ᠮᠤᠩᠭᠤᠯ ᠤᠯᠠᠮᠵᠢᠯᠠᠯ ᠳᠠᠬᠢ ᠬᠡᠦᠬᠡᠳ ᠤᠨ ᠬᠦᠮᠦᠵᠢᠯ
ᠨᠡᠶᠢᠲᠡᠯᠡᠭᠰᠡᠨ ᠴᠠᠭ᠄
2016/12/28
     ᠭᠡᠷ ᠪᠦᠯᠢ ᠪᠤᠯ ᠨᠡᠶᠢᠭᠡᠮ ᠤᠨ ᠵᠢᠵᠢᠭ ᠬᠡᠰᠡᠭ ᠪᠦᠭᠡᠳ ᠡᠨᠡ ᠵᠢᠵᠢᠭ ᠬᠡᠰᠡᠭ ᠨᠢ ᠪᠠᠯᠴᠢᠷ ᠨᠠᠰᠤᠨ ᠤ ᠬᠡᠦᠬᠡᠳ ᠤᠨ ᠬᠦᠮᠤᠵᠢᠯ ᠳᠤ ᠶᠡᠬᠡᠬᠡᠨ ᠨᠦᠯᠦᠭᠡ ᠦᠵᠡᠭᠦᠯᠳᠡᠭ᠃ ᠶᠠᠭᠠᠬᠢᠭᠠᠳ ᠭᠡᠪᠡᠯ ᠪᠠᠭ᠎ᠠ ᠨᠠᠰᠤᠨ ᠤ ᠬᠡᠦᠬᠡᠳ ᠤᠨ ᠦᠰᠴᠦ ᠪᠤᠶᠢᠵᠢᠵᠦ ᠪᠤᠢ ᠤᠷᠴᠢᠨ ᠪᠤᠯ ᠭᠡᠷ ᠪᠦᠯᠢ ᠶᠤᠮ᠃ ᠮᠤᠩᠭᠤᠯ ᠤᠯᠠᠮᠵᠢᠯᠠᠯ ᠠᠴᠠ ᠬᠡᠦᠬᠡᠳ ᠢ ᠬᠡᠷᠬᠢᠨ ᠪᠦᠬᠦ ᠲᠠᠯ᠎ᠠ ᠪᠠᠷ ᠨᠢ ᠰᠠᠶᠢᠨ ᠦᠰᠭᠡᠵᠦ ᠬᠦᠮᠦᠵᠢᠭᠦᠯᠵᠦ ᠪᠠᠶᠢᠭᠰᠠᠨ ᠢ ᠬᠠᠷᠵᠠᠭᠠᠶ᠎ᠠ᠃ ᠡᠪᠦᠭᠡ ᠲᠡᠭᠡᠳᠦᠰ ᠤᠨ ᠮᠠᠨᠢ ᠦᠶ᠎ᠡ ᠳᠤ ᠴᠤᠭᠴᠠ ᠬᠦᠭᠵᠢᠯ ᠭᠡᠰᠡᠨ ᠦᠭᠡ ᠬᠡᠯᠡᠯᠭᠡ ᠤᠶᠢᠯᠭᠠᠯᠲᠠ ᠪᠠᠶᠢᠬᠤ ᠦᠭᠡᠢ ᠪᠠᠶᠢᠭᠰᠠᠨ ᠴᠦ ᠢᠯᠡ ᠪᠤᠶᠤ ᠳᠠᠯᠳᠠ ᠤᠬᠠᠮᠰᠠᠷ ᠤᠨ ᠠᠷᠭ᠎ᠠ ᠪᠠᠷ ᠬᠡᠦᠬᠡᠳ ᠪᠠᠭᠠᠴᠤᠳ ᠢᠶᠠᠨ ᠬᠦᠮᠦᠵᠢᠭᠦᠯᠵᠦ ᠢᠷᠡᠭᠰᠡᠨ᠃ ︽ᠬᠦᠮᠦᠵᠢᠯ ᠭᠡᠳᠡᠭ ᠨᠢ ᠬᠦᠮᠦᠨᠵᠢᠭᠦᠯᠬᠦ᠂ ᠬᠦᠮᠦᠨ ᠢᠶᠠᠷ ᠬᠦᠮᠦᠨ ᠬᠢᠬᠦ᠂ ᠬᠦᠮᠦᠨ ᠰᠢᠭ ᠬᠦᠮᠦᠨ ᠪᠤᠯᠭᠠᠬᠤ᠂ ᠠᠮᠢᠳᠤᠷᠠᠬᠤ ᠤᠷ᠎ᠠ ᠲᠡᠮ ᠲᠠᠢ᠂ ᠤᠬᠠᠭᠠᠨ ᠲᠠᠢ ᠪᠤᠯᠭᠠᠬᠤ ᠭᠡᠰᠡᠨ ᠦᠭᠡ ᠶᠤᠮ︾᠃ ᠦᠭᠡᠷ᠎ᠡ ᠪᠠᠷ ᠬᠡᠯᠡᠪᠡᠯ᠂ ᠦᠷ᠎ᠡ ᠬᠡᠦᠬᠡᠳ ᠢᠶᠠᠨ ᠬᠦᠮᠦᠨ ᠰᠢᠭ ᠬᠦᠮᠦᠨ ᠪᠤᠯᠭᠠᠬᠤ ᠶᠢ ᠶᠡᠬᠡᠳᠡ ᠡᠷᠮᠡᠯᠵᠡᠯᠡᠨ ᠬᠦᠮᠦᠵᠢᠭᠦᠯᠵᠦ ᠢᠷᠡᠭᠰᠡᠨ ᠪᠢᠯᠡ᠃      ᠪᠡᠶ᠎ᠡ ᠮᠠᠬᠠᠪᠤᠳ ︽ᠬᠡᠦᠬᠡᠳ ᠢ ᠪᠠᠭ᠎ᠠ ᠠᠴᠠ ᠨᠢ ᠬᠠᠳᠠᠭᠤ ᠬᠦᠲᠡᠬᠦ ᠠᠷᠠᠰᠤ᠂ ᠰᠢᠷᠢᠮᠡᠯ ᠰᠢᠷᠳᠡᠭ ᠳᠡᠭᠡᠷ᠎ᠡ ᠤᠨᠲᠠᠭᠤᠯᠵᠦ ᠪᠡᠶ᠎ᠡ ᠶᠢ ᠨᠢ ᠴᠢᠩᠭᠠᠷᠠᠭᠤᠯᠵᠦ᠂ 2 — 3 ᠨᠠᠰᠤᠨ ᠠᠴᠠ ᠨᠢ ᠡᠬᠢᠯᠡᠵᠦ ᠬᠤᠷᠠᠭ᠎ᠠ ᠢᠰᠢᠭᠡᠨ ᠤ ᠵᠢᠰᠦ ᠨᠢᠳᠤᠯᠡᠭᠦᠯᠵᠦ᠂ ᠭᠠᠷ ᠬᠦᠯ ᠤᠨ ᠦᠵᠦᠭᠦᠷ ᠲᠤ ᠬᠦᠳᠡᠯᠬᠡᠨ᠂ ᠶᠠᠭᠤᠮ᠎ᠠ ᠳᠦᠬᠦᠭᠦᠯᠬᠦ᠂ ᠤᠶᠢᠷᠠᠳᠤᠭᠤᠯᠬᠤ ᠵᠡᠷᠭᠡ ᠬᠦᠴᠦ ᠴᠢᠳᠠᠯ ᠳᠤᠨᠢ ᠳᠤᠬᠢᠷᠠᠭᠰᠠᠨ ᠠᠵᠢᠯ ᠬᠢᠯᠭᠡᠳᠡᠭ ᠪᠠᠶᠢᠵᠡᠢ᠃ ᠬᠡᠦᠬᠡᠳ ᠬᠦᠳᠡᠯᠦᠨ᠎ᠡ᠂ ᠶᠠᠪᠤᠨ᠎ᠠ ᠭᠡᠳᠡᠭ ᠪᠤᠯ ᠬᠦᠳᠡᠯᠮᠦᠷᠢᠯᠡᠬᠦ ᠦᠨᠳᠦᠰᠦ ᠡᠬᠢᠯᠡᠵᠦ ᠪᠠᠶᠢᠨ᠎ᠠ ᠭᠡᠰᠡᠨ ᠦᠭᠡ︾ ᠭᠡᠵᠦ ᠲᠡ᠊᠂ ᠨᠠᠮᠵᠢᠯ ᠬᠡᠯᠡᠭᠰᠡᠨ᠃ ᠡᠪᠦᠭᠡ ᠳᠡᠭᠡᠳᠦᠰ ᠮᠠᠨᠢ ︽ᠠᠵᠢᠯ ᠬᠢᠪᠡᠯ ᠳᠠᠭᠤᠰᠤᠲᠠᠯ᠎ᠠ᠂ ᠳᠠᠪᠤᠰᠤ ᠬᠢᠪᠡᠯ ᠠᠭᠤᠰᠤᠲᠠᠯ᠎ᠠ︾ ᠭᠡᠵᠦ ᠰᠤᠷᠭᠠᠵᠦ᠂ ᠠᠵᠢᠯ ᠢ ᠳᠠᠭᠤᠰᠲᠠᠯ᠎ᠠ ᠬᠢᠬᠦ ᠶᠢ ᠡᠷᠮᠡᠯᠵᠡᠯᠳᠡᠭ ᠪᠠᠶᠢᠵᠡᠢ᠃ ︽ᠠᠯᠢᠪᠠ ᠠᠵᠢᠯ ᠢ ᠪᠤᠷᠤᠭᠤ ᠬᠢᠪᠡᠯ ᠵᠤᠳᠤᠵᠦ ᠵᠠᠩᠨᠠᠬᠤ ᠦᠭᠡᠢ ᠪᠠᠷ ᠤᠴᠢᠷ ᠢ ᠨᠢ ᠰᠠᠶᠢᠨ ᠣᠶᠢᠯᠠᠭᠠᠭᠤᠯᠵᠦ ᠲᠠᠶᠢᠯᠪᠤᠷᠢᠯᠠᠬᠤ᠂ ᠬᠦᠳᠡᠯᠮᠦᠷᠢ ᠶᠢᠨ ᠰᠠᠶᠢᠬᠠᠨ ᠢ ᠮᠡᠳᠡᠷᠡᠬᠦᠯᠬᠦ ᠶᠢᠨ ᠳᠤᠯᠠᠳᠠ ᠬᠦᠳᠡᠯᠮᠦᠷᠢ ᠶᠢᠨ ᠠᠴᠢ ᠲᠤᠰᠠ ᠶᠢ ᠪᠤᠳᠠᠲᠠᠢ ᠪᠠᠷ ᠦᠵᠡᠭᠦᠯᠵᠦ ᠦᠭᠭᠦ ᠨᠢ ᠪᠠᠭ᠎ᠠ ᠨᠠᠰᠤᠨ ᠤ ᠬᠡᠦᠬᠡᠳ ᠲᠤ ᠴᠢᠬᠤᠯᠠ ᠪᠠᠶᠢᠳᠠᠭ ᠪᠠᠶᠢᠨ᠎ᠠ᠂᠂᠂᠂︾      ᠳᠤᠷᠤᠨᠠᠳᠠᠬᠢᠨ ᠤ ᠨᠢᠭᠡᠨ ᠴᠡᠴᠡᠨ ᠦᠭᠡ ᠪᠠᠶᠢᠳᠠᠭ᠄ ︽ᠦᠯᠦᠰᠦᠭᠰᠡᠨ ᠬᠦᠮᠦᠨ ᠳᠤ ᠵᠢᠭᠠᠰᠤ ᠪᠤᠤ ᠦᠭ᠃ ᠡᠨᠡ ᠪᠤᠯ ᠨᠢᠭᠡ ᠡᠳᠦᠷ ᠤᠨ ᠬᠤᠭᠤᠯᠠ ᠪᠤᠯᠤᠨ᠎ᠠ᠃ ᠬᠠᠷᠢᠨ ᠡᠶᠢᠮᠤ ᠬᠦᠮᠦᠨ ᠳᠤ ᠵᠢᠭᠠᠰᠤ ᠪᠠᠷᠢᠬᠤ ᠠᠷᠭ᠎ᠠ ᠶᠢ ᠵᠢᠭᠠᠭᠠᠳ ᠦᠭ᠂ ᠲᠡᠭᠡᠪᠡᠯ ᠲᠡᠷᠡ ᠨᠠᠰᠤᠨ ᠲᠤᠷᠰᠢ ᠶᠢᠨ ᠬᠤᠭᠤᠯᠠ ᠲᠠᠢ ᠪᠤᠯᠤᠨ᠎ᠠ︾ ᠭᠡᠰᠡᠨ ᠪᠡᠶᠢᠳᠠᠭ᠃ ᠪᠢᠳᠡ ᠬᠡᠦᠬᠡᠳ ᠢᠶᠠᠨ ᠪᠠᠭ᠎ᠠ ᠪᠠᠶᠢᠬᠤ ᠳᠤᠨᠢ ᠪᠡᠯᠡᠨᠴᠢᠯᠡᠬᠦ ᠰᠡᠳᠬᠢᠯᠭᠡ ᠲᠠᠢ ᠪᠤᠯᠭᠠᠴᠢᠬᠠᠪᠡᠯ ᠲᠤᠮᠤ ᠪᠤᠯᠤᠭᠠᠳ ᠬᠦᠮᠦᠨ ᠤ ᠭᠠᠷ ᠬᠠᠷᠠᠳᠠᠭ᠂ ᠪᠡᠯᠡᠨ ᠶᠠᠭᠤᠮᠠᠨ ᠳᠤ ᠳᠤᠷᠠᠲᠠᠢ᠂ ᠬᠦᠨᠳᠦ ᠬᠦᠴᠢᠷ ᠵᠦᠢᠯ ᠳᠤ ᠳᠤᠷ᠎ᠠ ᠦᠭᠡᠢ᠂ ᠠᠵᠢᠯ ᠤᠨ ᠠᠮᠤᠷ ᠶᠢ ᠪᠤᠳᠤᠳᠠᠭ ᠬᠦᠮᠦᠨ ᠪᠤᠯᠬᠤ ᠪᠤᠯᠤᠨ᠎ᠠ᠃ ᠡᠨᠡ ᠨᠢ ᠦᠷ᠎ᠡ ᠬᠡᠦᠬᠡᠳ ᠢᠶᠠᠨ ᠪᠠᠭ᠎ᠠ ᠨᠠᠰᠤᠨ ᠳᠤᠨᠢ ᠬᠦᠨᠳᠦ ᠬᠦᠴᠢᠷ ᠠᠵᠢᠯ ᠬᠢᠯᠭᠡᠬᠦ ᠬᠡᠷᠡᠭᠳᠡᠢ ᠬᠡᠰᠡᠨ ᠦᠭᠡ ᠪᠢᠰᠢ᠂ ᠬᠠᠷᠢᠨ ᠠᠵᠢᠯ ᠤᠨ ᠠᠷᠭ᠎ᠠ ᠤᠬᠠᠭᠠᠨ ᠢ ᠰᠤᠷᠭᠠᠵᠦ᠂ ᠬᠦᠳᠡᠯᠮᠦᠷᠢ ᠶᠢᠨ ᠠᠮᠲᠠ ᠶᠢ ᠮᠠᠳᠡᠭᠦᠯᠬᠦ ᠬᠡᠷᠡᠭᠳᠡᠢ ᠶᠤᠮ᠃ ᠬᠦᠳᠡᠯᠮᠦᠷᠢ ᠶᠢᠨ ᠬᠦᠮᠦᠵᠢᠯ ᠨᠢ ᠬᠡᠦᠬᠡᠳ ᠠᠬᠤᠢ ᠨᠠᠰᠤᠨ ᠠᠴᠠ ᠡᠬᠢᠯᠡᠨ ᠲᠦᠯᠦᠪᠰᠢᠲᠡᠭ᠃ ᠡᠴᠢᠭᠡ ᠡᠬᠡ ᠬᠡᠦᠬᠡᠳ ᠲᠠᠢ ᠪᠠᠨ ᠬᠠᠷᠢᠴᠠᠬᠤ ᠨᠢ ᠡᠴᠤᠰ ᠲᠡᠭᠡᠨ ᠬᠦᠮᠦᠵᠢᠯ ᠤᠯᠭᠤᠬᠤ ᠦᠢᠯᠡ ᠶᠠᠪᠤᠴᠠ ᠶᠤᠮ᠃ ᠬᠡᠦᠬᠡᠳ ᠵᠠᠷᠢᠮ ᠨᠢᠭᠡ ᠦᠢᠯᠡᠳᠦᠯ ᠢ ᠡᠵᠡᠮᠰᠢᠵᠦ ᠡᠬᠢᠯᠡᠭᠰᠡᠨ ᠢᠶᠠᠷ ᠵᠠᠷᠢᠮ ᠦᠢᠯᠡᠳᠦᠯ ᠢᠶᠠᠨ ᠳᠤᠮᠤᠴᠤᠳ ᠲᠠᠢ ᠬᠠᠮᠲᠤᠷᠠᠵᠦ ᠬᠦᠢᠴᠡᠳᠬᠡᠬᠦ ᠪᠤᠯᠤᠮᠵᠢᠲᠠᠢ ᠪᠤᠯᠳᠠᠭ᠃ 1.5 — 2 ᠨᠠᠰᠤᠲᠠᠢ ᠬᠡᠦᠭᠡᠳ ᠢ ᠡᠬᠡ ᠨᠢ ᠲᠤᠭᠯᠠᠭᠠᠮ ᠬᠤᠷᠢᠶᠠᠬᠤ ᠦᠢᠯᠡᠳᠦᠯ ᠳᠤ ᠰᠤᠷᠭᠠᠬᠤ ᠳᠠᠭᠠᠨ ᠦᠢᠯᠡᠳᠦᠯ ᠤᠨ ᠢᠶᠠᠨ ᠤᠳᠬ᠎ᠠ᠂ ᠳᠠᠷᠠᠭᠠᠯᠠᠯ ᠢ ᠲᠠᠶᠢᠯᠪᠤᠷᠢᠯᠡᠵᠦ᠂ ᠭᠤᠤᠯ ᠠᠵᠢᠯ ᠢ ᠨᠢ ᠦᠪᠡᠷ ᠢᠶᠠᠨ ᠬᠢᠵᠦ ᠪᠠᠶᠢᠭᠰᠠᠨ ᠪᠤᠯ 2.5 — 3 ᠨᠠᠰᠤᠨ ᠤ ᠬᠡᠦᠬᠡᠳ ᠲᠤᠭᠯᠠᠭᠠᠮ ᠢᠶᠠᠨ ᠦᠪᠡᠷ ᠢᠶᠠᠨ ᠬᠤᠷᠢᠶᠠᠵᠦ ᠴᠢᠳᠠᠳᠠᠭ ᠪᠤᠯᠤᠭᠰᠠᠨ ᠪᠠᠶᠢᠳᠠᠭ᠃      ᠶᠠᠮᠠᠷ ᠨᠢᠭᠡ ᠦᠢᠯᠠᠳᠦᠯ ᠢ ᠪᠡᠶ᠎ᠡ ᠳᠠᠭᠠᠭᠠᠵᠦ ᠬᠢᠵᠦ ᠴᠢᠳᠠᠳᠠᠭ ᠪᠤᠯᠬᠤ ᠶᠢᠨ ᠬᠢᠷᠢ ᠪᠠᠷ ᠬᠡᠦᠬᠡᠳ ᠤᠷᠠᠮᠰᠢᠵᠦ᠂ ᠲᠤᠮᠤᠴᠤᠳ ᠠᠴᠠ ᠲᠤᠰᠠᠯᠠᠯᠴᠠᠭ᠎ᠠ ᠠᠪᠬᠤ ᠨᠢ ᠪᠠᠭᠠᠰᠴᠦ ᠡᠬᠢᠯᠡᠳᠡᠭ᠃ ᠠᠶᠢᠯ ᠭᠡᠷ ᠤᠨ ᠡᠵᠡᠭᠳᠡᠢ ᠬᠦᠮᠦᠨ ᠦᠬᠢᠨ ᠬᠡᠦᠭᠡᠳ ᠢᠶᠠᠨ ᠪᠠᠭ᠎ᠠ ᠪᠠᠯᠴᠢᠷ ᠠᠴᠠ ᠨᠢ ᠡᠮᠡᠭᠲᠡᠢ ᠬᠦᠮᠦᠨ ᠤ ᠠᠵᠢᠯ ᠦᠢᠯᠡᠰ ᠲᠤ ᠰᠤᠷᠭᠠᠵᠦ᠂ ᠰᠠᠶᠢᠨ ᠡᠮᠡᠭᠲᠠᠢ ᠶᠢᠨ ᠰᠢᠨᠵᠢ ᠶᠢ ᠪᠠᠭ᠎ᠠ ᠠᠴᠠ ᠨᠢ ᠪᠦᠷᠢᠯᠳᠦᠭᠦᠯᠳᠡᠭ ᠪᠠᠶᠢᠭᠰᠠᠨ ᠪᠠ ᠬᠠᠷᠢᠨ ᠠᠶᠢᠯ ᠭᠡᠷ ᠤᠨ ᠲᠦᠷᠦᠭᠦᠦ ᠨᠢ ᠬᠡᠦᠬᠡᠳ ᠢᠶᠠᠨ ︽ᠡᠷ᠎ᠡ ᠬᠦᠮᠦᠨ︾ ᠶᠠᠮᠠᠷ ᠪᠠᠶᠢᠬᠤ ᠶᠤᠰᠤ ᠶᠢ ᠰᠤᠷᠭᠠᠵᠦ᠂ ᠰᠠᠶᠢᠨ ᠡᠷ᠎ᠡ ᠬᠦᠮᠦᠨ ᠤ ᠰᠢᠨᠵᠢ ᠶᠢ ᠪᠠᠭ᠎ᠠ ᠠᠴᠠ ᠨᠢ ᠵᠢᠭᠠᠵᠦ ᠢᠷᠡᠭᠰᠡᠨ ᠰᠠᠶᠢᠬᠠᠨ ᠤᠯᠠᠮᠵᠢᠯᠠᠯ ᠲᠠᠢ᠃ ᠮᠦᠨ ᠬᠡᠦᠬᠡᠳ ᠤᠳ ᠢᠶᠠᠨ ᠦᠷᠯᠦᠭᠡ ᠡᠷᠲᠡ ᠬᠦᠯ ᠨᠢᠴᠦᠬᠦᠨ ᠰᠢᠭᠦᠳᠡᠷᠢ ᠲᠡᠭᠡᠷ᠎ᠡ ᠠᠯᠬᠤᠯᠠᠭᠤᠯᠵᠦ᠂ ᠭᠤᠤᠯ ᠤᠨ ᠤᠷᠤᠰᠬᠠᠯ ᠬᠠᠷᠠᠭᠤᠯᠵᠦ᠂ ᠭᠤᠤᠯ ᠭᠤᠷᠤᠬ᠎ᠠ ᠶᠢᠨ ᠳᠠᠭᠤ ᠴᠢᠮᠡᠭᠡ ᠰᠤᠨᠤᠰᠬᠠᠳᠠᠭ ᠪᠠᠶᠢᠭᠰᠠᠨ ᠪᠦᠭᠡᠳ ᠡᠨᠡ ᠨᠢ ᠬᠡᠦᠭᠡᠳ ᠤᠨ ᠡᠷᠡᠭᠦᠯ ᠮᠡᠨᠳᠦ ᠳᠤ ᠶᠡᠬᠡᠬᠡᠨ ᠲᠤᠰᠠᠲᠠᠢ ᠪᠠᠶᠢᠭᠰᠠᠨ᠃ ᠡᠨᠡ ᠮᠡᠳᠦᠴᠢᠯᠡᠨ ᠡᠪᠦᠭᠡ ᠲᠡᠭᠡᠳᠦᠰ ᠮᠠᠨᠢ ᠦᠷ᠎ᠡ ᠬᠡᠦᠬᠡᠳ ᠤᠨ ᠢᠶᠠᠨ ᠪᠡᠶ᠎ᠡ ᠮᠠᠬᠠᠪᠤᠳ ᠲᠤ ᠠᠩᠬᠠᠷᠤᠯ ᠢᠶᠠᠨ ᠬᠠᠨᠳᠤᠭᠤᠯᠠᠳᠠᠭ ᠪᠠᠶᠢᠵᠡᠢ᠃    ᠤᠶᠤᠨ ᠤᠬᠠᠭᠠᠨ       ᠦᠷ᠎ᠡ ᠬᠡᠦᠬᠡᠳ ᠤᠨ ᠬᠢᠷᠢ ᠵᠡᠷᠭᠡ ᠬᠦᠮᠦᠨ ᠪᠤᠯᠬᠤ ᠨᠢ ᠨᠡᠶᠢᠭᠡᠮ᠂ ᠤᠷᠴᠢᠨ ᠠᠴᠠ ᠭᠠᠳᠠᠨ᠎ᠠ ᠡᠴᠢᠭᠡ ᠡᠬᠡ ᠠᠴᠠ ᠶᠡᠬᠡᠬᠡᠨ ᠰᠢᠯᠲᠠᠭᠠᠯᠠᠳᠠᠭ᠃ ᠤᠷᠤᠰ ᠤᠨ ᠶᠡᠭᠡ ᠰᠤᠷᠭᠠᠨ ᠬᠦᠮᠦᠵᠢᠭᠦᠯᠦᠭᠴᠢ ᠪᠡ᠊᠂ ᠠ᠊᠂ ᠰᠤᠬᠤᠮᠯᠢᠨᠰᠺᠢ ︽ᠴᠢ ᠬᠦᠮᠦᠨ ᠪᠤᠯᠵᠦ ᠲᠦᠷᠦᠭᠰᠡᠨ᠂ ᠬᠡᠪᠡᠴᠦ ᠬᠦᠮᠦᠨ ᠰᠢᠭ ᠬᠦᠮᠦᠨ ᠪᠤᠯᠬᠤ ᠶᠤᠰᠤᠲᠠᠢ︾ ᠬᠡᠵᠦ ᠬᠡᠯᠡᠭᠰᠡᠨ ᠨᠢ ᠮᠤᠩᠭᠤᠯ ᠬᠦᠮᠦᠨ ᠤ ᠰᠤᠷᠭᠠᠨ ᠬᠦᠮᠦᠵᠢᠭᠦᠯᠬᠦ ᠵᠠᠷᠴᠢᠮ ᠲᠠᠢ ᠲᠤᠬᠢᠷᠠᠵᠦ ᠪᠠᠶᠢᠨ᠎ᠠ᠃ ᠡᠪᠦᠭᠡ ᠲᠡᠭᠡᠳᠦᠰ ᠮᠠᠨᠢ ᠭᠡᠷ ᠪᠦᠯᠢ ᠶᠢᠨ ᠤᠷᠴᠢᠨ ᠳᠤ ᠬᠡᠦᠬᠡᠳ ᠢ ᠰᠤᠷᠭᠠᠬᠤ ᠳᠠᠭᠠᠨ ᠶᠠᠩᠵᠦ ᠪᠦᠷᠢ ᠶᠢᠨ ᠵᠦᠢᠷ ᠦᠭᠡ ᠬᠡᠯᠡᠵᠦ ᠬᠡᠦᠬᠡᠳ ᠤᠨ ᠤᠶᠤᠨ ᠤᠬᠠᠭᠠᠨ ᠳᠤ ᠳᠠᠯᠳᠠ ᠤᠬᠠᠮᠰᠠᠷ ᠢ ᠪᠤᠢ ᠪᠤᠯᠭᠠᠳᠠᠭ ᠪᠠᠶᠢᠭᠰᠠᠨ᠃ ᠭᠡᠷ ᠪᠦᠯᠢ ᠶᠢᠨ ᠬᠠᠯᠠᠭᠤᠨ ᠳᠤᠯᠠᠭᠠᠨ ᠠᠭᠤᠷ ᠠᠮᠢᠰᠬᠤᠯ ᠬᠡᠦᠬᠡᠳ ᠤᠨ ᠮᠡᠳᠡᠷᠡᠮᠵᠢ᠂ ᠵᠠᠩ ᠦᠢᠯᠡ ᠶᠢᠨ ᠬᠦᠭᠵᠢᠯ ᠳᠤ ᠵᠡᠷᠭᠡ ᠨᠦᠯᠦᠭᠡ ᠦᠵᠡᠭᠦᠯᠲᠡᠭ᠃ ᠲᠡᠶᠢᠮᠤ ᠠᠴᠠ ᠠᠬᠠᠮᠠᠳ ᠨᠠᠰᠤᠲᠠᠶᠢᠴᠤᠳ ᠮᠠᠨᠢ ᠬᠡᠦᠬᠡᠳ ᠪᠠᠭᠠᠴᠤᠳ ᠶᠢᠨ ᠢᠶᠠᠨ ᠬᠠᠵᠠᠭᠤ ᠳᠤ ᠬᠠᠷᠢᠶᠠᠯ ᠤᠨ ᠦᠭᠡ ᠬᠡᠯᠡᠬᠦ᠂ ᠬᠡᠷᠡᠯᠳᠦᠵᠦ ᠮᠠᠭᠤᠲᠠᠯᠴᠠᠬᠤ᠂ ᠲᠠᠭ᠎ᠠ ᠦᠭᠡᠢ ᠠᠭᠤᠷ ᠠᠮᠢᠰᠬᠤᠯ ᠭᠠᠷᠭᠠᠬᠤ᠂ ᠡᠮᠬᠢ ᠵᠠᠮᠪᠠᠷᠠᠭ᠎ᠠ ᠦᠭᠡᠢ ᠶᠠᠪᠤᠲᠠᠯ ᠵᠡᠷᠭᠡ ᠶᠢ ᠴᠡᠭᠡᠷᠯᠡᠳᠡᠭ ᠪᠠᠶᠢᠭᠰᠠᠨ᠃ ᠬᠠᠷᠢᠨ ᠦᠨᠦ ᠦᠶ᠎ᠡ ᠳᠤ ᠡᠨᠡ ᠪᠠᠶᠢᠳᠠᠯ ᠡᠰᠡᠷᠭᠦ ᠪᠠᠷ ᠢᠶᠠᠨ ᠬᠡᠷᠡᠭᠵᠢᠵᠦ᠂ ᠠᠬᠠᠮᠠᠳ ᠨᠠᠰᠤᠲᠠᠨ ᠤᠳ ᠪᠠᠭ᠎ᠠ ᠨᠠᠰᠤᠨ ᠤ ᠬᠡᠦᠬᠡᠳ ᠤᠨ ᠬᠠᠵᠠᠭᠤ ᠳᠤ ᠬᠠᠷᠢᠶᠠᠯ ᠤᠨ ᠦᠭᠡ ᠬᠡᠯᠡᠵᠦ ᠂ ᠲᠡᠷᠡ ᠶᠢ ᠪᠤᠤ ᠬᠡᠯᠡ᠂ ᠲᠡᠲᠡᠨ ᠳᠤ ᠶᠠᠩᠵᠦ ᠪᠦᠷᠢ ᠶᠢᠨ ᠬᠠᠷᠢᠶᠠᠯ ᠤᠨ ᠦᠭᠡ ᠵᠢᠭᠠᠵᠦ ᠦᠭᠴᠦ ᠬᠡᠦᠬᠡᠳ ᠤᠨ ᠬᠦᠮᠦᠵᠢᠯ ᠳᠤ ᠰᠦᠷᠭᠦ ᠨᠦᠯᠦᠭᠡ ᠦᠵᠡᠭᠦᠯᠵᠦ ᠪᠠᠶᠢᠭ᠎ᠠ ᠪᠢᠯᠡ᠃ ᠬᠡᠦᠬᠡᠳ᠂ ᠬᠢᠬᠡᠳ ᠰᠤᠷᠴᠢᠬᠠᠭᠰᠠᠨ ᠵᠦᠢᠯ ᠢᠶᠠᠨ ᠬᠢᠵᠦ ᠪᠠᠶᠢᠬᠤ ᠳᠤ ᠡᠴᠢᠭᠡ ᠡᠬᠡ ᠡᠮᠤᠨ᠎ᠠ ᠠᠴᠠ ᠨᠢ ᠬᠢᠬᠦ ᠬᠡᠷᠡᠭ ᠦᠭᠡᠢ ᠪᠦᠭᠡᠳ ᠬᠠᠷᠢᠨ ᠤᠷᠮᠠᠰᠢᠭᠤᠯᠵᠦ ᠦᠭᠭᠦ ᠬᠡᠷᠡᠭᠲᠠᠢ ᠶᠤᠮ᠃ ︽ᠪᠤᠷᠮ᠎ᠠ ᠪᠠᠷ ᠳᠡᠵᠢᠭᠡᠬᠦ ᠪᠠᠷ ᠤᠷᠮ᠎ᠠ ᠪᠠᠷ ᠲᠡᠵᠢᠭᠡ︕︾ ᠭᠡᠳᠡᠭ ᠮᠤᠩᠭᠤᠯ ᠤᠨ ᠰᠠᠶᠢᠬᠠᠨ ᠦᠭᠡ ᠪᠠᠶᠢᠳᠠᠭ᠃ ᠬᠠᠷᠢᠨ ᠬᠡᠦᠬᠡᠳ ᠪᠤᠷᠤᠭᠤ ᠵᠦᠢᠯ ᠬᠢᠪᠡᠯ ᠲᠡᠷᠡ ᠳᠤᠤᠷ᠎ᠠ ᠨᠢ ᠰᠢᠳᠬᠡᠬᠦ ᠬᠡᠷᠡᠭᠲᠠᠢ᠃ ᠰᠢᠳᠬᠡᠬᠦ ᠳᠡᠭᠡᠨ ᠶᠠᠭᠠᠬᠢᠭᠠᠳ᠂ ᠶᠠᠮᠠᠷ ᠤᠴᠢᠷ ᠠᠴᠠ ᠰᠢᠳᠬᠡᠵᠦ ᠪᠠᠶᠢᠭ᠎ᠠ ᠪᠠᠨ ᠬᠡᠦᠬᠡᠳ ᠲᠤ ᠤᠶᠢᠯᠭᠠᠭᠤᠯᠬᠤ ᠭᠡᠷᠡᠭᠲᠠᠢ᠃ ᠲᠡᠭᠡᠬᠦ ᠦᠭᠡᠢ ᠪᠤᠯ ᠬᠡᠦᠭᠡᠳ ᠡᠮᠤᠨ᠎ᠠ ᠨᠢ ᠭᠠᠷᠭᠠᠭᠰᠠᠨ ᠠᠯᠳᠠᠭ᠎ᠠ ᠪᠠᠨ ᠳᠠᠬᠢᠨ ᠲᠠᠬᠢᠨ ᠭᠠᠷᠭᠠᠬᠤ ᠪᠠ ᠰᠢᠳᠬᠡᠭᠰᠡᠨ ᠰᠢᠳᠭᠡᠯ ᠴᠢᠨᠢ ᠦᠷ᠎ᠡ ᠳ᠋ᠦᠩ ᠦᠭᠡᠢ ᠪᠤᠯᠬᠤ ᠪᠤᠯᠤᠨ᠎ᠠ᠃        ᠮᠤᠩᠭᠤᠯ ᠤᠨ ᠠᠷᠠᠳ ᠲᠦᠮᠡᠨ ᠮᠠᠨᠢ᠄ ︽ᠠᠪᠤ ᠶᠢᠨ ᠰᠤᠷᠭᠠᠯ ᠠᠯᠲᠠ᠂ ᠡᠵᠢ ᠶᠢᠨ ᠰᠤᠷᠭᠠᠯ ᠡᠷᠲᠡᠮ︾᠂ ︽ᠠᠬ᠎ᠠ ᠨᠢ ᠰᠤᠷᠭᠠᠵᠦ ᠳᠡᠭᠦᠦ ᠨᠢ ᠰᠤᠨᠤᠰᠳᠠᠭ︾ ᠵᠠᠷᠴᠢᠮ ᠢᠶᠠᠷ ᠬᠡᠦᠬᠡᠳ ᠪᠠᠭᠠᠴᠤᠳ ᠢᠶᠠᠨ ᠰᠤᠷᠭᠠᠵᠦ ᠢᠷᠡᠭᠰᠡᠨ᠂ ︽ᠬᠦᠮᠦᠨ ᠪᠤᠯᠬᠤ ᠤᠨᠠᠭᠠᠨ ᠠᠴᠠ ᠪᠠᠨ︾ ᠬᠡᠵᠦ ᠦᠵᠡᠨ ᠪᠠᠭ᠎ᠠ ᠪᠠᠯᠴᠢᠷ ᠠᠴᠠ ᠨᠢ ᠲᠡᠳᠡᠨ ᠳᠤ ᠦᠯᠢᠭᠡᠷ ᠳᠠᠭᠤᠷᠢᠶᠠᠯ ᠦᠵᠡᠭᠦᠯᠦᠨ ᠬᠦᠮᠦᠵᠢᠬᠦᠯᠵᠦ ᠢᠷᠡᠭᠰᠡᠨ ᠪᠢᠯᠡ᠃ ᠦᠷ᠎ᠡ ᠬᠡᠦᠬᠡᠳ ᠲᠡᠭᠡᠨ ᠡᠨᠡ ᠮᠡᠳᠦᠴᠢᠯᠡᠨ ᠤᠯᠠᠨ ᠵᠦᠢᠷ ᠦᠭᠡ ᠬᠡᠯᠡᠵᠦ ᠳᠠᠯᠳᠠ ᠤᠬᠠᠮᠰᠠᠷ ᠢᠶᠠᠷ ᠬᠦᠮᠦᠵᠢᠬᠦᠯᠵᠦ᠂ ᠲᠡᠳᠡᠨ ᠤ ᠤᠶᠤᠨ ᠤᠬᠠᠭᠠᠨ ᠢ ᠬᠦᠭᠵᠢᠬᠦᠯᠳᠡᠭ ᠪᠠᠶᠢᠭᠰᠠᠨ᠃ ᠮᠦᠨ ︽ᠡᠬᠡᠴᠢ ᠶᠢ ᠪᠠᠨ ᠡᠵᠢ ᠠᠴᠠ ᠪᠠᠨ ᠢᠯᠭᠠᠭ᠎ᠠ ᠴᠦ ᠦᠭᠡᠢ ᠬᠠᠶᠢᠷᠠᠯᠠ᠃ ᠠᠬ᠎ᠠ ᠶᠢ ᠪᠠᠨ ᠠᠪᠤ ᠠᠴᠠ ᠪᠠᠨ ᠢᠯᠭᠠᠭ᠎ᠠ ᠴᠦ ᠦᠭᠡᠢ ᠬᠦᠨᠳᠦᠯᠡ︕︾ ᠭᠡᠵᠦ ᠬᠡᠦᠬᠡᠳ ᠢ ᠪᠠᠭ᠎ᠠ ᠪᠠᠯᠴᠢᠷ ᠠᠴᠠ ᠨᠢ ᠡᠪᠦᠭᠡ ᠳᠡᠬᠡᠳᠦᠰ ᠢᠶᠠᠨ ᠬᠦᠨᠳᠦᠯᠡᠬᠦ ᠶᠤᠰᠤᠨ ᠳᠤ᠂ ᠪᠤᠰᠤᠳ ᠲᠠᠢ ᠬᠠᠷᠢᠴᠠᠬᠤ ᠬᠠᠷᠢᠴᠠᠭᠠᠨ ᠳᠤ ᠰᠤᠷᠭᠠᠵᠦ ᠢᠷᠡᠭᠰᠡᠨ ᠪᠦᠭᠡᠳ 3 ᠨᠠᠰᠤᠨ ᠠᠴᠠ ᠨᠢ ᠬᠤᠨᠢ ᠮᠠᠯ ᠤᠨ ᠵᠢᠰᠤ ᠨᠢᠳᠦᠯᠡᠭᠦᠯᠵᠦ ᠲᠡᠳᠡᠨ ᠤ ᠤᠶᠤᠨ ᠤᠬᠠᠭᠠᠨ ᠢ ᠨᠢ ᠲᠡᠯᠡᠳᠡᠭ ᠪᠠᠶᠢᠭᠰᠠᠨ᠃ ᠡᠨᠡ ᠮᠡᠳᠦ ᠠᠮᠢᠳᠤᠷᠠᠯ ᠤᠨ ᠡᠩ ᠤᠨ ᠠᠵᠢᠯ ᠦᠢᠯᠡᠰ ᠢᠶᠠᠷ ᠳᠠᠮᠵᠢᠭᠤᠯᠤᠨ ᠦᠷ᠎ᠡ ᠬᠡᠦᠬᠡᠳ ᠤᠨ ᠢᠶᠠᠨ ᠪᠡᠶ᠎ᠡ ᠶᠢ ᠨᠢ ᠡᠷᠡᠭᠦᠯ ᠴᠢᠬᠢᠷᠠᠭ᠂ ᠦᠭᠡᠨ ᠳᠤ ᠴᠡᠴᠡᠨ᠂ ᠤᠬᠠᠭᠠᠨ ᠳᠤ ᠮᠡᠷᠭᠡᠨ ᠦᠰᠭᠡᠵᠦ ᠢᠷᠡᠭᠰᠡᠨ ᠪᠠᠶᠢᠨ᠎ᠠ᠃ ︽ᠬᠤᠪᠴᠠᠰᠤ ᠪᠠᠷ ᠨᠢ ᠤᠭᠳᠤᠵᠦ᠂ ᠤᠬᠠᠭᠠᠨ ᠢᠶᠠᠷ ᠨᠢ ᠦᠳᠡᠳᠡᠭ︾ ᠡᠨᠡ ᠵᠦᠢᠷ ᠦᠭᠡ ᠠᠴᠠ ᠮᠤᠩᠭᠤᠯᠴᠤᠳ ᠤᠬᠠᠭᠠᠨ ᠢ ᠶᠠᠮᠠᠷ ᠶᠡᠭᠡ ᠴᠢᠬᠤᠯᠠ ᠳᠤ ᠦᠵᠡᠳᠡᠭ ᠭᠡᠳᠡᠭ ᠢ ᠬᠠᠷᠠᠵᠦ ᠪᠤᠯᠬ᠊ ᠶᠤᠮ᠃ ᠲᠡᠶᠢᠮᠤ ᠠᠴᠠ ᠵᠦᠢᠷ ᠴᠡᠴᠡᠨ ᠦᠭᠡ ᠴᠡᠭᠡᠵᠢᠯᠡᠭᠦᠯᠵᠦ᠂ ᠤᠨᠢᠰᠤᠭ᠎ᠠ ᠲᠠᠭᠠᠪᠤᠷᠢ ᠲᠠᠭᠠᠯᠭᠠᠵᠦ᠂ ᠲᠦᠷᠭᠡᠨ ᠬᠡᠯᠡᠯᠭᠡ ᠬᠡᠯᠡᠭᠦᠯᠵᠦ᠂ ᠰᠢᠯᠦᠭ ᠲᠠᠭᠤᠣ ᠵᠢᠭᠠᠨ ᠦᠭᠴᠦ᠂ ᠦᠯᠢᠭᠡᠷ ᠲᠤᠭᠤᠵᠢ᠂ ᠠᠮᠠᠨ ᠵᠤᠬᠢᠶᠠᠯ ᠶᠠᠷᠢᠵᠦ ᠦᠭᠴᠦ᠂ ᠬᠡᠦᠬᠡᠳ ᠤᠨ ᠢᠶᠠᠨ ᠤᠶᠤᠨ ᠤᠬᠠᠭᠠᠨ ᠂ ᠬᠡᠯᠡᠨ ᠤ ᠴᠢᠳᠡᠪᠤᠷᠢ ᠶᠢ ᠳᠡᠬᠡᠭᠰᠢᠯᠡᠭᠦᠯᠳᠡᠭ ᠪᠠᠶᠢᠭᠰᠠᠨ᠃ ᠰᠡᠳᠬᠢᠯ ᠵᠦᠢ ᠬᠡᠦᠬᠡᠳ ᠤᠨ ᠢᠶᠠᠨ ᠰᠡᠳᠬᠢᠯ ᠵᠦᠢ ᠳᠤ ᠠᠩᠬᠠᠷᠬᠤ ᠬᠡᠷᠡᠭᠲᠡᠢ ᠭᠡᠳ ᠶᠠᠳᠠᠮᠠᠷ ᠨᠢᠭᠡ ᠨᠢ ᠰᠤᠷᠭᠠᠯᠲᠠ ᠬᠢᠬᠦ᠂ ᠢᠯᠡ ᠳᠤᠳᠤ ᠵᠦᠢᠯ ᠬᠢᠳᠡᠭ ᠦᠭᠡᠢ ᠪᠠᠶᠢᠭᠰᠠᠨ ᠴᠦ ᠲᠡᠳᠡᠨ ᠤ ᠬᠢᠵᠦ ᠦᠢᠯᠡᠳᠦᠵᠦ ᠦᠷ᠎ᠡ ᠬᠡᠦᠬᠡᠳ ᠲᠡᠭᠡᠨ ᠬᠠᠨᠳᠤᠵᠦ ᠪᠠᠶᠢᠭ᠎ᠠ ᠪᠠᠶᠢᠳᠠᠯ ᠨᠢ ᠬᠡᠦᠬᠡᠳ ᠪᠠᠭᠠᠴᠤᠳ ᠲᠤ ᠶᠡᠬᠡᠬᠡᠨ ᠨᠦᠯᠦᠭᠡᠯᠡᠳᠡᠭ ᠪᠠᠶᠢᠭᠰᠠᠨ᠃ ᠬᠡᠦᠬᠡᠳ ᠢᠶᠠᠨ ︽ᠤᠬᠠᠭᠠᠯᠢᠭ᠂ ᠲᠦᠯᠦᠪ ᠳᠠᠷᠤᠤ᠂ ᠡᠨᠡᠷᠢᠩᠭᠦᠢ ᠰᠡᠳᠬᠢᠯ ᠲᠠᠢ᠂ ᠵᠤᠷᠢᠭᠲᠡᠢ᠂ ᠦᠨᠡᠨᠴᠢ ᠰᠢᠳᠤᠷᠭᠤ ᠬᠦᠮᠦᠵᠢᠬᠦᠯᠬᠦ ᠶᠢᠨ ᠳᠤᠯᠠᠳᠠ ᠲᠡᠳᠡᠨ ᠤ ᠤᠶᠤᠨ ᠰᠡᠳᠬᠢᠬᠦᠢ ᠶᠢᠨ ᠤᠨᠴᠠᠯᠢᠭ ᠢ ᠰᠠᠶᠢᠨ ᠮᠠᠳᠡᠬᠦ ᠬᠡᠷᠡᠭᠲᠡᠢ᠃ ᠪᠢᠴᠢᠬᠠᠨ ᠬᠡᠦᠬᠡᠳ ᠤᠳ ᠬᠤᠭᠤᠷᠤᠨᠳᠦ ᠪᠠᠨ ᠢᠵᠢᠯᠬᠡᠨ ᠶᠤᠮ ᠰᠢᠭ᠋ ᠪᠤᠯᠪᠠᠴᠦ ᠦᠨᠡᠨᠳᠡᠭᠡᠨ ᠲᠡᠲᠡᠨ ᠤ ᠬᠦᠯᠢᠶᠡᠨ ᠠᠪᠬᠤ ᠴᠢᠳᠠᠪᠤᠷᠢ᠂ ᠰᠡᠳᠬᠢᠬᠦᠢ ᠶᠢᠨ ᠤᠶᠢᠯᠡᠳᠦᠯ ᠤᠳ ᠰᠡᠳᠬᠢᠯ ᠵᠦᠢ ᠶᠢᠨ ᠤᠨᠴᠠᠯᠢᠭ ᠶᠡᠭᠡ ᠢᠯᠭᠠᠭᠠᠲᠠᠢ ᠪᠠᠶᠢᠳᠠᠭ︾᠃ ᠬᠡᠦᠬᠡᠳ ᠪᠦᠷᠢ ᠶᠢᠨ ᠬᠦᠯᠢᠶᠡᠨ ᠠᠪᠬᠤ ᠴᠢᠳᠠᠪᠤᠷᠢ᠂ ᠦᠪᠡᠷ ᠤᠨ ᠮᠡᠳᠡᠷᠡᠮᠵᠢ ᠪᠠᠨ ᠢᠯᠡᠷᠬᠡᠶᠢᠯᠡᠬᠦ ᠨᠢ ᠴᠦ ᠦᠭᠡᠷ᠎ᠡ ᠦᠭᠡᠷ᠎ᠡ ᠪᠠᠶᠢᠳᠠᠭ᠃ ᠮᠤᠩᠭᠤᠯ ᠤᠨ ᠠᠷᠠᠳ ᠲᠦᠮᠡᠨ ᠡᠷᠳᠡ ᠳᠡᠭᠡᠷ᠎ᠡ ᠦᠶ᠎ᠡ ᠠᠴᠠ ᠬᠡᠦᠬᠡᠳ ᠪᠠᠭᠠᠴᠤᠳ ᠢᠶᠠᠨ ᠶᠤᠰᠤ ᠰᠤᠷᠲᠠᠬᠤᠨ ᠲᠠᠢ ᠪᠠᠷ ᠬᠦᠮᠦᠵᠢᠭᠦᠯᠵᠦ ᠢᠷᠡᠭᠰᠡᠨ ᠪᠢᠯᠡ᠃ ᠭᠡᠷ ᠪᠦᠯᠢ ᠶᠢᠨ ᠬᠠᠯᠠᠭᠤᠨ ᠳᠤᠯᠠᠭᠠᠨ ᠠᠭᠤᠷ ᠠᠮᠢᠰᠬᠤᠯ᠂ ᠬᠡᠷᠡᠭᠦᠯ ᠮᠠᠷᠭᠤᠭᠠᠨ ᠲᠠᠢ ᠤᠷᠴᠢᠨ ᠬᠡᠭᠦ ᠮᠡᠳᠦ ᠬᠡᠦᠬᠡᠳ ᠤᠨ ᠦᠰᠴᠦ ᠪᠤᠢ ᠤᠷᠴᠢᠨ ᠬᠡᠦᠬᠡᠳ ᠤᠨ ᠰᠡᠳᠬᠢᠯ ᠵᠦᠢ ᠳᠤ ᠶᠡᠬᠡᠬᠡᠨ ᠨᠦᠯᠦᠭᠡᠯᠡᠳᠡᠭ᠃ ᠬᠡᠦᠬᠡᠳ ᠤᠨ ᠰᠡᠳᠬᠢᠯ ᠵᠦᠢ ᠶᠢᠨ ᠬᠦᠭᠵᠢᠯ ᠳᠤ ᠭᠡᠷ ᠪᠦᠯᠢ ᠶᠢᠨ ᠲᠡᠦᠬᠡ ᠤᠨᠴᠠᠭᠠᠢ ᠡᠭᠦᠷᠭᠡ ᠲᠠᠢ ᠪᠠᠶᠢᠳᠠᠭ ᠢ ᠰᠡᠳᠬᠢᠯ ᠵᠦᠢᠴᠢᠳ ᠵᠤᠷᠢᠭᠤᠳᠠ ᠠᠩᠬᠠᠷᠠᠭᠤᠯᠤᠭᠰᠠᠨ ᠪᠠᠶᠢᠳᠠᠭ᠃ ᠬᠡᠦᠬᠡᠳ ᠨᠠᠰᠤᠨ ᠳᠠᠭᠠᠨ ᠡᠴᠢᠬᠡ ᠡᠬᠡ᠂ ᠡᠪᠦᠭᠡ ᠡᠮᠡᠭᠡ ᠨᠠᠷ ᠠᠴᠠ ᠪᠠᠨ ᠭᠡᠷ ᠪᠦᠯᠢ ᠶᠢᠨ ᠢᠶᠠᠨ ᠲᠤᠬᠠᠢ ᠰᠤᠨᠤᠰᠴᠦ ᠪᠠᠶᠢᠭᠰᠠᠨ ᠬᠡᠦᠬᠡᠳ ᠤᠷᠴᠢᠨ ᠳᠠᠭᠠᠨ ᠰᠡᠳᠬᠢᠯ ᠵᠦᠢ ᠶᠢᠨ ᠬᠠᠷᠢᠯᠴᠠᠭ᠎ᠠ ᠲᠤᠭᠲᠠᠭᠠᠬᠤ ᠳᠠᠭᠠᠨ ᠰᠠᠶᠢᠨ᠂ ᠬᠦᠨᠳᠦ ᠨᠦᠬᠦᠴᠡᠯ ᠳᠤ ᠠᠮᠠᠷᠬᠠᠨ ᠵᠦᠭ ᠴᠢᠭ ᠢᠶᠠᠨ ᠤᠯᠳᠠᠭ ᠪᠠᠶᠢᠨ᠎ᠠ᠃ ᠦᠩᠭᠡᠷᠡᠭᠰᠡᠨ ᠠᠮᠢᠳᠤᠷᠠᠯ ᠢᠶᠠᠨ ᠬᠡᠦᠬᠡᠳ ᠠᠴᠢ ᠭᠤᠴᠢ ᠳᠤ ᠪᠠᠨ ᠶᠠᠷᠢᠬᠤ ᠨᠢ ᠰᠠᠶᠢᠨ ᠨᠦᠯᠦᠭᠡ ᠲᠠᠢ ᠪᠠᠶᠢᠳᠠᠭ᠃ ᠡᠷᠬᠢᠵᠦ ᠰᠠᠨᠠᠬᠤ ᠨᠢ ᠰᠡᠳᠬᠢᠯ ᠵᠦᠢ ᠶᠢ ᠲᠡᠩᠴᠡᠪᠦᠷᠢᠵᠢᠭᠦᠯᠵᠦ᠂᠂᠂ ᠂ ᠰᠠᠨᠠᠭᠠᠨ ᠤ ᠵᠡᠷᠭᠡ ᠲᠦᠯᠦᠪ ᠢ ᠪᠤᠢ ᠪᠤᠯᠭᠠᠨ᠎ᠠ᠃ ᠰᠡᠳᠬᠢᠯ ᠵᠦᠢᠴᠢᠳ ᠤᠨ ᠦᠵᠡᠵᠦ ᠪᠠᠶᠢᠭ᠎ᠠ ᠪᠠᠷ ᠠᠬᠠᠮᠠᠳ ᠦᠶ᠎ᠡ ᠶᠢᠨ ᠬᠢᠨ ᠤ ᠶᠠᠮᠠᠷ ᠨᠢᠭᠡᠨ ᠪᠦᠲᠦᠯ ᠦᠭᠡᠢ ᠳᠤᠷᠠᠰᠤᠮᠵᠢ ᠬᠡᠦᠬᠡᠳ ᠤᠨ ᠬᠦᠭᠵᠢᠯ ᠳᠤ ᠨᠦᠯᠦᠭᠡᠯᠡᠬᠦ ᠨᠢ ᠢᠯᠡᠭᠦᠦᠲᠠᠢ ᠪᠠᠶᠢᠳᠠᠭ ᠪᠠᠶᠢᠨ᠎ᠠ᠃ ᠡᠨᠡ ᠨᠢ ᠬᠡᠦᠬᠡᠳ ᠲᠤ ᠦᠪᠡᠷ ᠤᠨ ᠬᠦᠴᠦᠨ ᠳᠤ ᠢᠳᠡᠭᠡᠬᠦ ᠢᠲᠡᠭᠡᠯ ᠲᠦᠷᠦᠭᠦᠯᠳᠡᠭ᠃ ᠮᠦᠨ ᠡᠭᠦᠪᠡᠷ ᠵᠤᠭᠰᠤᠬᠤ ᠦᠭᠡᠢ ᠬᠡᠦᠬᠡᠳ ᠦᠪᠡᠷᠲᠡᠭᠡᠨ ᠢᠳᠡᠭᠡᠬᠦ ᠢᠳᠡᠭᠡᠯ ᠲᠠᠢ᠂ ᠦᠪᠡᠷ ᠤᠨ ᠦᠨ᠎ᠡ ᠴᠠᠨ᠎ᠠ ᠶᠢ ᠮᠡᠳᠡᠷᠡᠳᠡᠭ ᠪᠤᠯᠳᠠᠭ ᠪᠠ ᠠᠬᠠᠮᠠᠳ ᠦᠶ᠎ᠡ ᠶᠢᠨ ᠢᠶᠠᠨ ᠠᠯᠳᠠᠭ᠎ᠠ ᠠᠴᠠ ᠰᠤᠷᠤᠯᠴᠠᠵᠦ ᠳᠠᠳᠠᠯᠭ᠎ᠠ ᠲᠤᠷᠰᠢᠯᠭ᠎ᠠ ᠲᠠᠢ ᠪᠤᠯᠳᠠᠭ᠃    ᠨᠡᠶᠢᠭᠡᠮ ᠪᠠ ᠨᠡᠶᠢᠭᠡᠮᠰᠢᠬᠦ       ᠬᠡᠦᠬᠡᠳ ᠤᠨ ᠬᠦᠭᠵᠢᠯ ᠤᠨ ᠨᠡᠶᠢᠬᠡᠮ ᠤᠨ ᠲᠠᠯ᠎ᠠ ᠳᠤ ᠨᠦᠯᠦᠭᠡᠯᠡᠳᠡᠭ ᠬᠦᠴᠦᠨ ᠵᠦᠢᠯ ᠤᠨ ᠨᠢᠭᠡ ᠪᠤᠯ ᠭᠡᠷ ᠪᠦᠯᠢ ᠶᠤᠮ᠃ ︽ᠭᠡᠷ ᠪᠦᠯᠢ ᠶᠢᠨ ᠨᠦᠬᠦᠴᠡᠯ ᠳᠤ ᠬᠡᠦᠬᠡᠳ ᠲᠤ ᠦᠵᠡᠭᠦᠯᠵᠦ ᠪᠡᠶᠢᠭ᠎ᠠ ᠵᠠᠩ ᠦᠢᠯᠡ ᠶᠢᠨ ᠦᠯᠢᠭᠡᠷ ᠳᠠᠭᠤᠷᠢᠶᠠᠯ ᠨᠢ ᠬᠡᠦᠬᠡᠳ ᠲᠤ ᠦᠪᠡᠷ ᠤᠨ ᠭᠡᠰᠡᠨ ᠨᠡᠶᠢᠭᠡᠮ ᠤᠨ ᠲᠤᠷᠰᠢᠯᠭ᠎ᠠ ᠬᠤᠷᠠᠮᠳᠠᠭᠤᠯᠬᠤ ᠳᠤ ᠨᠦᠯᠦᠭᠡᠯᠡᠵᠦ ᠪᠠᠶᠢᠳᠠᠭ ᠪᠠ ᠬᠡᠦᠬᠡᠳ ᠤᠨ ᠶᠢᠷᠲᠢᠨᠴᠦ ᠶᠢ ᠦᠵᠡᠬᠦ ᠦᠵᠡᠯ ᠤᠨ ᠠᠩᠬᠠᠨ ᠤ ᠤᠶᠢᠯᠭᠠᠯᠳᠠ ᠪᠦᠷᠢᠯᠳᠦᠨ ᠲᠤᠭᠳᠠᠳᠠᠭ︾᠃ ᠬᠡᠦᠬᠡᠳ ᠢ ᠪᠠᠭ᠎ᠠ ᠪᠠᠯᠴᠢᠷ ᠭᠡᠵᠦ ᠭᠤᠯᠤᠬᠤ ᠦᠭᠡᠢ ᠬᠤᠷᠠᠭ᠎ᠠ ᠢᠰᠢᠭᠡᠨ ᠤ ᠵᠢᠰᠤ ᠨᠢᠳᠦᠯᠡᠬᠦᠯᠵᠦ᠂ ᠪᠡᠶ᠎ᠡ ᠳᠤᠨᠢ ᠲᠤᠬᠢᠷᠠᠭᠰᠠᠨ ᠰᠠᠪᠠ ᠪᠠᠷ ᠤᠰᠤᠠ ᠳᠤ ᠶᠠᠪᠤᠭᠤᠯᠵᠦ᠂ ᠮᠤᠳᠤᠨ ᠮᠤᠷᠢ ᠬᠢᠵᠦ ᠦᠭᠴᠦ ᠰᠠᠬᠠᠯᠳᠠ ᠠᠶᠢᠯ ᠤᠨ ᠬᠡᠦᠬᠡᠳ ᠤᠳ ᠲᠠᠢ ᠲᠤᠭᠯᠠᠭᠤᠯᠵᠦ ᠨᠡᠶᠢᠭᠡᠮ ᠲᠠᠢ ᠨᠢ ᠬᠠᠷᠢᠴᠠᠭᠤᠯᠳᠠᠭ ᠪᠠᠶᠢᠭᠰᠠᠨ᠃ ︽ᠭᠡᠷ ᠪᠦᠯᠢ ᠬᠡᠦᠬᠡᠳ ᠤᠨ ᠬᠦᠭᠵᠢᠯ᠂ ᠶᠤᠰᠤ ᠰᠤᠷᠲᠠᠬᠤᠨ᠂ ᠠᠮᠢᠳᠤᠷᠠᠯ ᠤᠨ ᠤᠯᠠᠨ ᠬᠡᠪᠰᠢᠯ᠂ ᠴᠢᠭ ᠬᠠᠨᠳᠤᠯᠭ᠎ᠠ ᠶᠢᠨ ᠵᠤᠬᠢᠶᠠᠨ ᠪᠠᠶᠢᠭᠤᠯᠤᠭᠴᠢ ᠨᠢ ᠪᠤᠯᠳᠠᠭ᠃ ᠬᠦᠷᠢᠶᠡᠯᠡᠨ ᠪᠤᠢ ᠶᠢᠷᠲᠢᠨᠴᠦ ᠲᠠᠢ ᠬᠠᠷᠢᠯᠴᠠᠬᠤ ᠬᠡᠦᠬᠡᠳ ᠤᠨ ᠬᠠᠷᠢᠯᠴᠠᠭ᠎ᠠ ᠶᠢ ᠡᠴᠢᠭᠡ ᠡᠬᠡ ᠪᠤᠯᠤᠨ ᠪᠤᠰᠤᠳ ᠬᠠᠮᠢᠶᠠᠳᠠᠨ ᠰᠠᠳᠤᠨ ᠨᠢ ᠪᠦᠷᠢᠳᠦᠬᠦᠯᠳᠡᠭ᠃ ᠡᠬᠢᠯᠡᠭᠡᠳ ᠲᠤᠮᠤᠴᠤᠤᠯ ᠬᠡᠦᠬᠡᠳ ᠢ ᠤᠷᠮᠠᠰᠢᠭᠤᠯᠤᠨ ᠢᠳᠡᠪᠬᠢᠵᠢᠯ ᠢ ᠨᠢ ᠳᠡᠮᠵᠢᠵᠦ ᠬᠠᠮᠳᠤᠷᠠᠵᠦ ᠠᠵᠢᠯᠯᠠᠳᠠᠭ︾᠃ ᠬᠡᠦᠬᠡᠳ ᠡᠬᠢᠯᠡᠭᠡᠳ ᠠᠪᠤ ᠡᠵᠢ᠂ ᠠᠬ᠎ᠠ ᠡᠬᠡᠴᠢ᠂ ᠭᠡᠷ ᠪᠦᠯᠢ ᠶᠢᠨ ᠭᠡᠰᠢᠭᠦᠳ ᠲᠠᠢ ᠪᠠᠨ ᠬᠠᠷᠢᠯᠴᠠᠳᠠᠭ ᠪᠠ ᠳᠠᠷᠠᠭ᠎ᠠ ᠨᠢ ᠠᠶᠢᠯ ᠰᠠᠬᠠᠯᠲᠠ ᠶᠢᠨ ᠬᠦᠮᠦᠰ ᠲᠠᠢ ᠪᠠᠨ ᠬᠠᠷᠢᠯᠴᠠᠳᠠᠭ᠃ ᠮᠤᠩᠭᠤᠯᠴᠤᠳ ᠬᠡᠦᠬᠡᠳ ᠢᠶᠠᠨ ᠪᠠᠭ᠎ᠠ ᠪᠠᠯᠴᠢᠷ ᠠᠴᠠ ᠨᠢ ᠠᠬᠠᠮᠠᠳ ᠨᠠᠰᠤᠲᠠᠨ ᠢᠶᠠᠨ ᠬᠦᠨᠳᠦᠳᠬᠡᠬᠦ ᠶᠤᠰᠤᠨ ᠳᠤ ᠰᠤᠷᠭᠠᠵᠦ ᠢᠷᠡᠭᠰᠡᠨ ᠪᠦᠭᠡᠳ ᠡᠴᠢᠭᠡ ᠡᠬᠡ ᠨᠢ ᠦᠷ᠎ᠡ ᠬᠡᠦᠬᠡᠳ ᠢᠶᠠᠨ ᠬᠦᠨᠳᠦᠳᠬᠡᠨ ᠬᠠᠶᠢᠷᠠᠯᠠᠵᠦ᠂ ︽ᠭᠠᠷ ᠢ ᠨᠢ ᠭᠠᠨᠵᠤᠭᠠᠨ ᠳᠤ᠂ ᠬᠦᠯ ᠢ ᠨᠢ ᠲᠦᠷᠦᠭᠡᠨ ᠳᠤ ᠬᠦᠷᠭᠡᠵᠦ︾᠂ ᠬᠦᠮᠦᠨ ᠰᠢᠭ ᠬᠦᠮᠦᠨ ᠪᠤᠯᠭᠠᠨ ᠢᠷᠡᠭᠰᠡᠨ ᠪᠢᠯᠡ᠃ ᠮᠤᠩᠭᠤᠯᠴᠤᠳ ᠦᠷ᠎ᠡ ᠬᠡᠦᠬᠡᠳ ᠢᠶᠠᠨ ᠬᠦᠨᠳᠦᠳᠬᠡᠬᠦ ᠶᠤᠰᠤᠨ ᠳᠤ᠄ ᠬᠡᠦᠬᠡᠳ ᠤᠨ ᠢᠶᠠᠨ ᠰᠠᠨᠠᠯ ᠪᠤᠳᠤᠯ ᠢ ᠰᠤᠨᠤᠰᠬᠤ ᠰᠤᠷᠴᠦ ᠪᠤᠯᠪᠠᠰᠤᠷᠠᠬᠤ ᠳᠤᠨᠢ ᠪᠦᠬᠦ ᠲᠠᠯ᠎ᠠ ᠪᠠᠷ ᠳᠡᠮᠵᠢᠬᠦ ᠦᠷ᠎ᠡ ᠬᠡᠦᠬᠡᠳ ᠤᠨ ᠢᠶᠠᠨ ᠳᠡᠷᠭᠡᠳᠡ ᠬᠡᠷᠡᠯᠳᠦᠬᠦ ᠦᠭᠡᠢ ᠪᠠᠶᠢᠬᠤ ᠳᠡᠷᠭᠡᠳᠡ ᠨᠢ ᠠᠷᠢᠬᠢ ᠳᠠᠷᠠᠰᠤ ᠤᠤᠭᠤᠬᠤ ᠦᠭᠡᠢ ᠪᠠᠶᠢᠬᠤ ᠨᠠᠶᠢᠵᠠ ᠨᠦᠬᠦᠳ ᠤᠨ ᠬᠢᠨᠢ ᠳᠡᠷᠭᠡᠳᠡ ᠵᠢᠮᠡᠯᠡᠬᠦ ᠦᠭᠡᠢ ᠪᠠᠶᠢᠬᠤ ᠭᠡᠳ ᠤᠯᠠᠨ ᠶᠤᠰᠤ ᠪᠠᠶᠢᠳᠠᠭ᠃ ᠪᠠᠯᠴᠢᠷ ᠨᠠᠰᠤᠨ ᠤ ᠬᠡᠦᠬᠡᠳ ᠡᠨᠡ ᠮᠠᠳᠦᠴᠢᠯᠡᠨ ᠭᠡᠷ ᠪᠦᠯᠢ ᠶᠢᠨ ᠤᠷᠴᠢᠨ ᠳᠤ ᠪᠡᠶ᠎ᠡ ᠮᠠᠬᠠᠪᠤᠳ᠂ ᠤᠶᠤᠨ ᠤᠬᠠᠭᠠᠨ᠂ ᠰᠡᠳᠬᠢᠯ ᠵᠦᠢ᠂ ᠨᠡᠶᠢᠭᠡᠮ ᠤᠨ ᠭᠡᠬᠦ ᠮᠡᠲᠦ ᠪᠦᠬᠦ ᠲᠠᠯ᠎ᠠ ᠪᠠᠷ ᠢᠶᠠᠨ ᠦᠰᠴᠦ ᠪᠠᠶᠢᠳᠠᠭ᠃ ︵ᠲᠤᠰ ᠵᠤᠬᠢᠶᠠᠯ ᠢ ᠬᠤᠯᠪᠤᠭ᠎ᠠ ᠰᠦᠯᠵᠢᠶ᠎ᠡ ᠶᠢᠨ ᠤᠷᠶᠠᠩᠬᠠᠨ ᠵᠠᠯᠮ᠎ᠠ᠂ ᠦ᠊᠂ ᠵᠢᠪᠬᠤᠯᠠᠩᠲᠦ ᠶᠢᠨ ᠪᠦᠷᠭᠡ ᠠᠴᠠ ᠪᠠᠭᠤᠯᠭᠠᠪᠠ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号