ᠮᠦᠳᠠᠨ ᠬᠠᠳᠤᠨ | ᠡᠷᠡᠯᠭᠡᠭ ᠭᠠᠳᠠ ᠶᠢᠨ ᠮᠢᠨᠢ ᠥᠮᠥᠭᠯᠡᠯ ᠳᠤ ᠪᠠᠭᠳᠠᠭᠰᠠᠨ ᠦᠯᠢᠭᠡᠷ ᠤᠨ ᠰᠠᠶᠢᠬᠠᠨ ᠬᠤᠷᠴᠢᠨ ᠮᠢᠨᠢ | ᠠᠪᠤᠯᠴᠠᠭᠠᠳ ᠲᠤᠯᠤᠯᠳᠤᠬᠤ ᠳᠤ ᠪᠦᠷᠭᠦᠳ ᠤᠨ ᠭᠦᠴᠦᠨ ᠢ ᠮᠦᠳᠠᠨ ᠪᠢ ᠪᠠᠷ ᠰᠤᠶᠤᠷᠬᠠᠯᠤᠭᠠ | ᠡᠭᠦᠯᠡᠨ ᠳᠤ ᠲᠠᠯᠳᠠᠯᠠᠬᠳᠠᠨ ᠮᠠᠨᠠᠨ ᠳᠤ ᠪᠦᠷᠳᠦᠯᠵᠡᠭᠰᠡᠨ ᠤᠶᠠᠷᠠᠯ ᠭᠤᠨᠢᠬᠳᠦ ᠲᠠᠷᠬᠠᠨ ᠮᠢᠨᠢ | ᠠᠮᠤᠷᠵᠢᠭᠠᠳ ᠰᠠᠭᠤᠬᠤ ᠳᠤ ᠤᠬᠠᠭᠠᠨ ᠤ ᠠᠨᠢᠰᠦ ᠶᠢ ᠮᠢᠳᠠᠨᠴᠡᠴᠡᠭ ᠨᠠᠳᠠ ᠳᠤ ᠬᠠᠶᠢᠷᠠᠯᠠᠪᠠᠢ | ᠴᠢᠰᠦᠨ ᠦᠶᠡᠷᠳᠦ ᠨᠢᠯᠪᠤᠰᠤᠨ ᠤᠷᠤᠰᠬᠠᠯᠳᠦ ᠬᠠᠯᠠᠭᠤᠨ ᠠᠮᠢᠰᠬᠤᠯᠳᠦ ᠦᠯᠵᠡᠶᠢᠮᠦᠷᠡᠨ ᠮᠢᠨᠢ | ᠴᠠᠬᠯᠠᠰᠢ ᠦᠬᠡᠢ ᠬᠠᠳᠤᠨ ᠭᠡᠭᠡ ᠶᠢ ᠠᠴᠢᠶᠠᠯᠠᠬᠰᠠᠭᠠᠷ ᠦᠤᠬᠡ ᠲᠡᠤᠬᠡ ᠶᠢ ᠤᠮᠳᠠᠯᠠᠨᠠᠮ | ᠭᠦᠢᠳᠡᠨ ᠤ ᠡᠷᠴᠢ ᠴᠢᠩᠭᠠᠷᠠᠬᠤ ᠲᠤᠳᠤᠮ ᠨᠠᠷᠠᠰᠦ ᠮᠠᠶᠢᠯᠠᠰᠦ ᠴᠡᠯᠡᠭᠡᠷ | ᠡᠪᠦᠯ ᠤᠨ ᠦᠩᠬᠡ ᠨᠡᠮᠡᠭᠳᠡᠬᠦ ᠲᠤᠳᠤᠮ ᠲᠡᠷᠢᠭᠦᠯᠡᠭᠴᠢ ᠴᠡᠴᠡᠭ ᠠᠩᠬᠢᠯᠤᠭᠤᠨ | ᠮᠦᠳᠠᠨ ᠪᠢ ᠪᠠᠷ ᠬᠠᠳᠤᠨ ᠰᠦᠨᠡᠰᠦ | ᠵᠡᠭᠦᠯᠳᠡ᠄ ᠮᠦᠳᠠᠨ ᠬᠠᠳᠤᠨ ︵1902 —1975 ᠤᠨ᠂ ᠪᠠᠰᠠ ᠮᠢᠳᠠᠨ ᠬᠠᠳᠤᠨ᠂ ᠮᠢᠳᠠᠨᠴᠡᠴᠡᠭ ᠴᠦ | ᠭᠡᠳᠡᠭ︶ ᠪᠤᠯ ᠲᠠᠷᠬᠠᠨ ᠬᠤᠰᠢᠭᠤᠨ ᠤ ᠲᠠᠪᠤᠨ ᠵᠠᠯᠠᠨ ᠨᠤᠳᠤᠭ ᠤᠨ ᠬᠤᠳᠠᠨᠳᠠᠯᠠ ᠠᠶᠢᠯ ᠤᠨ ᠪᠤᠷᠵᠢᠬᠢᠨ ᠤᠪᠤᠬᠳᠦ | ᠲᠠᠶᠢᠵᠢ ᠷᠢᠨᠴᠢᠨ ᠳ᠋ᠠ ᠶᠢᠨ ᠦᠬᠢᠨ᠃ ᠪᠢᠴᠢᠬᠠᠨ ᠠᠴᠠ ᠤᠶᠤᠳᠠᠯ ᠤᠳᠠᠰᠦ᠂ ᠬᠠᠷᠪᠤᠯᠭ᠎ᠠ ᠨᠠᠮᠨᠠᠯᠭᠠ ᠳᠤ | ᠴᠠᠭᠠᠷᠠᠭᠰᠠ ᠮᠦᠷᠳᠡᠭᠡᠨ ᠨᠤᠮ ᠪᠢᠴᠢᠭ ᠦᠷᠭᠡᠨ ᠢᠶᠠᠷ ᠤᠩᠰᠢᠵᠤ ᠬᠠᠷᠠᠭ᠎ᠠ ᠨᠡᠭᠡᠭᠡᠭᠳᠡᠭᠰᠡᠨ ᠮᠦᠳᠠᠨ᠂ ᠠᠷᠪᠠᠨ | ᠭᠤᠷᠪᠠ ᠭᠦᠷᠦᠮᠡᠭᠴᠡ ᠡᠴᠢᠬᠡ ᠪᠠᠨ ᠲᠠᠭᠠᠵᠤ ᠮᠤᠷᠢ ᠤᠨᠤᠨ ᠠᠪᠠ ᠬᠢᠵᠦ᠂ ᠫᠠᠢ ᠬᠠᠷᠪᠤᠨ ᠪᠤᠯᠪᠠᠰᠤᠷᠠᠳᠠᠭ ᠪᠠᠶᠢᠯ᠎ᠠ᠃ | ᠬᠤᠷᠢᠨ ᠬᠤᠶᠠᠷ ᠨᠠᠰᠤᠨ ᠳᠠᠭᠠᠨ ᠲᠠᠷᠬᠠᠨ ᠬᠤᠰᠢᠭᠤᠨ ᠤ ᠤᠷᠤᠶᠢᠮᠤᠳᠤᠨ ᠠᠶᠢᠯ ᠤᠨ ᠭᠠᠳᠠ ︵ᠦᠨᠡᠨ ᠨᠡᠷ᠎ᠡ ᠨᠢ | ᠨᠠᠳᠮᠢᠳ︶ ᠲᠠᠢ ᠤᠷᠤᠭ ᠬᠤᠯᠪᠤᠵᠤ ᠬᠠᠯᠠᠭᠤᠨ ᠠᠮᠢᠳᠤᠷᠠᠯ ᠪᠤᠰᠬᠠᠨ᠂ ᠲᠠᠷᠠᠭ᠎ᠠ ᠵᠢᠯ ᠨᠢ ᠲᠢᠶᠠᠨ ᠶᠢᠨ ᠯᠢᠶᠠᠩ | ᠭᠡᠳᠡᠭ ᠦᠬᠢᠨ ᠦᠷ᠎ᠡ ᠶᠢ ᠮᠡᠨᠳᠦᠯᠡᠵᠡᠢ᠃1830 —1929 ᠤᠨ ᠤ ᠬᠤᠭᠤᠷᠤᠨᠳᠤᠬᠢ ᠵᠠᠭᠤᠭᠠᠳ ᠵᠢᠯ ᠤᠨ | ᠲᠤᠷᠰᠢ᠂ ᠤᠷᠢᠳ ᠬᠤᠵᠢᠳ ᠶᠢᠰᠦ ᠤᠳᠠᠭ᠎ᠠ ᠠᠳᠠᠷ ᠲᠠᠯᠪᠢᠬᠳᠠᠵᠤ᠂ ᠲᠠᠷᠬᠠᠨ ᠬᠤᠰᠢᠭᠤᠨ ᠤ ᠦᠩ ᠰᠢᠮᠡᠯᠢᠭ | ᠪᠡᠯᠴᠢᠬᠡᠷ ᠨᠤᠳᠤᠭ ᠭᠦᠨᠳᠦ ᠰᠦᠷᠡᠭᠡᠢ ᠡᠪᠳᠡᠭᠳᠡᠭᠰᠡᠨ ᠶᠡᠷᠦ ᠪᠤᠰᠤ ᠶᠢᠨ ᠠᠬᠤᠢ ᠪᠠᠶᠢᠳᠠᠯ ᠳᠤ᠂ ᠠᠳᠠᠷ | ᠬᠠᠭᠠᠯᠪᠤᠷᠢᠯᠠᠬᠤ ᠶᠢ ᠡᠰᠡᠷᠭᠦᠴᠡᠭᠦ ᠭᠠᠳᠠ ᠮᠠᠶᠢᠷᠠᠨ ᠤ ᠪᠤᠰᠤᠯᠭ᠎ᠠ ᠡᠭᠦᠰᠪᠡ᠃ ᠮᠦᠳᠠᠨ ᠬᠠᠳᠤᠨ ᠡᠷ᠎ᠡ ᠨᠦᠭᠦᠷ | ᠭᠠᠳᠠ ᠳᠤᠷ ᠦᠷᠦᠭᠡᠰᠦᠨ ᠠᠷᠠᠯ ᠤᠨ ᠭᠦᠴᠦᠨ ᠢᠶᠠᠷ ᠭᠦᠨᠳᠦ ᠭᠡᠴᠡᠭᠦᠦ ᠲᠠᠭᠠᠭᠠᠴᠠ ᠶᠢ ᠠᠳᠠᠯᠢ ᠲᠡᠩ ᠲᠠᠢ | ᠠᠴᠢᠶᠠᠯᠠᠵᠤ᠂ 1929 ᠤᠨ ᠠᠴᠠ1931 ᠤᠨ ᠪᠤᠯᠳᠠᠯ᠎ᠠ ᠬᠠᠳᠠᠭᠤ ᠰᠢᠷᠦᠬᠦᠨ ᠡᠰᠡᠷᠭᠦᠴᠡᠯ ᠶᠠᠪᠤᠭᠤᠯᠵᠤ ᠡᠴᠦᠰ | ᠲᠡᠭᠡᠨ ᠢᠯᠠᠬᠳᠠᠪᠠ᠃ ᠠᠮᠠ ᠠᠴᠠ ᠠᠮᠠ ᠲᠠᠮᠵᠢᠨ ᠲᠠᠭᠤᠯᠠᠬᠳᠠᠵᠤ᠂ ᠠᠷᠠᠳ ᠲᠦᠮᠡᠨ ᠤ ᠲᠤᠮᠳᠠ ᠮᠦᠩᠬᠡ ᠶᠢᠨ | ᠰᠢᠳᠦᠬᠡᠨ ᠪᠤᠯᠵᠤ ᠰᠤᠩᠭᠤᠳᠠᠬᠵᠢᠬᠰᠠᠨ ︽ᠭᠠᠳᠠ ᠮᠠᠶᠢᠷᠠᠨ︾ ᠭᠡᠭᠦ ᠠᠷᠠᠳ ᠤᠨ ᠲᠠᠭᠤᠤ ᠮᠦᠨ ᠲᠡᠷᠡ ᠦᠶ᠎ᠡ ᠳᠤ | ᠵᠤᠬᠢᠶᠠᠬᠳᠠᠨ ᠲᠡᠯᠭᠡᠷᠡᠵᠡᠢ᠃ | | | |