠᠰᠣ᠃
 
ᠢᠷᠡᠯᠲᠡ᠄ ᠰᠠᠯᠬᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号