ᠬᠠᠳᠤᠨ ᠰᠦᠨᠡᠰᠦ᠂ ᠲᠤᠯᠤᠳᠤᠭᠠᠷ ᠪᠦᠯᠦᠭ᠂ ᠭᠤᠷᠪᠠᠳᠤᠭᠠᠷ ᠭᠡᠰᠡᠭ
ᠨᠡᠶᠢᠲᠡᠯᠡᠭᠰᠡᠨ ᠴᠠᠭ᠄
2020-06-20
ᠴᠢᠩᠭᠡ ᠬᠠᠳᠤᠨᠴᠤᠤᠳᠦ ᠡᠩᠭᠡᠰᠭᠡᠳᠡᠨ ᠬᠤᠩᠬᠢᠷᠠᠳ ᠤᠪᠤᠬᠳᠠᠨ ᠤ ᠪᠦᠩᠪᠤᠯᠠ ᠶᠢᠨ ᠦᠬᠢᠨᠴᠤᠬᠳᠦ ᠲᠡᠭᠡᠳᠦᠰ ᠬᠠᠶᠢᠱᠠᠨ ᠬᠠᠭᠠᠨ ᠤ ᠴᠢᠩᠬᠡ ᠭᠦᠷᠦᠨ ᠬᠠᠳᠤᠨᠮᠦᠩᠬᠡ ᠲᠡᠭᠷᠢ ᠶᠢᠨ ᠨᠠᠷᠠᠨ ᠮᠡᠳᠦ ᠠᠷᠭ᠎ᠠ ᠶᠢᠨ ᠤᠯᠠᠷᠢᠯ ᠳᠤᠷ ᠰᠢᠳᠦᠯᠴᠡᠨᠮᠤᠩᠭᠤᠯ ᠤᠨ ᠲᠠᠮᠠᠭᠠᠳᠦ ᠡᠶᠡᠪᠡᠷᠭᠦ ᠡᠳᠦᠬᠡᠨ ᠪᠢᠯᠢᠭ ᠤᠶᠤᠨ ᠢᠶᠠᠷ ᠵᠤᠬᠢᠴᠠᠯᠳᠤᠬᠤᠢᠴᠡᠴᠡᠨ ᠮᠡᠷᠭᠡᠨ ᠡᠶᠡᠯᠰᠡᠭ ᠤᠬᠠᠭᠠᠨ ᠠᠨᠤ ᠲᠡᠭᠷᠢ ᠶᠢᠨ ᠰᠤᠯᠤᠩᠭ᠎ᠠ ᠮᠡᠳᠦ ᠦᠵᠡᠰᠭᠦᠯᠡᠩᠳᠡᠢᠴᠢᠬᠡᠴᠢ ᠬᠢᠴᠢᠶᠡᠩᠬᠦᠢ ᠲᠦᠪ ᠶᠤᠰᠤᠳᠦ ᠪᠠᠷ ᠬᠠᠭᠠᠨ ᠤᠳᠤᠮ ᠢ ᠲᠡᠳᠭᠦᠵᠦᠬᠦᠢ ᠤᠯᠤᠰ ᠲᠦᠮᠡᠨ ᠤ ᠪᠠᠨ ᠲᠤᠮᠳᠠ ᠴᠤᠯᠮᠤᠨ ᠮᠡᠳᠦ ᠭᠡᠷᠡᠯᠳᠦᠩᠬᠦᠢ ᠤᠷᠴᠢᠯᠠᠩ ᠲᠡᠯᠡᠬᠡᠢ ᠶᠢᠨ ᠵᠠᠢ ᠳᠤ ᠰᠠᠷᠠᠨ ᠮᠡᠳᠦ ᠵᠣᠬᠢᠴᠠᠩᠭᠤᠢ ᠴᠢᠩᠭᠡ ᠪᠢ ᠪᠠᠷ ᠬᠠᠳᠤᠨ ᠰᠦᠨᠡᠰᠦ ᠵᠡᠭᠦᠯᠳᠡ᠄ ᠴᠢᠩᠬᠡ ᠬᠠᠳᠤᠨ ︵ ︖ — 1327 ᠤᠨ︶ ᠪᠤᠯ ᠬᠤᠩᠬᠢᠷᠠᠳ ᠤᠪᠤᠬᠳᠠᠨ᠂ ᠪᠦᠩᠪᠦᠯᠡ ᠶᠢᠨ ᠦᠬᠢᠨ᠃ ᠴᠤᠬᠳᠦ ᠲᠡᠭᠡᠳᠦᠰ ᠬᠠᠶᠢᠱᠠᠨ ᠬᠠᠭᠠᠨ ᠤ ᠬᠠᠳᠤᠨ᠃ 1310 ᠤᠨ ᠳᠤ ᠨᠡᠪᠴᠢᠳᠦ ᠡᠷᠬᠦᠮᠵᠢᠯᠡᠯ ᠢᠶᠠᠷ ᠭᠦᠷᠦᠨ ᠬᠠᠳᠤᠨ ᠪᠠᠶᠢᠭᠤᠯᠪᠠᠢ᠃ ᠲᠡᠷᠡ ᠪᠠᠷ ᠰᠡᠴᠡᠨ ᠮᠡᠷᠭᠡᠨ ᠪᠦᠬᠡᠳ ᠡᠶᠡᠯᠰᠡᠭ ᠤᠬᠠᠭᠠᠯᠢᠭ᠂ ᠲᠦᠪ ᠶᠤᠰᠤᠳᠦ ᠮᠦᠷᠳᠡᠭᠡᠨ ᠴᠢᠭᠡᠴᠢ ᠭᠢᠴᠢᠶᠡᠩᠬᠦᠢ᠂ ᠤᠷᠳᠤᠨ ᠤ ᠦᠢᠯᠡ ᠳᠤᠷ ᠰᠡᠳᠬᠢᠯ ᠲᠠᠯᠪᠢᠨ᠂ ᠤᠯᠤᠰ ᠲᠦᠮᠡᠨ ᠳᠤ ᠭᠦᠨᠳᠦᠯᠡᠯ ᠡᠷᠬᠦᠮᠵᠢᠯᠡᠯ ᠲᠠᠢ  ᠪᠠᠶᠢᠯᠤᠭ᠎ᠠ᠃ ︽ᠪᠤᠬᠳᠠ ᠶᠢᠨ ᠰᠡᠴᠡᠨᠳᠦ ᠭᠡᠪᠳᠦ ᠨᠢᠭᠦᠯᠡᠰᠦᠩᠬᠦᠢ ᠭᠦᠷᠦᠨ ᠬᠠᠳᠤᠨ︾ ᠭᠡᠮᠡᠬᠦ  ᠡᠷᠬᠦᠮᠵᠢᠯᠡᠯ ᠲᠠᠢ᠃ᠳ᠋ᠠᠨᠠᠰᠢᠷᠢ  ᠬᠠᠳᠤᠨᠭᠡᠭᠡᠨ ᠰᠠᠷᠠᠨ ᠵᠢᠮ᠎ᠡ ᠪᠠᠨ ᠲᠠᠭᠠᠨ ᠤᠷᠴᠢᠬᠤᠶ᠎ᠠ ᠤᠷᠴᠢᠯᠠᠩ ᠤᠨ ᠬᠠᠷᠠᠩᠭᠤᠢ ᠭᠡᠶᠢᠪᠡᠩᠳᠡᠨᠭᠡᠷᠡᠯ ᠲᠤᠶᠠᠭ᠎ᠠ ᠪᠠᠷ ᠢᠶᠠᠨ ᠲᠡᠭᠷᠢ ᠨᠠᠷᠠᠨ ᠯᠤᠭ᠎ᠠ ᠵᠡᠷᠭᠡᠴᠡᠨ ᠠᠷᠭ᠎ᠠ ᠪᠢᠯᠢᠭ ᠢᠶᠠᠷ ᠬᠤᠤᠰᠯᠠᠬᠤᠢᠤᠯᠤᠰ ᠲᠦᠷᠦ ᠳᠤ ᠭᠦᠷᠦᠨ ᠬᠠᠳᠤᠨ ᠡᠷᠬᠦᠮᠵᠢᠯᠡᠭᠳᠡᠨ ᠤᠬᠠᠭᠠᠨᠳᠦ ᠬᠠᠭᠠᠨ ᠳᠤᠷ ᠲᠡᠳᠭᠦᠭᠦᠶ᠎ᠡᠤᠬᠰᠠᠭ᠎ᠠ ᠢᠵᠠᠭᠤᠷ ᠢ ᠡᠷᠳᠡᠮ ᠢᠶᠠᠷ ᠭᠡᠭᠡᠳᠭᠡᠨ ᠡᠪᠦᠭᠡ ᠲᠡᠭᠡᠳᠦᠰ ᠲᠤᠷ ᠵᠢᠳᠬᠦᠮᠤᠢᠨᠠᠶᠢᠷᠠᠮᠳᠠᠭᠤ ᠲᠦᠯᠭᠡᠭᠡᠨ ᠠᠷᠠᠨᠰᠢᠨ ᠠᠨᠤ ᠨᠠᠪᠴᠢ ᠴᠡᠴᠡᠭ ᠮᠡᠳᠦ ᠲᠡᠯᠭᠡᠷᠡᠩᠬᠦᠢᠨᠢᠭᠦᠯᠡᠰᠦᠩᠬᠦᠢ ᠠᠷᠢᠭᠤᠨ ᠰᠡᠳᠬᠢᠯ ᠢᠨᠤ ᠨᠠᠷᠠᠨ ᠰᠠᠷᠠᠨ ᠮᠡᠳᠦ ᠰᠠᠴᠤᠷᠠᠩᠭᠤᠢ ᠭᠡᠭᠡᠨᠴᠢᠷ ᠢᠯᠡᠷᠭᠡᠶᠢᠯᠡᠯ ᠢᠨᠤ ᠢᠷᠠᠭᠤ ᠴᠢᠮᠡᠭ ᠤᠨ ᠭᠡᠪ ᠦᠢᠯᠡᠳᠦᠨ ᠭᠡᠷᠭᠡᠮᠰᠦᠭ ᠵᠤᠬᠢᠶᠠᠯ ᠠᠨᠤ ᠴᠤᠭ ᠵᠤᠯᠪᠤᠭ᠎ᠠ ᠪᠠᠷ ᠦᠯᠢᠭᠡᠷ ᠪᠤᠯᠭᠠᠮᠤᠢ ᠳ᠋ᠠᠨᠠᠰᠢᠷᠢ ᠪᠢ ᠪᠠᠷ ᠬᠠᠳᠤᠨ ᠰᠦᠨᠡᠰᠦ ᠵᠡᠭᠦᠯᠳᠡ᠄  ᠳ᠋ᠠᠨᠠᠰᠢᠷᠢ ᠬᠠᠳᠤᠨ ᠪᠤᠯ ᠬᠢᠪᠴᠠᠭ ᠤᠪᠤᠬᠳᠠᠨ᠂ ᠭᠦᠷ ᠬᠠᠮ ᠲᠦᠰᠢᠮᠡᠯ ᠡᠩᠬᠡ ᠲᠦᠪᠰᠢᠨ ᠸᠠᠩ ᠡᠩᠭᠡᠳᠡᠮᠦᠷ ᠤᠨ ᠦᠬᠢᠨ᠃ ᠡᠶᠡᠪᠡᠷ ᠬᠠᠭᠠᠨ ᠲᠤᠭᠤᠨᠳᠡᠮᠦᠷ ᠤᠨ ᠭᠦᠷᠦᠨ ᠬᠠᠳᠤᠨ᠃ ᠤᠨᠤᠯᠳᠦ ᠡᠶᠡᠪᠡᠷᠬᠦ ᠶᠢᠨ ᠲᠦᠷᠪᠡᠳᠦᠭᠡᠷ ᠤᠨ ︵1333 ᠤᠨ︶   ᠳᠤ ᠭᠦᠷᠦᠨ ᠬᠠᠳᠤᠨ ᠪᠠᠶᠢᠭᠤᠯᠵᠤ᠂ ᠬᠤᠵᠢᠮ ᠨᠢ ᠬᠠᠳᠤᠨ ᠤ ᠠᠬ᠎ᠠ ᠤᠷᠪᠠᠯᠭᠠᠨ ᠭᠠᠷᠭᠠᠬᠤ ᠪᠠᠷ ᠬᠤᠤᠪᠢᠯᠳᠤᠬᠰᠠᠨ᠎ᠠ ᠬᠠᠳᠤᠨ ᠲᠡᠪᠡᠯ ᠤᠨ ᠬᠤᠷᠮᠤᠢ ᠪᠠᠷ ᠲᠡᠭᠦᠦ ᠪᠠᠨ ᠲᠠᠯᠳᠠᠯᠠᠨ ᠨᠢᠭᠤᠬᠰᠠᠨ ᠠᠴᠠ ᠪᠤᠯᠵᠤ ᠤᠷᠳᠤᠨ ᠠᠴᠠ ᠴᠦᠯᠡᠭᠳᠡᠵᠡᠢ᠃ ᠬᠤᠵᠢᠮ ᠨᠢ ᠪᠠᠶᠠᠨ ᠰᠠᠶᠢᠳ ᠲᠤ ᠬᠤᠤᠷᠯᠠᠬᠳᠠᠵᠠᠢ᠃ ᠮᠢᠩ ᠤᠯᠤᠰ ᠤᠨ ᠵᠤ᠋ ᠶᠤᠸᠠᠨ ᠵᠠᠩ ᠠᠴᠠ ᠲᠤᠭᠤᠨᠳᠡᠮᠦᠷ ᠬᠠᠭᠠᠨ ᠢ ᠲᠡᠭᠷᠢ ᠶᠢᠨ ᠴᠠᠭ ᠢ ᠡᠶᠡᠪᠡᠷ ᠲᠠᠭᠠᠵᠤ ᠬᠠᠯᠢᠪᠠᠢ ᠬᠡᠮᠡᠨ ︽ᠡᠶᠡᠪᠡᠷ ᠬᠠᠭᠠᠨ︾ ᠭᠡᠮᠡᠭᠴᠢ ᠴᠤᠯᠠ ᠰᠤᠶᠤᠷᠬᠠᠨ ᠲᠠᠬᠢᠯ ᠡᠷᠭᠦᠭᠰᠡᠨ ᠠᠴᠠ ᠡᠨᠡ ᠨᠡᠷ᠎ᠡ ᠪᠤᠢ ᠪᠤᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号