ᠷᠠᠰᠢᠫᠣᠩᠰᠤᠭ ︵1755 ᠊᠊᠊︖︶
ᠨᠡᠶᠢᠲᠡᠯᠡᠭᠰᠡᠨ ᠴᠠᠭ᠄
2020/7/2
ᠷᠠᠰᠢᠫᠣᠩᠰᠤᠭ ︵1755 ᠊᠊᠊︖︶               ᠷᠠᠰᠢᠫᠣᠩᠰᠤᠭ᠂ ᠮᠣᠩᠭᠤᠯ ᠦᠨᠳᠦᠰᠦᠲᠡᠨ᠂ ᠪᠣᠷᠵᠢᠭᠢᠳ ᠣᠪᠣᠭᠲᠠᠨ᠂ 1755 ᠣᠨ ᠳᠤ ᠪᠠᠭᠠᠷᠢᠨ ᠪᠠᠷᠠᠭᠤᠨ ᠭᠠᠷᠤᠨ ᠬᠤᠰᠢᠭᠤᠨ ᠳᠤ ᠲᠥᠷᠥᠵᠡᠢ᠂ ᠡᠴᠢᠭᠡ ᠶᠢᠨ ᠨᠡᠷ᠎ᠡ ᠨᠢ ᠴᠡᠷᠡᠨᠳᠠᠷᠵᠠ ᠭᠡᠳᠡᠭ᠂ ᠭᠤᠳᠠᠭᠠᠷ ᠡᠭᠦᠳᠡᠨ ᠤ ᠲᠠᠶᠢᠵᠢ᠃ ᠷᠠᠰᠢᠫᠣᠩᠰᠤᠭ ᠢ ᠪᠠᠭ᠎ᠠ ᠪᠠᠶᠢᠬᠤ ᠳᠤ ᠡᠪᠦᠭᠡ ᠪᠠᠯᠵᠤᠤᠷ ᠨᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠲᠤᠰᠠᠯᠠᠭᠴᠢ ᠪᠠᠶᠢᠭᠰᠠᠨ ᠪᠣᠯᠬᠤᠷ ᠷᠠᠰᠢᠫᠣᠩᠰᠤᠭ ᠸᠠᠩ ᠤᠨ ᠬᠤᠷᠢᠶ᠎ᠠ ᠶᠢᠨ ᠪᠢᠴᠢᠭᠡᠴᠢ ᠶᠢᠨ ᠭᠡᠷ ᠤᠨ ᠰᠣᠷᠭᠠᠭᠤᠯᠢ ᠳᠤ ᠪᠢᠴᠢᠭ ᠰᠤᠷᠴᠤ ᠪᠠᠶᠢᠵᠠᠢ᠃ ᠲᠡᠷᠡ ᠬᠠᠷᠠᠬᠠᠨ ᠪᠠᠭ᠎ᠠ ᠠᠴᠠ ᠪᠠᠨ ᠤᠢ ᠪᠢᠯᠢᠭ ᠰᠡᠷᠭᠦᠯᠡᠩ᠂ ᠰᠤᠷᠬᠤ ᠳᠤ ᠪᠠᠭ᠋ᠠᠲᠠᠢ ᠪᠣᠯᠬᠤᠷ ᠬᠤᠵᠢᠮ ᠨᠢ ᠮᠣᠩᠭᠤᠯ᠂ ᠮᠠᠨᠵᠤ᠂ ᠬᠢᠲᠠᠳ᠂ ᠲᠥᠪᠡᠳ ᠤᠢᠰᠦᠭ ᠪᠢᠴᠢᠭ ᠲᠤ ᠨᠡᠪᠲᠡᠷᠡᠵᠡᠢ᠃ ᠴᠢᠩ ᠤᠯᠤᠰ ᠤᠨ ᠲᠩᠷᠢ ᠲᠡᠳᠬᠦᠭᠴᠢ ᠶᠢᠨ ᠭᠤᠴᠢᠨ ᠳᠣᠯᠣᠳᠤᠭᠠᠷ ᠣᠨ ︵1772 ᠣᠨ︶ ᠳᠤ ᠪᠠᠯᠵᠤᠤᠷ ᠲᠤᠰᠠᠯᠠᠭᠴᠢ ᠨᠠᠶᠠ ᠭᠠᠷᠴᠤ᠂ ᠪᠠᠭᠠᠷᠢᠨ ᠪᠠᠷᠠᠭᠤᠨ ᠭᠠᠷᠤᠨ ᠬᠤᠰᠢᠭᠤᠨ ᠤ ᠬᠤᠰᠢᠭᠤ ᠵᠠᠰᠠᠭ ᠪᠠᠲᠤ ᠳᠤ ᠲᠤᠰᠢᠶᠠᠯ ᠠᠴᠠ ᠪᠠᠨ ᠪᠠᠭᠤᠬᠤ ᠪᠠᠷ ᠭᠤᠶᠤᠴᠢᠯᠠᠭᠰᠠᠨ ᠪᠥᠭᠡᠳ ᠣᠮᠪᠣᠯᠣ ᠬᠦᠦ ᠷᠠᠰᠢᠫᠣᠩᠰᠤᠭ ᠢᠶᠠᠨ ᠬᠤᠰᠢᠭᠤ ᠲᠤᠰᠠᠯᠠᠭᠴᠢ ᠵᠠᠯᠭᠠᠮᠵᠢᠯᠠᠨ ᠡᠷᠭᠦᠮᠵᠢᠯᠡᠬᠦ ᠪᠠᠷ ᠲᠠᠨᠢᠯᠴᠠᠭᠤᠯᠵᠠᠢ᠃ ᠪᠠᠲᠤ ᠿᠧᠾᠧ ᠶᠢᠨ ᠵᠤᠰᠠᠭᠠᠯ ᠣᠷᠳᠣᠨ ᠳᠤ ᠣᠴᠢᠵᠤ ᠬᠠᠭᠠᠨ ᠳᠤ ᠪᠠᠷᠠᠳᠠᠬᠤ ᠦᠶ᠎ᠡ ᠳᠤ ᠲᠡᠭᠦᠨ ᠢ ᠳᠠᠭᠠᠭᠤᠯᠤᠨ ᠣᠴᠢᠵᠠᠢ᠂ ᠢᠩᠬᠢᠭᠡᠳ ᠲᠩᠷᠢ ᠲᠡᠳᠬᠦᠭᠴᠢ ᠬᠠᠭᠠᠨ ᠤ ᠰᠣᠶᠣᠷᠬᠠᠯ ᠢ ᠬᠦᠷᠲᠡᠵᠦ ᠬᠤᠰᠢᠭᠤ ᠲᠤᠰᠠᠯᠠᠭᠴᠢ ᠶᠢᠨ ᠲᠤᠰᠢᠶᠠᠯ ᠢ ᠵᠠᠯᠭᠠᠮᠵᠢᠯᠠᠵᠠᠢ᠃ ᠲᠤᠰᠢᠶᠠᠯ ᠳᠤ ᠪᠠᠶᠢᠬᠤ ᠬᠤᠭᠤᠴᠠᠭᠠᠨ ᠳᠤ ᠪᠠᠨ ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠰᠦᠮ᠎ᠡ ᠳᠤ ᠬᠦᠷᠴᠦ ᠲᠥᠪᠡᠳ ᠨᠣᠮ ᠰᠤᠷᠴᠠᠢ᠃ ᠷᠠᠰᠢᠫᠣᠩᠰᠤᠭ ᠨᠢᠭᠡ ᠨᠠᠰᠤᠨ ᠳᠤ ᠪᠠᠨ ᠮᠣᠩᠭᠤᠯ ᠤᠨ ᠲᠡᠦᠬᠡ ᠶᠢ ᠰᠡᠳᠬᠢᠯ ᠰᠢᠭᠤᠳᠤᠨ ᠰᠣᠳᠤᠯᠤᠭᠰᠠᠨ ᠮᠦᠷᠲᠡᠭᠡᠨ ᠨᠠᠶᠢᠷᠠᠭᠤᠯᠤᠨ ᠡᠮᠬᠢᠳᠬᠡᠵᠡᠢ᠃ ᠲᠩᠷᠢ ᠲᠡᠳᠬᠦᠭᠴᠢ ᠶᠢᠨ ᠳᠥᠴᠢᠨ ᠣᠨ ︵1775 ᠣᠨ︶ ᠳᠤ 20 ᠨᠠᠰᠤᠲᠠᠶ ᠳᠤ ᠪᠠᠨ ᠮᠣᠩᠭᠤᠯ ᠤᠨ ᠣᠨ ᠳᠠᠷᠠᠭᠠᠯᠠᠭᠰᠠᠨ ᠲᠡᠦᠬᠡ ᠶᠢᠨ ᠠᠪᠤᠷᠭᠤ ᠪᠦᠲᠦᠭᠡᠯ ︽ᠪᠣᠯᠣᠷ ᠡᠷᠢᠬᠡ︾ ᠶᠢ ᠪᠢᠴᠢᠵᠡᠢ᠃ ᠲᠩᠷᠢ ᠲᠡᠳᠬᠦᠭᠴᠢ ᠶᠢᠨ ᠭᠤᠴᠢᠨ ᠳᠣᠯᠣᠳᠤᠭᠠᠷ ᠣᠨ ︵1772 ᠣᠨ︶ ᠠᠴᠠ ᠲᠩᠷᠢ ᠲᠡᠳᠬᠦᠭᠴᠢ ᠶᠢᠨ ᠳᠥᠴᠢᠨ ᠣᠨ ᠬᠦᠷᠲᠡᠯ᠎ᠡ ᠪᠠᠰᠠ ︽ᠰᠢᠷᠡᠭᠡᠲᠦ ᠭᠦᠦᠰᠢ ᠴᠣᠷᠵᠢ ᠶᠢᠨ ᠢᠵᠠᠭᠤᠷ ᠤᠨ ᠪᠯᠠᠮ᠎ᠠ ᠭᠡᠯᠢᠭᠵᠡᠯᠰᠠᠨ ᠰᠠᠶᠢᠨᠴᠣᠭᠲᠤ ᠭᠡᠭᠡᠨ ᠤ ᠨᠠᠮᠲᠠᠷ ᠰᠦᠰᠦᠭ ᠤᠨ ᠡᠭᠦᠳᠡ ᠶᠢ ᠨᠡᠭᠡᠭᠡᠭᠴᠢ ᠣᠷᠣᠰᠢᠪᠠᠢ︾ ᠬᠡᠮᠡᠬᠦ ᠨᠣᠮ ᠢ ᠨᠠᠶᠢᠷᠠᠭᠤᠯᠤᠨ ᠪᠢᠴᠢᠵᠡᠢ᠃ ︽ᠪᠣᠯᠣᠷ ᠡᠷᠢᠬᠡ︾ ᠪᠣᠯ ᠷᠠᠰᠢᠫᠣᠩᠰᠤᠭ ᠤᠨ ᠲᠥᠯᠥᠭᠡᠯᠡᠭᠴᠢ ᠪᠦᠲᠦᠭᠡᠯ ᠶᠤᠮ᠃ ᠲᠤᠰ ᠨᠣᠮ ᠤᠨ ᠬᠠᠭᠤᠳᠠᠰᠤ ᠬᠡᠪᠴᠢᠶ᠎ᠡ ᠨᠢ ᠠᠤᠭ᠎ᠠ ᠶᠡᠭᠡ᠂ ᠰᠲ᠋ᠢᠯᠢ ᠬᠡᠯᠪᠡᠷᠢ ᠨᠢ ᠨᠠᠷᠢᠨ ᠨᠢᠭᠲᠠ᠂ ᠠᠭᠤᠯᠭ᠎ᠠ ᠤᠳᠬ᠎ᠠ ᠨᠢ ᠨᠠᠷᠢᠨ ᠪᠣᠳᠠᠲᠠᠢ᠂ ᠦᠭᠡ ᠦᠭᠦᠯᠡᠪᠦᠷᠢ ᠨᠢ ᠠᠪᠰᠠᠷᠬᠠᠨ ᠣᠶᠢᠯᠠᠭᠠᠮᠵᠢᠲᠠᠢ ᠪᠠᠶᠢᠳᠠᠭ᠃ ᠲᠡᠷᠡ ᠡᠨᠡ ᠬᠦ ᠪᠦᠲᠦᠭᠡᠯ ᠢᠶᠠᠷ ᠢᠶᠠᠨ ᠳᠠᠮᠵᠢᠭᠤᠯᠤᠨ ᠮᠣᠩᠭᠤᠯ ᠤᠨ ᠲᠡᠦᠬᠡ ᠰᠤᠳᠤᠯᠭᠠᠨ ᠤ ᠲᠠᠯ᠎ᠠ ᠪᠠᠷ ᠮᠠᠰᠢ ᠤᠯᠠᠨ ᠥᠪᠡᠷᠮᠢᠴᠡ ᠦᠵᠡᠯᠲᠡ ᠪᠠᠨ ᠳᠤᠷᠠᠳᠴᠤ ᠵᠠᠷᠢᠮ ᠢ ᠨᠢ ᠲᠤᠰᠬᠠᠶ ᠥᠭᠦᠯᠡᠯ ᠪᠣᠯᠭᠠᠨ ᠪᠢᠴᠢᠭᠰᠡᠨ ᠪᠠᠶᠢᠨ᠎ᠠ᠃ ᠴᠢᠩᠭᠢᠰ ᠬᠠᠭᠠᠨ ᠤ ᠬᠤᠵᠢᠮ ᠤᠨ ᠤᠳᠤᠮ ᠤᠭᠰᠠᠭ᠎ᠠ ᠬᠤᠶᠢᠴᠢᠰ ᠤᠨ ᠵᠢᠭᠰᠠᠯ ᠢ ᠣᠨᠴᠠ ᠪᠦᠷᠢᠨ ᠪᠦᠲᠦᠨ ᠲᠡᠮᠳᠡᠭᠯᠡᠵᠦ ᠮᠣᠩᠭᠤᠯ ᠤᠨ ᠣᠨ ᠳᠠᠷᠠᠭᠠᠯᠠᠭᠰᠠᠨ ᠲᠡᠦᠬᠡ ᠶᠢᠨ ᠬᠡᠯᠪᠡᠷᠢ ᠶᠢ ᠲᠡᠭᠦᠯᠳᠡᠷᠵᠢᠭᠦᠯᠵᠡᠢ᠃ ᠡᠨᠡ ᠪᠢᠴᠢᠭ ᠨᠢ ᠤᠳᠤᠷᠢᠳᠬᠠᠯ ᠪᠣᠯᠤᠨ ᠲᠠᠪᠤᠨ ᠲᠤᠰᠬᠠᠶ ᠪᠦᠯᠦᠭ ᠢᠶᠠᠷ ᠪᠦᠷᠢᠯᠳᠦᠵᠦ᠂ ᠤᠳᠤᠷᠢᠳᠬᠠᠯ ᠳᠤ ᠪᠠᠨ ᠲᠣᠰ ᠨᠣᠮ ᠢ ᠪᠢᠴᠢᠭᠰᠡᠨ ᠵᠣᠷᠢᠯᠭ᠎ᠠ ᠪᠠ ᠠᠴᠢ ᠬᠤᠯᠪᠣᠭᠳᠠᠯ ᠢ ᠲᠣᠳᠣᠷᠬᠠᠶᠢᠯᠠᠵᠤ᠂ ᠨᠣᠮ ᠤᠨ ᠨᠡᠷ᠎ᠡ ᠶᠢ ︽ᠪᠣᠯᠣᠷ ᠡᠷᠢᠬᠡ︾ ᠬᠡᠮᠡᠨ ᠨᠡᠷᠡᠶᠢᠳᠦᠭᠰᠡᠨ ᠲᠤᠬᠠᠶ ᠲᠠᠶᠢᠯᠪᠤᠷᠢᠯᠠᠵᠠᠢ᠃ ᠨᠢᠭᠡᠳᠦᠭᠡᠷ᠂ ᠬᠤᠶᠠᠳᠤᠭᠠᠷ ᠪᠦᠯᠦᠭ ᠲᠤ ᠮᠣᠩᠭᠤᠯ ᠦᠨᠳᠦᠰᠦᠲᠡᠨ ᠤ ᠡᠭᠦᠰᠦᠯ ᠭᠠᠷᠤᠯ ᠢ ᠲᠡᠮᠳᠡᠭᠯᠡᠵᠦ᠂ ᠮᠣᠩᠭᠤᠯ ᠬᠢᠲᠠᠳ ᠰᠤᠷᠪᠤᠯᠵᠢ ᠪᠢᠴᠢᠭ ᠤᠨ ᠳᠣᠲᠣᠷᠠᠬᠢ ᠮᠣᠩᠭᠤᠯ ᠦᠨᠳᠦᠰᠦᠲᠡᠨ ᠤ ᠤᠭᠰᠠᠭ᠎ᠠ ᠰᠤᠷᠪᠤᠯᠵᠢ ᠶᠢᠨ ᠲᠤᠬᠠᠢ ᠠᠳᠠᠯᠢ ᠪᠤᠰᠤ ᠳᠤᠷᠠᠳᠤᠯᠭ᠎ᠠ ᠶᠢ ᠰᠣᠩᠭᠤᠨ ᠥᠭᠦᠯᠡᠵᠦ᠂ ᠴᠢᠩᠭᠢᠰ ᠬᠠᠭᠠᠨ ᠤ ᠡᠪᠦᠭᠡ ᠳᠡᠭᠡᠳᠦᠰ ᠪᠦᠷᠳᠡ ᠴᠢᠨᠤᠸ᠎ᠠ  ᠠᠴᠠ ᠶᠢᠰᠦᠭᠡᠢ ᠪᠠᠭᠠᠲᠤᠷ ᠤᠨ ᠦᠶ᠎ᠡ ᠬᠦᠷᠲᠡᠯᠡᠬᠢ ᠮᠣᠩᠭᠤᠯ ᠦᠨᠳᠦᠰᠦᠲᠡᠨ ᠤ ᠲᠡᠦᠬᠡᠨ ᠪᠠᠶᠢᠳᠠᠯ ᠢ ᠲᠡᠮᠳᠡᠭᠯᠡᠭᠰᠡᠨ ᠪᠠᠶᠢᠨ᠎ᠠ᠃ ᠭᠤᠷᠪᠠᠳᠤᠭᠠᠷ ᠪᠦᠯᠦᠭ ᠪᠣᠯ ︽ᠪᠣᠯᠣᠷ ᠡᠷᠢᠬᠡ︾ ᠶᠢᠨ ᠭᠤᠣᠯ ᠬᠡᠰᠡᠭ ᠪᠣᠯᠣᠨ᠎ᠠ᠂ ᠴᠢᠩᠭᠢᠰ ᠬᠠᠭᠠᠨ ᠠᠴᠠ ᠰᠡᠭᠦᠯᠡᠷᠬᠢ ᠶᠤᠸᠠᠨ ᠤᠯᠤᠰ ᠤᠨ ᠦᠶ᠎ᠡ ᠶᠢᠨ ᠡᠯ᠎ᠡ ᠬᠠᠭᠠᠳ ᠪᠣᠯᠣᠨ ᠶᠤᠸᠠᠨ ᠤᠯᠤᠰ ᠤᠨ ᠬᠥᠭᠵᠢᠨ ᠮᠠᠨᠳᠤᠵᠤ᠂ ᠬᠦᠴᠦᠷᠬᠡᠭᠵᠢᠨ ᠪᠤᠵᠠᠭᠠᠶᠢᠷᠠᠭᠰᠠᠨ ᠪᠠ ᠤᠷᠤᠭᠤᠳᠠᠵᠤ ᠳᠣᠷᠦ᠋ᠢᠲᠠᠭᠰᠠᠨ ᠶᠠᠪᠤᠴᠠ ᠬᠢᠭᠡᠳ ᠬᠤᠪᠢᠷᠠᠯᠲᠠ ᠶᠢᠨ ᠪᠠᠶᠢᠳᠠᠯ ᠢ ᠲᠡᠮᠳᠡᠭᠯᠡᠵᠡᠢ᠃ ᠳᠥᠷᠪᠡᠳᠦᠭᠡᠷ ᠲᠠᠪᠤᠳᠤᠭᠠᠷ ᠪᠦᠯᠦᠭ ᠲᠤ ᠮᠣᠩᠭᠤᠯ ᠤᠨ ᠣᠯᠠᠨ ᠬᠠᠭᠠᠳ ᠠᠶᠢᠮᠠᠭ ᠢᠯᠠᠩᠭᠤᠶ᠎ᠠ ᠯᠢᠭᠳᠡᠨ ᠬᠠᠭᠠᠨ ᠤ ᠨᠢᠭᠡ ᠨᠠᠰᠤᠨ ᠤ ᠥᠩᠭᠡᠷᠡᠯᠲᠡ᠂ ᠯᠢᠭᠳᠡᠨ ᠬᠠᠭᠠᠨ ᠤ ᠬᠥᠪᠡᠭᠦᠨ ᠡᠷᠬᠡ ᠬᠤᠩᠭᠤᠷ ᠤᠨ ᠴᠢᠩ ᠤᠯᠤᠰ ᠢ ᠳᠠᠭᠠᠭᠰᠠᠨ ᠥᠩᠭᠡᠷᠡᠯᠲᠡ᠂ ᠴᠢᠩᠭᠢᠰ ᠬᠠᠭᠠᠨ ᠤ ᠣᠯᠠᠨ ᠳᠡᠭᠦᠦ ᠨᠠᠷ᠂ ᠣᠯᠠᠨ ᠬᠥᠪᠡᠭᠦᠳ ᠬᠤᠶᠢᠴᠢᠰ᠂ ᠮᠣᠩᠭᠤᠯ ᠤᠨ ᠣᠯᠠᠨ ᠠᠶᠢᠮᠠᠭ ᠤᠨ ᠨᠣᠶᠠᠳ ᠤᠨ ᠤᠳᠤᠮ ᠤᠭᠰᠠᠭ᠎ᠠ᠂ ᠠᠯᠳᠠᠨ ᠬᠠᠭᠠᠨ ᠵᠢᠴᠢ ᠪᠤᠷᠬᠠᠨ ᠱᠠᠰᠢᠨ ᠮᠣᠩᠭᠤᠯ ᠳᠤ ᠤᠯᠠᠮᠵᠢᠯᠠᠭᠳᠠᠨ ᠣᠷᠣᠵᠤ ᠢᠷᠡᠭᠰᠡᠨ ᠵᠡᠷᠭᠡ ᠶᠠᠪᠤᠳᠠᠯ ᠤᠳ ᠢ ᠲᠡᠮᠳᠡᠭᠯᠡᠵᠡᠢ᠃ ᠷᠠᠰᠢᠫᠣᠩᠰᠤᠭ ᠤᠨ ᠲᠡᠦᠬᠡ ᠰᠤᠳᠤᠯᠤᠯ ᠤᠨ ᠦᠵᠡᠯᠲᠡ ᠵᠢᠴᠢ ︽ᠪᠣᠯᠣᠷ ᠡᠷᠢᠬᠡ︾ ᠶᠢᠨ ᠲᠡᠦᠬᠡ ᠰᠤᠳᠤᠯᠤᠯ ᠤᠨ ᠦᠨ᠎ᠡ ᠦᠷᠳᠡᠭ ᠨᠢ ᠬᠤᠵᠢᠮ ᠤᠨ ᠬᠥᠮᠦᠰ ᠤᠨ ᠠᠩᠬᠠᠷᠤᠯ ᠢ ᠲᠠᠲᠠᠭᠰᠠᠨ ᠪᠠᠶᠢᠳᠠᠭ᠃ ᠤᠯᠤᠰ ᠤᠨ ᠳᠣᠲᠣᠭᠠᠳᠤ ᠭᠠᠳᠠᠭᠠᠳᠤ ᠶᠢᠨ ᠡᠷᠳᠡᠮᠲᠡᠳ ᠥᠭᠦᠯᠡᠯ ᠰᠢᠭᠦᠮᠵᠢ ᠨᠡᠶᠢᠲᠡᠯᠡᠵᠦ ᠲᠡᠭᠦᠨ ᠢ ᠴᠢᠩ ᠤᠯᠤᠰ ᠤᠨ ᠦᠶ᠎ᠡ ᠶᠢᠨ ᠠᠮᠵᠢᠯᠲᠠ ᠪᠦᠲᠦᠭᠡᠯ ᠲᠠᠢ ᠮᠣᠩᠭᠤᠯ ᠲᠡᠦᠬᠡᠴᠢᠨ ᠤ ᠨᠢᠭᠡ ᠮᠥᠨ ᠭᠡᠵᠦ ᠦᠨᠡᠯᠡᠵᠦ ᠪᠠᠶᠢᠵᠠᠢ ᠃ ︽ᠰᠢᠷᠡᠭᠡᠲᠦ ᠭᠦᠦᠰᠢ ᠴᠣᠷᠵᠢ ᠶᠢᠨ ᠢᠵᠠᠭᠤᠷ ᠤᠨ ᠪᠯᠠᠮ᠎ᠠ ᠭᠡᠯᠢᠭᠵᠡᠯᠰᠠᠨ ᠰᠠᠶᠢᠨᠴᠣᠭᠲᠤ ᠭᠡᠭᠡᠨ ᠤ ᠨᠠᠮᠲᠠᠷ ᠰᠦᠰᠦᠭ ᠤᠨ ᠡᠭᠦᠳᠡ ᠶᠢ ᠨᠡᠭᠡᠭᠡᠭᠴᠢ ᠣᠷᠣᠰᠢᠪᠠᠢ︾ ᠬᠡᠮᠡᠬᠦ ᠨᠣᠮ ᠪᠣᠯ ᠷᠠᠰᠢᠫᠣᠩᠰᠤᠭ ᠪᠠᠭᠠᠷᠢᠨ ᠪᠠᠷᠠᠭᠤᠨ ᠭᠠᠷᠤᠨ ᠬᠤᠰᠢᠭᠤᠨ ᠤ ᠬᠤᠰᠢᠭᠤ ᠵᠠᠰᠠᠭ ᠪᠠᠲᠤ ᠵᠢᠶᠦ᠋ᠨ ᠸᠠᠩ ᠤᠨ ᠵᠠᠷᠯᠢᠭ ᠢᠶᠠᠷ ᠬᠤᠰᠢᠭᠤᠨ ᠤ ᠵᠡᠭᠦᠨ ᠪᠡᠶ᠎ᠡ ᠳᠤ ᠪᠠᠶᠢᠭ᠎ᠠ ᠰᠣᠶᠣᠯ ᠢ ᠳᠡᠯᠭᠡᠷᠡᠭᠦᠯᠦᠭᠴᠢ ᠰᠦᠮ᠎ᠡ ︵ᠠᠭᠤᠢ ᠶᠢᠨ ᠰᠦᠮ᠎ᠡ︶ ᠳᠤ ᠣᠴᠢᠵᠤ᠂ ᠭᠡᠯᠢᠭᠵᠡᠯᠰᠠᠨ ᠰᠠᠶᠢᠨᠴᠣᠭᠲᠤ ᠶᠢ ᠪᠠᠷᠠᠭᠠᠳᠠᠨ ᠰᠤᠷᠪᠤᠯᠵᠢᠯᠠᠵᠤ᠂ ᠲᠡᠭᠦᠨ ᠢ ᠪᠢᠴᠢᠭᠰᠡᠨ ᠨᠠᠮᠲᠠᠷ ᠪᠣᠯᠣᠨ᠎ᠠ᠃ ᠰᠠᠶᠢᠨᠴᠣᠭᠲᠤ ᠪᠣᠯ ᠪᠠᠭᠠᠷᠢᠨ ᠬᠥᠮᠦᠨ᠂ ᠨᠠᠰᠤᠨ ᠲᠤᠷᠰᠢ ᠳᠤ ᠪᠠᠨ ᠪᠤᠷᠬᠠᠨ ᠱᠠᠰᠢᠨ ᠳᠤ ᠰᠢᠮᠳᠠᠨ᠂ ᠴᠥᠬᠦᠷᠡᠰᠢ ᠦᠭᠡᠢ ᠵᠣᠷᠢᠭ ᠲᠠᠢ᠂ ᠬᠦᠴᠢᠷ ᠪᠡᠷᠬᠡᠰᠢᠶᠡᠯ ᠠᠴᠠ ᠠᠶᠤᠳᠠᠭ ᠦᠭᠡᠢ᠂ ᠤᠷᠢᠳ ᠬᠤᠵᠢᠳ ᠬᠤᠶᠠᠷ ᠤᠳᠠᠭ᠎ᠠ ᠲᠥᠪᠡᠳ ᠲᠤ ᠣᠷᠣᠵᠤ ᠨᠣᠮ ᠰᠤᠳᠤᠷ ᠪᠢᠰᠢᠯᠭᠠᠵᠤ᠂ ᠪᠤᠷᠬᠠᠨ ᠱᠠᠰᠢᠨ ᠢ ᠤᠯᠠᠮᠵᠢᠯᠠᠬᠤ ᠶᠢᠨ ᠲᠥᠯᠥᠭᠡ ᠴᠤᠴᠠᠯᠲᠠ ᠦᠭᠡᠶ ᠴᠢᠷᠮᠠᠶᠢᠵᠤ᠂ ᠳᠣᠯᠣᠳᠤᠭᠠᠷ ᠲᠦᠷᠢ ᠶᠢᠨ ᠲᠡᠯᠡᠢ ᠯᠠᠮᠠ ᠶᠢᠨ ᠰᠠᠶᠢᠰᠢᠶᠠᠯ ᠢ ᠬᠦᠷᠲᠡᠵᠡᠢ᠃ ᠲᠡᠷᠡ ᠨᠣᠮ ᠰᠤᠳᠤᠷ ᠪᠢᠰᠢᠯᠭᠠᠵᠤ ᠪᠤᠷᠬᠠᠨ ᠱᠠᠰᠢᠨ ᠢ ᠳᠡᠯᠭᠡᠷᠡᠭᠦᠯᠳᠡᠭ ᠢᠶᠠᠷ ᠪᠠᠷᠠᠬᠤ ᠦᠭᠡᠢ ᠪᠠᠰᠠ ᠬᠥᠳᠡᠭᠡ ᠨᠤᠲᠤᠭ ᠢᠶᠠᠷ ᠡᠮᠴᠢᠯᠡᠨ ᠲᠣᠭᠤᠷᠢᠳᠠᠭ᠃ ᠷᠠᠰᠢᠫᠣᠩᠰᠤᠭ ᠲᠣᠰ ᠨᠣᠮ ᠳᠤ ᠪᠠᠨ ᠰᠠᠶᠢᠨᠴᠣᠭᠲᠤ ᠶᠢᠨ ᠱᠠᠰᠢᠨ ᠰᠤᠷᠲᠠᠬᠤᠨ ᠢᠶᠠᠷ ᠬᠥᠭᠦᠷᠭᠡ ᠪᠣᠯᠭᠠᠵᠤ ᠪᠠᠭᠠᠷᠢᠨ ᠨᠤᠲᠤᠭ ᠪᠣᠯᠣᠨ ᠴᠠᠰᠤᠲᠤ ᠠᠭᠤᠯᠠ ᠶᠢᠨ ᠠᠷᠢᠭᠤᠨ ᠣᠷᠣᠨ ᠤ ᠶᠠᠪᠤᠯᠴᠠᠭ᠎ᠠ ᠶᠢ ᠨᠡᠪᠲᠡᠷᠡᠭᠦᠯᠵᠦ᠂ ᠮᠣᠩᠭᠤᠯ ᠲᠥᠪᠡᠳ ᠤᠨ ᠬᠤᠭᠤᠷᠣᠨᠳᠣᠬᠢ ᠰᠣᠶᠣᠯ ᠤᠨ ᠰᠣᠯᠢᠯᠴᠠᠭ᠎ᠠ ᠶᠢ ᠠᠬᠢᠭᠤᠯᠤᠨ᠂ ᠲᠥᠪᠡᠳ ᠡᠮ ᠲᠠᠩ ᠮᠣᠩᠭᠤᠯ ᠣᠷᠣᠨ ᠳᠤ ᠳᠡᠯᠭᠡᠷᠡᠨ ᠬᠥᠭᠵᠢᠬᠦ ᠶᠢ ᠠᠬᠢᠭᠤᠯᠤᠭᠰᠠᠨ ᠢ ᠮᠠᠭᠲᠠᠨ ᠰᠠᠶᠢᠰᠢᠶᠠᠵᠠᠢ᠃ ᠡᠨᠡ ᠬᠦ ᠨᠣᠮ ᠨᠢ ᠣᠳᠣ ᠪᠣᠯᠲᠠᠯ᠎ᠠ ᠤᠯᠠᠮᠵᠢᠯᠠᠭᠳᠠᠵᠤ᠂ ᠤᠯᠤᠰ ᠤᠨ ᠳᠣᠲᠣᠭᠠᠳᠤ ᠭᠠᠳᠠᠭᠠᠳᠤ ᠳᠤ ᠮᠠᠰᠢ ᠶᠡᠭᠡ ᠨᠥᠯᠥᠭᠡ ᠦᠵᠡᠭᠦᠯᠵᠦ ᠪᠤᠢ᠃  
 
ᠢᠷᠡᠯᠲᠡ᠄ ᠤᠯᠠᠭᠠᠨᠬᠠᠳᠠ ᠬᠤᠳᠠ  ᠶᠢᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号