ᠯᠦᠨ  ᠲᠠᠢ  ᠳᠤ ᠦᠪᠡᠷ  ᠢ  ᠪᠠᠨ ᠶᠠᠯᠠᠯᠠᠭᠰᠠᠨ  ᠵᠤᠤ ᠪᠢᠴᠢᠭ
ᠨᠡᠶᠢᠲᠡᠯᠡᠭᠰᠡᠨ ᠴᠠᠭ᠄
2020/6/8
        ᠯᠦᠨ   ᠲᠠᠢ  ᠳᠤ ᠦᠪᠡᠷ  ᠢ  ᠪᠠᠨ ᠶᠠᠯᠠᠯᠠᠭᠰᠠᠨ  ᠵᠤᠤ ᠪᠢᠴᠢᠭ          ᠡᠮᠦᠨ᠎ᠡ  ᠵᠤᠷᠭᠠᠨ  ᠠᠶᠢᠯᠠᠳᠬᠠᠯ  ᠡᠷᠭᠦᠵᠤ  ᠠᠷᠠᠳ ᠤᠨ  ᠭᠠᠶᠢᠯᠢ   ᠶᠢ ᠭᠤᠴᠢᠨ ᠬᠤᠪᠢ ᠦᠰᠭᠡᠵᠤ  ᠬᠢᠯᠢ   ᠳᠤ  ᠭᠡᠷᠡᠭᠯᠡᠬᠦ  ᠬᠡᠮᠡᠵᠠᠢ  ᠃  ᠢᠩᠭᠢᠪᠡᠰᠦ  ᠭᠦᠭᠰᠢᠨ ᠪᠠᠭᠤᠷᠠᠶᠢᠴᠦᠦᠯ ᠭᠤᠤᠨᠢ  ᠪᠡᠯᠪᠡᠰᠤᠳ   ᠢ  ᠨᠡᠩᠳᠡ  ᠭᠡᠴᠡᠭᠦᠳᠡᠭᠦᠯᠬᠦ  ᠪᠤᠰᠤᠶᠤ  ᠂  ᠦᠨᠦ  ᠲᠠᠬᠢᠨᠳᠠ  ᠯᠦᠨ ᠲᠠᠢ   ᠳᠤ   ᠴᠡᠷᠢᠭ  ᠲᠠᠷᠢᠶᠠᠨ ᠦᠢᠯᠡᠳᠬᠦ   ᠶᠢ  ᠠᠶᠢᠯᠠᠳᠬᠠᠵᠠᠢ᠃  ᠯᠦᠨ ᠲᠠᠢ ᠠᠨᠤ  ᠴᠧ  ᠱᠢ ᠠᠴᠠ  ᠪᠠᠷᠠᠭᠤᠨᠰᠢ ᠮᠢᠩᠭᠠᠨ ᠭᠠᠵᠠᠷ   ᠲᠤ ᠤᠷᠤᠰᠢᠮᠦᠢ᠂  ᠤᠷᠢᠳᠠ  ᠺᠠᠢ ᠯᠢᠩ ᠾᠧᠦ  ᠴᠧ ᠱᠢ ᠶᠢ  ᠲᠤᠪᠳᠤᠯᠠᠬᠤᠢ   ᠳᠤᠷ  ᠸᠧᠢ ᠰᠢᠦᠢ  ᠂  ᠢᠦᠢ  ᠯᠢ  ᠂  ᠯᠤ᠋ ᠯᠠᠨ  ᠵᠢᠷᠭᠤᠭᠠᠨ ᠤᠯᠤᠰ ᠤᠨ  ᠵᠢᠩ ᠬᠤᠳᠠᠨ᠎ᠠ  ᠰᠠᠭᠤᠭᠰᠠᠨ  ᠬᠡᠦᠭᠡᠳ ᠲᠡᠭᠦᠦᠨᠠᠷ   ᠤᠷᠢᠳᠠᠪᠡᠷ  ᠡᠭᠡᠵᠤ᠂   ᠮᠢᠬ᠎ᠠ ᠬᠦᠨᠡᠰᠤ ᠭᠠᠷᠭᠠᠨ  ᠬᠠᠨ ᠤ ᠴᠡᠷᠢᠭ ᠢ  ᠤᠭᠳᠤᠬᠤ ᠶᠢᠨ ᠬᠠᠮᠳᠤ  ᠬᠡᠳᠦᠨ  ᠲᠦᠮᠡᠨ  ᠴᠡᠷᠢᠭ  ᠭᠠᠷᠭᠠᠨ  ᠸᠠᠩ  ᠨᠠᠷ  ᠠᠨᠤ  ᠦᠪᠡᠰᠤᠪᠡᠨ   ᠤᠳᠤᠷᠢᠳᠴᠦ  ᠴᠧ ᠱᠢ   ᠶᠢ  ᠪᠦᠰᠡᠯᠡᠨ  ᠸᠠᠩ ᠶᠢ ᠠᠨᠤ  ᠪᠠᠭᠤᠯᠭᠠᠨ  ᠠᠪᠤᠯᠤᠭ᠎ᠠ  ᠃ ᠤᠯᠠᠨ ᠤᠯᠤᠰ ᠤᠨ  ᠴᠡᠷᠢᠭ  ᠲᠠᠷᠦᠢ  ᠡᠭᠡᠵᠤ  ᠂ ᠬᠦᠴᠦᠨ ᠠᠨᠤ  ᠬᠠᠨ ᠤ ᠴᠡᠷᠢᠭ ᠤᠨ ᠬᠦᠨᠡᠰᠤᠨ ᠢ  ᠲᠠᠬᠢᠨᠳᠠ ᠬᠠᠩᠭᠠᠵᠤ  ᠴᠢᠳᠠᠬᠤᠨ ᠦᠭᠡᠢ ᠪᠤᠯᠵᠠᠢ  ᠃  ᠬᠠᠨ ᠤ ᠴᠡᠷᠢᠭ ᠬᠤᠳᠠᠨ ᠢ   ᠡᠪᠳᠡᠨ  ᠠᠮᠤ ᠬᠦᠨᠡᠰᠤᠨ ᠢ  ᠡᠯᠪᠡᠭ  ᠤᠯᠵᠠᠯᠠᠭᠰᠠᠨ ᠴᠦ  ᠵᠢᠩ ᠬᠤᠳᠠᠨ᠎ᠠ  ᠲᠡᠭᠡᠪᠦᠷᠢᠯᠡᠨ ᠠᠪᠴᠢᠷᠠᠵᠤ ᠦᠯᠦ   ᠲᠡᠶᠢᠯᠡᠵᠤ᠂  ᠴᠢᠬᠢᠷᠠᠭ ᠠᠨᠤ ᠲᠡᠶᠢᠮᠡᠯᠡ  ᠢᠳᠡᠵᠤ  ᠪᠠᠭᠤᠷᠠᠢ ᠠᠨᠤ  ᠵᠠᠮ ᠵᠠᠭᠤᠷ᠎ᠠ  ᠬᠡᠳᠦᠨ ᠮᠢᠩᠡᠭᠠᠨ ᠢᠶᠠᠷ   ᠦᠭᠦᠯᠦᠭᠡ᠃  ᠮᠡᠬᠦᠰ  ᠮᠢᠨᠦ ᠪᠡᠶ᠎ᠡ ᠵᠢᠦ ᠴᠢᠦᠸᠠᠨ ᠤ  ᠡᠯᠵᠢᠭᠡ᠂ ᠲᠡᠮᠡᠭᠡᠨ ᠤ ᠠᠩᠬᠢ   ᠪᠠᠷ  ᠠᠮᠤ  ᠠᠴᠢᠭᠤᠯᠵᠤ  ᠢᠦᠢ ᠮᠧᠨ   ᠢᠶᠠᠷ ᠭᠠᠷᠴᠦ ᠴᠡᠷᠢᠭ ᠢ   ᠤᠭᠳᠤᠯᠤᠭ᠎ᠠ᠃   ᠠᠯᠪᠠᠨ ᠴᠡᠷᠢᠭ  ᠵᠠᠩ ᠶᠧ   ᠬᠦᠷᠳᠡᠯ᠎ᠡ ᠬᠤᠯᠠ ᠪᠤᠰᠤ ᠠᠭᠰᠠᠨ ᠴᠦ ᠤᠯᠠᠨ ᠠᠨᠤ  ᠬᠤᠴᠦᠷᠠᠯᠤᠭ᠎ᠠ᠃            ᠦᠩᠭᠡᠷᠡᠭᠴᠢ   ᠳᠤᠷ  ᠮᠡᠭᠦᠰ ᠪᠢ   ᠭᠡᠭᠡᠨ ᠪᠤᠰᠤ᠂  ᠵᠢᠶᠦ᠋ᠨ ᠬᠤ᠋ ᠲᠦᠰᠢᠮᠡᠯ  ᠾᠦᠩ ᠤᠨ  ᠡᠷᠭᠦᠭᠰᠡᠨ   ︽ᠾᠦᠩᠨᠤ  ᠮᠤᠷᠢᠨ  ᠤ  ᠲᠦᠷᠪᠡᠨ ᠬᠦᠯ  ᠢ  ᠤᠶᠠᠵᠤ  ᠬᠤᠳᠠᠨ ᠤ  ᠲᠤᠤᠷ᠎ᠠ  ᠲᠠᠯᠪᠢᠵᠤ   ︿ ᠪᠢᠳᠡᠨᠡᠷ  ᠴᠢᠨ ᠤ ᠬᠦᠮᠦᠨ   ᠢ ᠮᠤᠷᠢᠨ ᠤ ᠭᠤᠶᠢᠷᠠᠨᠴᠢ ᠮᠡᠳᠦ ᠦᠵᠡᠮᠦᠢ  ﹀︾ ᠭᠡᠰᠡᠨ ᠦᠭᠡ ᠲᠡᠭᠳᠡᠵᠠᠢ᠃   ᠪᠠᠰᠠ  ᠬᠠᠨ ᠤ ᠡᠯᠴᠢᠨ ᠢ  ᠤᠳᠠᠭᠠᠨ   ᠰᠠᠭᠠᠳᠤᠭᠠᠨ ᠡᠰᠡ ᠪᠤᠴᠠᠭᠠᠬᠤ ᠠᠴᠠ   ᠬᠤᠶᠠᠷ  ᠵᠠᠩᠵᠤᠨ ᠢ  ᠲᠤᠮᠢᠯᠠᠨ  ᠬᠠᠨ ᠤ ᠡᠯᠴᠢᠨ  ᠰᠦᠷ   ᠢᠶᠠᠷ  ᠡᠭᠡᠬᠦᠯᠬᠦ  ᠬᠡᠮᠡᠪᠠᠢ᠃  ᠡᠷᠳᠡᠨ ᠳᠤᠷ  ᠴᠢᠩ ᠲᠠᠶᠢᠹᠦ᠋   ᠶᠢᠨ ᠰᠡᠳᠦᠭᠰᠡᠨ  ᠪᠤᠳᠤᠯᠭ᠎ᠠ ᠶᠢ  ᠪᠦᠬᠦᠨ ᠢᠶᠠᠷ  ᠶᠠᠰᠤᠨ ᠲᠦᠯᠭᠡ ᠢᠶᠠᠷ  ᠪᠠᠳᠤᠯᠠᠨ   ᠢᠷᠸ᠎ᠠ  ᠪᠤᠰᠤ ᠶᠢ  ᠠᠨᠤ ᠡᠰᠡ ᠭᠡᠷᠡᠭᠵᠢᠬᠦᠯᠦᠮᠦᠢ᠃  ᠡᠭᠦᠨ ᠢᠶᠠᠷ  ᠮᠤᠷᠢᠨ  ᠤᠶᠠᠭᠰᠠᠨ  ᠪᠢᠴᠢᠭ ᠢ  ᠴᠧᠩᠰᠢᠶᠠᠩ᠂   ᠢᠦᠢ ᠱᠢ  ᠂  ᠡᠯ ᠴᠢᠶᠠᠨ ᠳ᠋ᠠᠨ  ᠂  ᠵᠤ᠋ ᠳ᠋ᠠ  ᠹᠦ᠋  ᠂  ᠯᠠᠩ ᠸᠧᠢ  ᠸᠧᠨ ᠰᠢᠦᠸᠠᠢ  ᠨᠠᠷ   ᠲᠤ ᠨᠡᠶᠢᠳᠡᠮ ᠦᠵᠡᠬᠦᠯᠵᠤ᠂ ᠲᠠᠬᠢᠨ   ᠪᠠᠰᠠ  ᠡᠯ᠎ᠡ ᠵᠢᠶᠦ᠋ᠨ ᠵᠢᠴᠢ ᠤᠯᠠᠨ ᠬᠠᠷᠢᠶᠠᠳᠤ  ᠤᠯᠤᠰ ᠤᠨ  ᠳ᠋ᠦ᠋   ᠸᠧᠢ  ᠴᠧᠩ ᠵᠦᠩ  ᠂ ᠵᠤᠤ ᠫᠦᠸᠧ ᠨᠤ᠋ ᠵᠡᠷᠭᠡ ᠤᠯᠠᠨ ᠨᠤᠶᠠᠳ ᠤᠨ  ᠰᠠᠨᠠᠯ ᠢ  ᠰᠤᠨᠤᠰᠴᠠᠢ᠃  ᠤᠯᠠᠨ ᠢᠶᠠᠷ  ︽ ᠾᠦᠩᠨᠤ ᠦᠪᠡᠷ ᠤᠨ  ᠮᠤᠷᠢᠨ ᠢᠶᠠᠨ  ᠤᠶᠠᠭᠰᠠᠨ ᠠᠨᠤ  ᠬᠠᠮᠤᠭ ᠤᠨ  ᠢᠷᠸ᠎ᠠ ᠦᠭᠡᠢ  ᠠᠵᠢᠯ  ︾  ᠂  ᠵᠠᠷᠢᠮ   ᠨᠢ  ᠪᠠᠰᠠ  ︽ ᠦᠪᠡᠷ ᠤᠨ ᠴᠢᠬᠢᠷᠠᠭ  ᠢ  ᠭᠠᠶᠢᠬᠠᠭᠤᠯᠬᠤ  ᠠᠨᠤ  ᠪᠤᠰᠤᠳ ᠤᠨ  ᠨᠢᠳᠦᠨ ᠳᠤ  ᠢᠯᠡᠬᠦᠦ ᠵᠦᠢᠯ  ︾  ᠭᠡᠵᠠᠢ  ᠃            ︽ᠵᠢᠷᠦᠬᠠᠢ  ︾   ᠪᠠᠷ  ᠲᠦᠯᠭᠡᠳᠡᠭᠦᠢ ᠳᠤ  ︽ᠶᠡᠭᠡ ᠤᠰᠤᠯ  ︾  ᠂ ︽ ᠶᠡᠭᠡᠰ   ᠲᠤ  ᠠᠰᠢᠭ  ᠲᠠᠢ  ᠂  ᠾᠦᠩᠨᠤ  ᠶᠡᠭᠡ ᠠᠯᠳᠠᠮᠦᠢ  ᠂   ᠤᠯᠳᠠᠰᠢ ᠦᠭᠡᠢ ᠲᠤᠬᠢᠶᠠᠯ  ︾  ᠪᠠᠰᠠ ᠦᠭᠦᠡᠯᠷᠦᠨ  ︽ ᠤᠮᠠᠷᠠᠰᠢ ᠲᠠᠶᠢᠯᠠᠬᠤ ᠵᠠᠩᠵᠤᠨ   ᠹᠦ᠋ ᠱᠠᠨ   ᠳᠤᠷ  ᠶᠡᠭᠡᠳᠡ ᠢᠯᠠᠮᠦᠢ  ︾᠃ ᠲᠦᠯᠭᠡᠴᠢᠳ  ︽ᠬᠤᠶᠠᠷ ᠵᠠᠩᠵᠤᠨ  ᠬᠠᠮᠤᠭ  ᠠᠴᠠ  ᠪᠢᠯᠢᠭ ᠲᠠᠢ︾    ᠬᠡᠮᠡᠬᠦ   ᠲᠤᠷ  ᠮᠡᠭᠦᠰ  ᠪᠢ ᠪᠡᠶᠡᠪᠡᠷ  ᠬᠤᠶᠠᠷ  ᠠᠩᠬᠢ ᠴᠢᠷᠢᠭ   ᠢ ᠹᠦ᠋ ᠱᠠᠨ ᠵᠦᠭ ᠬᠦᠳᠡᠯᠭᠡᠵᠤ  ᠲᠠᠬᠢᠨ ᠪᠠᠰᠠ ᠵᠤᠤ  ᠪᠠᠭᠤᠯᠭᠠᠨ  ︽ ᠬᠦᠨ ᠤᠷᠤᠬᠤ ᠶᠢ  ᠴᠡᠭᠡᠷᠡᠯᠡᠳᠦᠭᠡᠢ︾ ᠬᠡᠮᠡᠪᠠᠢ᠃ ᠡᠳᠦᠭᠡ  ᠲᠦᠯᠭᠡ  ᠯᠦᠭᠡ  ᠡᠰᠡᠷᠭᠦᠦ  ᠪᠤᠯᠵᠠᠢ᠂ ᠬᠤᠵᠢᠮ  ᠾᠦᠩᠨᠤ   ᠳᠤ ᠤᠯᠵᠠᠯᠠᠭᠳᠠᠭᠰᠠᠨ    ᠬᠠᠷᠠᠭᠤᠯ   ᠲᠠᠢ  ᠲᠠᠬᠢᠨᠳᠠ   ᠠᠭᠤᠯᠵᠠᠬᠤ   ᠳᠤ  ᠲᠡᠷᠡ ᠦᠭᠦᠯᠡᠷᠦᠨ  ︽ ᠬᠠᠨ ᠤ ᠴᠡᠷᠢᠭ ᠢᠷᠡᠬᠦ ᠶᠢ ᠰᠤᠨᠤᠰᠤᠮᠠᠭᠴᠠ  ᠾᠦᠩᠨᠤ  ᠪᠦᠭᠡ ᠢᠳᠤᠭᠠᠨ ᠲᠤᠮᠢᠯᠠᠵᠤ  ᠦᠭᠡᠷ ᠬᠤᠨᠢᠨ ᠤ  ᠴᠤᠪᠤᠭ᠎ᠠ   ᠶᠢ  ᠲᠦᠭᠵᠢᠵᠤ᠂  ᠤᠰᠤᠨ ᠢ  ᠡᠬᠢ   ᠶᠢ   ᠪᠦᠭᠯᠡᠵᠤ  ᠬᠠᠨ ᠤ ᠴᠡᠷᠢᠭ ᠢ   ᠬᠤᠷᠢᠭᠯᠠᠵᠠᠢ᠃  ᠴᠠᠨ ᠢᠦᠢ  ᠲᠡᠭᠷᠢ ᠶᠢᠨ  ᠬᠦᠪᠡᠭᠦᠨ ᠳᠤ  ᠮᠤᠷᠢ ᠪᠤᠯᠭ᠎ᠠ ᠬᠦᠷᠭᠡᠵᠤ᠂  ᠦᠷᠭᠦᠯᠵᠢ   ᠪᠦᠭᠡ ᠢᠳᠦᠭᠠᠨ ᠢᠶᠠᠷ  ᠦᠪᠡᠷ   ᠢ ᠪᠠᠨ  ᠢᠷᠦᠭᠡᠯᠭᠡᠮᠦᠢ  ᠃  ᠮᠤᠷᠢᠨ  ᠤᠶᠠᠭᠰᠠᠨ ᠠᠨᠤ    ᠴᠡᠷᠢᠭ ᠤᠨ  ᠶᠠᠪᠤᠳᠠᠯ ᠢ  ᠬᠤᠷᠢᠭᠯᠠᠬᠤ  ᠭᠡᠮᠡᠭᠰᠡᠨ  ᠪᠤᠶᠤ︾  ᠭᠡᠵᠠᠢ  ᠃  ᠲᠠᠬᠢᠨ  ᠲᠦᠯᠭᠡᠳᠡᠭᠰᠡᠨ ᠳᠤ  ︽ᠬᠠᠨ ᠤ ᠨᠢᠭᠡ ᠵᠠᠩᠵᠤᠨ ᠦᠯᠵᠡᠢ ᠪᠤᠰᠤ  ︾  ᠭᠡᠵᠠᠢ  ᠃  ᠾᠦᠩᠨᠤ  ᠦᠷᠭᠦᠯᠵᠢ ᠦᠭᠦᠯᠡᠷᠦᠨ  ︽ ᠬᠠᠨ   ᠠᠤᠭ᠎ᠠ  ᠶᠡᠭᠡ᠂  ᠭᠡᠳᠡᠯ᠎ᠡ ᠦᠯᠦᠰᠴᠦ ᠤᠮᠳᠠᠭᠠᠰᠬᠤ ᠶᠢ ᠲᠠᠭᠠᠬᠤ ᠦᠭᠡᠢ᠂  ᠨᠢᠭᠡᠨ ᠴᠢᠨ᠋ᠸ᠎ᠠ   ᠶᠢ ᠲᠠᠯᠪᠢᠪᠠᠰᠤ   ᠮᠢᠩᠭᠠᠨ ᠬᠤᠨᠢᠨ ᠢ   ᠠᠯᠳᠠᠭᠤᠯᠦᠮᠦᠢ  ︾  ᠭᠡᠳᠡᠭ᠃        ᠬᠤᠶᠠᠷ  ᠴᠡᠷᠢᠭ ᠢᠯᠠᠭᠳᠠᠵᠤ  ᠴᠡᠷᠢᠭ ᠠᠷᠠᠳ    ᠦᠭᠦᠵᠦ ᠰᠢᠷᠠᠭᠳᠤᠨ ᠰᠠᠷᠨᠢᠨ  ᠪᠤᠳᠠᠷᠠᠭᠰᠠᠨ  ᠡᠮᠭᠡᠨᠢᠯ   ᠮᠡᠭᠦᠰ ᠮᠢᠨᠦ ᠰᠡᠳᠬᠢᠯ ᠳᠤ   ᠢᠮᠠᠭᠳᠠ ᠡᠷᠬᠢᠯᠳᠦᠮᠦᠢ᠃  ᠡᠳᠦᠭᠡ  ᠠᠯᠤᠰ  ᠯᠦᠨ ᠲᠠᠢ   ᠳᠤᠷ  ᠲᠠᠷᠢᠶᠠᠯᠠᠨ  ᠴᠠᠶᠢᠵᠨ ᠪᠠᠬᠢᠯᠡᠯᠳᠡ ᠪᠠᠷᠢᠬᠤ ᠬᠡᠮᠡᠬᠦ ᠢᠨᠦ  ᠠᠷᠠᠳ ᠢ  ᠵᠤᠪᠠᠭᠠᠬᠤ  ᠠᠵᠢᠯ ᠪᠤᠶᠤ᠂  ᠮᠡᠭᠦᠰ  ᠪᠢ  ᠰᠤᠨᠤᠰᠴᠦ  ᠦᠯᠦ  ᠪᠤᠯᠤᠮᠦᠢ  ᠃  ᠳ᠋ᠠ ᠾᠦᠩ ᠯᠤ᠋ ᠵᠡᠷᠭᠡ ᠲᠦᠰᠢᠮᠡᠯ ᠪᠠᠰᠠ ᠰᠠᠨᠠᠭᠤᠯᠤᠷᠤᠨ  ᠶᠠᠯᠠᠳᠠᠨ ᠢ  ᠡᠯᠰᠡᠵᠤ ᠱᠠᠩᠨᠠᠨ ᠬᠦᠬᠢᠬᠦᠯᠦᠨ‌ᠾᠧᠦ  ᠡᠷᠭᠦᠮᠵᠢᠯᠡᠨ   ᠾᠦᠩᠨᠤ ᠳᠤ   ᠡᠯᠴᠢᠯᠡᠨ    ᠂ ᠲᠠᠪᠤᠨ ᠡᠵᠡᠷᠭᠡᠭ   ᠤᠨ  ᠦᠯᠦ ᠴᠢᠳᠠᠭᠰᠠᠨ ᠢ  ᠪᠡᠶᠡᠯᠡᠬᠦᠯᠬᠦ  ᠭᠡᠮᠡᠵᠠᠢ  ᠃  ᠭᠡᠳᠡᠯ᠎ᠡ    ᠾᠦᠩᠨᠤ  ᠬᠠᠨ   ᠤ ᠲᠠᠭᠠᠭᠰᠠᠳ ᠢ  ᠤᠯᠪᠠᠰᠤ  ᠦᠷᠭᠦᠯᠵᠢ  ᠭᠠᠷ ᠡᠷᠭᠦᠭᠦᠯᠦᠨ  ᠨᠡᠩᠵᠢᠮᠦᠢ᠂   ᠰᠤᠨᠤᠰᠤᠭᠰᠠᠨ ᠵᠦᠢᠯ ᠢ  ᠢᠨᠦ  ᠰᠢᠭᠦᠨ ᠠᠰᠠᠭᠤᠮᠦᠢ  ᠂ ᠡᠳᠦᠭᠡ ᠬᠢᠯᠢ  ᠬᠢᠵᠠᠭᠠᠷ  ᠵᠢᠷᠦᠮ ᠦᠭᠡᠢ᠂   ᠭᠠᠷᠴᠦ ᠤᠷᠤᠬᠤ   ᠳᠤ ᠬᠤᠷᠢᠭ᠎ᠠ ᠦᠭᠡᠢ᠂  ᠬᠢᠵᠠᠭᠠᠷ ᠤᠨ ᠨᠤᠶᠠᠳ  ᠠᠪᠠ ᠠᠩᠨᠠᠨ   ᠠᠷᠠᠰᠤ ᠮᠢᠬ᠎ᠠ ᠶᠢ ᠠᠨᠤ ᠠᠷᠠᠯᠵᠢᠵᠤ᠂  ᠴᠡᠷᠢᠭ ᠤᠨ  ᠠᠷᠠᠳ  ᠭᠠᠰᠢᠭᠤᠨ ᠲᠠᠢ  ᠮᠦᠷᠳᠡᠭᠡᠨ  ᠲᠤᠬᠢᠶᠠᠨ ᠤ  ᠤᠳᠤᠭ᠎ᠠ ᠴᠦᠭᠡᠷᠡᠵᠦ᠂  ᠠᠯᠳᠠᠬᠤᠢ   ᠳᠤᠷ ᠬᠤᠷᠠᠵᠤ  ᠠᠮᠵᠢᠬᠤ ᠦᠭᠡᠢ᠂  ᠬᠤᠵᠢᠮ  ᠲᠠᠭᠠᠭᠰᠠᠳ  ᠢᠷᠡᠬᠦ  ᠪᠤᠶᠤ  ᠬᠡᠯᠡ  ᠤᠯᠵᠠᠯᠠᠪᠠᠰᠤ ᠮᠡᠳᠡᠵᠦ ᠪᠤᠯᠦᠮᠦᠢ᠃   ᠤᠳᠤᠬᠠᠨ ᠤ  ᠡᠭᠦᠷᠭᠡ ᠪᠤᠯᠪᠠᠰᠤ᠂  ᠬᠠᠷᠬᠢᠰ ᠲᠤᠭᠰᠢᠨ ᠢ  ᠴᠠᠭᠠᠵᠠᠯᠵᠤ  ᠂  ᠰᠠᠮᠠᠭᠤᠨ ᠭᠤᠪᠴᠢᠭᠤᠷ ᠢ   ᠵᠤᠭᠰᠤᠭᠠᠵᠤ᠂  ᠲᠠᠷᠢᠶᠠᠨ ᠠᠵᠢᠯ ᠳᠤ ᠰᠢᠮᠳᠡᠨ᠂  ᠮᠤᠷᠢᠨ  ᠰᠡᠷᠭᠦᠭᠡᠬᠦ ᠵᠠᠷᠯᠢᠭ ᠢ  ᠰᠡᠯᠪᠢᠨ  ᠂ ᠲᠤᠳᠠᠭᠤ ᠬᠤᠭᠤᠰᠤᠨ ᠢ  ᠪᠦᠭᠯᠡᠵᠦ᠂  ᠴᠡᠷᠢᠭ ᠤᠨ   ᠪᠡᠯᠡᠳᠭᠡᠯ ᠢ  ᠪᠠᠭᠤᠷᠠᠭᠤᠯᠬᠤ ᠦᠭᠡᠢ ᠳᠤ ᠠᠮᠦᠢ᠂  ᠡᠯ᠎ᠡ  ᠵᠢᠶᠦ᠋ᠨ  ᠵᠢᠴᠢ ᠬᠠᠷᠢᠶᠠᠳᠤ ᠤᠯᠤᠰ   ᠤᠨ  ᠡᠯ ᠴᠢᠶᠠᠨ ᠳ᠋ᠠᠨ  ᠨᠠᠷ ᠲᠤᠰᠪᠤᠷᠢ  ᠮᠤᠷᠢ  ᠲᠡᠵᠢᠭᠡᠬᠦ   ᠪᠤᠳᠤᠯᠭ᠎ᠠ ᠵᠢᠴᠢ ᠬᠢᠵᠠᠭᠠᠷ ᠢ ᠰᠡᠯᠪᠢᠬᠦ   ᠡᠷᠭᠦᠳᠡᠯ   ᠢᠶᠠᠨ ᠡᠷᠭᠦᠵᠤ᠂   ᠤᠯᠤᠰ  ᠤᠨ   ᠪᠤᠳᠤᠯᠭ᠎ᠠ ᠯᠤᠭ᠎ᠠ ᠨᠡᠶᠢᠴᠡᠭᠦᠯᠦᠭᠳᠤᠨ  ᠃            ︵ᠵᠧᠩ ᠾᠧ   ᠶᠢᠨ  ᠲᠦᠷᠪᠡᠳᠤᠭᠡᠷ ᠤᠨ  ︶   ᠤ ᠭᠤᠷᠪᠠᠳᠤᠭᠠᠷ ᠰᠠᠷ᠎ᠠ   ᠳᠤ   ᠲᠡᠭᠡᠳᠤ  ᠵᠢᠦᠢ ᠳ᠋ᠢᠩ  ᠱᠠᠨ ᠳᠤ  ᠲᠠᠷᠢᠶᠠᠯᠠᠨ  ᠪᠤᠴᠠᠬᠤ ᠳᠠᠭᠠᠨ  ᠲᠠᠶᠢᠱᠠᠨ  ᠠᠭᠤᠯᠠᠨ   ᠳᠤ ᠵᠢᠷᠭᠠᠨ   ᠲᠠᠬᠢᠯᠭ᠎ᠠ ᠶᠢᠨ ᠮᠠᠨᠳᠠᠯ ᠢ   ᠰᠡᠯᠪᠢᠨ   ᠴᠠᠭᠠᠭᠴᠢᠨ ᠪᠠᠷᠰ ︵ᠬᠤᠷᠷᠢᠨ ᠵᠢᠷᠭᠤᠭᠠᠨ ᠤ ᠡᠳᠦᠷ︶  ᠮᠢᠩ ᠲᠠᠩ  ᠬᠠᠷᠰᠢ ᠳᠤ ᠲᠠᠬᠢᠯᠭ᠎ᠠ ᠲᠠᠯᠪᠢᠵᠤ  ᠂ ᠬᠠᠷᠠᠭᠴᠢᠨ ᠮᠤᠭᠠᠢ ᠡᠳᠦᠷ  ᠱᠢ ᠯᠢᠦᠢ   ᠳᠤᠷ ᠨᠠᠮᠠᠨᠴᠢᠯᠠᠵᠤ᠂  ᠤᠯᠠᠨ ᠰᠠᠶᠢᠳ ᠲᠤᠷ  ᠤᠴᠠᠷᠤᠨ  ᠲᠡᠭᠡᠳᠦ  ᠦᠭᠦᠯᠡᠷᠦᠨ  ︽ᠮᠡᠭᠦᠰ ᠪᠢ ᠰᠠᠭᠤᠷᠢᠨ ᠢ ᠵᠠᠯᠭᠠᠮᠵᠢᠯᠠᠭᠰᠠᠨ ᠠᠴᠠ ᠢᠨᠠᠭᠰᠢ   ᠭᠠᠯᠵᠢᠭᠤ   ᠲᠤᠭᠰᠢᠨ  ᠲᠡᠯᠭᠡᠷᠡᠵᠦ  ᠲᠡᠭᠷᠢ ᠶᠢᠨ ᠲᠤᠤᠷᠠᠬᠢ  ᠭᠠᠰᠢᠭᠤᠨ  ᠪᠤᠯᠤᠭᠰᠠᠨ ᠠᠨᠤ  ᠭᠡᠮᠰᠢᠪᠡᠴᠦ ᠭᠦᠢᠴᠡᠬᠦ ᠦᠭᠡᠢ᠂ ᠤᠳᠤᠬᠠᠨ ᠵᠠᠭᠤᠨ ᠤᠪᠤᠭᠳᠠᠨ ᠢ  ᠭᠠᠰᠠᠯᠭᠠᠵᠤ᠂  ᠲᠦᠷᠥ  ᠬᠦᠷᠦᠨ  ᠤ  ᠪᠦᠷᠢᠯᠭᠡᠬᠦ  ᠵᠦᠢᠯ ᠢ ᠪᠦᠷᠢᠮᠦᠰᠤᠨ ᠦᠭᠡᠶᠢᠰᠭᠡᠰᠦᠭᠡᠢ᠃  ︾  ᠃  ᠲᠢᠶᠠᠨ ᠴᠢᠶᠠᠨ ᠴᠢᠦ ᠦᠭᠦᠯᠡᠷᠦᠨ ︽ ᠰᠢᠳᠡᠳᠡᠨ ᠤ ᠲᠤᠳᠤᠷ᠎ᠠ ᠤᠯᠠᠨ ᠬᠦᠮᠦᠰ  ᠠᠷᠰᠢ ᠰᠠᠭᠢᠭᠤᠯᠤᠭᠰᠠᠨ ᠢ   ᠶᠠᠷᠢᠵᠤ  ᠢᠯᠡᠷᠡᠭᠡᠢ  ᠭᠠᠪᠢᠶ᠎ᠡ ᠵᠢᠳᠭᠦᠯ ᠦᠭᠡᠢ᠂ ᠲᠦᠰᠢᠮᠡᠯ ᠪᠢ ᠲᠡᠳᠡᠨᠠᠷ ᠢ  ᠲᠠᠷᠬᠠᠭᠠᠨ  ᠤᠭᠴᠠᠷᠠᠭᠤᠯᠬᠤ ᠶᠢ  ᠭᠤᠶᠤᠴᠢᠯᠠᠮᠦᠢ  ︾᠂ ᠲᠡᠭᠡᠳᠦ ᠦᠭᠦᠯᠡᠷᠦᠨ  ︽ ᠳ᠋ᠠ ᠾᠦᠩ ᠯᠤ᠋ ᠢ  ᠦᠭᠡ ᠵᠦᠪ ᠪᠤᠯᠠᠢ︾  ᠃ ᠡᠭᠦᠨ ᠢᠶᠠᠷ  ᠤᠯᠠᠨ ᠤᠪᠠᠳᠢᠰ ᠰᠢᠳᠡᠳᠡᠨ   ᠢ   ᠭᠡᠷᠡᠭᠯᠡᠬᠦ ᠶᠢ ᠵᠤᠭᠰᠤᠭᠠᠵᠠᠢ᠃  ᠬᠤᠵᠢᠮ  ᠲᠡᠭᠡᠳᠦ  ᠤᠯᠠᠨ ᠲᠦᠰᠢᠮᠡᠯ ᠳᠤ  ᠭᠡᠮᠰᠢᠨ ᠦᠭᠦᠯᠡᠷᠦᠨ   ︽ᠦᠩᠭᠡᠷᠡᠭᠰᠡᠨ ᠳᠤ ᠮᠤᠩᠬᠠᠭ  ᠴᠠᠯᠭᠠᠢ  ᠠᠵᠤ   ᠷᠢᠳᠢ ᠰᠢᠳᠢ ᠲᠠᠢ  ᠬᠦᠮᠦᠰ   ᠲᠤ  ᠮᠡᠭᠡᠯᠡᠭᠳᠡᠪᠡ  ᠃ ᠲᠡᠭᠷᠢ ᠶᠢᠨ  ᠲᠤᠤᠷ᠎ᠠ ᠬᠠᠮᠢᠭ᠎ᠠ ᠠᠴᠠ  ᠬᠤᠪᠢᠯᠭᠠᠨ ᠬᠦᠮᠦᠨ ᠪᠠᠶᠢᠬᠤ  ᠂  ᠵᠦᠪᠭᠡᠨ  ᠲᠡᠷᠰ ᠰᠠᠮᠠᠭᠤᠨ  ᠦᠭᠦᠯᠡᠯ ᠲᠡᠳᠦᠢ  ᠂  ᠬᠤᠭᠤᠯᠠ  ᠤᠮᠳᠠ ᠪᠠᠨ ᠲᠤᠬᠢᠷᠠᠭᠤᠯᠤᠨ  ᠡᠮ  ᠤᠭᠤᠤᠪᠠᠰᠤ  ᠬᠠᠮᠤᠭ ᠤᠯᠠᠨ  ᠳᠠᠭᠠᠨ   ᠡᠪᠡᠳᠴᠢᠯᠡᠬᠦ  ᠨᠤᠷᠮ᠎ᠠ ᠠᠨᠤ  ᠴᠦᠭᠡᠨ ᠲᠡᠳᠦᠢ ᠪᠤᠶᠤ  ︾  ᠃ᠲᠡᠭᠡᠳᠦ  ᠄  ᠬᠠᠭᠠᠨ ᠢ  ᠵᠢᠭᠠᠪᠠ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号