ᠬᠠᠳᠤᠨ ᠰᠦᠨᠡᠰᠦ᠂  ᠨᠠᠢᠮᠠᠳᠤᠭᠠᠷ ᠪᠦᠯᠦᠭ ᠂ ᠭᠤᠷᠪᠠᠳᠤᠭᠠᠷ ᠬᠡᠰᠡᠭ
ᠨᠡᠶᠢᠲᠡᠯᠡᠭᠰᠡᠨ ᠴᠠᠭ᠄
2020-06-22
 ᠰᠤᠳᠠᠢ ᠬᠠᠳᠤᠨ ᠭᠤᠷᠪᠠᠨ ᠲᠦᠷᠦ ᠶᠢᠨ ᠭᠤᠷᠪᠠᠯᠵᠢᠨ ᠬᠠᠷᠢᠴᠠᠭᠠᠨ ᠳᠤ ᠪᠤᠳᠤᠯᠢᠵᠤ ᠲᠦᠭᠡᠷᠢᠭᠰᠡᠨ ᠯᠢᠭᠳᠡᠨ ᠮᠢᠨᠢᠭᠠᠳᠠᠭᠠᠳᠦ ᠬᠠᠪᠴᠢᠯᠭ᠎ᠠ ᠲᠤᠳᠤᠭᠠᠳᠦ ᠬᠢᠮᠤᠷᠠᠯ ᠳᠤ ᠠᠪᠠᠭ᠎ᠠ ᠬᠠᠷ᠎ᠠ ᠠᠭᠤᠯᠠᠨ᠎ᠠ ᠪᠤᠬᠢᠨᠢᠳᠤᠮᠤᠢᠬᠤᠷᠴᠢᠨ ᠢ ᠲᠤᠪᠳᠤᠯᠤᠨ ᠭᠦᠴᠦᠨ ᠢᠶᠠᠷ ᠨᠢᠭᠡᠳᠭᠡᠬᠦᠶ᠎ᠡ ᠬᠠᠭᠠᠴᠠᠯ ᠪᠤᠳᠠᠷᠠᠯ ᠨᠡᠩᠳᠡ ᠲᠦᠷᠭᠡᠰᠦᠨᠭᠦᠭᠡᠨᠠᠭᠤᠷ ᠤᠨ ᠰᠢᠷ᠎ᠠ ᠲᠠᠯ᠎ᠠ ᠳᠤᠷ ᠲᠡᠭᠷᠢ ᠶᠢᠨ ᠣᠳᠣᠨ᠎ᠠ ᠠᠭᠤᠰᠤᠨ ᠠᠯᠳᠠᠷᠠᠪᠠᠢᠠᠯᠳᠠᠨ ᠲᠦᠷᠦ ᠶᠢᠨ ᠮᠢᠨᠢ ᠠᠷᠭᠠᠮᠵᠢᠶ᠎ᠠ ᠲᠠᠰᠤᠷᠠᠬᠤᠶ᠎ᠠ ᠡᠬᠡ ᠲᠠᠬᠢᠨᠢᠰ ᠪᠢ ᠢᠴᠢᠬᠦᠷᠢ ᠶᠢᠨ ᠲᠦᠢᠯᠠᠷᠠᠳ ᠢᠷᠭᠡᠳ ᠮᠢᠨᠢ ᠭᠠᠰᠠᠯᠠᠩ ᠳᠤ ᠲᠡᠯᠴᠢᠯᠡᠬᠦᠶ᠎ᠡ ᠬᠠᠭᠠᠨ ᠤ ᠬᠠᠳᠤᠨ ᠮᠢᠨᠦ ᠭᠤᠳᠤᠮᠰᠢᠭ ᠲᠡᠷᠡ ᠲᠦᠷᠦ ᠵᠠᠯᠭᠠᠮᠵᠢᠯᠠᠬᠤ ᠬᠠᠰᠪᠤᠤ ᠲᠠᠮᠠᠭ᠎ᠠ ᠪᠠᠨ ᠡᠷᠬᠦᠵᠦ ᠴᠢᠩ ᠤᠨ ᠲᠦᠷᠦ ᠲᠠᠢ ᠡᠶᠡᠳᠡᠯᠦᠬᠡ ᠲᠦᠮᠡᠨ ᠯᠠᠩ ᠤᠨ ᠮᠠᠬᠠᠺᠠᠯᠠ ᠪᠤᠷᠬᠠᠨ ᠤ ᠰᠠᠬᠢᠭᠤᠰᠦ ᠪᠤᠷᠵᠢᠬᠢᠨ ᠤ ᠤᠳᠤᠮ ᠢ ᠢᠪᠡᠭᠡᠭᠳᠦᠨ ᠰᠤᠳᠠᠢ ᠪᠢ ᠪᠠᠷ ᠬᠠᠳᠤᠨ ᠰᠦᠨᠡᠰᠦ ᠵᠡᠭᠦᠯᠳᠡ᠄ ᠰᠤᠳᠠᠢ ᠬᠠᠳᠤᠨ ᠪᠤᠯ ᠮᠤᠩᠭᠤᠯ ᠬᠠᠭᠠᠨᠳᠦ ᠤᠯᠤᠰ ᠤᠨ ᠬᠠᠮᠤᠭ ᠰᠡᠭᠦᠯᠴᠢ ᠶᠢᠨ ᠬᠠᠭᠠᠨ ᠯᠢᠭᠳᠡᠨ ᠬᠤᠳᠤᠬᠳᠦ ᠶᠢᠨ ︵1592 — 1634︶ ︽ᠲᠦᠷᠦ ᠶᠢᠨ ᠨᠠᠢᠮᠠᠨ ᠶᠡᠭᠡ ᠹᠦᠵᠢᠨ ᠬᠠᠳᠤᠨ︾ ᠤ ᠭᠤᠷᠪᠠᠳᠤᠭᠠᠷ ᠹᠦᠵᠢᠨ᠃ ᠪᠠᠰᠠ ᠬᠠᠭᠠᠨ ᠲᠦᠮᠡᠨ ᠲᠠᠶᠢᠬᠡᠦ ᠭᠡᠳᠡᠭ᠃ ᠮᠠᠨᠵᠤ ᠭᠦᠮᠦᠨ᠂ ᠶᠡᠭᠡ ᠨᠠᠷᠠ ᠤᠪᠤᠬᠳᠦ ᠲᠡᠯᠭᠡᠷ ᠲᠠᠶᠢᠵᠢ ᠶᠢᠨ ᠦᠬᠢᠨ᠃ ᠯᠢᠭᠳᠡᠨ ᠬᠠᠭᠠᠨ ᠪᠠᠷᠠᠭᠤᠨᠰᠢ ᠲᠠᠶᠢᠯᠠᠬᠤ ᠳᠤ ᠲᠠᠭᠠᠵᠤ ᠮᠤᠷᠳᠠᠭᠠᠳ᠂ ᠬᠤᠵᠢᠮ ᠨᠢ ᠯᠢᠭᠳᠡᠨ ᠬᠠᠭᠠᠨ ᠨᠠᠰᠦ ᠪᠠᠷᠠᠬᠰᠠᠨ ᠤ ᠲᠠᠷᠠᠭ᠎ᠠ ᠭᠦᠪᠡᠭᠦᠨ ᠡᠵᠡᠢ ᠬᠤᠩᠭᠤᠷ ᠲᠠᠢ ᠬᠠᠮᠳᠦ ᠵᠡᠭᠦᠨᠰᠢᠯᠡᠨ ᠮᠦᠭᠳᠡᠨ ᠬᠤᠳᠠᠨ᠎ᠠ ᠭᠦᠷᠴᠦ ᠴᠢᠩ ᠤᠨ ᠪᠤᠬᠳᠠ ᠬᠠᠭᠠᠨ ᠳᠤ ᠬᠠᠰᠪᠤᠤ ᠲᠠᠮᠠᠭ᠎ᠠ ᠪᠠᠨ ᠡᠷᠬᠦᠵᠦ ᠡᠶᠡᠯᠳᠦᠨ ᠲᠠᠭᠠᠪᠠ᠃ ᠬᠤᠶᠢᠳᠦ ᠠᠯᠳᠠᠨ ᠤᠯᠤᠰ ᠪᠤᠯᠤᠨ ᠮᠢᠩ ᠤᠨ ᠲᠦᠷᠦ ᠯᠤᠭ᠎ᠠ ᠭᠤᠷᠪᠠᠨ ᠦᠨᠳᠦᠰᠦᠳᠡᠨ ᠭᠤᠷᠪᠠᠨ ᠲᠦᠷᠦ ᠵᠡᠷᠭᠡᠴᠡᠨ ᠤᠷᠤᠰᠢᠬᠰᠠᠨ ᠤᠯᠤᠰ ᠲᠦᠷᠦ ᠶᠢᠨ ᠰᠢᠷᠦᠬᠦᠨ ᠬᠤᠪᠢᠰᠤᠯᠳᠠ ᠶᠢᠨ ᠲᠤᠮᠳᠠ ᠶᠤᠸᠠᠨ ᠤᠯᠤᠰ ᠤᠨ ᠮᠤᠩᠭᠤᠯ ᠬᠠᠭᠠᠨᠳᠦ ᠲᠦᠷᠦ ᠰᠦᠢᠷᠡᠨ ᠮᠦᠬᠦᠵᠦ᠂ 428 ᠵᠢᠯ ᠨᠤᠶᠠᠷᠬᠠᠬᠰᠠᠨ ᠠᠯᠳᠠᠨ ᠤᠷᠤᠬᠳᠠᠨ ᠤ ᠲᠦᠷᠦ ᠶᠢᠨ ᠡᠷᠭᠡ ᠡᠴᠦᠰᠯᠡᠵᠡᠢ᠃ᠪᠠᠭᠠᠦ᠋ᠰᠢ ᠬᠠᠳᠤᠨᠬᠠᠭᠠᠨᠳᠦ ᠤᠷᠤᠰ ᠤᠨ ᠬᠠᠳᠠᠭᠤ ᠬᠢᠨᠵᠢᠨ ᠳᠤ ᠦᠨᠢ ᠤᠳᠠᠭᠠᠨ ᠲᠡᠯᠴᠢᠯᠡᠯ᠎ᠡ ᠪᠢᠳᠡᠬᠠᠷᠬᠢᠰ ᠬᠠᠪᠴᠢᠯ ᠭᠤᠳᠤᠭᠠᠯ ᠭᠦᠳᠭᠡᠯ ᠢ ᠴᠢᠨᠢ ᠬᠠᠨᠳᠠᠯ᠎ᠠ ᠠᠮᠰᠠᠵᠤ ᠭᠦᠢᠴᠡᠯ᠎ᠡ ᠰᠢᠦᠬᠠᠭᠠᠴᠠᠯ ᠤᠨ ᠡᠮᠬᠡᠨᠢᠯ ᠢ ᠴᠢᠪᠬᠠᠳᠠᠨ ᠴᠠᠬᠳᠠᠭᠠᠨ ᠤ ᠨᠤᠶᠠᠨᠳᠠᠨ ᠢ ᠴᠢᠨᠢ ᠲᠠᠰᠢᠭᠤᠷᠳᠠᠯᠤᠭ᠎ᠠᠬᠠᠯᠢᠮᠠᠭ ᠲᠦᠮᠡᠨ ᠤ ᠪᠠᠨ ᠡᠷᠭᠡ ᠴᠢᠯᠦᠬᠡᠨ ᠤ ᠲᠦᠯᠦᠬᠡ ᠴᠠᠭᠠᠨ ᠬᠠᠭᠠᠨᠳᠠᠨ ᠲᠠᠢ ᠡᠰᠡᠷᠭᠦᠯᠡᠨᠡᠮᠬᠠᠷᠢ ᠶᠢᠨ ᠲᠠᠶᠢᠰᠤᠨ᠎ᠠ ᠨᠤᠭᠤᠷᠠᠰᠢ ᠦᠬᠡᠢ ᠬᠠᠳᠠᠨ ᠵᠤᠷᠢᠭ ᠢ ᠮᠢᠨᠢ ᠬᠡᠨ ᠴᠦ ᠢᠯᠠᠬᠤ ᠦᠬᠡᠢᠬᠠᠨ ᠤᠪᠠᠰᠢ ᠶᠢᠨ ᠨᠡᠭᠦᠳᠡᠯ ᠤᠨ ᠪᠠᠷ᠎ᠠ ᠶᠢ ᠨᠢᠳᠦ ᠪᠠᠨ ᠰᠢᠷᠭᠢᠳᠡᠯ᠎ᠡ ᠭᠦᠰᠡᠨ ᠪᠠᠷᠠᠯᠠᠨᠠᠮᠬᠤᠶᠠᠭ ᠰᠡᠯᠡᠮ᠎ᠡ ᠠᠷᠠᠰᠤᠨ ᠲᠡᠪᠡᠯ ᠢᠶᠠᠷ ᠬᠠᠭᠤᠷᠮᠠᠭ ᠱᠠᠩᠨᠠᠬᠤ ᠠᠨᠤ ᠶᠠᠭᠤᠳᠠᠢ ᠬᠠᠴᠢᠨᠬᠠᠳᠠᠨ ᠵᠤᠷᠢᠬᠳᠦ ᠪᠠᠭᠠᠳᠤᠷ ᠦᠨᠳᠦᠰᠦᠳᠡᠨ ᠤ ᠨᠡᠷ᠎ᠡ ᠲᠦᠷᠦ ᠶᠢ ᠮᠢᠨᠢ ᠰᠡᠷᠭᠦᠬᠡᠵᠦ ᠦᠭᠪᠠᠭᠠᠦ᠋ᠰᠢ ᠪᠢ ᠪᠠᠷ ᠬᠠᠳᠤᠨ ᠰᠦᠨᠡᠰᠦ ᠵᠡᠭᠦᠯᠳᠡ᠄ ᠪᠠᠭᠠᠦ᠋ᠰᠢ ᠬᠠᠳᠤᠨ ᠪᠤᠯ ᠠᠷᠪᠠ ᠶᠢᠰᠦᠳᠦᠭᠡᠷ ᠵᠠᠭᠤᠨ ᠤ ᠡᠬᠢᠨ ᠤ ᠦᠶ᠎ᠡ ᠶᠢᠨ ᠬᠠᠯᠢᠮᠠᠭ ᠤᠨ ᠤᠪᠤᠭ ᠤᠬᠰᠠᠭ᠎ᠠ ᠶᠢᠨ ᠲᠦᠷᠦᠬᠦᠦ᠂ ᠡᠭᠡ ᠤᠷᠤᠨᠴᠢ ᠪᠠᠭᠠᠳᠤᠷᠯᠢᠭ ᠡᠮᠡᠭᠳᠡᠢ ᠶᠤᠮ᠃ ᠬᠠᠯᠢᠮᠠᠬᠴᠤᠳ ᠬᠠᠮᠤᠭ ᠤᠨ ᠭᠦᠴᠢᠷ ᠵᠤᠪᠠᠯᠠᠩ ᠲᠠᠢ ᠪᠠᠶᠢᠬᠰᠠᠨ ᠦᠶᠡᠰ ᠲᠡᠷᠡ ᠭᠠᠰᠠᠯᠠᠩᠳᠦ ᠲᠦᠮᠡᠨ ᠤ ᠪᠠᠨ ᠡᠮᠦᠨ᠎ᠡ ᠠᠴᠠ ᠭᠡᠳᠡᠰᠬᠢᠨ ᠪᠤᠰᠴᠦ ᠬᠠᠷᠬᠢᠰ ᠭᠦᠴᠦᠨ ᠤ ᠦᠭᠡᠳᠡ ᠠᠴᠠ ᠪᠠᠭᠠᠳᠤᠷᠯᠠᠨ ᠲᠡᠮᠡᠴᠡᠭᠰᠡᠨ ᠶᠤᠮ᠃ 1822 ᠤᠨ ᠤ 10 ᠰᠠᠷ᠎ᠠ ᠳᠤ᠂ ᠲᠡᠷᠡ ᠪᠠᠷ ᠮᠢᠩᠭ᠎ᠠ ᠭᠠᠷᠤᠢ ᠮᠤᠷᠢᠳᠦ ᠴᠡᠷᠢᠭ ᠢᠶᠠᠨ ᠲᠠᠶᠢᠴᠢᠯᠠᠨ᠂ ᠤᠷᠤᠰ ᠤᠨ ᠬᠠᠷᠢᠶᠠᠨ ᠳᠠᠬᠢ ᠬᠠᠯᠢᠮᠠᠭ ᠤᠨ ᠵᠠᠬᠢᠷᠭᠠᠨ ᠤ ᠭᠠᠵᠠᠷ ᠢ ᠪᠠᠯᠪᠠᠴᠢᠵᠦ᠂ ᠴᠠᠬᠳᠠᠭᠠᠨ ᠤ ᠠᠩᠬᠢ ᠶᠢᠨ ᠶᠡᠷᠦᠩᠬᠡᠢ ᠵᠠᠬᠢᠷᠤᠬᠴᠢ ᠺᠠᠭ᠋ᠠᠨᠤᠸ᠋ ᠢ ᠠᠮᠢᠳᠦ ᠪᠠᠷ ᠪᠠᠷᠢᠪᠴᠢᠯᠠᠨ ᠦᠭᠦᠳᠡᠯ᠎ᠡ ᠲᠠᠰᠢᠭᠤᠷᠳᠠᠭᠠᠳ ᠲᠤᠬᠠᠢ ᠶᠢᠨ ᠭᠠᠵᠠᠷ ᠤᠨ ᠮᠤᠵᠢ ᠶᠢᠨ ᠲᠠᠷᠤᠭ᠎ᠠ ᠳᠤ ᠲᠤᠰᠢᠶᠠᠨ ᠦᠭᠴᠡᠢ᠃ ᠤᠷᠤᠰ  ᠤᠨ ᠴᠠᠭᠠᠨ ᠬᠠᠭᠠᠨ ᠬᠠᠯᠢᠮᠠᠬᠴᠤᠳ ᠤᠨ ᠠᠭᠤᠷ ᠬᠢᠯᠢᠩ ᠢ ᠨᠠᠮᠳᠠᠭᠠᠬᠤ ᠶᠢᠨ ᠲᠦᠯᠦᠬᠡ ᠪᠠᠭᠠᠳᠤᠷᠯᠢᠭ ᠡᠮᠡᠭᠳᠡᠢ ᠪᠠᠭᠠᠦ᠋ᠰᠢ ᠬᠠᠳᠤᠨ ᠢ ᠵᠢᠮᠡᠯᠡᠵᠦ ᠪᠤᠷᠤᠭᠤᠰᠢᠶᠠᠬᠰᠠᠨ ᠦᠬᠡᠢ ᠮᠦᠷᠳᠡᠭᠡᠨ ︽ᠦᠪᠡᠷ ᠤᠨ ᠨᠡᠷ᠎ᠡ ᠲᠦᠷᠦ ᠪᠠ ᠤᠪᠤᠭ ᠠᠶᠢᠮᠠᠭ ᠤᠨ ᠢᠶᠠᠨ ᠨᠡᠷ᠎ᠡ ᠲᠦᠷᠦ ᠶᠢ ᠬᠠᠮᠠᠭᠠᠯᠠᠬᠰᠠᠨ ᠪᠠᠭᠠᠳᠤᠷᠯᠢᠭ ᠡᠮᠡᠭᠳᠡᠢ︾ ᠬᠡᠵᠦ ᠮᠠᠬᠳᠠᠨ ᠰᠠᠶᠢᠰᠢᠶᠠᠵᠤ᠂ ᠲᠡᠭᠦᠨ ᠳᠤ ᠰᠡᠯᠡᠮ᠎ᠡ ᠬᠤᠶᠠᠭ ᠪᠠ ᠪᠤᠯᠠᠭᠠᠨ ᠠᠷᠠᠰᠤᠨ ᠲᠡᠪᠡᠯ ᠵᠡᠷᠭᠡ ᠶᠢ ᠱᠠᠩᠨᠠᠬᠰᠠᠨ ᠪᠠᠶᠢᠨ᠎ᠠ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号