ᠨᠠᠭᠤᠨᠪᠢᠯᠢᠭ᠌ ᠪᠠᠭᠰᠢ ᠶᠢᠨ ᠰᠤᠷᠪᠤᠯᠵᠢᠯᠭ᠎ᠠ ᠬᠢᠭᠡᠳ ᠬᠤᠷᠢᠨ ᠲᠦᠷᠪᠡᠨ ᠤᠯᠠᠷᠢᠯ
ᠨᠡᠶᠢᠲᠡᠯᠡᠭᠰᠡᠨ ᠴᠠᠭ᠄
2020/8/7
      2013-10-21 11:30         ᠦᠪᠦᠷ ᠮᠤᠩᠭᠤᠯ ᠤᠨ ᠤᠳᠤᠨ ᠲᠧᠯᠸᠢᠰ ᠤᠨ ᠠᠮᠤᠭᠤᠯᠠᠩ ᠭᠤᠸᠠᠢ ᠶᠢᠨ ᠬᠦᠳᠦᠯᠦᠭᠡ ᠪᠠᠷ  ᠶᠠᠪᠤᠭᠳᠠᠵᠤ  ᠴᠢᠩᠭᠡᠯᠪᠠᠭᠠᠳᠤᠷ ᠭᠤᠸᠠᠢ ᠶᠢᠨ ᠪᠦᠷᠭᠡᠨ ᠳᠤ ᠲᠠᠯᠪᠢᠭᠳᠠᠭᠰᠠᠨ ᠨᠠᠭᠤᠨᠪᠢᠯᠢᠭ᠌  ᠪᠠᠭᠰᠢ ᠶᠢᠨ ᠰᠤᠷᠪᠤᠯᠵᠢᠯᠭ᠎ᠠ ᠶᠢ ᠬᠠᠷᠠᠬᠤ ᠳᠤ ᠤᠯᠠᠨ ᠶᠠᠭᠤᠮ᠎ᠠ ᠪᠤᠳᠤᠭᠳᠠᠭᠰᠠᠨ᠂ ᠰᠡᠷᠡᠭᠳᠡᠭᠰᠡᠨ  ᠃ ᠲᠡᠭᠦᠨ ᠤ ᠨᠢᠭᠡ ᠨᠢ ᠰᠢᠩᠭᠡᠯᠳᠡ ᠳᠤ ᠬᠤᠯᠪᠤᠭᠳᠠᠭᠰᠠᠨ ᠪᠤᠳᠠᠳᠠᠢ ᠡᠳᠦᠷ ᠬᠤᠭᠤᠴᠠᠭ᠎ᠠ   ᠨᠢ ᠶᠡᠷᠦ ᠨᠢ ᠬᠤᠷᠢᠨ ᠲᠦᠷᠪᠡᠨ ᠤᠯᠠᠷᠢᠯ ᠲᠠᠢ ᠵᠤᠬᠢᠴᠠᠬᠤ ᠪᠤᠶᠤ ᠵᠦᠪᠭᠡᠨ 24 ᠴᠠᠭ ᠤᠷᠴᠢᠮ ᠤᠨ ᠵᠦᠷᠢᠶ᠎ᠠ ᠲᠠᠢ ᠪᠠᠶᠢᠬᠤ ᠳᠤ ᠭᠠᠶᠢᠬᠠᠰᠢ ᠠᠯᠳᠠᠷᠠᠭᠰᠠᠨ᠃ ᠲᠤᠤᠷ᠎ᠠ ᠪᠤᠳᠠᠳᠠᠢ ᠪᠠᠷ ᠲᠡᠮᠳᠡᠭᠯᠡᠪᠡᠯ᠄         1᠂ ᠪᠠᠶᠠᠨᠨᠠᠭᠤᠷ ᠠᠶᠢᠮᠠᠭ   ᠠᠴᠠ ᠢᠷᠡᠵᠦ ᠰᠤᠷᠪᠤᠯᠵᠢᠯᠭ᠎ᠠ ᠳᠤ ᠤᠷᠤᠯᠴᠠᠭᠰᠠᠨ ᠲᠤᠶᠠᠭ᠎ᠠ  2005 ᠤᠨ  ᠤ 3 ᠰᠠᠷᠠᠶᠢᠨ ᠶᠢᠨ 21 ᠤ ᠡᠳᠦᠷ ᠪᠠᠶᠠᠨᠨᠠᠭᠤᠷ ᠠᠶᠢᠮᠠᠭ ᠤᠨ ᠡᠮᠨᠡᠯᠭᠡ ᠶᠢᠨ  ᠬᠤᠷᠢᠶ᠎ᠠ ᠳᠤ ᠦᠮᠡᠨ ᠤ ᠰᠡᠭᠦᠯᠴᠢ  ᠶᠢᠨ ᠬᠤᠭᠤᠴᠠᠭ᠎ᠠ ᠭᠡᠵᠦ ᠨᠤᠳᠠᠯᠠᠭᠳᠠᠭᠰᠠᠨ᠃  ᠲᠤᠰ ᠡᠳᠦᠷ ᠨᠢ  ᠬᠠᠪᠤᠷ ᠤᠨ ᠠᠭᠤᠷ ᠤᠨ ᠲᠠᠷᠠᠭᠠᠴᠢ ᠶᠢᠨ ᠡᠳᠦᠷ ᠃        2᠂ ᠪᠠᠶᠠᠨᠨᠠᠭᠤᠷ ᠠᠶᠢᠮᠠᠭ ᠤᠨ ᠤᠷᠠᠳ ᠤᠨ ᠬᠤᠶᠢᠳᠦ ᠬᠤᠰᠢᠭᠤᠨ ᠳᠤ ᠨᠤᠳᠤᠭᠳᠠᠢ ᠦᠷᠭᠡᠨᠬᠠᠳᠠ 2011 ᠤᠨ ᠤ 6 ᠰᠠᠷ᠎ᠠ ᠶᠢᠨ 21 ᠳᠤ ᠤᠯᠠᠨ ᠤᠯᠤᠰ ᠤᠨ ᠡᠮᠨᠡᠯᠭᠡ ᠶᠢᠨ ᠬᠤᠷᠢᠶ᠎ᠠ ᠳᠤ ᠢᠷᠡᠵᠦ  ᠰᠡᠳᠬᠢᠴᠨ ᠵᠠᠰᠠᠯ ᠬᠢᠯᠭᠡᠵᠦ ᠠᠮᠵᠢᠯᠳᠠ ᠤᠯᠵᠤ ᠠᠷᠪᠠᠨ ᠨᠠᠢᠮᠠᠨ ᠵᠢᠯ ᠲᠠᠷᠴᠢᠯᠭᠠᠭᠰᠠᠨ ᠦᠭᠡᠷ ᠢᠯᠢᠳᠦ ᠨᠢ ᠪᠦᠷᠢᠮᠦᠰᠤᠨ ᠡᠳᠡᠭᠡᠷᠡᠭᠰᠡᠨ᠃  ᠲᠤᠰ ᠡᠳᠦᠷ ᠨᠢ ᠵᠤᠨ ᠤ ᠲᠦᠢᠯ ᠶᠢᠨ ᠡᠮᠦᠨ᠎ᠡ ᠡᠳᠦᠷ᠃         3᠂ ᠨᠠᠭᠤᠨᠪᠢᠯᠢᠭ᠌ ᠡᠮᠴᠢ 2012 ᠤᠨ ᠤ 11 ᠰᠠᠷ᠎ᠠ ᠶᠢᠨ 22 ᠤ ᠡᠳᠦᠷ ᠤᠷᠠᠳ ᠤᠨ ᠬᠤᠶᠢᠳᠦ ᠬᠤᠰᠢᠭᠤᠨ ᠳᠤ ᠬᠦᠷᠴᠦ ᠦᠷᠭᠡᠨᠬᠠᠨᠳᠠ ᠶᠢᠨ ᠡᠪᠡᠳᠴᠢᠨ ᠠᠴᠠ ᠰᠠᠯᠤᠭᠰᠠᠨ ᠪᠠᠶᠠᠷ ᠪᠠᠶ᠋ᠰᠤᠯ ᠢ  ᠡᠵᠢ ᠠᠪᠤ ᠲᠠᠢ ᠨᠢ ᠬᠠᠮᠳᠤ ᠡᠳᠡᠯᠡᠭᠰᠡᠨ᠃ ᠲᠤᠰ ᠡᠳᠦᠷ ᠨᠢ ᠪᠠᠭ᠎ᠠ ᠴᠠᠰᠤ᠃        4᠂ ᠤᠷᠳᠤᠰ ᠨᠤᠳᠤᠭᠳᠠᠢ ᠶᠠᠫᠦᠨ ᠳᠤ ᠠᠮᠢᠳᠦᠷᠠᠳᠠᠭ ᠹᠦ᠋ ᠲᠢᠶᠠᠨ ᠷᠦᠩ ᠽᠢ 2011 ᠤᠨ ᠤ 2 ᠰᠠᠷ᠎ᠠ  ᠶᠢᠨ 21 ᠳᠤ ᠤᠯᠠᠨ ᠤᠯᠤᠰ ᠤᠨ ᠡᠮᠨᠡᠯᠭᠡ ᠶᠢᠨ ᠬᠤᠷᠢᠶᠠᠨ ᠳᠤ ᠤᠷᠤᠵᠤ ᠪᠡᠶ᠎ᠡ ᠰᠡᠳᠬᠢᠯ ᠤᠨ  ᠵᠠᠰᠠᠯᠭ᠎ᠠ ᠬᠢᠯᠭᠡᠵᠦ ᠪᠦᠬᠦᠯᠢ ᠭᠤᠴᠢᠨ ᠵᠢᠯ ᠲᠠᠷᠴᠢᠯᠭᠠᠭᠰᠠᠨ ᠦᠭᠡᠷ ᠢᠯᠢᠳᠦ ᠠᠴᠠ ᠪᠠᠨ ᠰᠠᠯᠤᠭᠰᠠᠨ᠃ ᠲᠤᠰ ᠡᠳᠦᠷ ᠨᠢ ᠬᠤᠷ᠎ᠠ ᠤᠰᠤ  ᠶᠢᠨ ᠭᠤᠷᠪᠠᠳᠤᠭᠴᠢ ᠡᠳᠦᠷ᠃          5᠂ ᠲᠤᠰ ᠰᠤᠷᠪᠤᠯᠵᠢᠯᠭ᠎ᠠ ᠶᠢᠨ ᠪᠦᠷᠭᠡᠨ ᠳᠤ ᠲᠠᠯᠪᠢᠭᠳᠠᠰᠠᠨ ᠴᠠᠭ ᠨᠢ 2013 ᠤᠨ ᠤ 9 ᠰᠠᠷ᠎ᠠ ᠶᠢᠨ 8 ᠤ ᠡᠳᠦᠷ᠃ ᠲᠤᠰ ᠡᠳᠦᠷ ᠨᠢ ᠴᠠᠭᠠᠨ ᠬᠢᠷᠠᠭᠤ ᠶᠢᠨ ᠬᠤᠶᠠᠳᠤᠭᠴᠢ ᠡᠳᠦᠷ᠃         ᠤᠯᠠᠨ ᠤ ᠮᠡᠳᠡᠭᠡᠵᠢ ᠪᠠᠷ ᠬᠤᠷᠢᠨ ᠲᠦᠷᠪᠡᠨ ᠤᠯᠠᠷᠢᠯ ᠨᠢ ᠶᠡᠷᠦᠨᠢ ᠨᠠᠷᠠᠨ ᠤ ᠡᠷᠬᠢᠯᠳᠡ ᠪᠠ ᠲᠡᠯᠡᠬᠡᠢ ᠪᠦᠮᠪᠦᠷᠴᠡᠩ ᠤᠨ ᠬᠤᠭᠤᠷᠤᠨᠳᠤᠬᠢ ᠬᠠᠷᠢᠴᠠᠭ᠎ᠠ ᠪᠠᠷ ᠲᠤᠭᠳᠠᠭᠠᠭᠳᠠᠵᠤ ᠶᠡᠷᠦᠩᠬᠢ ᠲᠡᠭᠡᠨ 15 ᠬᠤᠨᠤᠭ ᠪᠦᠷᠢ ᠨᠢ ᠤᠯᠠᠷᠢᠯ ᠬᠡᠮᠡᠭᠳᠡᠵᠦ᠂ ᠤᠯᠠᠮᠵᠢᠯᠠᠯᠳᠤ ᠵᠢᠷᠤᠬᠠᠢ ᠶᠢᠨ  ᠤᠬᠠᠭᠠᠨ ᠪᠠ ᠭᠠᠵᠠᠷ ᠵᠦᠢ ᠶᠢᠨ ᠶᠡᠷᠦ ᠶᠢᠨ ᠮᠡᠳᠡᠯᠭᠡ ᠶᠡᠷᠦᠨᠢ ᠬᠤᠷᠢᠨ ᠲᠦᠷᠪᠡᠨ ᠴᠠᠭ ᠤᠨ  ᠵᠦᠷᠢᠶ᠎ᠠ ᠪᠠᠷ ᠪᠤᠳᠤᠵᠤ ᠭᠠᠷᠭᠠᠵᠤ ᠪᠠᠶᠢᠳᠠᠭ᠃ ᠤᠯᠠᠷᠢᠯ ᠰᠤᠯᠢᠭᠳᠠᠨ ᠨᠠᠷᠠ ᠲᠡᠯᠡᠬᠡᠢ  ᠪᠦᠮᠪᠦᠷᠴᠡᠭ ᠰᠤᠯᠪᠢᠴᠠᠬᠤ ᠲᠠᠷᠡ ᠭᠱᠠᠨ ᠲᠡᠳᠡᠭᠡᠷ ᠤᠨ ᠪᠢᠯᠢᠭ ᠤᠨ  ᠭᠡᠷᠡᠯ   ᠳᠤ  ᠲᠦᠳᠡᠬᠡᠨ ᠵᠠᠭᠤᠷ᠎ᠠ ᠶᠢᠨ ᠬᠤᠪᠢᠷᠠᠯᠳᠠ ᠭᠠᠷᠴᠦ ᠲᠤᠤᠷ᠎ᠠ ᠡᠨᠧᠷᠬᠢ ᠠᠴᠠ ᠲᠡᠭᠡᠷ᠎ᠡ ᠡᠨᠧᠷᠬᠢ  ᠵᠦᠭ ᠰᠢᠯᠵᠢᠵᠦ᠂ ᠦᠪᠡᠷ ᠦᠪᠡᠷ ᠤᠨ ᠰᠤᠷᠢᠨᠵᠢᠨ ᠤᠷᠤᠨ ᠵᠦᠭ  ᠰᠢᠯᠵᠢᠵᠦ ᠠᠯᠭᠤᠷ ᠢᠶᠠᠷ ᠠᠷᠢᠯᠵᠤ ᠤᠤᠯ ᠤᠨ ᠪᠠᠶᠢᠳᠠᠯ ᠲᠠᠭᠠᠨ ᠤᠷᠤᠳᠠᠭ᠃ ᠬᠦᠮᠦᠨ ᠪᠡᠶ᠎ᠡ ᠬᠢᠭᠡᠳ ᠬᠤᠷᠢᠨ ᠲᠦᠷᠪᠡᠨ ᠤᠯᠠᠷᠢᠯ ᠤᠨ ᠲᠤᠬᠠᠢ ᠮᠡᠳᠡᠳᠡᠭ ᠢᠶᠠᠨ ᠮᠡᠷᠭᠡᠯᠡᠵᠦ ᠶᠠᠷᠢᠪᠠᠯ ᠬᠦᠮᠦᠨ ᠤ ᠬᠦᠵᠦᠬᠦᠨ ᠶᠠᠰᠤ 7 ᠭᠡᠰᠡᠭ᠂ ᠴᠡᠭᠡᠵᠢ ᠶᠢᠨ ᠶᠠᠰᠤ 12 ᠭᠡᠰᠡᠭ᠂ ᠨᠢᠷᠤᠭᠤᠨ ᠶᠠᠰᠤ 5 ᠬᠡᠰᠡᠭ᠂ ᠨᠠᠶᠢᠳᠡ ᠬᠤᠷᠢᠨ ᠲᠦᠷᠪᠡᠨ ᠬᠡᠰᠡᠭ ᠭᠡᠵᠦ ᠶᠠᠷᠢᠳᠠᠭ᠃ ᠲᠠᠬᠢᠪᠠᠯ ᠬᠦᠮᠦᠨ ᠪᠡᠶ᠎ᠡ ᠶᠢᠨ 12 ᠰᠤᠳᠠᠯ ᠬᠢᠭᠡᠳ 12  ᠴᠤᠯᠤ   ᠨᠢ ᠬᠠᠷᠢᠯᠴᠠᠨ ᠨᠦᠬᠦᠴᠡᠯᠳᠦᠵᠦ ᠬᠤᠷᠢᠨ ᠲᠦᠷᠪᠡᠨ ᠤ ᠲᠤᠭ᠎ᠠ ᠶᠢ ᠬᠦᠢᠴᠡᠭᠡᠬᠦ ᠮᠦᠷᠳᠡᠭᠡᠨ  ︽ᠬᠦᠮᠦᠨᠨ ᠤ ᠪᠡᠶ᠎ᠡ ᠬᠤᠷᠢᠨ ᠲᠦᠷᠪᠡᠨ ᠤᠯᠠᠷᠢᠯ ᠲᠠᠢ ᠵᠤᠬᠢᠴᠠᠳᠠᠭ︾ ᠲᠤᠬᠠᠢ ᠵᠤᠬᠢᠶᠠᠯ ᠢ  ᠬᠠᠷᠠᠵᠤ ᠪᠠᠶᠢᠭᠰᠠᠨ ᠴᠦ ᠲᠦᠷᠪᠡᠯᠵᠢᠨ ᠦᠰᠦᠭ ᠢ  ᠨᠢ ᠤᠶᠢᠯᠭᠠᠬᠤ ᠦᠭᠡᠢ᠂  ᠲᠤᠰᠬᠠᠢ ᠮᠡᠷᠭᠡᠵᠢᠯ ᠢ   ᠨᠢ ᠲᠦᠭᠦᠭᠡᠷᠡᠬᠦ ᠦᠭᠡᠢ ᠲᠡᠭᠡᠨ ᠬᠠᠶᠠᠵᠤ ᠤᠷᠬᠢᠭᠰᠠᠨ ᠳᠠᠭᠠᠨ ᠬᠠᠷᠠᠮᠰᠠᠵᠤ ᠪᠠᠶᠢᠨ᠎ᠠ᠃   ᠡᠭᠦᠨ  ᠲᠤᠬᠠᠢ ᠨᠠᠭᠤᠨᠪᠢᠯᠢᠭ᠌ ᠪᠠᠭᠰᠢ ᠶᠢᠨ ᠶᠠᠷᠢᠶᠠᠨ ᠠᠴᠠ ᠶᠠᠮᠠᠷ ᠨᠢᠭᠡᠨ ᠬᠠᠷᠢᠭᠤᠯᠳᠠ ᠤᠯᠬᠤ ᠶᠢ ᠬᠦᠰᠡᠵᠦ ᠲᠠᠬᠢᠨ ᠨᠠᠷᠢᠪᠴᠢᠯᠠᠨ ᠰᠤᠨᠤᠰᠪᠠᠯ ᠲᠤᠳᠤᠷᠬᠠᠢ ᠰᠠᠶᠢᠬᠠᠨ ᠬᠠᠷᠢᠭᠤᠯᠳᠠ  ᠬᠠᠷᠠᠭᠳᠠᠭᠰᠠᠨ ᠦᠭᠡᠢ ᠴᠦ ︽ᠬᠦᠮᠦᠨ ᠬᠢᠭᠡᠳ ᠤᠷᠴᠢᠯᠠᠩ ᠲᠠᠢ ᠨᠢᠭᠡ ᠪᠦᠬᠦᠯᠢ ᠴᠤᠭᠴᠠ︾ ᠬᠡᠮᠡᠬᠦ ᠦᠵᠡᠯᠳᠡ ᠪᠠᠨ  ᠲᠤᠳᠤᠷᠬᠠᠢ ᠶᠠᠷᠢᠭᠰᠠᠨ᠃ ᠬᠦᠮᠦᠨ ᠤᠷᠴᠢᠯᠠᠩ ᠤᠨ ᠨᠢᠭᠡᠨ ᠲᠦᠢᠯ ᠤᠨ  ᠵᠢᠵᠡᠭ ᠪᠦᠷᠢᠯᠳᠡᠭᠦᠨ ᠪᠤᠯᠤᠭᠰᠠᠨ ᠤ ᠬᠤᠪᠢ ᠳᠤ ᠲᠡᠭᠦᠨ ᠲᠠᠢ ᠨᠢᠭᠡᠨ ᠴᠤᠭᠴᠠ ᠭᠡᠵᠦ ᠶᠠᠷᠢᠬᠤ ᠳᠤ ᠬᠠᠷᠢᠨ ᠲᠤᠩ ᠶᠡᠭᠡ ᠠᠤᠭ᠎ᠠ ᠪᠠᠶᠢᠷᠢᠨ ᠳᠤ ᠲᠠᠯᠪᠢᠭᠰᠠᠨ ᠰᠢᠦᠬᠠᠨ ᠰᠠᠨᠠᠨᠳᠠᠭᠰᠠᠨ ᠴᠦ  ᠦᠨᠡᠨ ᠲᠡᠭᠡᠨ ᠬᠦᠮᠦᠨ ᠬᠢᠭᠡᠳ ᠤᠷᠴᠢᠯᠠᠩ ᠨᠢᠭᠡᠨ ᠰᠠᠯᠬᠤ ᠳᠤ ᠪᠡᠷᠭᠡ ᠨᠢᠭᠡᠨ ᠴᠤᠭᠴᠠ ᠠᠵᠠᠢ ᠃ ᠨᠠᠷᠠᠨ ᠤ ᠡᠷᠬᠢᠯᠳᠠ᠂ ᠰᠠᠷᠠᠨ ᠤ ᠬᠤᠪᠢᠷᠠᠯᠳᠠ ᠨᠢ ᠬᠦᠮᠦᠨ ᠲᠦᠷᠦᠯᠬᠢᠳᠡᠨ᠂ ᠲᠡᠯᠡᠬᠡᠢ ᠶᠢᠨ ᠪᠦᠮᠪᠤᠷᠴᠡᠩ᠂ ᠪᠠᠶᠢᠭᠠᠯᠢ ᠬᠤᠷᠸ᠎ᠠ ᠳᠤ ᠰᠢᠭᠤᠳ ᠪᠤᠶᠤ ᠲᠠᠮ ᠤᠨ ᠨᠦᠯᠦᠭᠡ ᠦᠵᠡᠭᠦᠯᠦᠭᠰᠡᠭᠡᠷ ᠢᠷᠡᠭᠰᠡᠨ ᠭᠡᠳᠡᠭ ᠢ ᠬᠦᠮᠦᠨ ᠪᠦᠬᠦᠨ ᠮᠡᠳᠡᠷᠡᠳᠡᠭ᠂ ᠡᠭᠦᠨ ᠤ ᠵᠠᠷᠢᠮ ᠨᠢ ᠨᠢᠳᠦᠨ ᠳᠤ ᠬᠠᠷᠠᠭᠳᠠᠵᠤ ᠰᠡᠷᠡᠯ ᠳᠤ ᠮᠡᠳᠡᠷᠭᠳᠡᠳᠡᠭ᠃ ᠬᠠᠮᠤᠭ ᠪᠤᠳᠠᠳᠠᠢ  ᠨᠢ ᠭᠡᠪᠡᠯ ᠨᠠᠷᠠᠨ ᠤ ᠡᠷᠬᠢᠯᠳᠡ ᠠᠴᠠ ᠪᠤᠯᠵᠤ ᠠᠭᠤᠷ ᠠᠮᠢᠰᠬᠤᠯ ᠬᠦᠢᠳᠡᠷᠡᠵᠦ ᠲᠤᠯᠠᠭᠠᠷᠠᠬᠤ ᠵᠡᠷᠭᠡ ᠠᠰᠠᠭᠤᠳᠠᠯ ᠪᠤᠯᠤᠨ᠎ᠠ᠃ ᠦᠨᠡᠨ ᠲᠡᠭᠡᠨ ᠨᠠᠷᠠᠨ ᠤ ᠡᠷᠬᠢᠯᠳᠡ ᠬᠢᠭᠡᠳ ᠲᠡᠯᠡᠬᠡᠢ ᠶᠢᠨ ᠪᠦᠮᠪᠤᠷᠴᠡᠭ   ᠤᠨ ᠡᠷᠬᠢᠯᠳᠡ᠂ ᠤᠷᠴᠢᠯᠠᠩ  ᠤᠨ  ᠬᠤᠪᠢᠷᠠᠯᠳᠠ ᠬᠦᠮᠦᠨ ᠪᠡᠶ᠎ᠡ ᠶᠢᠨ ᠭᠠᠳᠠᠭᠠᠳᠤ ᠰᠡᠷᠡᠯ ᠢ ᠰᠢᠭᠤᠳ ᠨᠦᠯᠦᠭᠡᠯᠡᠬᠦ ᠪᠠᠷ ᠪᠠᠷᠠᠬᠤ ᠦᠭᠡᠢ ᠲᠤᠳᠤᠭᠠᠳᠤ  ᠶᠢᠷᠢᠳᠢᠨᠴᠦ ᠶᠢ ᠰᠢᠭᠤᠳ ᠨᠦᠯᠦᠭᠡᠯᠡᠳᠡᠭ ᠶᠤᠮ ᠪᠠᠶᠢᠨ᠎ᠠ᠂ ᠡᠭᠦᠨ ᠤ ᠲᠤᠬᠠᠢ ᠲᠦᠪ ᠤᠨ  ᠲᠦᠷᠪᠡᠳᠦᠭᠡᠷ ᠰᠤᠪᠠᠭ ᠤᠨ  ᠨᠢᠭᠡ ᠦᠭᠦᠯᠡᠮᠵᠢ ᠳᠤ ︽ᠰᠠᠷᠠᠨ ᠤ ᠡᠷᠬᠢᠯᠳᠡ ᠡᠮ᠎ᠡ  ᠬᠦᠢᠰᠦᠲᠡᠨ ᠤ  ᠹᠢᠴᠤᠯᠤᠬᠢ  ᠳᠤ ᠮᠡᠳᠡᠭᠳᠡᠮ᠎ᠡ ᠨᠦᠯᠦᠭᠡ ᠭᠠᠷᠭᠠᠳᠠᠭ︾ ᠭᠡᠵᠦ ᠶᠠᠷᠢᠭᠰᠠᠨ ᠮᠦᠷᠳᠡᠭᠡᠨ ᠵᠢᠰᠢᠶ᠎ᠡ ᠲᠤᠷᠠᠳᠤᠭᠰᠠᠨ ᠪᠠᠶᠢᠳᠠᠭ᠂ ᠦᠳᠡᠯᠵᠦ ᠮᠤᠨᠤᠬᠤ ᠶᠢᠨ ᠡᠷᠭᠡᠨ ᠳᠤ ᠬᠡᠨ ᠶᠠᠷᠢᠭᠰᠠᠨ᠂  ᠶᠠᠮᠠᠷ ᠭᠠᠷᠴᠠᠭ ᠲᠠᠢ᠂ ᠶᠠᠮᠠᠷ ᠰᠡᠳᠦᠪ ᠲᠠᠢ ᠦᠭᠦᠯᠡᠮᠵᠢ ᠭᠡᠳᠡᠭ ᠢ   ᠨᠢ ᠶᠠᠭ ᠮᠠᠷᠳᠠᠵᠠᠢ᠂ ᠬᠠᠮᠤᠭ ᠪᠦᠬᠦᠨ ᠳᠤ ᠬᠢᠨᠠᠮᠠᠭᠠᠢ ᠴᠢᠷᠠᠶᠢᠯᠠᠨ ᠪᠢᠷ ᠡᠷᠭᠦᠵᠦ ᠲᠡᠮᠳᠡᠭᠯᠡᠯ ᠬᠢᠳᠡᠭ ᠬᠦᠮᠦᠨ ᠪᠤᠯᠵᠤ ᠬᠤᠪᠢᠷᠠᠬᠤ ᠨᠢ ᠶᠤᠮ ᠪᠠᠶᠢᠨ᠎ᠠ᠃        ᠠᠮᠤᠭᠤᠯᠠᠩ ᠭᠤᠸᠠᠢ ᠶᠢᠨ ᠬᠦᠳᠦᠯᠦᠭᠡ ᠪᠠᠷ ᠬᠢᠭᠰᠡᠨ ᠡᠨᠡᠬᠦ ᠰᠤᠷᠪᠤᠯᠵᠢᠯᠭ᠎ᠠ ᠳᠤ ᠨᠡᠶᠢᠳᠡ  ᠵᠢᠷᠭᠤᠭᠠᠨ ᠪᠤᠳᠠᠳᠠᠢ ᠡᠳᠦᠷ ᠬᠤᠭᠤᠴᠠᠭ᠎ᠠ ᠬᠤᠯᠪᠤᠭᠳᠠᠵᠤ  ᠂ ᠬᠠᠮᠤᠭ ᠰᠡᠬᠦᠯ ᠤᠨ ᠬᠢᠨᠢ ᠲᠠᠷᠦᠢ ᠲᠡᠮᠦᠷᠴᠡᠴᠡᠭ ᠤᠨ  ᠵᠤᠭᠠᠴᠠᠯ  ᠤᠨ ᠭᠠᠵᠠᠷ ᠠᠴᠠ ᠡᠬᠢᠯᠡᠯᠳᠡ ᠶᠢᠨ ᠨᠠᠶᠢᠷ ᠪᠤᠯᠤᠨ᠎ᠠ᠂ ᠡᠨᠡᠬᠦ ᠨᠠᠶᠢᠷ 7 ᠰᠠᠷᠠᠶᠢᠨ 16 ᠳᠤ ᠶᠠᠪᠤᠭᠳᠠᠵᠠᠢ᠃ ᠵᠢᠭᠠᠬᠠᠨ ᠴᠢᠨᠠᠭᠰᠢ ᠠᠵᠢᠭᠯᠠᠪᠠᠯ ᠡᠨᠡᠬᠦ ᠨᠠᠶᠢᠷ ᠨᠢ ᠡᠪᠡᠳᠴᠢᠨ ᠡᠳᠡᠭᠡᠷᠡᠭᠰᠡᠨ ᠢᠶᠠᠨ ᠪᠡᠯᠡᠭᠯᠡᠬᠦ ᠰᠢᠨᠵᠢ ᠲᠠᠢ ᠪᠤᠯᠪᠠᠴᠦ ᠡᠪᠡᠳᠴᠢᠨ ᠡᠬᠢᠯᠡᠵᠦ  ᠡᠮᠨᠡᠬᠦᠯᠬᠦ ᠲᠠᠢ ᠲᠤᠶᠢᠯ ᠤᠨ ᠴᠢᠬᠤᠯᠠ ᠬᠤᠯᠪᠤᠭ᠎ᠠ ᠦᠭᠡᠢ᠃  ᠡᠨᠡᠬᠦ ︽ᠨᠡᠶᠢᠳᠡᠯᠡᠯ︾ ᠭᠡᠮᠡᠷ ᠶᠠᠭᠤᠮ᠎ᠠ  ᠶᠢ ᠬᠡᠷᠪᠡ ᠪᠦᠷᠢᠮᠦᠰᠤᠨ ᠪᠠᠳᠤᠳᠠᠢ ᠤᠨᠤᠯ ᠦᠢᠯᠡᠳᠦᠯᠭᠡ ᠶᠢᠨ ᠰᠠᠭᠤᠷᠢ ᠵᠤᠬᠢᠶᠠᠯ ᠪᠤᠯᠭᠠᠨ ᠪᠢᠴᠢᠶ᠎ᠡ ᠭᠡᠪᠡᠯ ᠨᠠᠭᠤᠨᠪᠢᠯᠢᠭ᠌ ᠪᠠᠭᠰᠢ ᠶᠢᠨ  ᠡᠪᠡᠳᠴᠢᠨ ᠡᠳᠡᠭᠡᠷᠡᠭᠦᠯᠦᠭᠰᠡᠨ ᠨᠡᠩ ᠤᠯᠠᠨ ᠪᠤᠳᠠᠳᠦ ᠵᠢᠰᠢᠶ᠎ᠡ ᠪᠠ ᠭᠡᠷᠡᠯᠳᠦ ᠹᠢᠯᠢᠮ ᠢ  ᠰᠤᠨᠢᠷᠬᠠᠵᠤ ᠦᠵᠡᠪᠡᠯ ᠰᠠᠶᠢᠨ ᠪᠢᠯᠡ᠂ ᠭᠡᠳᠡᠯ᠎ᠡ ᠤᠳᠤᠬᠠᠨ ᠲᠡᠶᠢᠮᠦᠷᠭᠦᠨ ᠪᠤᠯᠤᠮᠵᠢ ᠬᠠᠷᠠᠬᠠᠨ ᠪᠠᠶᠢᠭ᠎ᠠ ᠦᠭᠡᠢ᠃ ᠡᠶᠢᠮᠦ ᠠᠴᠠ ᠶᠠᠮᠠᠷ ᠨᠢᠭᠡᠨ ᠭᠡᠨᠡᠳᠳᠡ ᠶᠢᠨ ᠴᠢᠨᠠᠷᠳᠠᠢ ᠴᠠᠭ ᠬᠤᠭᠤᠴᠠᠭ᠎ᠠ ᠶᠢᠨ  ᠤᠴᠠᠷᠠᠯ ᠪᠠᠶᠢᠵᠤ ᠮᠡᠳᠡᠬᠦ ᠶᠤᠮ᠂ ᠰᠦᠯᠵᠢᠶ᠎ᠡ ᠪᠤᠯᠬᠤᠷ ᠴᠢᠯᠦᠭᠡᠳᠠᠢ ᠰᠡᠳᠬᠢᠵᠦ ᠪᠢᠴᠢᠯ᠎ᠡ᠂  ᠡᠷᠬᠢᠮ ᠨᠠᠶᠢᠵᠠ ᠨᠠᠷ ᠪᠤᠯᠭᠤᠭᠠᠨ ᠤᠩᠰᠢᠭᠠᠷᠠᠢ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号