ᠲᠡᠯᠡᠬᠡᠢ ᠶᠢᠨ ᠪᠤᠯᠪᠰᠤᠨ ᠢ ᠲᠦᠯᠬᠢᠨ ᠠᠬᠢᠭᠤᠯᠤᠭᠰᠠᠨ ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ
ᠨᠡᠶᠢᠲᠡᠯᠡᠭᠰᠡᠨ ᠴᠠᠭ᠄
2016/12/28
      ᠶᠡᠭᠡ ᠶᠤᠸᠠᠨ ᠤᠯᠤᠰ ᠤᠨ ᠳᠡᠭᠡᠲᠤ ᠨᠠᠶᠢᠰᠯᠠᠯ ᠱᠠᠩᠲᠤ ᠬᠤᠲᠠ ᠶᠢᠨ ᠪᠠᠭᠤᠷᠢ ᠳᠡᠯᠡᠭᠡᠢ ᠶᠢᠨ ᠰᠤᠶᠤᠯ ᠤᠨ ᠦᠪ ᠢᠶᠠᠷ ᠪᠦᠷᠢᠳᠬᠡᠨ ᠲᠡᠮᠳᠡᠭᠯᠡᠭᠳᠡᠵᠤ ᠪᠠᠶᠠᠷᠯᠠᠨ ᠪᠡᠯᠬᠡᠯᠡᠬᠦ ᠦᠶᠡᠰ ᠪᠢᠳᠡ ᠮᠠᠨ ᠤ ᠡᠪᠦᠭᠡ ᠳᠡᠭᠡᠳᠤᠰ ᠳᠡᠯᠡᠭᠡᠢ ᠶᠢᠨ ᠬᠦᠭᠵᠢᠯ ᠢ ᠲᠦᠯᠬᠢᠨ ᠠᠬᠢᠭᠤᠯᠬᠤ ᠪᠤᠯᠪᠠᠰᠤᠨ ᠤ ᠤᠢᠢᠯᠡᠰ ᠲᠤ ᠶᠠᠮᠠᠷ ᠶᠠᠮᠠᠷ ᠨᠡᠮᠡᠷᠢ ᠬᠠᠨᠳᠢᠪ ᠡᠭᠦᠳᠤᠨ ᠪᠦᠲᠦᠭᠡᠭᠰᠡᠨ ᠢ ᠠᠭᠤᠳᠠᠯᠯᠠᠨ ᠭᠠᠷᠭᠠᠵᠤ᠂ ᠪᠦᠷᠢᠳᠭᠡᠨ ᠵᠢᠭᠰᠠᠭᠠᠵᠤ᠂ ᠰᠤᠳᠤᠯᠤᠨ ᠪᠤᠯᠪᠠᠰᠤᠷᠠᠭᠤᠯᠬᠤ ᠬᠦᠨᠳᠤ ᠡᠭᠦᠷᠬᠡ ᠲᠡᠤᠭᠡᠨ ᠲᠠᠪᠢᠯᠠᠩ ᠢᠶᠠᠷ ᠮᠠᠨ ᠤ ᠮᠦᠷᠤᠨ ᠳᠡᠭᠡᠷ᠎ᠠ ᠲᠠᠯᠪᠢᠭᠳᠠᠭᠰᠠᠨ ᠶᠤᠮ᠃      ︽ᠶᠤᠸᠠᠨ ᠤ ᠲᠡᠤᠭᠡ︾ ᠲᠡᠮᠳᠡᠭᠯᠡᠯ ᠢ ᠦᠨᠳᠦᠰᠦᠯᠡᠪᠡᠯ ᠤᠳᠤ ᠠᠴᠠ ᠨᠡᠢᠮᠡᠨ ᠵᠠᠭᠤ ᠭᠠᠷᠤᠢ ᠵᠢᠯ ᠤᠨ ᠡᠮᠦᠨ᠎ᠠ ᠬᠤᠪᠢᠯᠠᠢ ᠬᠠᠭᠠᠨ ᠤ ᡁᠢ ᠶᠤᠸᠠᠨ ᠤ ᠨᠠᠢᠮᠠᠳᠤᠭᠠᠷ ᠤᠨ ︵1271 ᠤᠨ︶ ᠳᠤ ᠬᠠᠭᠠᠨ ᠵᠠᠷᠯᠢᠭ ᠪᠠᠭᠤᠯᠭᠠᠨ᠂ ᠨᠠᠶᠢᠰᠯᠠᠯ ᠬᠤᠲᠠᠨ᠎ᠠ ᠮᠤᠩᠭᠤᠯ ᠬᠦᠷᠦᠨ ᠤ ᠬᠦᠪᠡᠬᠦᠳ ᠤᠨ ᠰᠤᠷᠭᠠᠭᠤᠯᠢ ᠶᠢ ᠪᠠᠶᠢᠭᠤᠯᠤᠭᠰᠠᠨ ᠪᠦᠭᠡᠳ ᠡᠯ᠎ᠠ ᠴᠦᠯᠭᠡ ᠳᠤ ᠪᠠᠰᠠ ᠠᠯᠪᠠᠨ ᠤ ᠰᠤᠷᠭᠠᠭᠤᠯᠢ ᠶᠢ ᠪᠠᠶᠢᠭᠤᠯᠵᠤ᠂ ᠪᠠᠭ᠎ᠠ ᠰᠤᠷᠭᠠᠭᠤᠯᠢ᠂ ᠳᠤᠮᠳᠠᠳᠤ ᠰᠤᠷᠭᠠᠭᠤᠯᠢ᠂ ᠶᠡᠭᠡ ᠰᠤᠷᠭᠠᠭᠤᠯᠢ ᠶᠢᠨ ᠰᠤᠷᠭᠠᠨ ᠬᠦᠮᠦᠵᠢᠯ ᠤᠨ ᠰᠢᠰᠲᠧᠮ ᠢ ᠪᠦᠷᠢᠯᠳᠤᠬᠦᠯᠵᠤ᠂ ᠦᠷ᠎ᠠ ᠬᠡᠤᠭᠡᠳ ᠡᠷᠳᠡᠮᠳᠡᠨ ᠴᠢᠳᠠᠪᠤᠷᠢᠲᠡᠨ ᠢ ᠬᠦᠮᠦᠵᠢᠬᠦᠯᠬᠦ ᠴᠤᠭᠴᠠ ᠶᠢ ᠪᠦᠷᠢᠯᠳᠤᠬᠦᠯᠪᠡ᠃ ᠨᠡᠩ ᠢᠯᠠᠩᠭᠤᠶ᠎ᠠ ᠰᠤᠷᠭᠠᠨ ᠬᠦᠮᠦᠵᠢᠯ ᠢ ᠭᠡᠷ ᠪᠦᠯᠢ ᠶᠢᠨ ᠰᠤᠷᠭᠠᠭᠤᠯᠢ ᠶᠢᠨ ᠵᠢᠵᠢᠭᠭᠡᠨ ᠬᠦᠷᠢᠶᠠᠨ ᠠᠴᠠ ᠴᠢᠯᠦᠭᠡᠯᠡᠵᠤ᠂ ᠠᠯᠪᠠᠨ ᠤ ᠰᠤᠷᠭᠠᠭᠤᠯᠢ ᠪᠤᠯᠭᠠᠨ ᠦᠭᠡᠷᠡᠴᠢᠯᠠᠨ ᠡᠷᠬᠢᠯᠡᠭᠰᠡᠨ ᠨᠢ ᠳᠤᠮᠳᠠᠳᠤ ᠤᠯᠤᠰ ᠤᠨ ᠲᠡᠤᠭᠡᠨ ᠳᠤ ᠠᠩᠬᠠᠳᠠᠭᠴᠢ ᠬᠡᠵᠤ ᠬᠡᠯᠡᠬᠦ ᠳᠤ ᠠᠬᠠᠳᠠᠬᠤ ᠦᠭᠡᠢ ᠪᠠᠶᠢᠬ᠎ᠠ᠃ ᠰᠤᠷᠭᠠᠭᠤᠯᠢ ᠡᠷᠬᠢᠯᠡᠭᠰᠡᠨ ᠬᠦᠷᠢᠶ᠎ᠠ ᠬᠡᠪᠴᠢᠶ᠎ᠠ᠂ ᠡᠯᠰᠡᠭᠰᠡᠨ ᠰᠤᠷᠤᠭᠴᠢ ᠶᠢᠨ ᠢᠷᠡᠯᠲᠡ᠂ ᠪᠠᠶᠢᠷᠢᠯᠠᠭᠤᠯᠤᠭᠰᠠᠨ ᠬᠢᠴᠢᠶᠠᠯ ᠤᠨ ᠠᠭᠤᠯᠭ᠎ᠠ᠂ ᠵᠢᠭᠠᠭᠰᠠᠨ ᠶᠠᠰᠤ ᠴᠢᠨᠠᠷ ᠪᠦᠷ ᠲᠡᠤᠭᠡ ᠶᠢᠨ ᠰᠢᠨ᠎ᠠ ᠡᠷᠡᠨ ᠦᠶ᠎ᠠ ᠳᠤ ᠲᠡᠪᠰᠢᠨ ᠤᠷᠤᠵᠤ᠂ ᠶᠤᠸᠠᠨ ᠤᠯᠤᠰ ᠤᠨ ᠪᠠᠳᠠᠷᠠᠯ ᠬᠦᠭᠵᠢᠯ ᠤᠨ ᠰᠠᠭᠤᠷᠢ ᠶᠢ ᠲᠠᠯᠪᠢᠭᠰᠠᠨ ᠪᠢᠯᠡ᠃ ᠰᠤᠷᠭᠠᠨ ᠬᠦᠮᠦᠵᠢᠯ ᠤᠨ ᠶᠠᠰᠤ ᠴᠢᠨᠠᠷ ᠤᠨ ᠵᠠᠩᠬᠢᠯᠠᠭ᠎ᠠ ᠪᠤᠯ ᠪᠠᠭᠰᠢ ᠪᠤᠯᠤᠨ᠎ᠠ᠃ ᠲᠤᠬᠠᠢ ᠶᠢᠨ ᠦᠶᠡᠰ ᠪᠠᠭᠰᠢᠯᠠᠬᠤ ᠬᠦᠮᠦᠨ ᠵᠠᠪᠠᠯ ᠵᠢᠭᠠᠨ ᠰᠤᠷᠭᠠᠵᠤ ᠴᠢᠳᠠᠬᠤ ᠡᠷᠳᠡᠮ ᠰᠤᠶᠤᠯ ᠤᠨ ᠬᠢᠷᠢ ᠬᠡᠮ ᠲᠠᠢ ᠪᠠᠶᠢᠬᠤ᠂ ᠡᠷᠳᠡᠮᠳᠡᠨ ᠴᠢᠳᠠᠪᠤᠷᠢᠲᠡᠨ ᠬᠦᠮᠦᠵᠢᠬᠦᠯᠵᠤ ᠴᠢᠳᠠᠬᠤ ᠶᠤᠰᠤ ᠮᠤᠷᠡᠯ ᠤᠨ ᠬᠢᠷᠢ ᠬᠡᠮ ᠲᠠᠢ ᠪᠠᠶᠢᠬᠤ ᠶᠢ ᠳᠤᠳᠤᠷᠬᠠᠢ ᠲᠤᠭᠲᠠᠭᠠᠭᠰᠠᠨ ᠶᠠᠪᠤᠳᠠᠯ ᠨᠢ ᠤᠳ᠋᠊ ᠤ᠊ ᠦᠶ᠎ᠠ ᠶᠢᠨ ᠰᠤᠷᠭᠠᠨ ᠬᠦᠮᠦᠵᠢᠯ ᠤᠨ ᠰᠠᠭᠤᠷᠢ ᠶᠢ ᠠᠩᠬ᠎ᠠ ᠲᠠᠯᠪᠢᠭᠰᠠᠨ ᠪᠤᠶᠤ᠃ ᠲᠦᠷᠦ ᠬᠦᠷᠦᠨ ᠤ ᠰᠤᠯᠢᠭᠳᠠᠯ᠂ ᠲᠡᠤᠭᠡ ᠶᠢᠨ ᠨᠦᠬᠦᠴᠡᠯ ᠰᠢᠯᠲᠠᠭᠠᠨ ᠠᠴᠠ ᠪᠤᠯᠤᠭᠠᠳ ᠪᠠᠭᠰᠢ ᠶᠢᠨ ᠬᠢᠷᠢ ᠬᠡᠮ ᠢ ᠲᠤᠭᠲᠠᠭᠠᠬᠤ ᠴᠤᠯᠠ ᠤᠯᠭᠤᠬᠤ ᠶᠠᠪᠤᠳᠠᠯ ᠤᠳᠤ ᠰᠠᠶ᠋ᠢ ᠦᠨᠡᠨ ᠪᠠᠶᠡᠯᠡᠭᠳᠡᠵᠤ ᠪᠠᠶᠢᠭ᠎ᠠ᠃ ᠬᠡᠯᠡ᠂ ᠦᠰᠦᠭ ᠪᠢᠴᠢᠭ ᠪᠤᠯ ᠰᠤᠷᠭᠠᠨ ᠬᠦᠮᠦᠵᠢᠯ ᠶᠠᠪᠤᠭᠤᠯᠬᠤ᠂ ᠡᠷᠳᠡᠮ ᠮᠡᠳᠡᠯᠭᠡ ᠲᠦᠭᠡᠮᠡᠯᠵᠢᠬᠦᠯᠬᠦ ᠵᠠᠭᠤᠴᠢ ᠶᠤᠮ᠃ ᠶᠤᠸᠠᠨ ᠤᠯᠤᠰ ᠲᠦᠷᠪᠡᠯᠵᠢᠨ ᠦᠰᠦᠭ ︵ᠫᠠᠭᠪᠠ ᠦᠰᠦᠭ ︶ ᠢ ᠵᠤᠬᠢᠶᠠᠵᠤ᠂ ᠤᠯᠤᠰ ᠤᠨ ᠬᠠᠷᠢᠶᠠᠨ ᠳᠤ ᠪᠠᠭᠲᠠᠭᠰᠠᠨ ᠡᠯ᠎ᠠ ᠦᠨᠳᠦᠰᠦᠲᠡᠨ ᠶᠠᠰᠤᠲᠠᠨ᠂ ᠤᠪᠤᠭ ᠤᠭᠰᠠᠭᠠᠲᠠᠨ ᠢ ᠨᠢᠭᠡ ᠯᠡ ᠦᠰᠦᠭ ᠪᠢᠴᠢᠭ ᠢᠶᠠᠷ ᠰᠤᠷᠭᠠᠨ ᠬᠦᠮᠦᠵᠢᠬᠦᠯᠵᠤ᠂ ᠬᠡᠯᠡ ᠨᠡᠪᠳᠡᠷᠡᠬᠦᠯᠬᠦ ᠪᠠᠷ ᠵᠤᠷᠢᠭᠰᠠᠨ ᠶᠠᠪᠤᠳᠠᠯ ᠪᠤᠯ ᠤᠷᠢᠲᠤ ᠭᠠᠷᠤᠭᠠᠲᠤᠢ ᠶᠡᠭᠡ ᠨᠢᠭᠡᠳᠤᠯ᠂ ᠶᠡᠭᠡ ᠲᠠᠪᠰᠢᠯᠲᠠ ᠶᠢ ᠲᠤᠰᠬᠠᠭᠰᠠᠨ ᠢᠶᠠᠷ ᠪᠠᠷᠠᠬᠤ ᠦᠭᠡᠢ᠂ ᠳᠡᠯᠡᠭᠡᠶᠢᠵᠢᠬᠦ ᠤᠢᠢᠯᠡᠰ ᠤᠨ ᠡᠬᠢᠨ ᠤ ᠠᠯᠬᠤᠮ ᠢ ᠲᠤᠷᠰᠢᠨ ᠠᠯᠬᠤᠭᠰᠠᠨ ᠶᠠᠪᠤᠳᠠᠯ ᠪᠤᠯᠬᠤ ᠶᠤᠮ᠃ ᠲᠦᠷᠪᠡᠯᠵᠢᠨ ᠦᠰᠦᠭ ᠨᠢ ᠬᠡᠳᠦ᠋ᠢᠪᠡᠷ ᠲᠦᠭᠡᠮᠡᠯᠵᠢᠵᠤ ᠴᠢᠳᠠᠭᠰᠠᠨ ‍ᠦᠭᠡᠢ᠂ ᠳᠤᠮᠳᠠᠳᠤ ᠤᠯᠤᠰ ᠤᠨ ᠨᠤᠳᠤᠭ ᠳᠡᠪᠢᠰᠭᠡᠷ ᠳᠡᠭᠡᠷ᠎ᠠ ᠤᠷᠤᠰᠢᠬᠤ ᠤᠷᠤᠨ ᠵᠠᠢ ᠪᠠᠨ ᠠᠯᠳᠠᠭᠰᠠᠨ ᠪᠤᠯᠪᠠᠴᠤ ᠳᠡᠯᠡᠭᠡᠢ ᠶᠢᠨ ᠰᠤᠶᠤᠯ ᠤᠨ ᠳᠡᠪᠴᠡᠩ ᠠᠴᠠ ᠪᠦᠷᠢᠮᠦᠰᠤᠨ ᠠᠷᠢᠯᠵᠤ ᠤᠰᠠᠳᠤᠭᠰᠠᠨ ᠪᠢᠰᠢ᠂ ᠬᠠᠷᠢᠨ ᠰᠤᠯᠤᠩᠭᠤᠰ ᠦᠰᠦᠭ ᠪᠢᠴᠢᠭ ᠲᠤ ᠨᠠᠮᠠᠷᠢᠯᠠᠨ ᠤᠯᠠᠮᠵᠢᠯᠠᠭᠳᠠᠭᠰᠠᠭᠠᠷ ᠪᠠᠶᠢᠭ᠎ᠠ ᠶᠢ ᠰᠤᠯᠤᠩᠭᠤᠰ ᠤᠨ ᠡᠷᠳᠡᠮᠳᠡᠨ ᠬᠡᠯᠡᠭᠰᠡᠨ ᠪᠢᠯᠡ᠃      ᠮᠤᠩᠭᠤᠯ ᠬᠠᠭᠠᠨ ᠲᠦᠷᠦ ᠶᠢᠨ ᠰᠢᠳᠡᠷ ᠴᠡᠷᠢᠭ ᠶᠠᠪᠤᠭᠰᠠᠨ ᠴᠠᠬᠠᠷᠴᠤᠤᠯ ᠠᠯᠢ ᠴᠤ ᠲᠦᠷᠦ ᠬᠦᠷᠦᠨ ᠤ ᠦᠶ᠎ᠠ ᠳᠤ ᠴᠠᠭ ᠲᠤᠬᠢᠶᠠᠯ ᠢ ᠵᠠᠪᠳᠤᠨ ᠠᠯᠪᠠᠨ ᠤ ᠰᠤᠷᠭᠠᠭᠤᠯᠢ ᠡᠷᠬᠢᠯᠡᠵᠤ ᠦᠷ᠎ᠠ ᠬᠤᠶᠢᠴᠢᠰ ᠢᠶᠠᠨ ᠬᠦᠮᠦᠵᠢᠬᠦᠯᠵᠤ ᠡᠷᠳᠡᠮᠳᠡᠨ ᠴᠢᠳᠠᠪᠤᠷᠢᠲᠡᠨ ᠪᠤᠯᠭᠠᠬᠤ ᠶᠢ ᠶᠠᠷᠤ ᠠᠴᠠ ᠤᠮᠳᠤᠭᠠᠢᠢᠯᠠᠭᠰᠠᠨ ᠦᠭᠡᠢ᠃ ᠴᠢᠭᠤᠯᠤᠯᠲᠤ ᠬᠠᠭᠠᠯᠭ᠎ᠠ ᠬᠤᠲᠠᠨ ᠳᠤ ᠮᠤᠩᠭᠤᠯ ᠲᠦᠪᠡᠳ ᠤᠨ ᠰᠤᠷᠭᠠᠭᠤᠯᠢ᠂ ᠭᠡᠷᠡᠯᠲᠤ ᠪᠢᠴᠢᠭ ᠤᠨ ᠬᠡᠪᠯᠡᠯ ᠤᠨ ᠬᠤᠷᠢᠶ᠎ᠠ᠂ ᠬᠠᠷ᠎ᠠ ᠪᠠᠯᠭᠠᠰᠤ ᠳᠠᠬᠢ ᠮᠤᠩᠭᠤᠯ ᠢ ᠮᠠᠨᠳᠤᠭᠤᠯᠬᠤ ᠵᠠᠯᠠᠭᠤᠰ ᠤᠨ ᠰᠤᠷᠭᠠᠭᠤᠯᠢ᠂ ᠦᠬᠢᠳ ᠤᠨ ᠰᠤᠷᠭᠠᠭᠤᠯᠢ᠂ ᠴᠠᠬᠠᠷ ᠮᠢᠩᠭᠠᠨ᠂ ᠲᠠᠶᠢᠹᠤᠰᠧ᠂ ᠰᠢᠯᠤᠭᠤᠨ ᠬᠦᠭᠡ ᠬᠤᠰᠢᠭᠤᠨ ᠤ ᠪᠠᠭ᠎ᠠ ᠰᠤᠷᠭᠠᠭᠤᠯᠢ᠂ ᠶᠠᠮᠤᠨ ᠨᠠᠭᠤᠷ ᠲᠠᠬᠢ ᠪᠦᠷᠢᠨ ᠪᠠᠭ᠎ᠠ ᠰᠤᠷᠭᠠᠭᠤᠯᠢ ᠶᠢ ᠪᠠᠶᠢᠭᠤᠯᠵᠤ᠂ ᠮᠠᠩᠨᠤᠭ ᠲᠠᠯ᠎ᠠ ᠳᠤ ᠰᠤᠶᠤᠯ ᠤᠨ ᠦᠶ᠎ᠠ ᠶᠢ ᠰᠠᠴᠤᠵᠤ ᠮᠠᠯᠴᠢᠨ ᠤ ᠭᠡᠤᠭᠡᠳ ᠲᠤ ᠪᠢᠯᠢᠭ ᠤᠨ ᠨᠢᠳᠤ ᠤᠯᠭᠤᠭᠰᠠᠨ ᠶᠤᠮ᠃ ᠲᠡᠤᠭᠡᠨ ᠳᠡᠭᠡᠷ᠎ᠠ ᠭᠡᠳᠦᠭᠡᠨ ᠮᠢᠩᠭᠠᠨ ᠬᠦᠮᠦᠨ ᠠᠮᠨ ᠲᠠᠢ ᠰᠢᠯᠤᠭᠤᠨ ᠬᠦᠭᠡ ᠬᠤᠰᠢᠭᠤᠨ ᠠᠴᠠ ᠭᠠᠵᠠᠷ ᠵᠦᠢ᠂ ᠰᠤᠷᠭᠠᠨ ᠬᠦᠮᠦᠵᠢᠯ᠂ ᠤᠳᠤᠨ ᠤᠷᠤᠨ ᠤ ᠤᠬᠠᠭᠠᠨᠳᠠᠨ᠂ ᠢᠷᠠᠭᠤ ᠨᠠᠶᠢᠷᠠᠭᠴᠢ ᠰᠦᠩ ᠶᠦᠨ ᠵᠡᠷᠬᠡ ᠡᠷᠳᠡᠮᠳᠡᠨ ᠴᠤᠯᠭᠤᠷᠡᠨ ᠭᠠᠷᠴᠤ᠂ ᠲᠤᠬᠠᠢ ᠶᠢᠨ ᠵᠠᠰᠠᠭ ᠲᠦᠷᠦ ᠳᠤ ᠤᠢᠢᠯᠡᠴᠢᠯᠡᠭᠰᠡᠨ ᠶᠤᠮ᠃ ᠳᠠᠭᠡᠷ᠎ᠠ ᠵᠠᠭᠤᠨ ᠤ ᠭᠤᠴᠢ ᠲᠦᠴᠢᠭᠡᠳ ᠤᠨ᠋ ᠳᠤ ᠪᠢᠴᠢᠭ ᠤᠨ ᠶᠡᠭᠡ ᠬᠦᠮᠦᠨ᠂ ᠦᠨᠳᠦᠰᠦᠲᠡᠨ ᠢᠶᠠᠨ ᠰᠡᠩᠭᠡᠷᠡᠬᠦᠯᠦᠭᠴᠢ ᠰᠤᠷᠭᠠᠨ ᠬᠦᠮᠦᠵᠢᠯᠲᠠᠨ᠂ ᠢᠷᠠᠭᠤ ᠨᠠᠢᠷᠠᠭᠴᠢ ᠨ᠊ · ᠰᠠᠶᠢᠨᠴᠤᠭᠲᠤ᠂ ᠪᠠᠶᠠᠰᠬᠤᠯᠠᠩ᠂ ᠮᠠᠭᠠᠳᠪᠦ᠋ᠷᠢᠨ ᠨᠡᠷ ᠤᠯᠤᠰ ᠤᠨ ᠳᠤᠳᠤᠨ᠎ᠠ ᠭᠠᠳᠠᠨ᠎ᠠ ᠰᠤᠷᠤᠯᠴᠠᠵᠤ᠂ ᠨᠢᠳᠤ ᠨᠡᠭᠡᠭᠡᠭᠡᠳ ᠮᠤᠩᠭᠤᠯ ᠦᠨᠳᠦᠰᠦᠲᠡᠨ ᠤ ᠪᠠᠨ ︽ᠵᠠᠮᠪᠠᠭ᠎ᠠ ᠳᠤ ᠳᠠᠷᠤᠭᠳᠠᠭᠰᠠᠨ ᠨᠢᠯᠬ᠎ᠠ ᠨᠤᠭᠤᠭ᠎ᠠ︾ ᠪᠤᠯᠤᠭᠰᠠᠨ ᠢ ᠤᠯᠵᠤ ᠲᠠᠨᠢᠵᠤ ︽ᠰᠠᠭᠠᠯᠢᠴᠢᠨ ᠬᠤᠶᠠᠷ ᠳᠡᠭᠦᠤ︾ ᠪᠠᠨ ᠪᠤᠰᠴᠤ ᠵᠤᠭᠰᠤᠨ ᠡᠵᠡᠨ ᠤ ᠪᠠᠶᠢᠷᠢ ᠤᠯᠬᠤ ᠶᠢ ᠤᠷᠢᠶᠠᠯᠠᠭᠰᠠᠨ ᠪᠦᠯᠦᠭᠡ︕ ᠲᠡᠭᠡᠭᠡᠳ ︽ᠠᠯᠳᠠᠨ ᠰᠢᠷᠭᠠᠯ ᠡᠯᠡᠰᠤᠨ︾ ᠨᠤᠳᠤᠭ ᠲᠠᠭᠠᠨ ᠠᠳᠠᠭᠠᠲᠠᠨ ᠳᠠᠶᠢᠰᠤᠨ ᠤ ᠳᠠᠷᠤᠯᠠᠯ ᠢ ᠪᠠᠶᠢᠯᠭᠠᠬᠤ ᠦᠭᠡᠢ ᠶᠢᠨ ᠲᠦᠯᠦᠭᠡ ᠪᠢᠷ ᠠᠳᠬᠤᠨ ᠪᠠᠶᠢᠯᠳᠤᠭᠰᠠᠨ ᠶᠤᠮ᠃ ᠮᠠᠯᠴᠢᠨ ᠭᠤᠮᠪᠤ ᠶᠢᠨ ᠵᠠᠮᠰᠦ᠋ᠷᠦᠩᠵᠠᠪ ᠠᠭᠳᠠ ᠮᠤᠷᠢ ᠪᠠᠨ ᠤᠨᠤᠵᠤ ᠠᠷᠠᠳ ᠤᠨ ᠴᠡᠷᠢᠭ ᠲᠤ ᠮᠤᠷᠳᠡᠨ᠂ ᠡᠬᠡ ᠤᠷᠤᠨ ᠢᠶᠠᠨ ᠴᠢᠯᠦᠭᠡᠯᠡᠬᠦ ᠤᠢᠢᠯᠡᠰ ᠲᠤ ᠬᠦᠴᠤᠨ ᠵᠢᠳᠬᠦᠯ ᠢᠶᠠᠨ ᠦᠵᠡᠬᠦᠯᠵᠤ᠂ ᠴᠡᠷᠢᠭ ᠤᠨ ᠡᠮᠦᠨ᠎ᠠ ᠹᠷᠤᠨᠲ ᠶᠢᠨ ᠤᠬᠠᠭᠤᠯᠬᠤ ᠠᠩᠬᠢ ᠳᠤ ᠠᠵᠢᠯᠯᠠᠵᠤ ᠪᠠᠶᠢᠬᠤ ᠬᠤᠭᠤᠴᠠᠭᠠᠨ ᠳᠠᠭᠠᠨ ︽ᠮᠤᠷᠢ ᠮᠢᠨᠢ︾ ᠬᠡᠬᠦ ᠳᠠᠭᠤᠤ ᠶᠢᠨ ᠦᠭᠡ ᠠᠶ᠎ᠠ ᠶᠢ ᠦᠪᠡᠷᠲᠡᠭᠡᠨ ᠵᠤᠬᠢᠶᠠᠭᠰᠠᠨ ᠶᠤᠮ᠃ ᠲᠤᠰ ᠳᠠᠭᠤᠤ ᠨᠢ ᠲᠤᠬᠠᠢ ᠶᠢᠨ ᠦᠶ᠎ᠠ ᠳᠤ ᠤᠯᠤᠰ ᠤᠷᠤᠨ ᠤ ᠬᠠᠮᠤᠭ ᠦᠨᠳᠦᠷ ᠱᠠᠩᠨᠠᠯ ᠢ ᠲᠤᠰᠤᠭᠰᠠᠨ ᠪᠦᠭᠡᠳ ᠮᠤᠰᠺᠧᠨ ᠳᠤ ᠪᠤᠯᠤᠭᠰᠠᠨ ᠳᠡᠯᠡᠭᠡᠢ ᠶᠢᠨ ᠳᠠᠭᠤᠤ ᠬᠦᠭᠵᠢᠮ ᠤᠨ ᠦᠳᠡᠰᠢᠯᠡᠭᠡ ᠳᠤ ᠤᠷᠤᠯᠴᠠᠨ᠂ ᠬᠦᠷᠡᠯ ᠮᠧᠲᠡᠯ ᠲᠤᠰᠤᠭᠰᠠᠨ ᠢᠷᠡᠭᠤ ᠠᠯᠳᠠᠷ ᠲᠠᠢ ᠪᠢᠯᠡ᠃ ᠡᠨᠡ ᠪᠤᠯ ᠰᠢᠯᠤᠭᠤᠨ ᠬᠦᠭᠡ ᠬᠤᠰᠢᠭᠤᠨ ᠠᠴᠠ ᠳᠡᠯᠡᠭᠡᠢ ᠶᠢᠨ ᠱᠠᠩᠨᠠᠯ ᠢ ᠳᠤᠰᠤᠭᠰᠠᠨ ᠠᠩᠬᠠᠨ ᠤ ᠬᠦᠮᠦᠨ ᠶᠤᠮ᠃ ᠲᠠᠬᠢᠪᠠᠯ ᠲᠤᠷᠵᠢᠶᠤᠩᠷᠤᠨ ᠤ ︽ᠬᠤᠨᠢ︾ ᠬᠡᠬᠦ ᠳᠠᠭᠤᠤ᠂ ᠳ᠋᠊ · ᠵᠢᠭᠮᠢᠳᠰᠠᠷᠡᠩ ᠤᠨ ︽ᠦᠭᠡᠷ︾ ᠬᠡᠬᠦ ᠳᠠᠭᠤᠤ ᠴᠤ ᠤᠯᠤᠰ ᠤᠷᠤᠨ ᠤ ᠳᠡᠭᠡᠲᠤ ᠱᠠᠩᠨᠠᠯ ᠢ ᠲᠤᠰᠴᠤ᠂ ᠤᠯᠤᠰ ᠳᠠᠶᠠᠭᠠᠷ ᠳᠠᠭᠤᠯᠠᠭᠳᠠᠭᠰᠠᠨ ᠪᠢᠯᠡ᠃ ᠱ᠊ · ᠵᠠᠮᠪᠠᠯᠵᠠᠪ ︽ᠱᠠᠩᠲᠤ ᠶᠢᠨ ᠰᠢᠷ᠎ᠠ ᠲᠠᠯ᠎ᠠ︾᠂ ︽ᠲᠠᠯ᠎ᠠ ᠶᠢᠨ ᠠᠭᠤᠳᠠᠮ︾᠂ ︽ᠪᠢᠯᠭᠡ ᠶᠢᠨ ᠤᠪᠤᠭ᠎ᠠ︾᠂ ︽ᠬᠤᠯᠠᠨ ᠰᠢᠷᠭ᠎ᠠ ᠳᠠᠭ᠎ᠠ ᠶᠢᠨ ᠮᠠᠩᠬ᠎ᠠ︾ ᠬᠡᠬᠦ ᠲᠦᠷᠪᠡᠨ ᠷᠤᠮᠠᠨ ᠪᠢᠴᠢᠵᠤ᠂ ︽ᠱᠠᠩᠲᠤ ᠶᠢᠨ ᠰᠢᠷ᠎ᠠ ᠲᠠᠯ᠎ᠠ︾ ᠬᠡᠮᠡᠬᠦ ᠲᠡᠤᠭᠡᠨ ᠷᠤᠮᠠᠨ ᠢᠶᠠᠷ ᠢᠶᠠᠨ ᠲᠦᠷᠦ ᠶᠢᠨ ᠱᠠᠩᠨᠠᠯ ᠲᠤᠰᠤᠭᠰᠠᠨ ᠶᠤᠮ᠃ ᠮᠦᠨ ᠸᠠᠩ · ᠲᠤᠶᠠᠭ᠎ᠠ ︽ᠤᠭᠤᠷ︾ ᠬᠡᠮᠡᠬᠦ ᠪᠦᠵᠢᠭ ᠢᠶᠠᠷ ᠢᠶᠠᠨ ᠮᠤᠰᠺᠸᠠ ᠳᠤ ᠳᠡᠯᠡᠭᠡᠢ ᠶᠢᠨ ᠱᠠᠩᠨᠠᠯ ᠲᠤᠰᠴᠤ᠂ ᠦᠷᠴᠠᠶᠢᠬᠤ ᠮᠤᠩᠭᠤᠯ ᠤᠯᠤᠰ ᠲᠤ ᠤᠷᠲᠤ ᠶᠢᠨ ᠳᠠᠭᠤᠤ ᠪᠠᠷ ᠢᠶᠠᠨ ᠳᠡᠯᠡᠭᠡᠢ ᠶᠢᠨ ᠱᠠᠩᠨᠠᠯ ᠢ ᠲᠤᠰᠴᠤ᠂ ᠷᠢ᠊ · ᠰᠡᠴᠡᠨᠴᠤᠭᠲᠤ ︽ᠴᠢᠩᠬᠢᠰ ᠤᠨ ᠠᠯᠳᠠᠨ ᠡᠮᠡᠭᠡᠯ︾ ᠬᠡᠮᠡᠬᠦ ᠰᠢᠯᠦᠭ ᠢᠶᠠᠷ ᠢᠶᠠᠨ ᠳᠡᠯᠡᠭᠡᠢ ᠶᠢᠨ ᠢᠷᠠᠭᠤ ᠨᠠᠶᠢᠷᠠᠭ ᠤᠨ ᠱᠠᠩᠨᠠᠯ ᠢ ᠲᠤᠰᠤᠭᠰᠠᠨ ᠠᠵᠢ᠃ ᠡᠳᠡᠭᠡᠷ ᠪᠤᠯ ᠰᠢᠨ᠎ᠠ ᠦᠶ᠎ᠠ ᠶᠢᠨ ᠬᠢᠨ᠃ ᠴᠠᠬᠠᠷ ᠤᠨ ᠲᠤᠷᠭᠠᠨ ᠬᠦᠷᠦᠰᠦᠨ ᠳᠡᠭᠡᠷ᠎ᠠ ᠬᠤᠯᠠᠨ ᠰᠢᠷᠭ᠎ᠠ ᠲᠠᠬᠢ ᠶᠢᠨ ᠡᠯᠡᠰᠤ ᠮᠠᠩᠬᠠᠨ ᠤ ᠨᠤᠭᠤᠭᠠᠨ ᠴᠡᠴᠡᠷᠯᠢᠭ ᠲᠤ ᠪᠠᠶᠢᠭᠤᠯᠤᠭᠳᠠᠭᠰᠠᠨ ᠰᠤᠷᠭᠠᠭᠤᠯᠢ ᠨᠤᠭᠤᠳ ᠲᠤ ᠬᠦᠮᠦᠵᠢᠭᠳᠡᠨ ᠪᠤᠶᠢᠵᠢᠵᠤ᠂ ᠪᠢᠯᠢᠭ ᠤᠨ ᠨᠢᠳᠤ ᠨᠢ ᠨᠡᠭᠡᠭᠡᠭᠳᠡᠵᠤ᠂ ᠪᠢᠷ ᠤᠨ ᠦᠵᠦᠬᠦᠷ ᠨᠢ ᠠᠮᠢᠯᠠᠭᠰᠠᠨ ᠡᠷᠳᠡᠮᠳᠡᠨ ᠴᠢᠳᠡᠪᠤᠷᠢᠲᠡᠨ ᠪᠦᠵᠢᠭᠴᠢᠨ ᠳᠠᠭᠤᠴᠢᠨ ᠪᠢᠯᠡ᠃ ᠮᠢᠨᠤ ᠡᠨᠡ ᠪᠤᠯ ᠰᠠᠨᠠᠭᠠᠨ ᠳᠤ ᠤᠷᠤᠭᠰᠠᠨ ᠨᠠᠷᠠᠰ ᠢ ᠬᠡᠯᠡᠵᠤ᠂ ᠭᠠᠷ ᠲᠤ ᠦᠷᠲᠦᠭᠰᠡᠨ ᠮᠠᠲ᠋ᠧᠷᠢᠶᠡᠯ ᠢ ᠳᠡᠯᠭᠡᠵᠤ ᠪᠠᠶᠢᠨ ᠎ᠠ᠃      ᠡᠪᠦᠭᠡ ᠳᠡᠭᠡᠳᠤᠰ ᠤᠨ ᠡᠭᠦᠳᠤᠨ ᠪᠦᠲᠦᠭᠡᠭᠰᠡᠨ ᠰᠤᠷᠭᠠᠨ ᠬᠦᠮᠦᠵᠢᠯ ᠤᠨ ᠨᠡᠭᠡᠭᠡᠯᠲᠡ ᠬᠦᠭᠵᠢᠯᠲᠠ ᠦᠷᠬᠦᠯᠵᠢᠯᠠᠨ ᠬᠦᠭᠵᠢᠵᠤ ᠮᠤᠩᠭᠤᠯ ᠦᠨᠳᠦᠰᠦᠲᠡᠨ ᠪᠠ ᠳᠡᠯᠡᠭᠡᠢ ᠶᠢᠨ ᠪᠤᠯᠪᠠᠰᠤᠨ ᠳᠤ ᠰᠢᠨ᠎ᠠ ᠬᠠᠭᠤᠳᠠᠰᠤ ᠨᠡᠮᠡᠷᠢᠯᠡᠬᠦ ᠨᠢ ᠯᠠᠪᠲᠠᠢ᠃ ( ᠱ᠊᠂ ᠲᠦᠩᠰᠢᠭ)
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号