ᠬᠠᠳᠤᠨ ᠰᠦᠨᠡᠰᠦ᠂ ᠵᠢᠷᠭᠤᠳᠤᠠᠭᠷ ᠪᠦᠯᠦᠭ᠂ ᠲᠦᠷᠪᠡᠳᠤᠭᠡᠷ ᠭᠡᠰᠡᠭ
ᠨᠡᠶᠢᠲᠡᠯᠡᠭᠰᠡᠨ ᠴᠠᠭ᠄
2020-06-19
 ᠮᠠᠨᠳᠤᠬᠠᠢ ᠰᠡᠴᠡᠨ ᠬᠠᠳᠤᠨᠬᠤᠷᠴᠢᠨ ᠤ ᠸᠠᠩ ᠦᠨᠡᠨᠪᠤᠯᠤᠳ ᠭᠦᠴᠦᠷᠭᠡᠭ ᠭᠡᠮᠡᠪᠡᠴᠦ ᠦᠯᠦ ᠡᠴᠢᠨᠡᠮ ᠪᠢ            ᠬᠠᠭᠠᠨ ᠤ ᠮᠢᠨᠢ ᠦᠷ᠎ᠡ ᠨᠢᠯᠬ᠎ᠠ ᠬᠡᠮᠡᠪᠡᠴᠦ ᠡᠷᠳᠡᠨᠢ ᠶᠢᠨ ᠬᠡᠯᠲᠡᠷᠬᠡᠢ ᠮᠡᠳᠦ ᠡᠷᠬᠢᠮ   ᠲᠤᠯᠤᠭᠠᠨ ᠨᠠᠰᠤᠳᠠᠢ ᠪᠠᠳᠤᠮᠦ᠋ᠩᠭᠡ ᠶᠢ ᠲᠠᠶᠠᠨ ᠬᠠᠭᠠᠨ ᠢᠶᠠᠷ ᠡᠷᠭᠦᠮᠵᠢᠯᠡᠭᠡᠳᠨᠠᠢᠮᠠᠨ ᠴᠠᠭᠠᠨ ᠤᠷᠳᠤᠨ ᠤ ᠡᠮᠦᠨ᠎ᠡ ᠰᠠᠴᠤᠯᠢ ᠰᠠᠴᠤᠵᠤ ᠦᠴᠢᠯ ᠦᠴᠢᠪᠡᠬᠠᠷ᠎ᠠ ᠦᠰᠦ ᠶᠦᠭᠡᠨ ᠡᠪᠭᠡᠭᠡᠳ ᠬᠠᠷ᠎ᠠ ᠲᠡᠮᠦᠷ ᠲᠤᠭᠤᠯᠠᠭ᠎ᠠ ᠪᠠᠨ ᠲᠠᠷᠤᠭᠠᠳ            ᠬᠠᠭᠠᠴᠠᠯ ᠰᠠᠮᠠᠭᠤᠷᠠᠯ ᠤᠨ ᠭᠠᠢ ᠵᠤᠪᠠᠯᠠᠩ ᠠᠴᠠ ᠬᠠᠮᠤᠭ ᠮᠤᠩᠭᠤᠯ ᠢᠶᠠᠨ ᠠᠪᠤᠷᠠᠪᠠᠢ             ᠬᠠᠮᠤᠭ ᠮᠤᠩᠭᠤᠯ ᠤᠨ ᠲᠤᠭ ᠤᠨ ᠰᠡᠮᠡᠷᠭᠡᠢ ᠶᠢ ᠬᠦᠪᠦᠷᠢᠳᠴᠦ        ᠬᠠᠭᠠᠴᠠᠬᠰᠠᠨ ᠤᠯᠤᠰ ᠢᠶᠠᠨ ᠬᠤᠶᠠᠳᠠᠬᠢ ᠨᠢᠭᠡᠳᠦᠯ ᠳᠤ ᠬᠤᠷᠢᠶᠠᠬᠰᠠᠨ            ᠮᠠᠨᠳᠤᠬᠠᠢ ᠪᠢ ᠪᠠᠷ ᠬᠠᠳᠤᠨ ᠰᠦᠨᠡᠰᠦ             ᠵᠡᠭᠦᠯᠳᠡ᠄ ᠮᠠᠨᠳᠤᠬᠠᠢ ᠰᠡᠴᠡᠨ ᠬᠠᠳᠤᠨ ︵1447 —︖  ︶ ᠪᠤᠯ ᠲᠦᠮᠡᠳ ᠤᠨ ᠡᠩᠭᠦᠳ ᠤᠪᠤᠭ ᠤᠨ ᠴᠤᠷᠤᠰᠪᠠᠢ ᠲᠡᠮᠦᠷ ᠴᠢᠩᠰᠠᠩ ᠤᠨ ᠦᠬᠢᠨ᠂ ᠮᠠᠨᠳᠤᠭᠤᠯ ᠬᠠᠭᠠᠨ ᠤ ᠪᠠᠭ᠎ᠠ ᠬᠠᠳᠤᠨ ᠶᠤᠮ᠃ ᠲᠡᠷᠡ ᠪᠤᠯ ᠨᠢᠬᠡᠨ ᠰᠢᠯᠭᠠᠷᠠᠬᠰᠠᠨ ᠤᠯᠤᠰ ᠲᠦᠷᠦᠴᠢᠨ ᠮᠦᠷᠳᠡᠭᠡᠨ ᠴᠡᠷᠢᠭ ᠲᠠᠶᠢᠨ ᠤ ᠪᠤᠳᠤᠯᠭᠠᠳᠠᠨ᠂ ᠠᠯᠳᠠᠷᠳᠦ ᠨᠡᠶᠢᠭᠡᠮ ᠤᠨ ᠵᠢᠳᠭᠦᠯᠳᠡᠨ ᠮᠦᠷᠳᠡᠭᠡᠨ ᠮᠤᠩᠭᠤᠯᠴᠤᠳ ᠤᠨ ᠭᠦᠨᠳᠦᠳᠭᠡᠨ ᠰᠢᠳᠦᠳᠡᠭ ᠡᠷᠳᠡᠨ ᠤ ᠭᠤᠷᠪᠠᠨ ᠠᠭᠤᠤ ᠡᠮᠡᠭᠳᠡᠢ ᠶᠢᠨ ᠨᠢᠬᠡ ᠨᠢ ᠪᠤᠯᠤᠨ᠎ᠠ᠃ ᠮᠠᠨᠳᠤᠬᠠᠢ ᠰᠡᠴᠡᠨ ᠬᠠᠳᠤᠨ  ᠵᠦᠢᠷᠯᠡᠰᠢ ᠦᠬᠡᠢ ᠠᠤᠭ᠎ᠠ ᠵᠤᠷᠢᠭ ᠪᠠ ᠴᠡᠴᠡᠨ ᠤᠬᠠᠭᠠᠨ ᠢᠶᠠᠷ ᠴᠢᠩᠬᠢᠰ ᠬᠠᠭᠠᠨ ᠤ ᠠᠯᠳᠠᠨ ᠤᠷᠤᠭ ᠤᠨ ᠲᠠᠰᠤᠷᠠᠮᠠᠷ ᠪᠠᠶᠢᠬᠰᠠᠨ ᠮᠤᠩᠭᠤᠯ ᠬᠠᠭᠠᠨᠳᠦ ᠲᠦᠷᠦ ᠶᠢ ᠵᠠᠯᠭᠠᠭᠤᠯᠵᠤ᠂ ᠵᠠᠭᠤ ᠰᠢᠬᠠᠮ ᠵᠢᠯ ᠦᠷᠭᠦᠯᠵᠢᠯᠡᠭᠰᠡᠨ ᠮᠤᠩᠭᠤᠯ ᠤᠨ ᠨᠡᠶᠢᠬᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠭᠡ ᠶᠢ ᠡᠴᠦᠰᠯᠡᠬᠦᠯᠵᠦ᠂ ᠲᠠᠷᠬᠠᠢ ᠪᠤᠳᠠᠷᠬᠠᠢ ᠮᠤᠩᠭᠤᠯ ᠤᠨ ᠠᠶᠢᠮᠠᠭ ᠤᠬᠰᠠᠭ᠎ᠠ ᠨᠤᠭᠤᠳ ᠢ ᠨᠢᠬᠡᠨ ᠵᠢᠯᠤᠭᠤᠨ ᠳᠤ ᠬᠤᠷᠢᠶᠠᠨ᠂ ᠮᠤᠩᠭᠤᠯ ᠤᠨ ᠨᠡᠶᠢᠬᠡᠮ ᠤᠨ ᠭᠡᠷᠡᠯ ᠰᠠᠴᠤᠷᠠᠩᠭᠤᠢ ᠰᠢᠨ᠎ᠡ ᠨᠢᠬᠡᠨ ᠬᠠᠭᠤᠳᠠᠰᠦ ᠲᠡᠯᠭᠡᠭᠳᠡᠬᠦ ᠳᠤ ᠲᠠᠶᠢᠪᠤᠩ ᠰᠠᠶᠢᠬᠠᠨ ᠨᠦᠬᠦᠴᠡᠯ ᠢ ᠪᠦᠷᠢᠯᠳᠦᠬᠦᠯᠦᠭᠰᠡᠨ ᠴᠢᠩ ᠵᠤᠷᠢᠬᠳᠦ᠂ ᠠᠤᠭ᠎ᠠ ᠪᠤᠳᠤᠯᠭᠠᠳᠦ᠂ ᠪᠠᠭᠠᠳᠤᠷ ᠡᠮᠡᠭᠳᠡᠢ ᠪᠤᠯᠤᠨ᠎ᠠ᠃         ᠵᠦᠩᠬᠡᠨ ᠬᠠᠳᠤᠨᠠᠯᠳᠠᠨ ᠬᠠᠭᠠᠨ ᠤ ᠬᠠᠶᠢᠷ᠎ᠠ ᠶᠢ ᠭᠦᠷᠳᠡᠭᠰᠡᠨ ᠬᠡᠬᠡᠨ ᠠᠮᠤᠭᠤᠯᠠᠩᠳᠦ ᠬᠠᠳᠤᠨ          ᠠᠷᠢᠭᠤᠨ ᠵᠠᠰᠠᠭ ᠲᠤ ᠱᠠᠰᠢᠨ ᠲᠦᠷᠦ ᠶᠢ ᠬᠤᠤᠰᠯᠠᠭᠤᠯᠤᠨ ᠪᠠᠷᠢᠭᠰᠠᠨ ᠮᠡᠷᠭᠡᠨ          ᠲᠠᠯᠠᠨ ᠬᠠᠷ᠎ᠠ ᠶᠢᠨ ᠡᠩᠭᠡᠷ ᠲᠤ ᠭᠠᠶᠢᠬᠠᠮᠰᠢᠬᠳᠦ ᠬᠤᠳᠠ ᠶᠢ ᠪᠦᠳᠦᠭᠡᠭᠰᠡᠨ ᠲᠦᠪᠡᠳ ᠮᠤᠩᠭᠤᠯ ᠬᠢᠳᠠᠳ ᠤᠨ ᠲᠤᠮᠳᠠᠬᠢ ᠲᠡᠭᠦᠰ ᠦᠵᠡᠰᠭᠦᠯᠡᠩᠳᠦ ᠦᠬᠦᠢᠲᠦᠷᠦ ᠪᠠᠷᠢᠵᠤ ᠵᠠᠰᠠᠭ ᠶᠠᠪᠤᠭᠤᠯᠤᠬᠰᠠᠨ ᠭᠤᠴᠢᠨ ᠵᠢᠯ ᠤᠨ ᠬᠠᠪᠤᠷ ᠨᠠᠮᠤᠷ        ᠲᠦᠮᠡᠳ ᠤᠨ ᠲᠠᠯ᠎ᠠ ᠶᠢᠨ ᠭᠦᠨ ᠳᠤ ᠲᠡᠤᠭᠡ ᠭᠦᠤᠷᠨᠢᠬᠦ ᠮᠡᠳᠦ ᠠᠮᠤᠭᠤᠯᠠᠩᠬᠠᠨ          ᠳ᠋ᠠᠷ᠎ᠠ ᠡᠭᠡ ᠶᠢᠨ ᠬᠤᠪᠢᠯᠭᠠᠨ ᠠᠷᠢᠶ᠎ᠠ ᠳ᠋ᠠᠷ᠎ᠠ ᠴᠤᠯᠠᠳᠦ          ᠲᠠᠭᠤᠨ ᠦᠬᠡᠢ ᠠᠮᠤᠭᠤᠯᠠᠩᠬᠠᠨ ᠨᠤᠶᠢᠷᠰᠤᠬᠤ ︽ᠰᠠᠨ ᠨᠢᠶᠠᠩᠽᠢ︾ ᠬᠡᠮᠡᠭᠴᠢ ᠵᠦᠩᠬᠡᠨ ᠪᠢ ᠪᠠᠷ ᠬᠠᠳᠤᠨ ᠰᠦᠨᠡᠰᠦ ᠵᠡᠭᠦᠯᠳᠡ᠄ ᠵᠦᠩᠬᠡᠨ ᠬᠠᠳᠤᠨ ︵ᠬᠢᠳᠠᠳ ᠢᠶᠠᠷ ᠰᠠᠨ ᠨᠢᠶᠠᠩᠽᠢ ᠭᠡᠳᠡᠭ᠂ 1550 —1612︶ ᠪᠤᠯ ᠤᠷᠳᠤᠰ ᠠᠶᠢᠮᠠᠭ ᠤᠨ ᠭᠦᠮᠦᠨ ᠪᠦᠬᠡᠳ ᠠᠯᠳᠠᠨ ᠬᠠᠨ ᠤ ᠵᠢᠬᠡ ᠦᠬᠢᠨ ᠨᠢ ᠪᠤᠯᠤᠨ᠎ᠠ᠃ ᠵᠢᠩᠬᠢᠨᠢ ᠨᠡᠷ᠎ᠡ ᠨᠢ ᠨᠤᠶᠠᠨᠴᠦ ᠭᠡᠳᠡᠭ᠃ ᠤᠮᠠᠷᠠᠳᠦ ᠶᠤᠸᠠᠨ ᠤᠯᠤᠰ ᠤᠨ ᠦᠶ᠎ᠡ ᠶᠢᠨ ᠮᠤᠩᠭᠤᠯ ᠤᠨ ᠪᠠᠷᠠᠭᠤᠨ ᠭᠠᠷ ᠤᠨ ᠲᠦᠮᠡᠳ ᠲᠦᠮᠡᠨ ᠤ ᠡᠵᠡᠨ ᠠᠯᠳᠠᠨ ᠬᠠᠨ ᠤ ᠭᠤᠷᠪᠠᠳᠤᠭᠠᠷ ᠬᠠᠳᠤᠨ ᠪᠤᠯᠤᠨ᠎ᠠ᠃ ᠵᠦᠩᠬᠡᠨ ᠬᠠᠳᠤᠨ ᠲᠦᠷᠦᠯᠬᠢ ᠰᠡᠴᠡᠨ ᠰᠡᠷᠭᠦᠯᠡᠩ᠂ ᠭᠤᠸ᠎ᠠ ᠦᠵᠡᠰᠭᠦᠯᠡᠩ ᠮᠦᠷᠳᠡᠭᠡᠨ ᠮᠤᠩᠭᠤᠯ ᠪᠢᠴᠢᠭ ᠲᠤ ᠨᠡᠪᠳᠡᠷᠭᠡᠢ᠂ ᠲᠠᠭᠤᠤ ᠪᠦᠵᠢᠭ ᠲᠤ ᠠᠪᠢᠶᠠᠰᠯᠢᠭ᠂ ᠢᠯᠠᠩᠭᠤᠶ᠎ᠠ ᠮᠤᠷᠢ ᠤᠨᠤᠵᠤ ᠬᠠᠷᠪᠤᠬᠤ ᠨᠠᠮᠨᠠᠬᠤ ᠳᠤ ᠮᠡᠷᠭᠡᠰᠢᠭᠰᠡᠨ᠂ ᠪᠢᠴᠢᠭ ᠴᠡᠷᠢᠭ ᠤᠨ ᠡᠷᠳᠡᠮ ᠬᠤᠤᠰᠯᠠᠬᠰᠠᠨ ᠭᠠᠷᠮᠠᠭᠠᠢ ᠪᠦᠰᠡᠭᠦᠢ ᠪᠠᠶᠢᠵᠠᠢ᠃ ᠠᠯᠳᠠᠨ ᠬᠠᠨ ᠲᠦᠷᠦ ᠵᠠᠰᠠᠭ ᠤᠨ ᠭᠡᠷᠡᠭ ᠢ ᠪᠠᠶᠢᠩᠭᠤ ᠵᠦᠩᠬᠡᠨ ᠬᠠᠳᠤᠨ ᠲᠠᠢ ᠪᠠᠨ ᠵᠦᠪᠰᠢᠨ ᠬᠡᠯᠡᠯᠴᠡᠳᠡᠭ ᠪᠦᠬᠡᠳ ᠲᠦᠮᠡ ᠭᠠᠷᠤᠢ ᠪᠦᠰᠡᠭᠦᠢ ᠴᠡᠷᠢᠭ ᠢ ᠵᠠᠬᠢᠷᠤᠨ ᠤᠳᠤᠷᠢᠳᠤᠭᠤᠯᠵᠤ ᠪᠠᠶᠢᠪᠠ᠃ ᠵᠦᠩᠬᠡᠨ ᠬᠠᠳᠤᠨ ᠭᠤᠷᠪᠠᠨ ᠦᠶ᠎ᠡ ᠶᠢᠨ ᠱᠦᠨ ᠢ ᠸᠠᠩ ︵ᠠᠯᠳᠠᠨ ᠬᠠᠨ᠂  ᠠᠯᠳᠠᠨ ᠬᠠᠨ ᠤ ᠠᠬᠠᠮᠠᠳ ᠭᠦᠪᠡᠬᠦᠨ ᠰᠡᠩᠭᠡ ᠲᠦᠭᠦᠷᠡᠩ ᠬᠠᠨ᠂ ᠰᠡᠩᠬᠡ ᠲᠦᠭᠦᠷᠡᠩ ᠬᠠᠨ ᠤ ᠠᠬᠠᠮᠠᠳ ᠭᠦᠪᠡᠬᠦᠨ ᠴᠦᠷᠦᠭᠡ ᠬᠠᠨ ᠢ ᠲᠤᠰ ᠲᠤᠰ ᠦᠭᠦᠯᠡᠵᠡᠢ︶ ᠳᠤ ᠲᠤᠰᠠᠯᠠᠨ᠂ ᠲᠦᠮᠡᠳ ᠲᠦᠮᠡᠨ ᠤ ᠵᠠᠰᠠᠭ ᠲᠦᠷᠦ᠂ ᠴᠡᠷᠢᠭ ᠲᠠᠶᠢᠨ ᠤ ᠦᠢᠯᠡ ᠭᠡᠷᠡᠭ ᠢ ᠭᠤᠴᠢᠭᠠᠳ ᠵᠢᠯ ᠮᠡᠳᠡᠵᠦ ᠶᠠᠪᠤᠬᠤ ᠳᠠᠭᠠᠨ᠂ ᠮᠢᠩ ᠤᠯᠤᠰ ᠲᠠᠢ ᠡᠩᠬᠡ ᠲᠠᠶᠢᠪᠤᠩ ᠵᠡᠷᠭᠡᠴᠡᠨ ᠤᠷᠤᠰᠢᠬᠤ ᠨᠠᠶᠢᠷᠰᠠᠭ ᠬᠠᠷᠢᠴᠠᠭ᠎ᠠ ᠶᠢ ᠢᠳᠡᠪᠬᠢᠳᠡᠢ ᠭᠦᠭᠵᠢᠬᠦᠯᠵᠦ᠂ ᠠᠷᠠᠳ ᠢᠷᠭᠡᠳ ᠢᠶᠠᠨ ᠠᠮᠤᠷ ᠲᠤᠬᠠᠳᠠᠢ ᠪᠠᠶᠢᠯᠭᠠᠵᠤ᠂ ᠠᠵᠤ ᠠᠬᠤᠢ ᠪᠤᠯᠤᠨ ᠰᠤᠶᠤᠯ ᠤᠨ ᠭᠦᠭᠵᠢᠯ ᠢ ᠠᠬᠢᠭᠤᠯᠵᠠᠢ᠃ ᠲᠡᠷᠡ ᠪᠤᠳ᠋ᠳ᠋ᠾᠠ  ᠶᠢᠨ ᠱᠠᠰᠢᠨ ᠳᠤ ᠮᠠᠰᠢ ᠶᠡᠭᠡ ᠰᠦᠰᠦᠭ ᠪᠢᠰᠢᠷᠡᠯ ᠲᠠᠢ᠃      ᠠᠵᠢᠮᠠᠨ ᠬᠠᠳᠤᠨᠲᠦᠯᠬᠡᠨ ᠤᠷᠤᠰᠬᠠᠯᠳᠦ ᠶᠠᠮᠤᠨ᠎ᠠ ᠶᠢᠨ ᠡᠷᠬᠢᠨ ᠠᠴᠠ ᠦᠭᠡᠳᠡ ᠦᠭᠡᠳᠡ ᠪᠠᠨ ᠪᠠᠷᠠᠯᠠᠨᠠᠮ  ᠲᠡᠤᠭᠡ ᠶᠢᠨ ᠬᠠᠭᠤᠳᠠᠰᠤᠨ ᠳᠤ ᠲᠤᠭᠤᠰᠤᠷᠠᠰᠢ ᠦᠬᠡᠢ ᠴᠡᠪᠡᠷ ᠬᠠᠶᠢᠷ᠎ᠠ ᠪᠠᠷ ᠢᠶᠠᠨ ᠲᠡᠮᠡᠦᠯᠨᠡᠮ  ᠲᠡᠯᠡᠭᠡᠢ ᠶᠢᠨ ᠰᠡᠭᠡᠷ ᠲᠡᠭᠡᠷ᠎ᠡ ᠨᠤᠶᠠᠯᠠᠬᠰᠠᠨ ᠭᠦᠭᠡ ᠲᠤᠯᠪᠤᠳᠦ ᠦᠬᠢᠳ ᠯᠡ ᠰᠠᠶ᠋ᠢ  ᠲᠡᠵᠢ ᠮᠠᠬᠠᠯ ᠤᠨ ᠪᠤᠩᠬᠤᠨ ᠭᠡᠵᠦ ᠮᠦᠩᠭᠡ ᠶᠢᠨ ᠦᠵᠡᠰᠭᠦᠯᠡᠩ ᠪᠤᠯᠤᠨ ᠭᠡᠷᠡᠯᠲᠦᠨᠡᠮᠲᠡᠭᠷᠢ ᠭᠠᠵᠠᠷ ᠤᠨ ᠲᠤᠮᠳᠠ ᠪᠤᠰᠤᠭ᠎ᠠ ᠶᠠᠪᠤᠬᠰᠠᠨ ᠱ᠊᠂ ᠵᠠᠭᠠᠨ ᠬᠠᠭᠠᠨ ᠤᠲᠡᠯᠭᠡᠷ ᠬᠠᠶᠢᠷ᠎ᠠ ᠶᠢᠨ ᠰᠡᠳᠬᠢᠯ ᠤᠨ ᠰᠢᠭᠢᠳᠬᠡ ᠪᠠᠷ ᠭᠢᠯᠲᠠᠭᠠᠨᠠᠨ ᠰᠦᠨᠳᠡᠷᠯᠡᠭᠰᠡᠨᠬᠠᠭᠠᠨ ᠬᠠᠶᠢᠷ᠎ᠠ ᠬᠠᠳᠤᠨ ᠢᠨᠠᠭ ᠤᠨ ᠲᠡᠭᠷᠢᠯᠢᠭ ᠭᠡᠷᠡᠴᠢᠭᠠᠨᠳᠢᠭ ᠴᠢᠯᠠᠭᠤᠨ ᠳᠤ ᠠᠮᠢᠯᠠᠬᠰᠠᠨ ᠭᠤᠸ᠎ᠠ ᠰᠠᠶᠢᠬᠠᠨ ᠤ ᠪᠦᠷᠢᠯᠸ᠎ᠠ ᠠᠵᠢᠮᠠᠨ ᠪᠢ ᠪᠠᠷ ᠬᠠᠳᠤᠨ  ᠰᠦᠨᠡᠰᠦ ᠵᠡᠭᠦᠯᠳᠡ᠄ ᠠᠵᠢᠮᠠᠨ ᠬᠠᠳᠤᠨ ︵1593 —1631 ᠤᠨ᠂  ᠪᠠᠰᠠ ᠲᠡᠵᠢ ᠮᠠᠬᠠᠯ ᠬᠠᠳᠤᠨ ᠬᠡᠵᠦ ᠲᠡᠮᠳᠡᠭᠯᠡᠳᠡᠭ︶  ᠪᠤᠯ ᠡᠨᠡᠳᠭᠡᠭ ᠤᠨ ᠤᠮᠠᠷᠠᠳᠦ ᠭᠡᠰᠡᠭ ᠲᠠᠬᠢ ᠨᠢᠬᠡᠨ ᠮᠤᠩᠭᠤᠯ ᠢᠵᠠᠭᠤᠷᠳᠠᠨ ᠤ ᠦᠬᠢᠨ᠂ ᠡᠨᠡᠳᠭᠡᠭ ᠲᠠᠬᠢ ᠮᠤᠩᠭᠤᠯ ᠸᠠᠩᠳᠦ ᠲᠦᠷᠦ ᠶᠢᠨ ᠲᠠᠪᠤᠳᠤᠭᠠᠷ ᠬᠠᠭᠠᠨ ᠱ᠊ · ᠵᠠᠭᠠᠨ ᠤ ᠬᠠᠳᠤᠨ᠃ ᠲᠡᠵᠢ ᠮᠠᠬᠠᠯ ᠭᠡᠳᠡᠭ ᠪᠤᠯ ︽ᠬᠠᠭᠠᠨ ᠤ ᠤᠷᠳᠤᠨ ᠳᠠᠬᠢ ᠸᠠᠩ ᠤᠨ ᠲᠢᠳᠢᠮ︾ ᠭᠡᠰᠡᠨ ᠤᠳᠬ᠎ᠠ ᠲᠠᠢ ᠴᠤᠯᠠ᠃ ᠲᠡᠵᠢ ᠮᠠᠬᠠᠯ ᠬᠠᠳᠤᠨ ᠪᠤᠯᠤᠨ ᠱ᠊ · ᠵᠠᠭᠠᠨ ᠬᠤᠶᠠᠭᠤᠯᠠ ᠠᠴᠠ ᠠᠷᠪᠠᠨ ᠲᠦᠷᠪᠡᠨ ᠭᠡᠤᠭᠡᠳ ᠲᠦᠷᠦᠬᠦᠯᠵᠦ᠂ ᠬᠠᠳᠤᠨ ᠪᠠᠷ ᠠᠷᠪᠠᠨ ᠲᠦᠷᠪᠡᠳᠡᠬᠢ ᠬᠡᠤᠭᠡᠳ ᠢᠶᠠᠨ ᠠᠶᠠᠨ ᠲᠠᠶᠢᠨ ᠤ ᠲᠤᠮᠳᠠ ᠲᠦᠷᠦᠬᠦᠯᠬᠦ ᠬᠡᠵᠦ ᠪᠠᠶᠢᠭᠠᠳ ᠪᠡᠷᠭᠡᠳᠡᠵᠦ ᠨᠠᠰᠦ ᠪᠠᠷᠠᠪᠠ᠃  ᠱ᠊ · ᠵᠠᠭᠠᠨ ᠬᠠᠭᠠᠨ ᠬᠠᠶᠢᠷᠠᠳᠦ ᠬᠠᠳᠤᠨ ᠢᠶᠠᠨ ᠮᠦᠷᠦᠭᠡᠳᠭᠦ ᠳᠡᠭᠡᠨ ᠡᠨᠡᠳᠭᠡᠭ ᠤᠨ ᠤᠮᠠᠷᠠᠳᠦ ᠭᠡᠰᠡᠭ  ᠤᠨ ᠶᠠᠮᠦ᠋ᠨ᠎ᠠ ᠭᠤᠤᠯ ᠤᠨ ᠡᠷᠬᠢᠨ ᠳᠤ᠂ ᠬᠤᠶᠠᠷ ᠲᠦᠮᠡᠨ ᠤᠷᠠᠴᠤᠳ ᠤᠨ ᠤᠷᠤᠯᠴᠠᠯᠭ᠎ᠠ ᠲᠠᠢ ᠪᠠᠷ ᠬᠤᠷᠢᠨ ᠬᠤᠶᠠᠷ ᠵᠢᠯ ᠤᠨ ᠤᠷᠳᠤ ᠬᠤᠭᠤᠴᠠᠭ᠎ᠠ ᠭᠡᠷᠡᠭᠯᠡᠨ ᠪᠠᠶᠢᠵᠤ᠂ ᠭᠤᠴᠢᠨ ᠵᠢᠷᠭᠤᠭᠠᠨ ᠵᠦᠢᠯ ᠤᠨ ᠬᠤᠪᠤᠷ ᠴᠤᠬᠠᠭ ᠡᠳ᠋ ᠡᠷᠳᠡᠨᠢᠰ ᠢᠶᠠᠷ ᠬᠠᠳᠤᠨ ᠤ ᠱᠠᠷᠢᠯ ᠢ ᠪᠤᠮᠪᠠᠯᠠᠨ ᠱᠤᠭᠤᠵᠤ ︽ᠲᠡᠵᠢ ᠮᠠᠬᠠᠯ ᠤᠨ ᠪᠤᠩᠬᠤᠨ︾ ᠢ ᠪᠠᠶᠢᠭᠤᠯᠵᠤ ᠪᠦᠳᠦᠭᠡᠵᠡᠢ᠃        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号