ᠮᠤᠩᠭᠤᠯ ᠭᠠᠵᠠᠷ ᠤᠨ  ᠵᠠᠷᠢᠮ ᠠᠭᠤᠯᠠ ᠤᠰᠤᠨ ᠤ ᠨᠡᠷ᠎ᠡ  ᠨᠢ  ᠤᠤᠯ ᠳᠠᠭᠠᠨ  ᠪᠠᠷᠳᠠᠮ ᠲᠤᠭᠰᠢᠨ  ᠪᠠᠶᠢᠭᠰᠠᠨ ᠲᠤᠬᠠᠢ  ᠬᠦᠨᠳᠡᠭᠡᠨ ᠦᠭᠦᠯᠡᠬᠦ ᠨᠢ
ᠨᠡᠶᠢᠲᠡᠯᠡᠭᠰᠡᠨ ᠴᠠᠭ᠄
2020/12/30
 —— ᠪᠠᠷᠳᠠᠮ ᠬᠠᠷ᠎ᠠ  ᠴᠤᠤᠷᠠᠢ  ᠲᠠᠪᠴᠠᠩ  ᠡᠬᠢᠯᠡᠬᠦ  ᠤᠨᠢᠭᠠᠨ ᠲᠡᠭᠡᠷ᠎ᠡ ᠨᠢᠭᠡ  ᠄ ᠡᠮᠦᠨᠡᠬᠢ ᠦᠭᠡ   ᠮᠤᠩᠭᠤᠯ ᠦᠭᠡᠨ ᠳᠤ  ︽ᠤᠯᠪᠤᠭ ᠴᠤᠭᠤᠷᠳᠠᠯ᠎ᠠ ᠰᠠᠭᠤᠭᠰᠠᠨ  ᠮᠡᠷᠭᠡᠨ ᠠᠴᠠ  ᠂ ᠤᠯᠠᠨ ᠢ  ᠲᠤᠭᠤᠷᠢᠭᠰᠠᠨ ᠮᠤᠩᠬᠠᠭ  ︾  ᠭᠡᠳᠡᠭ ᠮᠡᠷᠭᠡᠨ ᠦᠭᠡ ᠪᠠᠶᠢᠳᠠᠭ᠂  ᠪᠢ ᠦᠨᠡᠨ ᠲᠡᠭᠡᠨ  ︽ᠤᠯᠪᠤᠭ ᠴᠤᠭᠤᠷᠳᠠᠯ᠎ᠠ ᠰᠠᠭᠤᠭᠰᠠᠨ  ᠮᠤᠩᠬᠠᠭ  ︾ ᠤᠨ  ᠨᠢᠭᠡᠨ ᠪᠢᠯᠡ  ᠃  ᠭᠡᠳᠡᠯ᠎ᠡ  ︽ ᠪᠠᠷᠳᠠᠮ ᠬᠠᠷ᠎ᠠ   ᠸᠧᠢᠴᠠᠲ ᠲᠠᠪᠴᠠᠩ  ︾ ᠤᠨ  ᠪᠦᠷᠢᠯᠳᠤᠨ  ᠨᠡᠶᠢᠯᠡᠬᠦ ᠬᠤᠭᠤᠴᠠᠭᠠᠨ ᠳᠤ  ᠤᠯᠠᠨ ᠤ ᠲᠤᠮᠳᠠ ᠰᠠᠨᠠᠮᠰᠠᠷ ᠦᠭᠡᠢ   ᠪᠠᠷ ︽  ᠮᠤᠩᠭᠤᠯ ᠤᠷᠤᠨ ᠤ  ᠵᠠᠷᠢᠮ ᠠᠭᠤᠯᠠ ᠤᠰᠤᠨ ᠤ ᠨᠡᠷ᠎ᠡ   ᠨᠢ  ᠣᠣᠯ ᠳᠠᠭᠠᠨ  ᠪᠠᠷᠳᠠᠮ ᠲᠤᠭᠰᠢᠨ ᠴᠢᠨᠠᠷᠳᠠᠢ ᠪᠠᠶᠢᠭᠰᠠᠨ ᠢᠶᠠᠨ  ᠠᠭᠠᠵᠢᠮ  ᠢᠶᠠᠷ ᠤᠶᠠᠨ ᠵᠦᠭᠡᠯᠡᠨ ᠨᠠᠶᠢᠷᠰᠠᠭ  ᠪᠤᠯᠵᠤ ᠬᠤᠪᠢᠷᠠᠭᠰᠠᠨ  ︾ ᠭᠡᠵᠦ  ᠶᠠᠷᠢᠭᠰᠠᠨ  ᠮᠢᠨᠢ  ᠨᠠᠷᠢᠨ ᠪᠢᠴᠢᠭ ᠤᠨ  ᠲᠠᠷᠤᠭ᠎ᠠ  ᠬᠦᠪᠴᠢᠨ᠂ ᠨᠤᠳᠤᠭ  ᠵᠡᠷᠭᠡ   ᠵᠠᠯᠠᠭᠤ ᠡᠷᠳᠡᠮᠳᠡᠳ   ᠲᠤ ᠶᠡᠭᠡᠳᠡ ᠲᠠᠭᠠᠯᠠᠭᠳᠠᠨ ᠨᠠᠳᠠᠳᠤ ᠲᠠᠷᠦᠶᠢᠬᠠᠨ  ᠵᠤᠬᠢᠶᠠᠯ ᠪᠢᠴᠢᠬᠦ ᠡᠭᠦᠷᠭᠡ  ᠲᠤᠰᠢᠶᠠᠭᠰᠠᠨ  ᠃  ᠲᠡᠷᠡ  ᠬᠡᠳᠦᠶᠢᠪᠡᠷ  ᠴᠢᠩᠭ᠎ᠠ ᠲᠠᠳᠠᠭᠠᠯᠵᠠᠭᠰᠠᠨ ᠴᠦ  ᠬᠠᠰᠢᠯᠠ ᠬᠦᠯᠢᠶᠡᠵᠤ ᠠᠪᠤᠭᠰᠠᠨ  ᠂  ᠤᠴᠠᠷ ᠨᠢ  ᠡᠨᠡᠬᠦ  ᠬᠤᠯᠪᠤᠭᠠᠨ ᠳᠤ  ᠪᠢ  ᠬᠠᠮᠤᠭ ᠤᠨ  ᠠᠬᠠᠮᠠᠳ   ᠨᠢ   ᠪᠤᠯᠤᠨ᠎ᠠ  ᠃  ᠡᠨᠡᠬᠦ  ᠵᠦᠢᠯ ᠤᠨ  ᠲᠤᠬᠠᠢ ᠵᠤᠬᠢᠶᠠᠯ ᠪᠢᠴᠢᠬᠦ ᠳᠤ  ᠶᠡᠷᠦᠨᠢ ᠬᠦᠴᠢᠷᠳᠠᠢ ᠰᠠᠨᠠᠭᠳᠠᠵᠤ ᠶᠠᠮᠠᠷ ᠨᠢᠭᠡ ᠦᠭᠦᠯᠡᠯ ᠤᠨ  ᠬᠡᠮᠵᠢᠶ᠎ᠡ ᠪᠠᠷ ᠪᠢᠴᠢᠬᠦ  ᠭᠡᠪᠡᠯ ᠬᠡᠳᠦᠨ ᠵᠢᠯ ᠤᠨ  ᠬᠤᠭᠤᠴᠠᠭ᠎ᠠ  ᠭᠡᠷᠡᠭᠰᠡᠵᠦ  ᠾᠦᠩᠨᠤ  ᠂  ᠰᠢᠶᠠᠨᠪᠢ   ᠠᠴᠠ  ᠡᠬᠢᠯᠡᠵᠦ  ᠮᠢᠩ᠂ ᠴᠢᠩ᠂ ᠮᠤᠩᠭᠤᠯ  ᠦᠶ᠎ᠡ ᠶᠢᠨ  ᠲᠡᠦᠭᠡᠨ ᠨᠤᠮ ᠢ  ᠱᠦᠭᠦᠨ ᠤᠩᠰᠢᠬᠤ ᠴᠢᠬᠤᠯᠠᠳᠠᠢ  ᠮᠦᠷᠳᠡᠭᠡᠨ  ᠦᠷᠭᠡᠨ ᠲᠡᠯᠭᠡᠷ  ᠭᠠᠵᠠᠷ ᠵᠦᠢ ᠶᠢᠨ  ᠮᠡᠳᠡᠯᠭᠡ  ᠬᠡᠷᠡᠭᠰᠡᠨ᠎ᠡ᠃ ᠲᠤᠭᠳᠠᠬᠤ ᠪᠠᠭᠰᠢ ᠶᠢᠨ ︽  ᠢᠰᠡᠭᠡᠢ ᠲᠤᠭᠤᠷᠭᠠᠳᠠᠨ ᠤ ᠲᠡᠦᠭᠡ  ︾ ᠶᠢ ᠤᠷᠪᠠᠭᠤᠯᠤᠨ  ᠭᠡᠳᠦᠨ ᠨᠡᠷ᠎ᠡ ᠤᠯᠤᠭᠰᠠᠨ ᠪᠤᠯᠪᠠᠴᠦ  ᠤᠳᠤᠬᠠᠨ ᠤ  ᠬᠢᠨᠢ ᠨᠡᠷ᠎ᠡ ᠲᠠᠢ  ᠬᠤᠯᠪᠤᠵᠤ ᠪᠠᠳᠤᠯᠠᠵᠤ ᠴᠢᠳᠠᠬᠤ ᠦᠭᠡᠢ ᠳᠡᠭᠡᠨ  ᠴᠢᠭᠯᠡᠯ ᠢ   ᠪᠠᠨ ᠤᠷᠬᠢᠵᠤ ᠯᠢᠶᠤᠤ ᠤᠯᠤᠰ  ᠂  ᠮᠢᠩ ᠤᠯᠤᠰ ᠤᠨ   ᠲᠡᠦᠭᠡᠨ ᠳᠤ  ᠰᠢᠷᠪᠢᠨ ᠤᠩᠰᠢᠯᠳᠡ ᠬᠢᠵᠤ  ᠠᠵᠢᠯ   ᠢᠶᠠᠨ ᠡᠬᠢᠯᠡᠭᠰᠡᠨ᠃ ᠬᠡᠳᠦᠭᠡᠨ ᠡᠳᠦᠷ  ᠤᠨ   ᠴᠠᠭ ᠲᠤ ᠬᠡᠳᠦᠨ ᠵᠠᠭᠤᠨ ᠤ  ᠲᠡᠦᠭᠡ ᠶᠢ ᠤᠩᠰᠢᠨ  ᠪᠤᠯᠪᠠᠰᠤᠷᠠᠭᠤᠯᠵᠤ ᠴᠢᠳᠠᠬᠤ ᠭᠡᠳᠡᠭ ᠨᠢ ᠪᠠᠳᠤᠳᠠᠢ᠃ ᠢᠨᠬᠢᠬᠦ ᠳᠤ  ᠵᠤᠬᠢᠶᠠᠯ ᠪᠤᠯᠵᠤ ᠲᠡᠶᠢᠯᠬᠦ ᠦᠭᠡᠢ  ᠂ ᠵᠦᠪᠭᠡᠨ   ︽ᠵᠤᠬᠢᠶᠠᠯ  ︾ ᠤᠨ  ᠪᠠᠷᠢᠮᠵᠢᠶ᠎ᠠ ᠪᠠᠷ ᠤᠩᠰᠢᠬᠤ  ᠶᠢ ᠲᠠ ᠨᠠᠷ ᠲᠠᠭᠠᠨ  ᠨᠠᠶᠢᠳᠠᠨ᠎ᠠ᠃   ᠮᠡᠳᠡᠯᠭᠡ ᠶᠢᠨ  ᠴᠠᠷ᠎ᠠ ᠬᠦᠷᠢᠶᠡᠨ   ᠳᠤ ᠪᠠᠷᠢᠭᠳᠠᠨ ᠤᠳᠤᠬᠠᠨ ᠤ ᠪᠠᠭᠠᠷᠢᠨ ᠤ  ᠬᠢᠵᠠᠭᠠᠷ ᠪᠠᠷ ᠭᠤᠤᠯ ᠪᠤᠯᠭᠠᠨ ᠮᠡᠳᠡᠳᠡᠭ ᠵᠦᠢᠯ   ᠢᠶᠠᠷ ᠵᠢᠱᠢᠶ᠎ᠠ ᠲᠠᠳᠠᠵᠤ  ᠶᠠᠷᠢᠬᠤ ᠪᠤᠯᠤᠨ᠎ᠠ᠂  ᠦᠵᠡᠬᠦ ᠮᠡᠷᠭᠡᠳ  ᠤᠩᠰᠢᠨ ᠪᠤᠯᠭᠤᠭᠠᠵᠤ  ᠨᠡᠮᠡᠯᠳᠡ  ᠵᠠᠰᠠᠯᠳᠠ ᠬᠢᠵᠤ ᠦᠭᠬᠦ ᠶᠢ ᠤᠷᠢᠳᠠᠪᠡᠷ  ᠬᠦᠰᠡᠬᠦ ᠶᠢᠨ  ᠬᠠᠮᠳᠤ ᠬᠤᠵᠢᠮ ᠠᠯᠢ ᠨᠢᠭᠡᠨ ᠬᠡᠦᠭᠡᠳ ᠲᠡᠭᠦᠦ ᠡᠨᠡᠬᠦ ᠴᠢᠭᠯᠡᠯ   ᠢᠶᠠᠷ ᠰᠤᠳᠤᠯᠵᠤ  ᠴᠤᠬᠤᠮ ᠶᠤᠰᠤᠳᠠᠢ ᠦᠭᠦᠯᠡᠯ ᠪᠢᠴᠢᠬᠦ ᠶᠢ ᠨᠠᠶᠢᠳᠠᠵᠤ  ᠪᠠᠶᠢᠨ᠎ᠠ᠂  ᠮᠢᠨᠦ ᠬᠤᠪᠢᠨ ᠳᠤ  ᠦᠪᠡᠷ ᠤᠨ   ᠢᠶᠠᠨ ᠰᠡᠳᠤᠭ᠍ᠰᠡᠨ  ᠲᠤᠷᠠᠳᠤᠭᠰᠠᠨ ᠪᠢᠴᠢᠭᠰᠡᠨ‌ᠵᠦ᠋ᠢᠯ ᠳᠤ ᠪᠠᠨ ᠬᠠᠨᠤᠮᠵᠢ ᠦᠭᠡᠢ ᠠᠴᠠ  ᠭᠠᠳᠠᠨ᠎ᠠ ᠶᠠᠮᠠᠷ ᠨᠢᠭᠡᠨ ᠬᠡᠪᠯᠡᠯ ᠤᠨ  ᠡᠷᠭᠡ  ᠂  ᠮᠡᠳᠡᠯᠭᠡ ᠶᠢᠨ  ᠡᠷᠭᠡ ᠭᠡᠵᠦ ᠪᠠᠶᠢᠳᠠᠭ  ᠦᠭᠡᠢ  ᠭᠡᠳᠡᠭ   ᠢᠶᠠᠨ  ᠢᠯᠡᠷᠡᠭᠡᠶᠢᠯᠡᠰᠦᠭᠡᠢ᠃   ᠬᠤᠶᠠᠷ  ᠄ ᠮᠤᠩᠭᠤᠯ ᠤᠷᠤᠨ ᠤ  ᠪᠠᠷᠳᠠᠮ ᠲᠤᠭᠰᠢᠨ ᠨᠡᠷᠡᠰ ᠤᠨ  ᠲᠤᠬᠠᠢ  ᠲᠤᠶᠢᠮᠦ ᠤᠳᠤᠬᠠᠨ   ᠤ   ᠮᠤᠩᠭᠤᠯ ᠤᠷᠤᠨ ᠳᠤ    ︽ᠪᠠᠶᠠᠨ  ︾  ᠂  ︽ᠰᠠᠶᠢᠬᠠᠨ  ︾  ᠂ ︽ᠰᠠᠶᠢᠨ  ︾   ︽ᠴᠠᠭᠠᠨ  ︾ ᠵᠡᠷᠭᠡ   ᠪᠠᠷ  ᠲᠤᠳᠤᠤᠬᠠᠯ ᠲᠤᠯᠤᠭᠠᠢ  ᠪᠤᠯᠭᠠᠭᠰᠠᠨ  ᠠᠭᠤᠯᠠᠨ ᠤᠰᠤᠨ ᠤ  ᠨᠡᠷ᠎ᠡ  ᠤᠯᠠᠰᠢᠷᠠᠵᠠᠢ  ᠃  ᠲᠡᠭᠡᠬᠦ   ᠳᠤ  ᠡᠳᠡᠭᠡᠷ ᠭᠠᠵᠠᠷ ᠤᠷᠤᠨ ᠤ  ᠤᠤᠯ ᠨᠡᠷ᠎ᠡ ᠨᠢ  ᠬᠠᠷᠢᠨ ᠪᠠᠷᠳᠠᠮ ᠲᠤᠭᠰᠢᠨ ᠴᠢᠨᠠᠷᠳᠠᠢ ᠨᠡᠷᠡᠰ ᠪᠠᠶᠢᠭᠰᠠᠨ᠃  ᠡᠷᠳᠡᠨ ᠤ ᠰᠤᠷᠪᠤᠯᠵᠢ ᠪᠢᠴᠢᠭ ᠲᠤ  ᠦᠯᠡᠳᠡᠭᠰᠡᠨ ᠪᠤᠶᠤ ᠤᠳᠤᠬᠠᠨ ᠳᠤ  ᠦᠷᠭᠦᠯᠵᠢᠯᠡᠨ ᠭᠡᠷᠡᠭᠯᠡᠭᠳᠡᠵᠦ ᠪᠠᠶᠢᠭ᠎ᠠ  ᠵᠠᠷᠢᠮ  ᠭᠠᠵᠠᠷ ᠤᠰᠤᠨ ᠤ  ᠪᠠᠷᠳᠠᠮ ᠲᠤᠭᠰᠢᠨ ᠨᠡᠷ᠎ᠡ   ᠨᠢ ᠶᠡᠭᠡ ᠲᠦᠯᠦᠪ   ᠲᠤ  ︽ᠲᠡᠭᠷᠢ  ︾  ᠂  ︽ᠬᠠᠷ᠎ᠠ︾  ᠂ ︽  ᠪᠠᠷᠳᠠᠮ︾  ︽ᠬᠠᠯᠵᠠᠨ︾  ᠂ ︽ᠶᠡᠭᠡ︾  ᠂ ︽ᠦᠨᠳᠤᠷ  ︾  ︽ᠤᠯᠠᠭᠠᠨ︾  ︽ᠪᠤᠷᠤ︾  ᠂  ︽ᠬᠦᠢᠳᠡᠨ  ︾  ᠂ ︽ᠬᠦᠨᠳᠡᠯᠡᠨ︾  ᠂ ︽ᠬᠦᠨ  ︾᠂  ︽ᠪᠤᠬ᠎ᠠ︾  ᠂ ︽ᠪᠠᠷᠰ︾  ᠂  ︽ᠴᠢᠨ᠋ᠸ᠎ᠠ  ︾  ︿ᠠᠳᠠᠷᠭ᠎ᠠ︾ ᠵᠡᠷᠭᠡ  ᠨᠡᠷ᠎ᠡ᠂ ᠲᠡᠮᠳᠡᠭ ᠦᠭᠡ ᠪᠠᠷ ᠲᠤᠳᠤᠤᠬᠠᠯ  ᠪᠤᠯᠭᠠᠨ᠎ᠠ᠃  ᠲᠤᠤᠷ᠎ᠠ  ᠲᠤᠶᠢᠮᠦᠴᠢᠯᠠᠨ  ᠶᠠᠷᠢᠶ᠎ᠠ  ᠃  ︽ᠲᠡᠭᠷᠢ︾ ᠬᠡᠮᠡᠬᠦ ᠦᠭᠡ ᠶᠢ  ᠮᠤᠩᠭᠤᠯ ᠦᠭᠡᠨ ᠤ ᠤᠷᠬᠢᠯ ᠭᠡᠬᠦ ᠳᠤ   ᠮᠠᠷᠭᠤᠬᠤ  ᠬᠦᠮᠦᠨ ᠴᠦᠭᠡᠨ  ᠪᠠᠶᠢᠭ᠎ᠠ ᠂  ᠠᠯᠳᠠᠢ   ᠶᠢᠨ  ᠰᠦᠷᠯᠢᠭ ᠠᠭᠤᠯᠠᠰ   ᠲᠠᠢ  ᠵᠡᠷᠭᠡᠴᠨᠨ  ᠲᠤᠭᠳᠠᠨᠢᠭᠰᠠᠨ  ᠲᠡᠭᠷᠢ ᠠᠭᠤᠯᠠ   ᠲᠡᠯᠡᠬᠡᠢ   ᠶᠢᠨ  ᠲᠤᠯᠤᠭᠠᠨ  ᠶᠡᠭᠡ ᠠᠭᠤᠯᠠ  ᠨᠢᠷᠤᠭᠤᠳ ᠤᠨ  ᠨᠢᠭᠡᠨ ᠪᠤᠯᠵᠤ  ᠲᠦᠷᠪᠡᠨ ᠤᠯᠤᠰ ᠤᠨ  ᠬᠢᠯᠢ ᠶᠢ ᠬᠦᠨᠳᠡᠯᠢᠰᠤᠨ ᠰᠤᠨᠳᠠᠯᠢᠰᠴᠦ    ︽  ᠲᠡᠭᠷᠢ ᠠᠭᠤᠯᠠ︾  ᠬᠡᠮᠡᠬᠦ ᠨᠡᠷ᠎ᠡ ᠲᠡᠭᠡᠨ ᠶᠤᠰᠤᠳᠠᠢ ᠵᠤᠬᠢᠷᠠᠭᠰᠠᠨ ᠪᠠᠷᠳᠠᠮ ᠲᠡᠨᠢᠭᠡᠷ  ᠲᠤᠭᠰᠢᠨ  ᠬᠦᠴᠦᠳᠤ  ᠠᠭᠤᠯᠠ  ᠪᠤᠯᠵᠠᠢ  ᠂  ᠲᠡᠷᠡᠪᠡᠷ  ᠲᠦᠷᠪᠡᠨ ᠤᠯᠤᠰ ᠤᠨ  ᠬᠢᠯᠢ ᠶᠢ ᠬᠦᠨᠳᠡᠯᠢᠰᠤᠨ  ᠰᠤᠨᠳᠠᠯᠢᠰᠴᠦ᠂  ᠲᠡᠯᠡᠭᠡᠢ ᠶᠢᠨ  ᠲᠤᠯᠤᠭᠠᠨ ᠶᠡᠭᠡ ᠠᠭᠤᠯᠠ  ᠬᠠᠶᠢᠷᠬᠠᠨ ᠤ ᠨᠢᠭᠡᠨ  ᠪᠤᠯᠵᠤ  ᠰᠦᠨᠳᠡᠷᠡᠯᠡᠨ᠎ᠡ᠂  ᠮᠤᠩᠭᠤᠯ ᠬᠦᠮᠦᠨ ᠲᠡᠭᠦᠨ ᠢ  ᠲᠡᠭᠷᠢ ᠠᠭᠤᠯᠠ  ᠬᠡᠮᠡᠨ ᠨᠡᠷᠡᠯᠡᠭᠰᠡᠨ ᠨᠢ ᠶᠠᠮᠠᠷ ᠴᠦ  ᠤᠰᠤᠯ ᠦᠭᠡᠢ  ᠂ ᠤᠳᠤᠬᠠᠨ  ᠳᠤ ︽ᠲᠢᠶᠠᠨ ᠱᠠᠨ  ︾ ᠭᠡᠵᠦ ᠲᠤᠭᠳᠠᠨᠢᠰᠴᠦ ᠪᠤᠢ  ᠃   ︽ᠲᠡᠭᠷᠢ ᠡᠯᠡᠰᠦ  ︾  ᠤᠳᠤᠬᠠᠨ ᠤ  ᠠᠯᠠᠱᠠᠨ  ᠡᠯᠡᠰᠦᠨ ᠤ ᠨᠢᠭᠡ ᠭᠡᠰᠡᠭ ᠪᠤᠯᠵᠤ  ᠦᠪᠦᠷ ᠮᠤᠩᠭᠤᠯ ᠤᠨ  ᠪᠠᠷᠠᠭᠤᠨ ᠲᠠᠯ᠎ᠠ ᠳᠤ  ᠨᠡᠯᠦᠶᠢᠨ   ᠮᠤᠩᠭᠤᠯ  ᠨᠤᠳᠤᠭ  ᠤᠨ  ᠭᠠᠶᠢᠬᠠᠮᠰᠢᠭ  ᠰᠦᠷ   ᠢ  ᠪᠠᠳᠠᠷᠠᠭᠤᠯᠵᠤ  ᠂  ᠬᠦᠮᠦᠨ ᠪᠠᠶᠢᠭᠠᠯᠢ ᠶᠢᠨ    ᠮᠠᠷᠭᠠᠰᠢ ᠶᠢᠨ ᠲᠡᠦᠭᠡ ᠶᠢ  ᠦᠨᠦᠳᠤᠷ ᠲᠡᠯᠭᠡᠵᠤ  ᠲᠤᠯᠢᠳᠠᠨ᠎ᠠ᠃  ᠲᠡᠭᠦᠨ ᠤ ᠤᠮᠠᠷ᠎ᠠ ᠨᠢ  ︽  ᠤᠯᠠᠭᠠᠨᠪᠤᠬ᠎ᠠ ᠶᠢᠨ  ᠡᠯᠡᠰᠦ  ︾  ᠂   ᠪᠠᠳᠠᠢ ᠶᠢᠨ  ᠵᠢᠷᠡᠨ ᠤ ᠡᠯᠡᠰᠦ ᠲᠠᠢ  ᠵᠠᠬ᠎ᠠ ᠨᠡᠶᠢᠯᠡᠵᠦ ᠪᠠᠷᠳᠠᠮ ᠲᠤᠭᠰᠢᠨ  ᠮᠦᠷᠳᠡᠭᠡᠨ  ᠠᠤᠭ᠎ᠠ ᠠᠭᠤᠳᠠᠮ  ᠃  ︽ ᠪᠤᠬ᠎ᠠ  ︾ ᠨᠡᠷ᠎ᠡ ᠪᠠᠷ  ᠲᠤᠭᠰᠢᠨ ᠪᠠᠷᠳᠠᠮ  ᠭᠡᠴᠡᠭᠦᠦ  ᠪᠠᠭᠠᠳᠤᠷ ᠤᠨ  ᠢᠯᠡᠳᠭᠡᠭᠰᠡᠨ ᠨᠡᠷᠡᠰ  ᠶᠤᠸᠠᠨ ᠤᠯᠤᠰ  ᠤᠨ  ᠦᠶ᠎ᠡ ᠳᠤ ᠤᠯᠠᠨ ᠪᠠᠶᠢᠳᠠᠭ᠂  ᠲᠠᠷᠦᠢ  ︽ ᠬᠤᠸᠠᠭᠴᠢᠨᠪᠤᠬ᠎ᠠ︾  ᠂ ︽ ᠲᠡᠮᠦᠷᠪᠤᠬ᠎ᠠ︾  ︽ᠶᠢᠰᠦᠨᠪᠤᠬ᠎ᠠ  ︾ ᠭᠡᠬᠦ  ᠮᠡᠳᠦ  ᠃  ᠤᠮᠠᠷᠠᠳᠤ ᠶᠤᠸᠠᠨ ᠤ ᠬᠠᠮᠤᠭ ᠡᠴᠦᠰ ᠤᠨ  ᠨᠡᠶᠢᠰᠯᠡᠯ  ᠴᠠᠭᠠᠨ ᠬᠤᠳᠠ ᠶᠢᠨ  ᠡᠮᠦᠨ᠎ᠡ ᠡᠭᠦᠳᠡ  ᠨᠢ ᠪᠠᠰᠠ ᠨᠢᠭᠡᠨ  ︽ ᠪᠤᠬ᠎ᠠ ᠬᠠᠳᠠ  ︾   ᠶᠢ ᠢᠰᠭᠦᠯᠵᠦ ᠪᠠᠶᠢᠭᠤᠯᠵᠠᠢ᠃   ᠲᠡᠷᠡᠬᠦ ᠵᠢᠭᠠᠬᠠᠨ   ᠬᠠᠳᠠ ᠶᠢ  ᠶᠠᠮᠠᠷ  ᠨᠢᠭᠡᠨ ᠬᠦᠴᠦᠨ ᠲᠡᠯᠪᠡᠴᠡᠵᠦ ᠦᠩᠭᠡᠷᠡᠭᠰᠡᠨ  ᠤᠷᠤ ᠮᠦᠷ ᠪᠠᠳᠤᠳᠠᠢ  ᠃  ᠬᠤᠳᠠ ᠶᠢᠨ  ᠠᠷᠦ ᠨᠢ ︽ᠠᠪᠠᠭ᠎ᠠ ᠬᠠᠷ᠎ᠠ  ︾ ᠠᠭᠤᠯᠠ  ᠂ ᠯᠢᠭᠳᠡᠨ ᠪᠤᠱᠤᠭᠳᠤ ᠬᠠᠭᠠᠨ ᠠᠳᠡ ᠠᠷᠠᠢ ᠬᠤᠶᠠᠷ ᠵᠢᠯ ᠨᠤᠳᠤᠭᠰᠢᠵᠠᠢ᠃  ᠲᠡᠷᠡ  ᠲᠤᠬᠠᠢ  ︽ ᠬᠤᠤᠷᠳᠤ  ᠮᠤᠭᠠᠢ ᠶᠢᠨ   ᠭᠡᠯᠡᠨ ᠳᠤ  ᠪᠤᠰᠬᠠᠭᠰᠠᠨ  ᠮᠢᠨᠦ ᠰᠦᠮ᠎ᠡ  ᠬᠡᠳᠦᠢ ᠲᠠᠭᠠᠶ᠎ᠠ᠂  ᠬᠤᠶᠠᠷ ᠪᠤᠬ᠎ᠠ ᠶᠢᠨ  ᠡᠪᠡᠷ ᠲᠤ ᠪᠠᠶᠢᠭᠤᠯᠤᠭᠰᠠᠨ ᠴᠢᠨᠦ ᠬᠤᠳᠠ ᠬᠡᠳᠦᠢ ᠲᠠᠭᠠᠶ᠎ᠠ ᠭᠡᠰᠡᠨ︾ ᠶᠠᠷᠢᠶ᠎ᠠ ᠪᠠᠶᠢᠳᠠᠭ᠃  ᠪᠠᠷᠭᠤᠨᠰᠢᠯᠠᠪᠠᠯ  ᠮᠤᠩᠭᠤᠯ ᠨᠡᠷᠡᠰ ᠦᠭᠡᠨ ᠳᠤ  ︽ᠪᠤᠷᠦ  ︾ ᠪᠠᠷ ᠪᠠᠶᠢᠭᠠᠯᠢ ᠶᠢᠨ  ᠪᠡᠷᠭᠡ ᠪᠠᠷᠳᠠᠭ᠎ᠠ ᠶᠢ ᠢᠯᠡᠷᠡᠭᠡᠶᠢᠯᠭᠰᠡᠨ  ᠵᠢᠱᠢᠶ᠎ᠡ ᠨᠢ  ︽ ᠪᠤᠷᠦ ᠲᠤᠬᠤᠢ  ︾  ᠨᠡᠷ᠎ᠡ ᠪᠤᠢ᠂   ᠲᠤᠯᠤᠭᠠᠨ ᠭᠤᠤᠯ ᠤᠨ  ᠰᠠᠪᠠ ᠭᠠᠵᠠᠷ   ᠢ ᠬᠤᠯᠪᠤᠭᠰᠠᠨ ᠡᠨᠡᠬᠦ ᠤᠷᠤᠨ  ᠪᠤᠷᠤ  ᠦᠩᠭᠡ   ᠶᠢᠨ  ᠦᠨᠢᠶᠡᠷ ᠲᠠᠳᠠᠵᠤ᠂ ᠪᠠᠷᠠᠭᠠᠨ ᠡᠭᠦᠯᠡ  ᠲᠤᠭᠰᠢᠨ ᠪᠤᠷᠤᠭᠠᠨ ᠬᠤᠷᠠᠭᠤᠯᠤᠭᠰᠠᠨ ᠡᠨᠡᠬᠦ ᠤᠷᠤᠨ  ᠮᠤᠩᠭᠤᠯ ᠤᠨ  ᠦᠨᠳᠦᠷᠯᠢᠭ ᠪᠠ  ᠵᠦᠩ ᠶᠤᠸᠠᠨ ᠤᠷᠤᠨ ᠢ  ᠬᠤᠯᠪᠤᠨ᠎ᠠ᠃  ︽ᠪᠤᠷᠤ ᠲᠤᠬᠤᠢ  ︾ ᠦᠨᠢᠶ᠋ᠷᠳᠤ ᠡᠷᠬᠢᠨ ᠳᠤ  ᠮᠤᠳᠤᠨ ᠴᠠᠨ ᠢᠦᠢ  ᠂ ᠬᠠᠨ   ᠤ  ᠬᠠᠭᠠᠨ   ᠤ ᠪᠠᠶᠢᠯᠳᠤᠭᠠᠨ ᠶᠢᠨ  ᠦᠭᠦᠯᠡᠭᠳᠡᠨ᠎ᠡ  ᠃    ︽ᠴᠢᠦᠢ ᠪᠢᠩ ᠤᠨ  ᠴᠡᠷᠢᠭ  ᠴᠢ ᠯᠢᠶᠠᠨ ᠱᠠᠨ   ᠳᠤ  ᠬᠦᠷᠴᠦ  ︾   ︵ ︽ ᠬᠢᠳᠡᠳ ᠬᠡᠪᠯᠡᠯ   ᠤᠨ ᠬᠤᠷᠢᠨ ᠲᠦᠷᠪᠡᠨ ᠲᠡᠦᠭᠡ᠂  ᠰᠤᠳᠤᠷ ᠲᠡᠮᠳᠡᠭᠯᠡᠯ  ᠾᠦ᠋ᠸᠧ ᠴᠢᠦ ᠪᠢᠩ ᠤᠨ  ᠱᠠᠰᠢᠳᠢᠷ  2173 ᠨᠢᠭᠤᠷ   ᠲᠤ  ︾ ᠬᠤᠵᠢᠮ ᠤᠨ  ᠡᠷᠳᠡᠮᠳᠡᠨ ᠶᠠᠨ ᠱᠢ ᠭᠦ᠋ ᠠᠪᠤᠭᠠᠢ   ︽  ᠴᠢ ᠯᠢᠶᠠᠨ ᠱᠠᠨ  ᠠᠨᠤ ᠲᠡᠭᠷᠢ ᠠᠭᠤᠯᠠ  ᠪᠤᠯᠠᠢ  ᠂   ᠾᠦᠩᠨᠤ ᠦᠭᠡ  ︾  ᠭᠡᠵᠦ ᠲᠠᠶᠢᠯᠠᠪᠤᠷᠢᠯᠠᠵᠠᠢ  ᠃  ᠴᠢ ᠯᠢᠶᠠᠨ ᠱᠠᠨ  ᠠᠭᠤᠯᠠ   ᠨᠢ ︽ᠲᠡᠭᠷᠢ︾ ᠬᠡᠮᠡᠬᠦ ᠠᠤᠭ᠎ᠠ  ᠬᠦᠴᠦᠳᠦ ᠨᠡᠷ᠎ᠡ ᠲᠡᠭᠡᠨ ᠵᠤᠬᠢᠴᠠᠭᠰᠠᠨ ᠪᠠᠷᠳᠠᠭᠠᠳᠤ ᠰᠦᠷᠯᠢᠭ ᠬᠠᠶᠢᠷᠬᠠᠨ  ᠂  ᠪᠠᠷᠠᠭᠤᠨ‌ᠡᠴᠠ  ᠬᠦᠬᠡᠨᠠᠭᠤᠷ ᠮᠤᠵᠢ ᠤᠨ  ᠵᠡᠭᠦᠨ ᠲᠠᠯ᠎ᠠ   ᠠᠴᠠ ᠡᠬᠢᠯᠡᠵᠦ  ᠵᠡᠭᠦᠨᠰᠢ᠂ᠭᠠᠨᠰᠤ ᠮᠤᠵᠢ  ᠶᠢᠨ  ᠪᠠᠷᠠᠭᠤᠨ ᠲᠠᠯ᠎ᠠ ᠶᠢ  ᠬᠦᠨᠳᠡᠯᠢᠰᠤᠨ  ᠮᠢᠩᠭᠠᠨ ᠢᠯᠡᠬᠦᠦ ᠺᠢᠯᠦᠮᠧᠲ᠋ᠡᠷ ᠰᠤᠨᠤᠯᠵᠠᠨ  ᠰᠦᠨᠳᠡᠷᠡᠯᠡᠨ᠎ᠡ᠃   ᠲᠤᠮᠤ ᠰᠦᠷᠯᠢᠭ ᠠᠭᠤᠯᠠ  ᠨᠢᠷᠤᠭᠤᠳ ᠶᠢᠨ  ᠠᠳᠡ ᠬᠦᠷᠳᠡᠯ᠎ᠡ ᠶᠠᠷᠢᠭᠠᠳ  ᠨᠤᠳᠤᠭ ᠵᠦᠭ   ᠢᠶᠠᠨ ᠡᠷᠬᠢᠶ᠎ᠡ᠂  ᠬᠢᠩᠭᠠᠨ ᠤ  ᠦᠨᠳᠤᠷ  ᠨᠢᠷᠤᠭᠤᠳ ᠤᠨ  ᠵᠤᠤ ᠤᠳᠠ  ᠂ ᠵᠠᠷᠤᠳ ᠤᠨ   ᠭᠡᠰᠡᠭ   ᠢ  ︽ ᠰᠦᠭᠡ ᠬᠠᠷᠠᠯᠢᠭ  ᠲᠠᠪᠠᠭ᠎ᠠ  ︾ ᠭᠡᠵᠦ ᠲᠡᠭᠦᠨ ᠤ  ᠤᠯᠠᠨ ᠭᠡᠰᠡᠭ ᠪᠤᠯᠬᠤ  ᠠᠭᠤᠯᠠ  ᠬᠠᠶᠢᠷᠬᠠᠳ ᠨᠢ  ︽ᠬᠠᠷ᠎ᠠ︾᠂ ︽ᠤᠯᠠᠭᠠᠨ  ︾  ᠂ ︽ᠬᠠᠯᠵᠠᠨ  ︾  ᠂  ︽ᠬᠦᠨᠳᠡᠯᠡᠨ  ︾  ᠂ ︽ᠬᠦᠢᠳᠡᠨ  ︾᠂  ︽ᠠᠳᠠᠷᠭ᠎ᠠ  ︾  ᠵᠡᠷᠭᠡ   ᠪᠠᠷ  ᠲᠤᠭᠰᠢᠨ ᠰᠦᠷᠯᠢᠭ ᠢ   ᠨᠢ ᠢᠯᠡᠷᠭᠡᠶᠢᠯᠡᠵᠦ ᠪᠠᠶᠢᠳᠠᠭ᠃ ᠤᠳᠤᠬᠠᠨ ᠪᠤᠯᠬᠤ ᠳᠤ  ᠪᠠᠭᠠᠷᠢᠨ  ᠪᠠᠷᠠᠭᠤᠨ ᠬᠤᠰᠢᠭᠤᠨ ᠤ ᠬᠠᠮᠤᠭ ᠤᠨ  ᠲᠤᠮᠤ  ᠬᠠᠶᠢᠷᠬᠠᠨ ᠤ  ᠪᠤᠯᠬᠤ  ︽ᠰᠠᠶᠢᠬᠠᠨ ᠬᠠᠨ ᠠᠭᠤᠯᠠ  ︾   ᠨᠢ  ᠵᠠᠷᠢᠮ   ᠳᠠᠭᠠᠨ  ᠪᠠᠰᠠ ︽ᠰᠠᠶᠢᠬᠠᠨ ᠠᠭᠤᠯᠠ︾  ᠪᠤᠯᠵᠤ ᠠᠬᠠᠮᠠᠳ ᠤᠨ  ᠮᠢᠨᠢ ᠠᠭᠤᠷ ᠤᠴᠠᠭᠠᠷ ᠢ  ᠬᠦᠷᠭᠡᠵᠤ ᠪᠠᠶᠢᠭᠰᠠᠨ᠃   ᠡᠨᠡᠬᠦ ᠠᠭᠤᠯᠠ   ᠨᠢ   ︽ᠯᠢᠶᠤᠤ ᠤᠯᠤᠰ ᠤᠨ  ᠪᠢᠴᠢᠭ   ᠤᠨ ᠲᠠᠪᠢᠨ‌ᠭᠤᠷᠪᠠᠳᠤᠭᠠᠷ ᠡᠪᠬᠡᠮᠡᠯ  ︾   ᠲᠤ  ︽ ᠬᠠᠷ᠎ᠠ ᠠᠭᠤᠯᠠ  ︾ ᠭᠡᠮᠡᠨ ᠲᠡᠮᠳᠡᠭᠯᠡᠭᠳᠡᠵᠦ ᠪᠠᠶᠢᠨ᠎ᠠ᠃  ᠲᠡᠮᠳᠡᠭᠡᠯᠡᠷᠦᠨ  ᠄  ︽  ᠡᠪᠦᠯᠦᠨ  ᠲᠤᠶᠢᠯᠦᠨ  ᠡᠳᠦᠷ  ᠂ ᠤᠯᠤᠰ ᠤᠨ   ᠵᠢᠷᠦᠮ ᠢᠶᠠᠷ   ᠴᠠᠭᠠᠨ ᠬᠤᠨᠢ᠂  ᠴᠠᠭᠠᠨ ᠮᠤᠷᠢ ︵ᠤᠩᠭᠤᠨ ᠰᠠᠷᠠᠯ︶  ᠂  ᠴᠠᠭᠠᠨ ᠭᠠᠯᠠᠭᠤ  ᠨᠢᠳᠦᠯᠡᠵᠦ᠂   ᠴᠢᠰᠦ ᠶᠢ  ᠠᠨᠤ  ᠠᠷᠢᠬᠢ   ᠯᠤᠭ᠎ᠠ ᠬᠤᠯᠢᠵᠤ  ᠂  ᠲᠡᠭᠷᠢ ᠶᠢᠨ  ᠬᠦᠪᠡᠭᠦᠨ  ᠬᠠᠷ᠎ᠠ ᠠᠭᠤᠯᠠ   ᠶᠢ ᠲᠠᠬᠢᠮᠦᠢ  ᠂ ᠬᠠᠷ᠎ᠠ ᠠᠭᠤᠯᠠ  ᠠᠨᠤ  ᠬᠢᠯᠢ ᠶᠢᠨ  ᠤᠮᠠᠷ᠎ᠠ ᠵᠦᠭ   ᠪᠠᠶᠢᠷᠢᠰᠢᠮᠦᠢ  ᠂ ᠤᠯᠤᠰ ᠤᠨ  ᠰᠦᠭ  ᠰᠦᠨᠡᠰᠤ  ᠪᠤᠯᠤᠮᠦᠢ  ᠂ ᠲᠠᠬᠢᠯᠭ᠎ᠠ ᠶᠢᠨ  ᠪᠠᠷᠢᠮᠵᠢᠶ᠎ᠠ  ᠠᠨᠤ   ᠬᠢᠳᠠᠳ ᠤᠷᠤᠨ ᠤ  ᠲᠠᠶᠢᠱᠠᠨ ᠠᠭᠤᠯᠠ   ᠶᠢ ᠲᠠᠬᠢᠬᠤ  ᠮᠡᠳᠦ᠂  ᠲᠠᠬᠢᠯᠭ᠎ᠠ ᠳᠤ  ᠡᠰᠡ ᠤᠷᠤᠯᠴᠠᠭᠰᠠᠳ ᠤᠶᠢᠷᠳᠤᠵᠤ  ᠦᠯᠦ  ᠪᠤᠯᠤᠮᠦᠢ  ︾  ᠭᠡᠵᠠᠢ᠃   ᠲᠡᠭᠦᠨ   ᠤ ᠡᠨᠡᠬᠦ ︽ ᠬᠠᠷ᠎ᠠ︾   ᠨᠢ  ᠵᠦᠪᠭᠡᠨ  ︽ᠬᠠᠷ᠎ᠠ ᠦᠩᠭᠡ︾   ᠶᠢᠨ  ︽ᠬᠠᠷ᠎ᠠ  ︾ ᠪᠢᠰᠢ ᠬᠠᠷᠢᠨ  ︽ ᠲᠦᠨᠡᠷ ᠬᠠᠷ᠎ᠠ  ︾  ᠂ ︽ ᠬᠠᠷ᠎ᠠ   ᠬᠦᠴᠦᠨ  ︾ ᠶᠢᠨ    ︽ᠬᠠᠷ᠎ᠠ︾ ᠪᠤᠯᠬᠤ ᠪᠠᠶᠢᠭ᠎ᠠ  ᠂   ᠤᠳᠤᠬᠠᠨ ᠳᠤ  ᠡᠨᠡᠬᠦ ᠨᠢ  ᠨᠢᠭᠡᠮᠦᠰᠤᠨ  ᠭᠡᠷᠡᠭᠯᠡᠬᠦ ᠪᠠᠨ ᠪᠤᠯᠢᠵᠠᠢ᠃  ᠤᠳᠤᠬᠠᠨ   ᠤ ᠮᠠᠨ ᠤ   ᠰᠡᠷᠭᠦᠭᠡᠨ ᠭᠡᠷᠡᠭᠯᠡᠵᠤ  ᠪᠠᠶᠢᠭ᠎ᠠ  ︽ᠪᠠᠷᠳᠠᠮ︾  ᠬᠠᠷ᠎ᠠ  ᠠᠭᠤᠯᠠ   ᠴᠦ  ︽ᠬᠠᠷ᠎ᠠ  ︾ ᠪᠠᠶᠢᠵᠤ  ᠂  ᠮᠠᠨ ᠤ ᠪᠠᠭ᠎ᠠ   ᠶᠢᠨ ᠦᠶ᠎ᠡ ᠳᠤ  ︽ᠪᠠᠷᠳᠠᠩ  ᠬᠠᠷ᠎ᠠ︾ ᠭᠡᠵᠦ ᠴᠦ  ᠲᠡᠮᠳᠡᠭᠯᠡᠵᠦ ᠪᠠᠶᠢᠭᠰᠠᠨ  ᠂ ᠶᠠᠭᠠᠬᠢᠭᠰᠨᠨ  ᠪᠠᠷᠳᠠᠭᠤᠰᠢᠳᠠᠢ᠂  ᠲᠤᠭᠰᠢᠨ ᠰᠦᠷᠯᠢᠭ ᠨᠡᠷ᠎ᠡ ᠪᠠᠶᠢᠭᠰᠠᠨ ᠪᠤᠢ᠂  ᠤᠳᠤᠬᠠᠨ ᠳᠤ  ︽ᠪᠠᠶᠠᠨ  ᠬᠠᠨ  ︾  ᠠᠭᠤᠯᠠ  ᠪᠤᠯᠵᠤ  ᠂ ᠬᠠᠶᠠ  ᠵᠠᠷᠢᠮ ᠬᠦᠮᠦᠰ  ︽ᠪᠠᠶᠠᠨ ᠬᠠᠷ᠎ᠠ ᠠᠭᠤᠯᠠ  ︾ ᠭᠡᠵᠦ ᠲᠠᠭᠤᠳᠠᠬᠤ ᠨᠢ ᠴᠦ  ᠪᠤᠢ  ᠃ 1700 ᠤᠨ ᠳᠤ ᠡᠨᠡᠬᠦ ᠠᠭᠤᠯᠠᠨ ᠳᠤ  ᠪᠠᠭᠠᠷᠢᠨ ᠤ ᠰᠡᠴᠡᠨ ᠲᠡᠭᠡᠳᠦ ᠬᠦᠷᠦᠨ ᠬᠦᠩᠵᠤ ᠶᠢ  ᠲᠦᠷ ᠤᠷᠤᠰᠢᠭᠤᠯᠬᠤ ᠳᠤ ᠤᠯᠠᠨ ᠠᠷᠪᠢᠨ  ᠦᠯᠢᠭᠡᠷ ᠲᠤᠮᠤᠭ  ᠦᠯᠡᠳᠡᠭᠳᠡᠵᠦ ᠲᠡᠭᠦᠨ ᠤ ᠭᠠᠶᠢᠬᠠᠮᠰᠢᠭ   ᠢ  ᠲᠠᠭᠤᠷᠢᠰᠤᠭᠤᠯᠤᠭᠰᠠᠨ  ᠂ ᠡᠭᠦᠨ ᠳᠤ ᠪᠠᠷᠰᠳᠤ ᠶᠢᠨ  ᠠᠮᠠ  ᠂ ᠴᠢᠨᠤᠸ᠋ᠳᠤ ᠶᠢᠨ  ᠬᠦᠨᠳᠡᠢ ᠵᠡᠷᠭᠡ  ᠭᠠᠵᠠᠷ ᠤᠨ  ᠨᠡᠷ᠎ᠡ  ᠦᠯᠡᠳᠡᠵᠠᠢ᠃   ᠬᠤᠵᠢᠮ ᠨᠢ  ᠲᠡᠭᠷᠢ ᠲᠡᠳᠬᠦᠭᠴᠢ ᠶᠢᠨ  ᠤᠨ ᠳᠤ  ᠲᠡᠭᠦᠨ ᠤ ᠤᠷᠬᠢᠯ ᠳᠤ  ᠤᠪᠤᠭ᠎ᠠ ᠪᠤᠰᠬᠠᠵᠦ ᠲᠠᠬᠢᠵᠠᠢ᠃ ᠬᠦᠭᠡᠨᠡᠭᠤᠷ ᠲᠦᠪᠡᠳ ᠤᠨ  ᠦᠨᠳᠦᠷᠯᠢᠭ ᠤᠨ  ᠵᠡᠭᠦᠨ ᠬᠢᠵᠠᠭᠠᠷ ᠢ   ᠮᠠᠨᠠᠭᠰᠠᠨ  ︽ ᠪᠠᠶ᠋ᠨᠨᠬᠠᠠᠷ᠎ᠠ  ︾ ᠠᠭᠤᠯᠠ   ᠶᠢᠨ ᠭᠤᠤᠯ ᠤᠷᠬᠢᠯ ᠨᠢ ᠲᠠᠯᠠᠢ ᠶᠢᠨ  ᠲᠦᠪᠰᠢᠨ ᠠᠴᠠ 5369  ᠮᠧᠲ᠋ᠧᠷ ᠡᠷᠭᠦᠭᠳᠡᠵᠦ   ᠬᠠᠳᠤᠨ  ᠭᠤᠤᠯ ᠤᠨ  ᠡᠬᠢ ᠪᠤᠯᠤᠭᠰᠠᠭᠠᠷ᠂  ᠲᠡᠷᠡᠪᠡᠷ  ᠲᠠᠷᠦᠢ  ᠺᠦᠨ ᠯᠦᠨ ᠠᠭᠤᠯᠠ  ᠰᠠᠯᠪᠤᠷᠢ ᠬᠠᠶᠢᠷᠬᠠᠨ ᠪᠤᠯᠬᠤ ᠶᠤᠮ  ᠭᠡᠨ᠎ᠡ᠃   ᠴᠠᠰᠤ ᠮᠦᠰᠦᠨ ᠳᠤ ᠬᠤᠴᠢᠭᠳᠠᠭᠰᠠᠨ ︽ᠺᠦᠨ  ᠯᠦᠨ︾ ᠠᠭᠤᠯᠠ   ᠶᠢᠨ  ︽ ᠺᠦᠨ ᠯᠦᠨ  ︾ ᠪᠤᠯᠪᠠᠯ  ᠮᠤᠩᠭᠤᠯ ᠦᠭᠡ  ︽ᠬᠦᠨᠳᠡᠯᠡᠨ ︵ᠺᠦᠨᠳᠡᠯᠡᠨ︶  ︾   ᠤ ᠠᠪᠢᠶᠠᠨ   ᠤ ᠬᠤᠪᠢᠷᠠᠯ ᠭᠡᠵᠦ ᠡᠷᠳᠡᠮᠳᠡᠳ ᠶᠠᠷᠢᠳᠠᠭ ᠨᠢ  ᠤᠷᠤ ᠦᠭᠡᠢ ᠦᠭᠡ ᠪᠢᠰᠢ᠃1717 ᠤᠨ ᠤ  ᠡᠬᠢ   ᠪᠠᠷ  ᠶᠡᠭᠡ ᠴᠠᠷᠢᠩᠳᠤᠨᠳᠤᠪ  6000 ᠮᠢᠩᠭᠠᠨ  ᠤᠷᠢᠶᠠᠩᠬᠠᠢ ᠡᠷᠡᠰ ᠪᠠᠷ  ᠭᠤᠤᠯᠯᠠᠭᠰᠠᠨ ᠴᠡᠷᠢᠭ   ᠢᠶᠠᠨ ᠠᠵᠢᠷᠭ᠎ᠠ ᠤᠨᠤᠭᠤᠯᠵᠤ  ︽ᠬᠦᠮᠦᠨ ᠠᠮᠢᠳᠠᠨ ᠦᠭᠡᠢ  ᠺᠦᠨ ᠯᠦᠨ   ᠤ ᠴᠠᠰᠤᠳᠤ ᠠᠭᠤᠯᠠ   ᠶᠢ  ᠲᠠᠪᠠᠵᠠᠢ  ︾  ︵ ︽ ᠲᠠᠶᠢᠴᠢᠩ  ᠤᠯᠤᠰ ᠤᠨ  ᠦᠶ᠎ᠡ ᠶᠢᠨ  ᠮᠤᠩᠭᠤᠯ ᠤᠨ  ᠲᠡᠦᠭᠡ  ︾  ︶    ᠃   ᠲᠤᠰ ᠤᠳᠠᠭᠠᠨ ᠤ ᠲᠠᠶᠢᠨ   ᠳᠤ ᠶᠡᠭᠡ ᠴᠠᠷᠢᠩᠳᠤᠳᠤᠪ  ᠴᠡᠷᠢᠭ ᠲᠠᠶᠢᠨ ᠤ ᠠᠵᠢᠯᠯᠯᠭ᠎ᠠ᠂ ᠤᠯᠤᠰ ᠲᠦᠷᠦ ᠶᠢᠨ  ᠤᠪ ᠮᠡᠭᠡ᠂  ᠱᠠᠰᠢᠨ   ᠤ  ᠤᠬᠠᠭᠠᠨ ᠵᠡᠷᠭᠡ ᠶᠢ ᠤᠷᠭᠠᠨᠢᠭ  ᠢᠶᠠᠷ  ᠬᠡᠷᠡᠭᠯᠡᠵᠦ  ᠲᠦᠪᠡᠳ  ᠤᠷᠤᠨ ᠢ  ᠡᠵᠡᠯᠡᠵᠦ ᠪᠠᠶᠢᠭᠰᠠᠨ ᠬᠤᠱᠤᠳ   ᠠᠶᠢᠮᠠᠭ ᠢ  ᠶᠡᠭᠡᠳᠡ ᠢᠯᠠᠭᠰᠠᠨ ᠮᠦᠷᠳᠡᠭᠡᠨ ᠲᠡᠭᠦᠨ ᠢ  ︽ᠲᠤᠰᠠᠯᠠᠷ᠎ᠠ  ᠢᠷᠡᠭᠰᠡᠨ  ︾  ᠴᠢᠩ ᠤᠯᠤᠰ ᠤᠨ  ᠴᠡᠷᠢᠭ ᠢ   ︽ᠬᠠᠷ᠎ᠠ ᠤᠰᠤᠨ︾  ᠬᠡᠮᠡᠬᠦ ᠭᠠᠵᠠᠷ ᠬᠠᠷᠠᠰᠠᠯᠳᠠᠢ ᠬᠢᠳᠤᠵᠠᠢ᠃  ᠮᠤᠩᠭᠤᠯ ᠤᠷᠤᠨ ᠳᠤ  ︽ᠬᠦᠨᠳᠡᠯᠡᠨ︾  ᠬᠡᠮᠡᠬᠦ ᠤᠷᠤᠨ  ᠶᠡᠭᠡ ᠯᠡ ᠤᠯᠠᠨ ᠪᠠᠶᠢᠭᠰᠠᠨ᠃   ᠪᠠᠷᠠᠭᠤᠨ ᠠᠴᠠ   ᠤᠳᠤᠬᠠᠨ ᠤ   ︽ᠺᠦᠨ ᠯᠦᠨ  ︾ ᠠᠭᠤᠯᠠ ᠪᠤᠯᠤᠭᠰᠠᠨ  ︽ᠬᠦᠨᠳᠡᠯᠡᠨ ᠠᠭᠤᠯᠠ  ︾  ᠪᠤᠭᠤᠳᠤ ᠬᠤᠳᠠ ᠶᠢᠨ  ︽ ᠬᠦᠨᠳᠡᠯᠡᠨ ᠲᠤᠭᠤᠷᠢᠭ︾  ᠂  ᠯᠢᠨᠰᠢ ᠰᠢᠶᠠᠨ ᠤ ᠬᠠᠷᠢᠶᠠᠨ  ᠳᠤ ᠪᠠᠶᠢᠭ᠎ᠠ  ︽ᠪᠠᠶᠠᠨ ᠬᠦᠨᠳᠡᠯᠡᠨ︾ ᠨᠡᠷᠡᠳᠦ  ᠠᠭᠤᠯᠠ  ᠂  ᠲᠤᠰ ᠠᠭᠤᠯᠠᠨ ᠳᠤ  ᠪᠠᠭᠠᠷᠢᠨ ᠤ  ᠰᠡᠴᠡᠨ ᠲᠡᠭᠡᠳᠦ ᠬᠦᠷᠦᠨ ᠬᠦᠩᠵᠦ ᠶᠢ  ᠦᠨᠢᠳᠡ ᠤᠷᠤᠰᠢᠭᠤᠯᠤᠭᠰᠠᠨ ᠠᠴᠠ  ᠲᠤᠮᠳᠠᠳᠤ ᠤᠯᠤᠰ ᠤᠨ  ᠲᠡᠦᠭᠡᠨ ᠳᠤ ᠪᠠᠶᠢᠷᠢ ᠰᠠᠭᠤᠷᠢᠳᠠᠢ᠃  ᠡᠮᠦᠨ᠎ᠡ  ᠪᠤᠰᠤᠳ ᠤᠨ  ᠶᠡᠷᠢᠬᠤ ᠶᠢ ᠰᠤᠨᠤᠰᠬᠤ ᠳᠤ   ︽ᠪᠠᠶᠠᠨ ᠬᠦᠨᠳᠡᠯᠡᠨ ᠠᠭᠤᠯᠠ   ︾ ᠤᠤᠯ ᠤᠨ  ᠨᠡᠷ᠎ᠡ ᠨᠢ  ︽ᠭᠡᠳᠡᠷ  ᠬᠦᠨᠳᠡᠯᠡᠨ ᠬᠠᠷ᠎ᠠ  ︾ ᠠᠭᠤᠯᠠ  ︵ ᠲᠤᠰ ᠶᠠᠷᠢᠶ᠎ᠠ   ᠨᠢ ᠲᠡᠦᠭᠡᠨ ᠰᠤᠷᠪᠤᠯᠵᠢ ᠪᠢᠴᠢᠭ   ᠤᠨ  ᠦᠨᠳᠤᠰᠤ ᠪᠠᠷᠢᠮᠳᠠ ᠤᠯᠳᠠᠭ᠎ᠠ ᠦᠭᠡᠢ᠃  ᠪᠤᠶᠠᠨᠴᠤᠭᠯᠠᠨ ᠪᠠᠭᠰᠢ ᠶᠢᠨ  ᠪᠠᠭᠠᠷᠢᠨ ᠤ ᠨᠤᠳᠤᠭ ᠤᠰᠤᠨ ᠤ ᠲᠡᠮᠳᠡᠭᠡᠯᠡᠯ ᠲᠠᠢ ᠠᠷᠠᠢ ᠵᠢᠭᠠᠬᠠᠨ ᠵᠦᠷᠢᠶ᠎ᠡ ᠲᠠᠢ  ︶  ᠪᠠᠶᠢᠵᠠᠢ  ᠂ ᠬᠠᠭᠠᠨ ᠤ ᠬᠦᠩᠵᠤ ᠶᠢ ᠤᠷᠤᠰᠢᠭᠤᠯᠬᠤ ᠪᠤᠯᠬᠤ ᠳᠤ  ᠲᠡᠭᠦᠨ ᠢ  ︽ᠪᠠᠶᠠᠨ ᠬᠦᠨᠳᠡᠯᠡᠨ ᠠᠭᠤᠯᠠ  ︾ ᠭᠡᠵᠦ ᠬᠠᠯᠠᠯ᠎ᠠ ᠭᠡᠳᠡᠭ  ᠃ ᠰᠦᠷᠯᠢᠭ ᠪᠠᠷᠳᠠᠭᠠᠳᠤ ᠡᠨᠡᠬᠦ ᠠᠭᠤᠯᠠᠨ ᠳᠤ  ᠲᠤᠬᠠᠢ ᠶᠢᠨ  ᠦᠶ᠎ᠡ ᠳᠤ ᠪᠠᠷᠰ ᠢᠷᠪᠢᠰ ᠡᠭᠦᠷᠯᠡᠵᠦ ᠪᠠᠶᠢᠭᠰᠠᠨ ᠲᠤᠬᠠᠢ ᠲᠡᠮᠳᠡᠭᠯᠡᠯ ᠢ ᠤᠩᠰᠢᠵᠤ ᠪᠠᠶᠢᠭᠰᠠᠨ ᠢᠶᠠᠨ  ᠠᠳᠡ ᠪᠤᠳᠠᠳᠠᠢ ᠪᠠᠷᠢᠮᠳᠠ ᠬᠠᠩᠭᠠᠵᠤ ᠴᠢᠳᠠᠬᠤ ᠦᠭᠡᠢ᠃  ᠵᠦᠪᠭᠡᠨ ᠡᠩᠭᠡ ᠠᠮᠦᠭᠤᠯᠠᠩ ᠤᠨ  ᠬᠦᠪᠡᠭᠦᠨ ᠶᠦᠨ ᠲᠢ  ᠪᠠᠷᠰ  ᠨᠠᠮᠨᠠᠭᠰᠠᠨ᠂  ᠬᠠᠭᠠᠨ ᠤ ᠬᠦᠪᠡᠭᠦᠨ ᠪᠤᠯᠬᠤᠷ ᠪᠡᠷᠰ ᠢ  ᠨᠢᠭᠤᠵᠤ  ᠲᠠᠯᠳᠠᠯᠠᠵᠤ ᠨᠠᠮᠨᠠᠬᠤ  ᠪᠠᠶᠢᠳᠤᠭᠠᠢ ᠬᠠᠵᠠᠭᠤ ᠠᠴᠠ   ᠨᠢ ᠴᠦ ᠬᠠᠷᠪᠤᠬᠤ ᠦᠭᠡᠢ  ᠬᠠᠷᠢᠨ  ᠲᠡᠭᠦᠯᠢᠨ ᠪᠤᠰᠴᠦ ᠠᠷᠬᠢᠷᠠᠨ ᠲᠠᠭᠠᠷᠢᠬᠤ  ᠪᠠᠷᠰ ᠤᠨ  ᠠᠰ ᠡᠮᠦᠨ᠎ᠡ ᠠᠴᠠ ᠨᠢ ᠬᠠᠷᠪᠤᠳᠠᠭ  ᠭᠡᠨ᠎ᠡ᠃  ︵  ︽ᠡᠩᠭᠡ ᠠᠮᠤᠭᠤᠯᠠᠩ ᠤᠨ  ᠦᠨᠡᠨ ᠲᠡᠮᠳᠡᠭᠯᠡᠯ  ︾ ᠠᠴᠠ  ᠤᠩᠰᠢᠭᠰᠠᠨ ᠰᠢᠦᠬᠠᠨ︶  ᠃  ᠤᠳᠤᠬᠠᠨ ᠤ ᠠᠷᠤ ᠬᠤᠷᠴᠢᠨ ᠤ  ᠬᠠᠷᠢᠶᠠᠨ ᠳᠤ ᠪᠠᠶᠢᠭ᠎ᠠ ︽ ᠬᠦᠨᠳᠡᠯᠡᠨ  ︾ ᠨᠡᠷᠡᠳᠤ ᠤᠷᠤᠨ   ᠳᠤ ᠮᠤᠩᠭᠤᠯ ᠬᠦᠮᠦᠨ ᠨᠡᠭᠦᠳᠡᠯ ᠮᠠᠯᠵᠢᠯ  ᠰᠤᠶᠤᠯ  ᠢ   ᠪᠠᠨ ᠬᠠᠳᠠᠭᠠᠯᠠᠭᠰᠠᠭᠠᠷ ᠢᠷᠡᠭᠰᠡᠨ ᠪᠦᠭᠡᠳ  ᠡᠮᠦᠨᠡᠭᠡᠨ ᠤᠷᠤᠨ ᠤ  ᠲᠡᠷᠢᠭᠦᠯᠡᠭᠴᠢ  ᠪᠦ᠋ ᠰᠢᠶᠤᠤ ᠯᠢᠨ   ᠠᠴᠠ  ︽ ᠠᠷᠦ ᠬᠤᠷᠴᠢᠨ ᠤ ᠨᠡᠭᠦᠳᠡᠯ ᠮᠠᠯᠵᠢᠯ   ᠢ   ᠢ  ᠲᠡᠯᠡᠭᠡᠢ   ᠶᠢᠨ ᠦᠪ   ᠪᠤᠯᠭᠠᠨ᠎ᠠ  ︾  ᠭᠡᠰᠡᠨ ᠨᠢ  ᠬᠦᠮᠦᠰ   ᠤᠨ  ᠰᠡᠳᠬᠢᠯ ᠳᠤ  ᠶᠡᠭᠡᠳᠡ ᠲᠠᠭᠠᠯᠠᠭᠳᠠᠭᠰᠠᠨ  ᠃  ᠢᠩᠬᠦᠯᠡᠷ  ︽ᠬᠦᠨᠳᠡᠯᠡᠨ  ︾  ᠬᠡᠮᠡᠬᠦ ᠦᠭᠡ   ᠨᠢ ᠶᠡᠷᠦᠨᠢ  ᠵᠡᠭᠦᠨ ᠪᠠᠷᠠᠭᠤᠨᠰᠢ  ︽ᠬᠦᠨᠳᠡᠯᠢᠰᠦᠭᠰᠡᠨ  ︾ ᠪᠢᠰᠢ ᠬᠠᠷᠢᠨ ᠲᠡᠷᠡᠬᠦ ᠤᠷᠤᠨ ᠤ  ᠪᠠᠶᠢᠭᠠᠯᠢ ᠶᠢᠨ  ᠪᠠᠷᠳᠠᠭ᠎ᠠ ᠵᠢᠴᠢ ᠠᠭᠤᠷ ᠠᠮᠢᠰᠬᠤᠯ ᠨᠢ ︽ᠬᠦᠨᠳᠡᠯᠡᠨ ᠡᠷᠬᠢᠬᠦ  ︾  ᠂  ︽ᠬᠦᠨᠳᠡᠯᠡᠨ ᠭᠤᠤᠯᠳᠤ ᠠᠭᠠᠰᠢᠯᠠᠬᠤ  ︾ ᠶᠢᠨ  ︽ᠬᠦᠨᠳᠡᠯᠡᠨ  ︾ ᠪᠠᠶᠢᠬᠤ ᠨᠢ  ᠢᠯᠡᠷᠭᠡᠢ  ᠂  ᠡᠨᠡᠬᠦ  ᠲᠤᠭᠰᠢᠨ  ᠠᠭᠤᠷ ᠠᠮᠢᠰᠬᠤᠯ  ᠪᠠᠷᠳᠠᠭᠠᠳᠤ ᠤᠷᠤᠨ ᠳᠤ  ᠤᠤᠭᠠᠯ  ᠮᠠᠯᠵᠢᠯ ᠰᠤᠶᠤᠯ ᠠᠴᠠ  ᠤᠨᠳᠤᠤ ᠲᠦᠷᠦᠯ ᠤᠨ  ᠠᠵᠤ ᠠᠬᠤᠢ ᠰᠤᠶᠤᠯ   ᠵᠤᠬᠢᠴᠠᠵᠤ ᠴᠢᠳᠠᠬᠤ ᠦᠭᠡᠢ ᠶᠤᠮ  ᠪᠠᠶᠢᠨ᠎ᠠ᠃  ᠵᠠᠷᠤᠳ ᠤᠨ  ᠬᠢᠵᠠᠭᠠᠷ ᠲᠤ  ︽ᠬᠦᠨᠳᠡᠯᠡᠨ︾ ᠪᠤᠢ  ᠂  ᠬᠢᠩᠭᠠᠨ  ᠠᠶᠢᠮᠠᠭ ᠤᠨ  ᠬᠢᠵᠠᠭᠠᠷ  ᠲᠤ  ︽ᠬᠦᠨᠳᠡᠯᠡᠨ  ︾ ᠪᠤᠢ  ᠃ ᠮᠤᠩᠭᠤᠯ ᠤᠷᠤᠨ ᠤ  ᠠᠭᠤᠯᠠ ᠤᠰᠤ ᠨᠢ ︽ᠬᠦᠨᠳᠡᠯᠡᠨ  ︾ ᠢᠶᠠᠷ ᠲᠡᠭᠦᠨ ᠤ  ᠪᠡᠷᠭᠡ ᠪᠠᠷᠳᠠᠭ᠎ᠠ ᠢ  ᠢᠯᠡᠷᠭᠡᠶᠢᠯᠡᠬᠦ ᠶᠢᠨ  ᠬᠠᠮᠳᠤ  ︽ ᠦᠨᠳᠤᠷ︾᠂   ︽ ᠶᠡᠭᠡ  ︾ ᠪᠠᠷ  ᠪᠠᠰᠠ ᠶᠢᠨ ᠢᠯᠡᠳᠭᠡᠵᠤ  ᠪᠠᠶᠢᠵᠤ᠂  ᠲᠤᠰ ᠲᠤᠳᠤᠤᠬᠠᠯ ᠨᠢ ᠬᠡᠳᠦᠷᠭᠡᠢ  ᠲᠤᠭᠰᠢᠨ ᠰᠦᠷᠭᠡᠢ ᠪᠢᠰᠢ ᠪᠤᠯᠬᠤ ᠪᠠᠷ ᠬᠠᠯᠠᠭᠳᠠᠭᠰᠠᠨ ᠦᠭᠡᠢ ᠤᠳᠤᠬᠠᠨ ᠪᠤᠯᠳᠠᠯ᠎ᠠ ᠭᠡᠷᠡᠭᠯᠡᠭᠳᠡᠭᠰᠡᠭᠡᠷ  ᠃   ᠡᠭᠦᠨ ᠤ ᠲᠤᠬᠠᠢ  ᠵᠢᠱᠢᠶᠡᠯᠡᠪᠡᠯ  ︽ ᠶᠡᠭᠡ ᠬᠠᠯᠵᠠᠨ︾ ᠨᠡᠷᠡᠳᠤ ᠠᠭᠤᠯᠠ᠂   ︽ᠦᠨᠳᠤᠷ ᠤᠯᠠᠭᠠᠨ  ︾  ᠨᠡᠷᠡᠳᠤ ᠠᠭᠤᠯᠠ  ᠵᠡᠷᠭᠡ ᠪᠤᠢ᠃  ᠤᠳᠤᠬᠠᠨ ᠤ ᠭᠡᠰᠢᠭᠳᠡᠨ᠂ ᠯᠢᠨᠰᠢ ᠶᠢᠨ  ᠵᠠᠭᠠᠭ ᠲᠤ ᠤᠷᠤᠰᠢᠬᠤ  ︽ᠦᠨᠳᠤᠷ ᠤᠯᠠᠭᠠᠨ︾ ᠨᠡᠷᠡᠳᠤ ᠠᠭᠤᠯᠠᠨ   ᠨᠢ ᠤᠤᠯ   ᠳᠠᠭᠠᠨ  ᠪᠠᠭᠠᠷᠢᠨ ᠸᠠᠩ   ᠤᠨ  ᠲᠡᠭᠷᠢ ᠲᠠᠬᠢᠳᠠᠭ ᠤᠷᠤᠨ ᠪᠠᠶᠢᠵᠤ  ᠂ᠲᠡᠭᠦᠨ ᠤᠷᠬᠢᠯ ᠳᠤ ᠪᠠᠭᠠᠷᠢᠨ ᠮᠤᠩᠭᠤᠯᠴᠤᠳ ᠤᠨ ᠲᠤᠲ᠋ᠧᠮ   ᠴᠢᠯᠠᠭᠤᠨ  ᠴᠢᠨ᠋ᠸ᠎ᠠ   ᠶᠢᠨ  ᠪᠠᠶᠢᠭᠰᠠᠨ ᠢ 1997 ᠤᠨ ᠪᠤᠯᠬᠤ ᠳᠤ ᠪᠠᠳᠤᠳᠠᠢ ᠬᠠᠷᠠᠭᠰᠠᠨ ᠬᠦᠮᠦᠨ ᠪᠠᠶᠢᠨ᠎ᠠ᠃  ᠲᠤᠰ ᠠᠭᠤᠯᠠᠨ   ᠨᠢ 1908 ᠤᠨ ᠳᠤ ᠯᠢᠨᠰᠢ ᠰᠢᠶᠠᠨ ᠳᠤ  ᠵᠢᠷᠤᠭᠯᠠᠭᠳᠠᠭᠰᠠᠨ   ᠠᠴᠠ  ᠪᠤᠯᠵᠤ  ᠴᠢᠩ ᠴᠢᠨ ᠸᠠᠩ ᠢ ᠺᠤᠸᠠᠩ ᠵᠠᠷᠯᠢᠭ  ᠪᠠᠭᠤᠯᠭᠠᠨ  ᠪᠠᠭᠠᠷᠢᠨ ᠸᠠᠩ ᠤᠨ  ᠠᠳᠡ ᠦᠷᠭᠦᠯᠵᠢᠯᠡᠨ ᠲᠡᠭᠷᠢ ᠲᠠᠬᠢᠬᠤ  ᠶᠢ  ᠵᠤᠭᠰᠤᠭᠠᠭᠰᠠᠨ ᠠᠵᠠᠢ᠃  ᠲᠡᠭᠡᠬᠦ ᠳᠤ  ᠡᠨᠡᠬᠦ ᠦᠨᠳᠤᠷ ᠤᠯᠠᠭᠠᠨ ᠴᠦ  ᠠᠭᠠᠵᠢᠮ ᠢᠶᠠᠷ  ︽ᠤᠪᠤᠭ᠎ᠠ ᠠᠭᠤᠯᠠ  ︾  ᠂  ︽ᠮᠠᠷᠴᠢᠨ ᠰᠦᠮᠪᠦᠷ  ︾  ᠂  ︽ᠵᠠᠯᠰᠠᠩ ᠰᠦᠮᠪᠤᠷ  ︾ ᠭᠡᠵᠦ ᠤᠯᠠᠷᠢᠠ   ᠬᠤᠪᠢᠷᠠᠭᠳᠠᠨ᠎ᠠ  ᠃ ᠠᠷᠤ ᠬᠤᠷᠴᠢᠨ ᠮᠤᠩᠭᠤᠯᠴᠤᠳ ᠤᠨ  ᠰᠢᠳᠦᠭᠡᠨ ᠪᠤᠯᠤᠭᠰᠠᠨ ᠭᠤᠭᠤᠰᠤᠳᠠᠢ ᠬᠠᠨ ᠠᠭᠤᠯᠠᠨ ᠳᠤ  ᠪᠢ 2013 ᠤᠨ   ᠤ 7 ᠰᠠᠷ᠎ᠠ ᠶᠢᠨ 13 ᠳᠤ  ᠠᠵᠠ ᠪᠠᠷ  ᠠᠪᠠᠷᠢᠵᠤ ᠪᠢᠯᠠ  ᠂ ᠲᠡᠷᠡᠬᠦ  ᠮᠤᠩᠭᠤᠯ  ᠬᠦᠮᠦᠨ ᠤ  ᠬᠡᠶᠢᠮᠦᠷᠢ  ᠶᠢ ᠮᠠᠨᠳᠤᠭᠤᠯᠳᠠᠭ ᠠᠭᠤᠯᠠᠨ ᠤ  ᠤᠤᠯ ᠤᠨ  ᠨᠡᠷ᠎ᠡ ᠨᠢ ︽ᠶᠡᠭᠡ ᠬᠠᠯᠵᠠᠨ ᠠᠭᠤᠯᠠ  ︾ ᠭᠡᠮᠡᠭᠳᠡᠵᠦ  ᠂ ᠪᠤᠰᠤᠳ  ᠤᠨ  ᠴᠢᠬᠢ ᠨᠢᠳᠤᠨ   ᠳᠤ    ᠲᠤᠮᠤ᠂  ᠰᠦᠷᠳᠠᠢ ᠨᠡᠷ᠎ᠡ ᠪᠠᠶᠢᠭᠰᠠᠨ ᠨᠢ ᠠᠭᠠᠵᠢᠮ ᠶᠢᠨ  ᠭᠤᠭᠤᠰᠤᠳᠠᠢ ᠬᠠᠨ ᠠᠭᠤᠯᠠ  ᠪᠤᠯᠵᠤ ᠬᠤᠪᠢᠷᠠᠭᠰᠠᠨ ᠠᠵᠠᠢ᠃  ᠲᠡᠭᠡᠬᠦ ᠳᠤ ᠪᠠᠭᠠᠷᠢᠨ  ᠤᠩᠨᠢᠭᠤᠳ ᠤᠨ  ᠬᠢᠵᠠᠭᠠᠷ ᠢᠶᠠᠷ  ᠪᠠᠰᠠ ᠨᠢᠭᠡᠨ ︽ ᠶᠡᠭᠡ  ᠬᠠᠯᠵᠠᠨ ᠠᠭᠤᠯᠠ  ︾ ᠪᠠᠶᠢᠵᠤ  ᠂ ᠲᠡᠭᠷᠢ  ᠰᠡᠴᠡᠨ ᠤ   ᠨᠠᠶᠢᠮᠠᠳᠤᠭᠠᠷ ᠤᠨ ᠳᠤ  ᠬᠤᠸᠠᠩ ᠲᠠᠶᠢᠵᠢ ᠯᠢᠭᠳᠡᠨ ᠬᠠᠭᠠᠨ ᠢ  ᠲᠠᠶᠢᠯᠠᠷ᠎ᠠ ᠢᠷᠡᠬᠦ ᠳᠤ ᠪᠠᠨ  ᠡᠨᠡᠬᠦ ᠶᠡᠭᠡ ᠠᠭᠤᠯᠠᠨ   ᠪᠠᠷ ᠦᠩᠭᠭᠡᠷᠡᠵᠠᠢ᠃  ︽ᠬᠠᠯᠵᠠᠨ  ︾ ᠭᠡᠰᠡᠨ ᠦᠭᠡ ᠨᠢ ᠤᠳᠤᠬᠠᠨ ᠤ ᠮᠤᠩᠭᠤᠯ ᠬᠡᠯᠡᠨ ᠳᠤ  ᠶᠡᠷᠦᠨᠢ  ︽ᠭᠡᠰᠡᠭ  ᠬᠠᠯᠴᠠᠭᠠᠢ   ᠲᠠᠢ  ︾ ᠭᠡᠰᠡᠨ ᠤᠤᠬ᠎ᠠ ᠲᠠᠢ ᠪᠤᠯᠵᠤ  ᠬᠤᠪᠢᠷᠠᠭᠰᠠᠨ ᠪᠤᠯᠪᠠᠴᠦ  ᠂  ᠲᠡᠷᠡᠬᠦ ᠦᠶ᠎ᠡ ᠳᠤ ᠬᠤᠯᠠ  ᠬᠠᠷᠠᠭᠬᠤ   ᠳᠤ  ︽ᠦᠨᠢᠶᠡᠷ ᠬᠦᠳᠡᠩ ᠬᠤᠯᠢᠯᠳᠤᠨ  ᠡᠭᠦᠯᠡ  ᠪᠤᠷᠤᠭᠠᠨ  ᠰᠤᠯᠢᠪᠢᠴᠢᠭᠰᠠᠨ  ᠰᠦᠷᠯᠢᠭ  ᠰᠤᠨᠢᠨ  ᠬᠠᠯᠵᠠᠨ ᠠᠯᠠᠭ  ᠬᠠᠷᠠᠭᠳᠠᠵᠤ  ︾ ᠪᠠᠶᠢᠭᠰᠠᠨ ᠭᠡᠬᠦ ᠤᠤᠬ᠎ᠠ ᠲᠠᠢ  ᠪᠠᠶᠢᠬᠤ ᠶᠤᠰᠤᠳᠠᠢ᠃  ᠮᠤᠩᠭᠤᠯ ᠭᠠᠵᠠᠷ ᠤᠨ  ᠨᠡᠷ᠎ᠡ ᠳᠤ ᠪᠠᠰᠠ ︽ᠬᠦᠢᠳᠡᠨ︾ ᠪᠠᠷ ᠪᠠᠶᠢᠭᠠᠯᠢ ᠶᠢᠨ  ᠲᠤᠭᠰᠢᠨ ᠶᠢᠨ  ᠢᠯᠡᠳᠭᠡᠵᠤ ᠪᠠᠶᠢᠭᠰᠠᠨ ᠨᠡᠷ᠎ᠡ ᠤᠯᠠᠨ ᠪᠠᠶᠢᠨ᠎ᠠ᠃  ᠤᠯᠠᠨ ᠤ ᠮᠡᠳᠡᠭᠡᠵᠢ ᠪᠠᠷ ︽ᠬᠦᠢᠳᠡᠨ ᠤ ᠪᠠᠶᠢᠯᠳᠤᠭᠠᠨ  ︾   ᠤ  ᠬᠦᠢᠳᠡᠨ  ᠃ ᠤᠳᠤᠬᠠᠨ ᠤ  ᠠᠷᠦ ᠬᠤᠷᠴᠢᠨ ᠨᠤᠳᠤᠭ ᠲᠤ  ᠪᠠᠶᠢᠭ᠎ᠠ  ︽ᠬᠦᠢᠳᠡᠨ︾ ᠨᠡᠷᠡᠳᠤ ᠭᠤᠤᠯ᠂  ᠪᠤᠯᠠᠭ᠂  ᠵᠠᠷᠤᠳ ᠤᠨ  ᠬᠢᠵᠠᠭᠠᠷ ᠲᠤ ᠤᠷᠤᠰᠢᠬᠤ ︽ᠬᠦᠢᠳᠡᠨ ᠠᠭᠤᠯᠠ  ︾  ᠃    ︽ᠬᠦᠨ︾  ᠪᠠᠰᠠ ᠭᠠᠵᠠᠷ ᠤᠷᠤᠨ   ᠤ ᠪᠡᠷᠭᠡ ᠪᠠᠷᠳᠠᠭ᠎ᠠ ᠶᠢ ᠢᠯᠡᠷᠡᠭᠡᠶᠢᠯᠡᠭᠰᠡᠨ ᠲᠤᠭᠰᠢᠨ ᠨᠡᠷ᠎ᠡ ᠪᠠᠶᠢᠵᠠᠢ᠃  ︽ᠨᠠᠬᠤ ᠬᠦᠨ ᠤ ᠪᠠᠶᠢᠯᠳᠤᠭᠠᠨ︾  ︵ᠴᠢᠩᠬᠢᠰ ᠬᠠᠭᠠᠨ ᠤ ᠲᠤᠪᠴᠢᠶᠠᠨ 290 ᠳ᠋ᠤᠭᠡᠷ ᠨᠢᠭᠤᠷ︶ ᠠᠳᠡ ᠲᠡᠯᠭᠡᠨ ᠶᠠᠷᠢᠬᠤ ᠦᠭᠡᠢ᠃  ᠬᠠᠷᠢᠨ  ᠮᠤᠩᠭᠤᠯ ᠭᠠᠵᠠᠷ ᠨᠡᠷ᠎ᠡ   ᠤᠨ  ︽ᠬᠦᠨ︾ ᠤᠤᠬ᠎ᠠ ᠲᠠᠢ ᠮᠦᠷᠳᠡᠭᠡᠨ ᠲᠤᠭᠰᠢᠨ ᠴᠢᠨᠠᠷ ᠤᠨ  ᠲᠤᠬᠠᠢ ᠠᠳᠡ ᠬᠦᠷᠳᠡᠯ᠎ᠡ ᠲᠤᠶᠢᠮᠦᠴᠢᠯᠠᠨ ᠶᠠᠷᠢᠶ᠎ᠠ᠃   ᠭᠤᠷᠪᠠ  ᠄ ᠮᠤᠩᠭᠤᠯ ᠭᠠᠵᠠᠷ ᠤᠷᠤᠨ ᠤ ᠪᠠᠷᠳᠠᠮ ᠲᠤᠭᠰᠢᠨ ᠨᠡᠷᠡᠰ ᠤᠨ  ᠤᠯᠠᠷᠢᠨ  ᠬᠤᠪᠢᠷᠠᠭᠰᠠᠨ ᠰᠢᠯᠳᠠᠭᠠᠨ ᠨᠢᠭᠡ᠄  ᠱᠠᠰᠢᠨ ᠲᠠᠢ ᠬᠤᠯᠪᠤᠭᠠᠳᠠᠢ᠂  ᠡᠭᠦᠨ ᠳᠤ ᠪᠤᠳᠠᠳᠠᠢ ᠬᠠᠳᠠᠭᠠᠯᠠᠭᠳᠠᠬᠤ ᠵᠢᠱᠢᠶ᠎ᠡ ᠭᠡᠪᠡᠯ 1627 ᠤᠨ   ᠳᠤ   ᠪᠠᠷᠠᠭᠤᠨ ᠮᠤᠩᠭᠤᠯ ᠳᠤ  ᠦᠰᠴᠦ ᠲᠦᠷᠦᠭᠰᠡᠨ ᠨᠢᠭᠡᠨ ᠦᠶ᠎ᠡ ᠶᠢᠨ  ᠡᠷᠳᠡᠮᠳᠤ  ᠯᠠᠮᠠ   ᠨᠠᠶᠢᠴᠢ ᠲᠤᠶᠢᠨ  ᠵᠡᠭᠦᠨ ᠮᠤᠩᠭᠤᠯ ᠵᠦᠭ  ᠠᠶᠠᠯᠠᠵᠤ    ︽ᠬᠠᠷ᠎ᠠ   ᠤᠰᠤᠨ︾  ᠭᠤᠤᠯ   ᠢ  ᠭᠡᠳᠦᠯᠬᠦ ᠳᠡᠭᠡᠨ  ᠲᠤᠰ ᠨᠡᠷ᠎ᠡ ᠬᠡᠳᠦᠷᠭᠡᠢ ᠲᠤᠭᠰᠢᠨ ᠭᠡᠵᠦ  ᠲᠡᠭᠦᠨ ᠢ  ︽ᠴᠠᠭᠠᠨ ᠮᠦᠷᠡᠨ  ︾  ᠬᠠᠯᠠᠭᠰᠠᠨ  ᠲᠡᠦᠭᠡᠨ ᠲᠡᠮᠳᠡᠭᠯᠡᠯ ᠪᠤᠢ᠃    ᠨᠠᠶᠢᠴᠢ ᠲᠦᠢᠨ ᠤ ᠨᠡᠷ᠎ᠡ ᠶᠢ ᠲᠡᠶᠢᠯᠪᠤᠷᠢᠯᠠᠬᠤ ᠳᠠᠭᠠᠨ  ᠶᠡᠷᠦᠨᠢ   ︽ ᠨᠠᠶᠢᠴᠢ  ︾   ᠶᠢ ᠨᠢ ︽ᠨᠢᠭᠵᠢᠨ  ᠰᠡᠳᠬᠢᠯ  ︾  ᠭᠡᠵᠦ ᠲᠠᠶᠢᠯᠪᠤᠷᠢᠯᠠᠵᠤ  ᠪᠠᠶᠢᠳᠠᠭ᠂  ᠲᠡᠷᠡ  ᠪᠤᠯᠪᠠᠰᠤ  ᠠᠰᠢᠯᠦᠩᠪᠤ  ᠭᠡᠶᠢᠳ  ︵ᠵᠠᠰᠢᠯᠠᠩᠪᠤ  ︶  ᠭᠡᠶᠢᠳ  ᠤᠨ  ᠲᠦᠷᠪᠡᠳᠤᠭᠡᠷ   ᠦᠶ᠎ᠡ ᠶᠢᠨ  ᠪᠠᠨᠴᠠᠨ ᠪᠤᠭᠳᠠ  ᠯᠤᠪᠰᠠᠩᠴᠦᠵᠢᠵᠠᠯᠰᠠᠨ   ᠤ  ᠱᠠᠪᠢ  ᠪᠠᠶᠢᠵᠤ  10 ᠢᠯᠡᠭᠦᠦ ᠤᠨ  ᠨᠤᠮ ᠰᠤᠷᠤᠭᠰᠠᠨ ᠠᠵᠠᠢ᠃  ᠬᠤᠵᠢᠮ ᠨᠢ ᠨᠠᠶᠢᠴᠢ ᠲᠤᠶᠢᠨ  ᠪᠠᠨᠴᠠᠨ ᠪᠤᠭᠳᠠ ᠶᠢᠨ  ᠵᠢᠭᠠᠪᠤᠷᠢ  ᠪᠠᠷ  ᠲᠤᠬᠠᠢ ᠶᠢᠨ  ᠦᠶ᠎ᠡ ᠶᠢᠨ  ᠮᠤᠩᠭᠤᠯ ᠤᠷᠤᠨ ᠤ ᠯᠠᠮᠠ   ᠶᠢᠨ ᠱᠠᠰᠢᠨ ᠤ ᠲᠦᠪ ᠪᠤᠯᠬᠤ   ᠬᠦᠢ ᠬᠤᠸᠠ  ᠬᠤᠳᠠ ᠶᠢᠨ   ᠤᠷᠴᠢᠮ ᠤᠨ  ᠠᠪᠠᠭ᠎ᠠ ᠬᠠᠷ᠎ᠠ  ᠠᠭᠤᠯᠠᠨ ᠳᠤ   ᠪᠢᠰᠢᠯᠭᠠᠯ ᠬᠢᠵᠤ  35 ᠤᠨ   ᠢ ᠡᠯᠭᠡᠭᠦ ᠳᠤ  ᠨᠢᠭᠡᠨ ᠡᠳᠦᠷ  ᠨᠤᠮ ᠤᠩᠰᠢᠬᠤ  ᠵᠠᠭᠤᠷ᠎ᠠ ᠲᠡᠭᠦᠨ ᠤ  ᠡᠰᠦᠭ ᠤᠨ  ᠰᠠᠭᠤᠯᠠᠭ᠎ᠠ ᠨᠢ ᠭᠡᠨᠡᠳᠳᠡ  ᠵᠡᠭᠦᠨ ᠵᠦᠭ ᠬᠠᠵᠠᠶᠢᠵᠤ  ᠰᠦ   ᠨᠢ  ᠵᠡᠭᠦᠨ ᠵᠦᠭ ᠤᠷᠤᠰᠤᠭᠰᠠᠨ ᠭᠡᠨ᠎ᠡ᠃  ᠡᠭᠦᠨ   ᠳᠤ ᠲᠡᠷᠡᠪᠡᠷ   ︽ᠵᠡᠭᠦᠨ ᠤᠷᠤᠨ ᠳᠤ ᠱᠠᠰᠢᠨ ᠲᠡᠯᠭᠡᠷᠡᠬᠦᠯᠬᠦ ᠴᠠᠭ ᠪᠤᠯᠵᠠᠢ︾  ᠬᠡᠮᠡᠨ ᠬᠤᠸᠠᠩ ᠲᠠᠶᠢᠵᠢ ᠶᠢᠨ  ᠵᠦᠪᠰᠢᠶᠡᠷᠡᠯ ᠢᠶᠠᠷ 30 ᠱᠠᠪᠢ ᠪᠠᠨ  ᠲᠠᠭᠠᠭᠤᠯᠵᠤ   ᠵᠡᠭᠦᠨ ᠮᠤᠩᠭᠤᠯ ᠵᠦᠭ ᠮᠤᠷᠳᠠᠵᠠᠢ᠃  ᠪᠠᠭᠠᠷᠢᠨ ᠤ  ︽ᠬᠠᠷ᠎ᠠ ᠤᠰᠤ  ︾   ᠶᠢ ᠬᠡᠳᠦᠯᠬᠦ   ᠳᠡᠭᠡᠨ  ᠲᠤᠰ ᠨᠡᠷ᠎ᠡ ᠬᠡᠳᠦᠷᠭᠡᠢ ᠲᠤᠭᠰᠢᠨ ᠭᠡᠵᠤ  ︽ ᠴᠠᠭᠠᠨ ᠮᠦᠷᠡᠨ  ︾  ᠭᠡᠵᠦ ᠬᠠᠯᠠᠭᠰᠠᠨ ᠠᠨᠤ ᠤᠳᠤᠬᠠᠨ ᠪᠤᠯᠳᠠᠯ᠎ᠠ ᠭᠡᠷᠡᠭᠯᠡᠭᠳᠡᠭᠡᠰᠡᠷ  ᠃  ᠨᠠᠶᠢᠴᠢ ᠲᠤᠶᠢᠨ  ᠬᠤᠷᠴᠢᠨ ᠪᠠᠷᠠᠭᠤᠨ  ᠭᠠᠷᠤᠨ ᠲᠤᠮᠳᠠ  ᠬᠤᠰᠢᠭᠤᠨ   ᠳᠤ ᠱᠠᠰᠢᠨ ᠤᠯᠠᠮᠵᠢᠯᠠᠵᠤ  ᠠᠯᠠᠵᠤ ᠨᠢᠳᠦᠯᠡᠬᠦ ᠶᠢ  ᠬᠤᠷᠢᠭᠯᠠᠨ  ᠤᠩᠭᠤᠳ ᠢ  ᠦᠭᠡᠶᠢᠰᠬᠡᠵᠤ   ᠴᠢᠨᠳᠠᠮᠦᠨᠢ ᠡᠷᠳᠡᠨᠢ ᠶᠢ  ᠡᠷᠬᠢᠮᠨᠡᠨ ᠰᠢᠳᠦᠬᠦ  ᠪᠤᠯᠭᠠᠬᠤ ᠵᠦᠭ ᠲᠤ  ᠬᠦᠳᠦᠯᠵᠠᠢ᠃  ᠬᠤᠵᠢᠮ ᠲᠡᠷᠡᠪᠡᠷ  ᠬᠤᠷᠴᠢᠨ ᠤ ᠠᠷᠪᠠᠨ ᠬᠤᠰᠢᠭᠤᠨ  ᠤ  ᠪᠤᠭᠳᠠ ᠪᠤᠯᠵᠠᠢ᠃  ᠬᠤᠶᠠᠷ᠄  ᠲᠤᠬᠠᠢ ᠶᠢᠨ  ᠦᠶ᠎ᠡ ᠶᠢᠨ  ᠲᠦᠷᠦ  ᠵᠠᠰᠠᠭ ᠲᠠᠢ ᠬᠤᠯᠪᠤᠭᠠᠳᠠᠢ᠃ ᠴᠢᠩ ᠤᠯᠤᠰ ᠤᠨ  ᠵᠠᠰᠠᠭ ᠤᠨ  ᠭᠠᠵᠠᠷ  ᠮᠤᠩᠭᠤᠯ ᠤᠨ  ᠮᠤᠷᠢᠳᠤ ᠴᠡᠷᠢᠭ ᠤᠨ  ᠬᠦᠴᠦᠨ ᠢᠶᠠᠷ  ᠨᠠᠩᠬᠢᠶᠠᠳ ᠤᠷᠤᠨ   ᠢ ᠲᠠᠶᠢᠯᠠᠨ ᠲᠠᠭᠠᠭᠤᠯᠵᠤ  ᠲᠦᠷᠦ ᠬᠦᠷᠦᠨ ᠢ   ᠪᠠᠨ  ᠪᠠᠳᠤᠳᠬᠠᠭᠭᠰᠠᠨ ᠪᠤᠯᠪᠠᠴᠦ  ᠮᠤᠩᠭᠤᠯ ᠬᠦᠮᠦᠨ ᠢ  ᠰᠡᠷᠡᠮᠵᠢᠯᠡᠬᠦ  ᠮᠤᠬᠤᠭᠠᠬᠤ   ᠵᠦᠭᠡᠯᠡᠷᠡᠬᠦᠯᠬᠦ ᠠᠷᠠᠭ᠎ᠠ ᠪᠤᠳᠤᠯᠭ᠎ᠠ ᠪᠠᠨ  ᠶᠡᠷᠦ ᠵᠤᠭᠰᠤᠭᠰᠠᠨ ᠦᠭᠡᠢ᠂ ᠲᠡᠭᠦᠨ ᠤ ᠨᠢᠭᠡ ᠪᠤᠳᠤᠯᠭ᠎ᠠ ᠨᠢ ᠮᠤᠩᠭᠤᠯ ᠤᠷᠤᠨ ᠤ ᠠᠭᠤᠯᠠ ᠤᠰᠤᠨ   ᠤ ᠤᠮᠤᠭ ᠰᠦᠷ ᠢ  ᠲᠠᠷᠤᠬᠤ ᠶᠠᠪᠤᠳᠠᠯ ᠪᠤᠯᠤᠨ᠎ᠠ᠃   ᠲ᠊  ᠂ ᠪᠤᠶᠠᠨᠴᠤᠭᠯᠠᠨ ᠪᠠᠭᠰᠢ ᠶᠢᠨ  ᠄ ᠪᠠᠭᠠᠷᠢᠨ ᠤ ᠨᠤᠳᠤᠭ ᠤᠰᠤᠨ ᠤ ᠲᠡᠮᠳᠡᠭᠡᠯᠡᠯ ᠳᠤ  ︵119——120 ᠨᠢᠭᠤᠷ  ︶ ᠨᠢᠭᠡᠨ ᠲᠤᠮᠤᠭ ᠶᠠᠷᠢᠶ᠎ᠠ ᠶᠢ  ᠲᠡᠮᠳᠡᠭᠡᠯᠡᠵᠦ ᠦᠯᠡᠳᠡᠭᠡᠭᠰᠡᠨ ᠪᠠᠶᠢᠳᠠᠭ᠃ ᠠᠳᠡ ᠪᠠᠭᠴᠠᠯᠠᠨ   ᠰᠡᠶᠢᠷᠡᠭᠦᠯᠪᠡᠯ   ︽ ᠁ᠴᠢᠩ  ᠤᠯᠤᠰ ᠤᠨ   ᠰᠡᠭᠦᠯᠴᠢ ᠶᠢᠨ  ᠦᠶ᠎ᠡ ᠳᠤ  ᠁᠂  ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠪᠠᠶᠢᠴᠠᠭᠠᠷ᠎ᠠ ᠢᠷᠡᠭᠰᠡᠨ ᠰᠦ ᠴᠢᠨ ᠸᠠᠩ ᠱᠠᠨ  ᡂᠢ᠂  ᠮᠤᠩᠭᠤᠯ ᠲᠦᠪᠡᠳ ᠤᠨ  ᠵᠤᠷᠭᠠᠨ ᠤ ᠵᠡᠭᠦᠨ ᠭᠠᠷᠤᠨ ᠰᠠᠶᠢᠳ   ᠶᠤᠤ ᠱᠢ ᠭᠤᠸᠠᠩ ᠵᠡᠷᠭᠡ  ᠬᠦᠮᠦᠰ  ᠪᠠᠭᠠᠷᠢᠨ ᠤ ᠷᠢᠳᠢ ᠰᠢᠳᠢ ᠲᠠᠢ ᠤᠩᠭᠤᠨ ᠲᠠᠷᠬᠠᠨ ᠠᠭᠤᠯᠠ  ᠤᠰᠤ ᠶᠢ ᠦᠵᠡᠭᠡᠳ ᠠᠶᠤᠬᠤ ᠰᠤᠴᠢᠬᠤ᠂ ᠭᠠᠶᠢᠬᠠᠬᠤ ᠪᠠᠭ᠋ᠠᠷᠠᠬᠠᠬᠤ ᠲᠠᠪᠬᠤᠴᠠᠵᠤ  ᠪᠠᠭᠠᠷᠢᠨ ᠤ ᠠᠭᠤᠯᠠ ᠤᠰᠤ   ᠶᠢᠨ  ᠨᠡᠷ᠎ᠡ ᠶᠢ ᠦᠭᠡᠷᠡᠴᠢᠡᠯᠬᠦ  ᠶᠠᠪᠤᠳᠠᠯ ᠭᠠᠷᠴᠠᠢ  ᠁  ᠠᠯᠠᠭ ᠠᠰᠬᠠᠳᠤ᠂  ᠲᠤᠭᠤᠷ ᠤᠨ  ᠠᠭᠤᠯᠠ   ᠶᠢ ᠲᠤᠩ ᠪᠠᠭ᠋ᠠᠷᠠᠭᠰᠬᠠᠨ ᠪᠦᠭᠡᠳ  ᠲᠡᠭᠦᠨ ᠠᠴᠠ  ᠵᠡᠭᠦᠨᠰᠢ  ᠲᠡᠯᠡᠭᠯᠡᠭᠰᠡᠨ  ᠪᠠᠶᠠᠨ ᠬᠤᠰᠢᠭᠤ  ᠠᠭᠤᠯᠠ   ᠶᠢ ᠦᠵᠡᠭᠡᠳ  ᠶᠠᠭ ᠨᠢᠭᠡᠨ ᠦᠯᠦᠰᠭᠦᠯᠡᠩ  ᠠᠪᠤᠷᠬᠤ ᠮᠠᠩ ᠮᠤᠭᠠᠢ  ᠲᠠᠭᠠᠷᠠᠭᠰᠠᠨ ᠪᠦᠬᠦᠨ ᠢ  ᠲᠠᠭᠠᠷᠢᠯᠬᠢᠯᠠᠨ ᠵᠠᠯᠬᠢᠯᠠᠬᠤ   ᠪᠠᠷ ᠶᠠᠪᠤᠵᠤ ᠪᠠᠶᠢᠭ᠎ᠠ ᠰᠢᠨᠵᠢ ᠲᠠᠢ ᠲᠤᠯᠠ ᠤᠳᠠᠭᠠᠨ ᠳᠠᠭᠠᠨ  ᠠᠳᠡ  ᠨᠡᠭᠡᠭᠡᠬᠦ ᠠᠳᠠᠷ ᠬᠠᠭᠠᠯᠪᠤᠷᠢᠯᠠᠯᠳᠠ ᠶᠢᠨ  ᠭᠠᠵᠠᠷ ᠭᠤᠷᠪᠠᠨ ᠮᠦᠷᠡᠨ   ᠤ ᠰᠠᠪᠠ ᠭᠠᠵᠠᠷ ᠶᠢᠨ  ᠪᠦᠬᠦᠨ ᠢ  ᠵᠠᠯᠬᠢᠬᠤ ᠪᠤᠯᠤᠨ᠎ᠠ ᠭᠡᠵᠦ ᠦᠵᠡᠭᠡᠳ  ᠂ ᠪᠠᠶᠠᠨ  ᠬᠤᠰᠢᠭᠤ ᠠᠭᠤᠯᠠ   ᠶᠢ ︿ᠲᠡᠮᠡᠭᠡᠨ ᠬᠦᠵᠦᠭᠦᠦ  ﹀ ᠭᠡᠵᠦ ᠨᠡᠷᠡᠯᠡᠵᠦ ᠭᠡᠨ᠎ᠡ  ᠁  ︿ᠡᠷᠳᠡᠨᠢ ᠠᠭᠤᠯᠠ﹀   ᠶᠢ  ᠁  ︿ᠲᠡᠭᠡᠯᠢ ᠠᠭᠤᠯᠠ  ﹀ ᠭᠡᠵᠦ ᠨᠡᠷᠡᠡᠯᠵᠦ ᠭᠡᠨ᠎ᠡ  ︾  ᠡᠨᠡ ᠪᠤᠯᠪᠠᠯ  ᠲᠤᠮᠤᠭ ᠶᠠᠷᠢᠶ᠎ᠠ ᠮᠦᠨ᠃  ᠭᠡᠳᠡᠯ᠎ᠡ ᠲᠤᠮᠤᠭ ᠶᠠᠷᠢᠶ᠎ᠠ   ᠨᠢ ᠪᠠᠰᠠᠴᠦ ᠨᠢᠭᠡᠨ ᠴᠠᠭ ᠦᠶ᠎ᠡ ᠶᠢᠨ  ᠤᠤᠬ᠎ᠠ ᠵᠤᠬᠢᠶᠠᠯ ᠪᠤᠯᠵᠤ  ᠠᠮᠢᠳᠦᠷᠠᠯ ᠲᠡᠮᠡᠴᠡᠯ ᠤᠨ  ᠲᠤᠰᠬᠠᠯ ᠪᠤᠯᠵᠤ ᠢᠷᠡᠭᠰᠡᠨ ᠢ  ᠬᠦᠮᠦᠨ ᠪᠦᠬᠦᠨ ᠦᠭᠡᠶᠢᠰᠬᠡᠬᠦ ᠦᠭᠡᠢ᠂  ᠠᠳᠡ ᠴᠠᠭ  ᠤᠨ  ᠬᠠᠷᠠᠭᠠᠨ᠎ᠠ ᠵᠢᠱᠢᠶ᠎ᠡ ᠤᠯᠵᠤ ᠠᠮᠵᠢᠬᠤ ᠦᠭᠡᠢ ᠳᠤ ᠪᠠᠨ ᠲᠤᠮᠤᠭ ᠶᠠᠷᠢᠶ᠎ᠠ ᠪᠠᠷ᠃ ᠭᠤᠷᠪᠠ  ᠄  ᠮᠤᠩᠭᠤᠯ ᠬᠦᠮᠦᠨ ᠤ ᠰᠡᠳᠬᠢᠯ ᠰᠠᠨᠠᠭᠠᠨ ᠤ ᠬᠤᠪᠢᠷᠠᠯᠳᠠ ᠲᠠᠢ ᠬᠤᠯᠪᠤᠭ᠎ᠠ ᠲᠠᠢ᠃  ᠮᠤᠩᠭᠤᠯ ᠬᠦᠮᠦᠨ ᠤᠷᠳᠤ ᠤᠳᠠᠭᠠᠨ ᠤᠨ ᠤ  ᠬᠠᠳᠠᠭᠤ ᠲᠤᠭᠰᠢᠨ ᠪᠠᠶᠢᠭᠠᠯᠢ ᠶᠢᠨ  ᠠᠶᠤᠯ ᠴᠡᠷᠢᠭ ᠲᠠᠶᠢᠨ ᠤ  ᠠᠤᠶ᠋ᠯ  ᠵᠡᠷᠭᠡ ᠳᠤ ᠬᠢᠮᠦᠷᠠᠭᠳᠠᠨ ᠶᠠᠪᠤᠭᠤ   ᠳᠠᠭᠠᠨ ᠡᠩᠭᠡ ᠲᠠᠶᠢᠪᠤᠩ ᠶᠢᠨ  ᠬᠦᠰᠡᠨ ᠪᠡᠯᠭᠡᠳᠡᠵᠦ  ᠵᠦᠩ ᠪᠢᠯᠢᠭ ᠢ  ᠵᠦᠩᠨᠡᠨ ᠠᠭᠤᠯᠠ  ᠤᠰᠤᠨ ᠤ ᠨᠡᠷ᠎ᠡ   ᠳᠤ ᠪᠠᠨ ᠬᠦᠰᠡᠯ ᠲᠠᠭᠠᠳᠬᠠᠯ ᠢ ᠪᠠᠨ ᠡᠷᠭᠦᠨ ᠰᠢᠩᠭᠭᠡᠬᠦ ᠪᠤᠯᠤᠭᠰᠠᠨ ᠶᠠᠪᠤᠳᠠᠯ ᠴᠦ ᠭᠠᠷᠴᠠᠢ᠃  ᠵᠢᠱᠢᠶᠡᠯᠡᠪᠡᠯ ᠤᠳᠤᠬᠠᠨ ᠤ ᠠᠷᠤ ᠬᠤᠷᠴᠢᠨ ᠨᠤᠳᠤᠭ ᠤᠨ ᠬᠤᠰᠢᠭᠤᠨ  ᠲᠦᠪ ᠠᠴᠠ  ᠤᠮᠠᠷᠠᠰᠢ ᠠᠷᠪᠠᠨ ᠲᠠᠪᠤᠨ ᠭᠠᠵᠠᠷ ᠤᠷᠤᠰᠢᠬᠤ  ︽ᠪᠠᠭ᠎ᠠ ᠬᠠᠷ᠎ᠠ ᠠᠭᠤᠯᠠ  ︾   ᠨᠢ ︽ᠦᠯᠵᠡᠶᠢᠳᠤ ᠤᠷᠤᠢ  ︾ ᠪᠤᠯᠤᠭᠰᠠᠨ᠃  ᠤᠷᠳᠤ ᠴᠢᠨᠤᠳ  ᠭᠤᠤᠯ   ᠨᠢ  ︽ᠦᠯᠵᠡᠶᠢᠮᠦᠦᠷᠦᠨ  ︾ ᠪᠤᠯᠤᠭᠰᠠᠨ  ᠃ ︿ᠭᠡᠭᠡᠳᠤ ᠴᠢᠨᠤᠨ ᠭᠤᠤᠯ  ︾   ᠨᠢ   ︿ ᠤᠦ ᠮᠦᠷᠡᠨ ᠪᠤᠯᠤᠭᠰᠠᠨ  ﹈   ᠪᠤᠯᠤᠭᠰᠠᠨ ᠪᠤᠳᠠᠳᠠᠢ ᠵᠢᠱᠢᠶ᠎ᠡ ᠪᠤᠢ᠃ ᠲᠡᠦᠭᠡ  ᠪᠠᠶᠢᠭᠠᠯᠢ  ᠶᠢᠨ  ᠬᠤᠪᠢᠷᠠᠯ ᠲᠠᠢ ᠬᠤᠯᠪᠤᠭ᠎ᠠ ᠲᠠᠢ  ᠃  ᠤᠤᠯ ᠤᠨ    ᠴᠠᠬᠠᠷ  ᠂ ᠦᠵᠦᠮᠦᠴᠢᠨ᠂   ᠪᠠᠭᠠᠷᠢᠨ ᠤ  ᠬᠢᠵᠠᠭᠠᠷ  ᠲᠤ   ᠤᠷᠤᠰᠢᠬᠤ  ︽ᠬᠦᠢᠳᠡᠨ  ᠬᠠᠪᠴᠢᠯ ᠠᠭᠤᠯᠠ  ︾ ᠨᠢ   ︽ ᠯᠢᠶᠤᠤ ᠤᠯᠤᠰ ᠤᠨ   ᠲᠡᠦᠭᠡ︾   ᠳᠤ   ᠲᠡᠮᠳᠡᠭᠡᠯᠡᠭᠳᠡᠨ ᠦᠯᠡᠳᠡᠵᠠᠢ᠃ ᠲᠡᠷᠡᠬᠦ ᠨᠡᠷ᠎ᠡ ᠨᠢ  ᠭᠠᠵᠠᠷ ᠵᠦᠢ ᠶᠢᠨ  ᠪᠠᠶᠢᠴᠠ ᠪᠠ ᠠᠭᠤᠷ  ᠠᠮᠢᠰᠬᠤᠯ ᠤᠨ  ᠤᠨᠴᠢᠯᠢᠠᠭ ᠰᠢᠨᠵᠢ ᠪᠠᠷ ᠨᠢ ᠨᠡᠷᠡᠯᠡᠭᠰᠡᠨ  ᠲᠤᠭᠰᠢᠨ  ᠨᠡᠷ᠎ᠡ ᠪᠤᠶᠤ᠂  ᠤᠳᠤᠬᠠᠨ ᠳᠤ  ︽ ᠠᠷᠤ ᠬᠠᠶᠢᠷᠬᠠᠨ  ︾  ᠪᠤᠯᠵᠤ  ᠬᠤᠪᠢᠷᠠᠵᠠᠢ᠃  ᠤᠨ ᠲᠤᠭᠠᠯᠠᠯ ᠤᠨ  712 ᠤᠨ ᠳᠤ  ᠲᠢᠩ ᠤᠯᠤᠰ   ᠨᠢ  ᠤᠮᠠᠷᠠᠳᠤ ᠶᠢᠨ  ᠱᠢ ᠦᠨᠳᠤᠰᠤᠳᠡᠨ ᠬᠢᠭᠡᠳ ᠬᠢᠳᠠᠨ   ᠤ  ᠬᠤᠯᠪᠤᠭᠠᠳᠤ ᠴᠡᠷᠢᠭ ᠲᠠᠢ ᠠᠳᠡ  ᠰᠢᠷᠦᠭᠦᠨ ᠲᠠᠶᠢᠨ ᠪᠤᠯᠵᠤ ᠲᠠᠩ ᠤᠯᠤᠰ  ᠤᠨ  ᠴᠡᠷᠢᠭ ᠭᠠᠰᠢᠭᠤᠨ ᠲᠠᠢ ᠢᠯᠠᠭᠳᠠᠵᠠᠢ᠃  ᠤᠳᠤᠬᠠᠨ ᠲᠡᠭᠦᠨ ᠤ ᠤᠷᠦᠢ ᠳᠤ ᠠᠷᠪᠠᠨ ᠭᠤᠷᠪᠠᠨ ᠤᠪᠤᠭ᠎ᠠ ᠲᠠᠢ ᠂ ᠬᠢᠳᠠᠳᠴᠤᠳ ᠤᠳᠤᠬᠠᠨ ᠳᠤ ᠲᠡᠭᠦᠨ ᠢ  ︽ᠠᠷᠪᠠᠨ ᠭᠤᠷᠪᠠᠨ  ᠲᠠᠶᠢᠪᠤᠤ  ︾ ᠭᠡᠳᠡᠭ ᠨᠢ ᠪᠠᠰᠠᠴᠦ  ᠨᠡᠯᠢᠶᠡᠳ  ᠰᠦᠷ ᠬᠦᠴᠦᠨ ᠲᠠᠢ  ᠲᠠᠭᠤᠳᠠᠯᠭ᠎ᠠ  ᠪᠤᠯᠬᠤ ᠪᠤᠶᠤ  ᠃  ᠭᠤᠤᠯ ᠤᠪᠤᠭ᠎ᠠ   ᠨᠢ ᠬᠠᠮᠳᠤ ᠶᠢᠨ  ᠤᠪᠤᠭ᠎ᠠ ᠪᠤᠯᠵᠤ᠂  ᠠᠷᠤ ᠬᠠᠵᠠᠭᠤ ᠶᠢᠨ  ᠲᠦᠷᠪᠡᠨ ᠤᠪᠤᠭ᠎ᠠ ᠶᠢ ᠦᠵᠦᠮᠦᠴᠢᠨ ᠲᠠᠬᠢᠵᠤ᠂  ᠪᠠᠷᠠᠭᠤᠨ ᠲᠠᠯ᠎ᠠ ᠶᠢᠨ  ᠲᠦᠷᠪᠡᠨ ᠤᠪᠤᠭ᠎ᠠ  ᠶᠢ ᠬᠡᠰᠢᠭᠳᠡᠨ ᠲᠠᠬᠢᠵᠤ᠂  ᠡᠮᠦᠨ᠎ᠡ  ᠡᠩᠭᠡᠷ ᠤᠨ  ᠲᠦᠷᠪᠡᠨ ᠤᠪᠤᠭ᠎ᠠ ᠶᠢ ᠪᠠᠷᠠᠭᠤᠨ ᠲᠠᠬᠢᠵᠤ᠂  ᠵᠡᠭᠦᠨ ᠬᠠᠪᠢᠷᠭ᠎ᠠ  ᠶᠢᠨ  ᠲᠦᠷᠪᠡᠨ ᠤᠪᠤᠭ᠎ᠠ ᠶᠢ  ᠵᠡᠭᠦᠨ ᠪᠠᠭᠠᠷᠢᠨ ᠲᠠᠬᠢᠳᠠᠭ ᠭᠡᠳᠡᠭ᠃ ᠤᠳᠤᠬᠠᠨ ᠪᠤᠯᠳᠠᠯ᠎ᠠ ᠲᠠᠬᠢᠯᠭ᠎ᠠ ᠲᠠᠰᠤᠷᠭ᠎ᠠ ᠦᠭᠡᠢ᠂ ᠭᠤᠤᠯᠳᠠᠬᠤ  ᠦᠵᠦᠮᠦᠴᠢᠨ᠂ ᠭᠡᠰᠢᠭᠳᠡᠨ ᠤ ᠮᠤᠩᠭᠤᠯᠴᠤᠳ ᠪᠠ ᠯᠢᠨᠰᠢ ᠰᠢᠶᠠᠨ ᠤ ᠬᠢᠳᠠᠳ ᠦᠨᠳᠤᠰᠤᠳᠡᠨ ᠲᠠᠬᠢᠵᠤ ᠪᠠᠶᠢᠨ᠎ᠠ᠂  ᠵᠢᠯ ᠪᠦᠷᠢ ᠤᠨ  ᠪᠢᠯᠢᠭ ᠤᠨ  ᠤᠯᠠᠷᠢᠯ ᠤᠨ  ᠬᠤᠷᠢᠨ ᠲᠦᠷᠪᠡᠨ ᠳᠤ ᠶᠠᠪᠤᠭᠳᠠᠳᠠᠭ᠃      ᠬᠤᠷᠴᠢᠨ  ᠲᠤᠪᠴᠢᠶᠠᠨ ᠳᠤ   ᠲᠡᠮᠳᠡᠭᠡᠯᠡᠭᠳᠡᠭᠰᠡᠨ  ︽ᠶᠡᠭᠡ ᠲᠠᠩᠭᠠᠷᠢᠭ ᠤᠨ  ᠰᠢᠯᠢ  ︾ ᠨᠢ ᠤᠳᠤᠬᠠᠨ ᠳᠤ  ︽ᠬᠤᠸᠠ ᠲᠤᠭᠤᠯ ᠰᠤᠮᠤ︾  ︵ᠤᠷᠴᠢᠮ︶  ᠪᠤᠯᠵᠤ ᠬᠤᠪᠢᠷᠠᠵᠠᠢ᠃ 1624 ᠤᠨ   ᠤ 2 ᠰᠠᠷ᠎ᠠ ᠳᠤ   ᠨᠤᠷᠬᠠᠴᠢ   ᠪᠠᠷ ᠪᠠᠺᠰᠢ᠂  ᠭᠡᠸᠠ  ᠂ ᠺᠦᠷᠽᠠᠨ ᠵᠡᠷᠭᠡ ᠬᠦᠮᠦᠨ ᠢ  ᠲᠤᠮᠢᠯᠠᠵᠤ ᠶᠡᠭᠡ ᠲᠠᠩᠭᠠᠷᠢᠭ ᠰᠢᠯᠢ ᠳᠤ ᠤᠤᠪᠠ ᠲᠡᠷᠢᠭᠦᠳᠠᠢ ᠤᠯᠠᠨ ᠲᠠᠶᠢᠵᠢ ᠨᠠᠷ ᠲᠠᠢ  ᠴᠠᠭᠠᠨ ᠮᠤᠷᠢ ᠬᠠᠷ᠎ᠠ ᠦᠭᠡᠷ ᠠᠯᠠᠵᠤ ᠲᠡᠩᠭᠠᠷᠢᠯᠠᠪᠠ᠃  ︶  ︽ᠬᠤᠷᠴᠢᠨ ᠵᠠᠩ ᠦᠢᠯᠡ   ᠢ ᠰᠤᠶᠤᠯ ᠰᠤᠳᠤᠯᠤᠯ  ︾ 37 ᠳ᠋ᠤᠭᠡᠷ ᠨᠢᠭᠤᠷ  ︶      ᠲᠦᠷᠪᠡ  ᠄ ᠮᠤᠩᠭᠤᠯ ᠭᠠᠵᠠᠷ ᠤᠨ  ᠨᠡᠷ᠎ᠡ  ᠬᠢᠳᠠᠳ ᠭᠡᠯᠡ   ᠪᠠᠷ ᠲᠠᠮᠵᠢᠨ ᠤᠷᠴᠢᠭᠤᠯᠠᠭᠳᠠᠬᠤ ᠳᠠᠭᠠᠨ  ᠠᠶᠠᠨᠳᠠᠭᠠᠨ  ᠬᠤᠪᠢᠷᠠᠵᠤ ᠪᠠᠶᠢᠨ᠎ᠠ᠃  ᠡᠭᠦᠨ   ᠳᠤ  ᠾᠦᠩᠨᠤ   ᠶᠢᠨ  ᠦᠶ᠎ᠡ ᠶᠢᠨ ︽  ᠲᠡᠭᠷᠢ ᠠᠭᠤᠯᠠ  ︾  ᠠᠶᠤᠮᠰᠢᠭᠳᠤ ᠪᠠᠷᠳᠠᠭᠠᠳᠤ   ᠠᠭᠤᠯᠠ   ᠨᠢ ᠬᠢᠳᠠᠳ   ᠢᠶᠠᠷ  ︽ᠴᠢ ᠯᠢᠶᠠᠨ ᠱᠠᠨ  ︾ ᠬᠡᠮᠡᠨ ᠠᠪᠢᠶᠠᠯᠠᠭᠳᠠᠨ   ᠬᠤᠪᠢᠷᠠᠵᠠᠢ᠃  ᠵᠡᠭᠦᠨ ᠬᠤᠶᠢᠳᠤ ᠤᠷᠤᠨ ᠳᠤ  ᠬᠦᠷᠪᠡᠯᠵᠡᠨ ᠤᠷᠤᠰᠬᠤ ᠠᠶᠤᠮᠰᠢᠭᠳᠤ ᠲᠤᠭᠰᠢᠨ   ︽ᠬᠠᠷ᠎ᠠ ᠮᠦᠷᠡᠨ  ︾   ᠨᠢ  ︽ᠾᠧᠢ ᠯᠦᠩ ᠵᠢᠶᠠᠩ︾  ᠪᠤᠯᠵᠤ ᠬᠤᠪᠢᠷᠠᠵᠠᠢ᠃       ᠲᠦᠷᠪᠡ  ᠄ ᠵᠠᠷᠢᠮ  ᠪᠠᠷᠳᠠᠮ ᠲᠤᠭᠰᠢᠨ ᠨᠡᠷᠡᠰ ᠤᠨ  ᠦᠯᠦ  ᠰᠤᠯᠢᠭᠳᠠᠭᠰᠠᠨ ᠲᠤᠬᠠᠢ      ᠨᠢᠭᠡ   ᠳᠤ  ᠄ ᠮᠤᠩᠭᠤᠯ ᠬᠦᠮᠦᠨ ᠲᠡᠭᠷᠢ   ᠶᠢ ᠰᠢᠳᠦᠬᠦ ᠵᠠᠩ ᠰᠢᠳᠦᠯᠭᠡ ᠪᠠᠨ ᠬᠠᠶᠠᠭᠰᠠᠨ ᠦᠭᠡᠢ᠂  ᠬᠠᠷᠢᠨ ᠲᠡᠭᠦᠨ ᠢ ᠪᠠᠨ  ᠪᠤᠷᠬᠠᠨ ᠱᠠᠰᠢᠨ ᠲᠠᠢ ᠨᠢᠭᠳᠠ ᠬᠤᠯᠪᠤᠵᠤ   ︽ᠪᠤᠷᠠᠬᠨ ᠲᠡᠭᠷᠢ︾ ᠭᠡᠵᠦ ︽ᠬᠦᠭᠡ ᠲᠡᠭᠷᠢ  ᠬᠦᠷᠦᠰᠤᠳᠤ ᠲᠡᠯᠡᠭᠡᠢ  ᠦᠷᠭᠦᠯᠵᠢᠯᠡᠨ ᠰᠢᠳᠦᠵᠤ᠂  ︽ᠮᠦᠭᠭᠡ ᠲᠡᠭᠷᠢ ᠶᠢᠨ ᠬᠦᠴᠦᠨ ᠳᠤ ᠲᠠᠭᠠᠳ  ᠬᠦᠮᠦᠨ ᠪᠠᠶᠢᠭᠠᠯᠢ ᠶᠢᠨ  ᠵᠤᠬᠢᠴᠠᠯ ᠢ  ᠢᠯᠡᠳᠭᠡᠭᠰᠡᠨ ᠠᠴᠠ  ᠡᠨᠡᠬᠦ ᠨᠡᠷ᠎ᠡ ᠦᠯᠡᠳᠡᠵᠠᠢ᠃  ᠲᠠᠷᠦᠢ ︽ᠲᠡᠭᠷᠢ ᠠᠭᠤᠯᠠ  ︾  ︽ᠲᠡᠭᠷᠢ ᠡᠯᠡᠰᠦ  ︾  ᠵᠡᠷᠭᠡ  ᠃     ᠬᠤᠶᠠᠷ ᠲᠤ  ᠮᠤᠩᠭᠤᠯ ᠨᠡᠷ᠎ᠡ ᠪᠠᠷ ᠨᠢ ᠦᠨᠳᠤᠰᠤᠨ ᠲᠡᠭᠡᠨ ᠦᠯᠦ ᠲᠡᠭᠤᠳᠠᠬᠤ ᠪᠤᠯᠤᠭᠰᠠᠨ   ᠠᠴᠠ  ᠡᠰᠨ ᠬᠤᠪᠢᠷᠠᠭᠰᠠᠨ ᠪᠤᠶᠤ᠃    ︽ᠲᠠᠯᠠᠨ ᠬᠠᠷ᠎ᠠ ᠠᠭᠤᠯᠠ  ︾ ᠶᠢᠨ  ︽ᠲᠠᠯᠠᠨ  ︾   ᠨᠢ  ︽ᠲᠤᠩ  ︾ ᠭᠡᠰᠡᠨ ᠤᠤᠬ᠎ᠠ ᠲᠠᠢ ᠪᠠᠶᠢᠬᠤ᠂  ᠮᠤᠩᠭᠤᠯ ᠬᠡᠯᠡᠨ ᠳᠤ  ᠶᠡᠷᠦᠨᠢ  ︽ᠲᠠᠯᠠᠨ ᠲᠠᠪᠬᠤᠷ  ︾  ᠂  ︽ ᠲᠠᠯᠠᠨ  ᠨᠦᠬᠦᠭᠡᠰᠦ  ︾  ᠂  ︽ᠲᠠᠯᠠᠨ ᠰᠢᠯᠳᠠᠭ  ︾  ᠂ ︽ᠲᠠᠯᠠᠨ ᠬᠤᠳᠠᠯᠴᠢ    ︾ ᠭᠡᠬᠦ ᠮᠡᠳᠤ ᠪᠠᠷ  ᠤᠯᠠᠨ ᠲᠤᠭ᠎ᠠ ᠶᠢ ᠢᠯᠡᠳᠭᠡᠳᠡᠭ᠃  ᠡᠰᠡᠭᠦᠯ᠎ᠡ  ︽ᠲᠠᠯᠠᠩ ᠬᠠᠷ᠎ᠠ  ︾   ︽ᠲᠠᠯᠠᠨ  ᠬᠠᠷ᠎ᠠ  ︾ ᠲᠠᠬᠢᠭᠠᠳ  ᠬᠢᠳᠠᠳ ᠪᠠᠷ   ︽ᠳ᠋ᠠ ᠴᠢᠩ ᠱᠠᠨ  ︾  ᠪᠤᠯᠤᠭᠰᠠᠨ ᠠᠴᠠ  ᠡᠨᠡᠬᠦ ᠨᠡᠷ᠎ᠡ ᠬᠤᠪᠢᠷᠠᠭᠰᠠᠨ ᠦᠭᠡᠢ  ᠃       ᠭᠤᠷᠪᠠ ᠳᠤ  ᠭᠠᠵᠠᠷ ᠤᠰᠤᠨ ᠤ ᠬᠡᠪᠴᠢᠶ᠎ᠡ ᠨᠢ ᠠᠷᠠᠢ ᠵᠢᠭᠠᠬᠠᠨ ᠰᠢᠭ ᠤᠷᠤᠨ᠃  ᠡᠭᠦᠨ ᠳᠤ  ︽ᠠᠳᠠᠷᠭ᠎ᠠ  ︾  ᠂ ︽ᠤᠯᠠᠭᠠᠨ ᠪᠤᠳᠤᠩ  ︾  ᠂ ︽ ᠬᠦᠨᠳᠡᠯᠡᠨ  ︾ ᠨᠡᠷᠡᠳᠤ  ᠠᠭᠤᠯᠠ  ᠤᠰᠤᠨ ᠤ ᠨᠡᠷ᠎ᠡ  ᠬᠠᠳᠠᠭᠠᠠᠯᠠᠭᠳᠠᠵᠠᠢ᠃  ︽ᠠᠳᠠᠷᠭ᠎ᠠ  ︾ ᠬᠡᠮᠡᠬᠦ ᠠᠭᠤᠯᠠ   ᠨᠢ ᠠᠷᠠᠢ  ᠪᠠᠭ᠎ᠠ ᠪᠤᠯᠤᠭᠰᠠᠨ ᠳᠠᠭᠠᠨ  ᠦᠯᠡᠳᠡᠭᠰᠡᠨ ᠪᠤᠶᠤ ᠭᠡᠵᠦ  ᠪᠢ ᠰᠡᠳᠬᠢᠳᠡᠭ᠃  ᠲᠡᠷᠡᠬᠦ   ︽ᠠᠳᠠ ᠰᠢᠳᠢ︾ ᠭᠡᠮᠡᠬᠦ ᠦᠭᠡᠰ ᠠᠴᠠ  ᠢᠷᠡᠯᠳᠡᠳᠠᠢ ᠠᠭᠤᠯᠠᠨ ᠤ   ᠪᠡᠷᠭᠡ ᠪᠠᠷᠳᠠᠭᠠᠨ ᠳᠤ  1953 ᠤᠨ  ᠪᠤᠯᠳᠠᠯ᠎ᠠ ᠪᠠᠷᠰ  ᠨᠢᠭᠤᠭᠳᠠᠨ  ᠤᠷᠦᠰᠢᠵᠤ ᠪᠠᠶᠢᠭᠰᠠᠨ᠂   ᠮᠠᠩᠬ᠎ᠠ ᠬᠤᠳᠤᠭᠤᠷ ᠴᠦ   ᠠᠯᠢ ᠨᠢ   ᠪᠡᠷᠭᠡ ᠪᠠᠷᠳᠠᠭ᠎ᠠ ᠪᠠᠷ  ᠮᠤᠩᠭᠤᠯ ᠤᠷᠤᠨ ᠤ  ᠨᠢᠭᠡ ᠵᠦᠢᠯ ᠤᠨ  ᠬᠠᠰᠢᠯᠭ᠎ᠠ  ᠭᠡᠷᠡᠮ  ᠪᠤᠯᠵᠤ  ᠮᠠᠯ ᠰᠦᠷᠦᠭ ᠤᠨ  ᠬᠠᠮᠤᠭ ᠰᠢᠦ ᠰᠡᠭᠦᠯᠴᠢ   ᠶᠢᠨ  ᠤᠷᠤᠰᠢᠨ ᠦᠯᠡᠳᠡᠬᠦ  ᠤᠷᠤᠨ  ᠪᠤᠯᠤᠭᠰᠠᠨ᠂    ︽ᠤᠯᠠᠭᠠᠨ ᠪᠤᠳᠤᠩ  ︾ ᠬᠡᠮᠡᠬᠦ  ᠲᠤᠭᠰᠢᠨ ᠨᠡᠷ᠎ᠡ   ᠨᠢ ᠶᠤᠰᠤᠳᠠᠢ  ᠪᠠᠶᠢᠭᠠᠯᠢ ᠪᠠᠶᠢᠴᠠ ᠳᠠᠭᠠᠨ   ᠲᠤᠬᠢᠷᠠᠭᠰᠠᠨ ᠤᠯᠠᠭᠠᠨ ᠦᠩᠭᠡ ᠶᠢᠨ  ᠦᠨᠢᠶᠡᠷ ᠪᠤᠳᠤᠩ ᠲᠠᠳᠠᠵᠤ ᠪᠠᠶᠢᠭᠰᠠᠨ ᠤᠷᠤᠨ ᠪᠤᠶᠤ᠃ 1691 ᠤᠨ ᠳᠤ   ᠡᠨᠡᠬᠦ ᠭᠠᠵᠠᠷ  ᠮᠠᠨᠵᠤ  ᠵᠦᠩᠭᠠᠷ   ᠤᠨ   ᠴᠡᠷᠢᠭ‌‍ᠰᠢᠢᠳᠪᠤᠷᠢᠳᠤ ᠲᠠᠶᠢᠯᠠᠯᠳᠤᠭᠠᠨ   ᠪᠤᠯᠵᠤ  ᠲᠡᠶᠢᠨ ᠤ ᠳ᠋ᠦᠩ  ᠳᠤ  ᠵᠦᠩᠭᠠᠷ ᠴᠡᠷᠢᠭ ᠶᠡᠭᠡᠳᠡ ᠢᠯᠠᠭᠳᠠᠭᠰᠠᠨ  ᠴᠦ ᠠᠮᠵᠢᠯᠳᠠ  ᠤᠬᠤᠷᠢᠵᠤ ᠴᠢᠳᠠᠭᠰᠠᠨ ᠲᠤᠬᠠᠢ ᠶᠢᠨ  ᠦᠶ᠎ᠡ   ᠳᠤ ᠴᠢᠩ ᠤᠯᠤᠰ ᠤᠨ  ᠴᠡᠷᠢᠭ ᠤᠨ  ᠵᠠᠩᠵᠤᠨ ᠨᠠᠷ ᠠᠶᠢᠯᠠᠳᠬᠠᠯ ᠪᠢᠴᠢᠵᠤ   ︽ ᠬᠦᠮᠦᠨ ᠬᠡᠳᠦᠶᠢᠪᠡᠷ  ᠢᠯᠠᠭᠰᠠᠨ ᠪᠤᠯᠪᠠᠴᠦ  ᠮᠤᠷᠢᠨ ᠦᠯᠦ  ᠨᠡᠭᠡᠮᠵᠢᠯᠡᠵᠤ ᠲᠡᠶᠢᠯᠬᠦ ᠦᠭᠡᠢ  ︾ ᠭᠡᠵᠦ  ᠡᠨᠡᠬᠦ ᠠᠭᠤᠯᠠᠨ ᠤ  ᠪᠡᠷᠭᠡ ᠪᠠᠷᠳᠠᠭ᠎ᠠ ᠪᠠ  ᠵᠦᠩᠭᠠᠷ ᠴᠡᠷᠢᠭ ᠤᠨ  ᠮᠤᠷᠢᠨ ᠮᠡᠷᠭᠡᠵᠢᠯ ᠢ  ᠲᠠᠯᠳᠠ ᠪᠠᠷ ᠢᠯᠡᠳᠭᠡᠵᠠᠢ᠃            ᠲᠦᠷᠪᠡ ᠳᠤ   ᠬᠦᠮᠦᠨ   ᠤ ᠠᠮᠢᠳᠦᠷᠠᠯ   ᠲᠠᠢ  ᠵᠢᠭᠠᠬᠠᠨ ᠵᠠᠶᠢᠳᠠᠭᠤ  ᠪᠠᠶᠢᠳᠠᠭ ᠡᠯᠡᠰᠦ ᠮᠠᠩᠬ᠎ᠠ  ᠶᠢᠨ ᠨᠡᠷ᠎ᠡ  ᠃ᠡᠭᠦᠨ ᠤ  ᠬᠤᠷᠴᠢᠨ ᠤ  ᠡᠯᠡᠰᠦᠨ ᠤ ᠳᠤ ᠦᠯᠡᠳᠡᠭᠰᠡᠨ——   ︽ᠪᠡᠷᠭᠡ ᠶᠢᠨ  ᠮᠠᠩᠬ᠎ᠠ  ︾   ᠭᠡᠮᠡᠬᠦ ᠨᠡᠷ᠎ᠡ ᠪᠠᠷ  ᠵᠢᠱᠢᠶᠡᠶᠡᠯᠳᠠᠢ᠃  ᠠᠯᠠᠱᠠᠨ ᠤ  ︽ᠤᠯᠠᠭᠠᠨᠪᠤᠬ᠎ᠠ ᠶᠢᠨ ᠡᠯᠡᠰᠦ  ︾ ᠵᠡᠷᠭᠡ  ᠨᠡᠷᠡᠰ           ᠮᠤᠩᠭᠤᠯ ᠭᠠᠵᠠᠷ  ᠤᠰᠤᠨ ᠤ ᠨᠡᠷ᠎ᠡ  ᠤᠯᠠᠷᠢᠯ ᠬᠤᠪᠢᠷᠠᠯ ᠨᠢ  ᠬᠦᠮᠦᠨ ᠲᠦᠷᠦᠯᠬᠢᠳᠠᠡᠨ ᠨᠡᠶᠢᠭᠡᠮ ᠤᠨ  ᠬᠦᠭᠵᠢᠯ ᠬᠤᠪᠢᠷᠠᠯ ᠵᠢᠴᠢ ᠪᠠᠶᠢᠭᠠᠯᠢ  ᠵᠦᠢ ᠢ  ᠤᠯᠠᠷᠢᠯ ᠬᠤᠪᠢᠰᠤᠯ  ᠤᠷᠤᠰᠢᠨ ᠰᠠᠭᠤᠷᠢᠰᠢᠭᠴᠢ ᠶᠢᠨ  ᠬᠢᠨᠢ ᠪᠤᠳᠤᠯ ᠰᠡᠳᠬᠢᠯ   ᠲᠠᠢ ᠰᠢᠭᠤᠳ  ᠬᠤᠯᠪᠤᠭᠳᠠᠬᠤ ᠨᠢ ᠲᠡᠮᠵᠢᠭ ᠦᠭᠡᠢ᠃  ᠦᠨᠦᠳᠤᠷ  ᠪᠤᠯᠬᠤ ᠳᠤ ᠲᠤᠭᠰᠢᠨ ᠪᠠᠷᠳᠠᠮ ᠨᠡᠷ᠎ᠡ ᠨᠢ  ᠤᠶᠠᠨ ᠵᠦᠭᠡᠯᠡᠨ ᠪᠤᠯᠬᠤ ᠳᠤ ᠮᠠᠷᠭᠠᠰᠢ ᠪᠤᠯᠬᠤ ᠳᠤ ᠲᠠᠬᠢᠨ ᠰᠡᠷᠭᠦᠨ ᠬᠡᠷᠡᠭᠯᠡᠭᠳᠡᠬᠦ ᠪᠤᠯᠤᠮᠵᠢ  ᠴᠦ ᠪᠤᠢ᠃  ︽ᠪᠠᠷᠳᠠᠮ ᠬᠠᠷ᠎ᠠ︾ ᠴᠤᠤᠷᠠᠢ ᠲᠠᠪᠴᠠᠩ  ︾ ᠨᠢᠭᠡᠨ ᠵᠢᠱᠢᠶ᠎ᠡ  ᠪᠢᠰᠢᠦ  ︖  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号