ᠬᠠᠳᠤᠨ ᠰᠦᠨᠡᠰᠦ᠂ ᠵᠢᠷᠭᠤᠳᠤᠭᠠᠷ ᠪᠦᠯᠦᠭ᠂  ᠬᠤᠶᠠᠳᠤᠭᠠᠷ ᠭᠡᠰᠡᠭ
ᠨᠡᠶᠢᠲᠡᠯᠡᠭᠰᠡᠨ ᠴᠠᠭ᠄
2020-06-19
ᠬᠤᠳᠠᠯᠠ ᠴᠠᠭᠠᠨ ᠭᠦᠩᠵᠦᠬᠠᠶᠢᠳᠦ ᠡᠴᠢᠬᠡ ᠦᠬᠡᠳᠡᠢ ᠡᠪᠦᠭᠡ ᠶᠢᠨ ᠬᠤᠳᠠᠯᠠ ᠴᠠᠭᠠᠨ ᠭᠦᠩᠵᠦ ᠪᠢ          ᠬᠤᠤᠰᠯᠠᠨ ᠵᠢᠷᠭᠠᠬᠤ ᠬᠠᠶᠢᠷᠠᠳᠦ ᠠᠮᠠᠷᠠᠭ ᠢᠶᠠᠨ ᠬᠦᠴᠦᠲᠡᠨ ᠡᠷᠡᠰ ᠠᠴᠠ ᠡᠷᠢᠪᠡ    ᠬᠤᠪᠢ ᠲᠠᠪᠢᠯᠠᠩ ᠤᠨ ᠠᠯᠳᠠᠨ ᠰᠢᠵᠢᠮ ᠢᠶᠠᠷ ᠬᠤᠯᠪᠤᠯᠳᠤᠰᠤᠭᠠᠢ ᠬᠡᠮᠡᠨ ᠰᠠᠨᠠᠬᠤᠯ᠎ᠠ          ᠬᠤᠶᠢᠳᠦ ᠬᠤᠸᠠ ᠶᠢᠨ ᠠᠳᠤᠭᠤᠨ ᠰᠦᠷᠦᠭ ᠢᠶᠠᠨ ᠬᠤᠭᠤᠰᠤᠷᠠᠳᠠᠯ᠎ᠠ ᠲᠠᠭᠤᠭᠠᠳ ᠢᠷᠡᠬᠦᠢ ᠦᠦ          ᠲᠠᠪᠢᠯᠠᠩ ᠵᠦᠷᠢᠭᠰᠡᠨ ᠬᠡᠶᠢᠮᠤᠷᠢᠯᠢᠭ ᠵᠠᠯᠠᠭᠤᠰ ᠠᠳᠤᠭᠤᠨ ᠲᠤᠭᠤᠰᠤᠨ᠎ᠠ ᠠᠯᠤᠰᠷᠠᠵᠤᠲᠤᠭᠤᠵᠤ ᠬᠠᠶᠢᠷᠠᠯᠠᠬᠰᠠᠨ ᠮᠤᠷᠢᠳᠠᠨ ᠪᠠᠭᠠᠳᠤᠷ ᠯᠡ ᠬᠠᠶᠢᠷ᠎ᠠ ᠶᠢᠨ ᠴᠡᠯᠮ᠎ᠡ ᠪᠠᠷ ᠱᠠᠩᠨᠠᠬᠳᠠᠪᠠᠬᠠᠶᠢᠷᠠᠯᠠᠬᠤ ᠳᠤ ᠬᠠᠯᠠᠭᠤᠬᠠᠨ ᠴᠦ ᠪᠦᠭᠡ ᠶᠢᠨ ᠲᠠᠪᠠᠭ᠎ᠠ ᠲᠠᠢ          ᠬᠠᠮᠳᠤᠷᠠᠬᠤ ᠳᠤ ᠢᠨᠠᠬᠬᠠᠨ ᠴᠦ ᠤᠨᠢᠭᠠᠨ ᠤ ᠮᠡᠯᠵᠢᠶ᠎ᠡ ᠲᠠᠢ          ᠠᠶᠠᠷᠤᠭ ᠪᠢ ᠪᠠᠷ ᠬᠠᠳᠤᠨ ᠰᠦᠨᠡᠰᠦ   ᠵᠡᠭᠦᠯᠳᠡ᠄ ᠬᠤᠳᠠᠯᠠ ᠴᠠᠭᠠᠨ ᠭᠦᠩᠵᠦ ᠬᠡᠮᠡᠨ ᠠᠯᠳᠠᠷᠰᠢᠬᠰᠠᠨ ᠦᠩᠬᠡ ᠵᠢᠰᠦ ᠡᠷ᠎ᠡ ᠴᠢᠳᠠᠯ ᠬᠤᠤᠰᠯᠠᠬᠰᠠᠨ ᠡᠨᠡ ᠦᠬᠢᠨ ᠪᠤᠯ ᠦᠭᠡᠳᠡᠢ ᠬᠠᠭᠠᠨ ᠤ ᠲᠠᠪᠤᠳᠤᠭᠠᠷ ᠭᠦᠪᠡᠬᠦᠨ ᠬᠠᠰᠢᠨ ᠤ ᠭᠦᠦ ᠬᠠᠶᠢᠳᠦ ᠶᠢᠨ ᠦᠬᠢᠨ᠃ ᠠᠶᠠᠷᠤᠭ ᠪᠤᠶᠤ ᠰᠠᠷᠡᠩᠭᠡᠷᠡᠯ ᠭᠡᠳᠡᠭ ᠨᠡᠷ᠎ᠡ ᠲᠠᠢ᠃ ᠲᠡᠷᠡ ᠬᠠᠷᠠᠬᠠᠨ ᠪᠠᠭ᠎ᠠ ᠠᠴᠠ ᠪᠠᠨ ᠡᠴᠢᠬᠡ ᠪᠠᠨ ᠲᠠᠭᠠᠵᠤ ᠲᠠᠶᠢᠨ ᠪᠠᠶᠢᠯᠳᠤᠭᠠᠨ ᠳᠤ ᠤᠷᠤᠯᠴᠠᠬᠤ ᠪᠤᠶᠤ ᠠᠩ ᠠᠪᠠ ᠳᠤ ᠶᠠᠪᠤᠳᠠᠭ ᠪᠤᠯᠬᠤᠷ ᠢᠯᠠᠬᠳᠠᠰᠢ ᠦᠬᠡᠢ ᠡᠷᠡᠮᠡᠬᠡᠢ ᠬᠡᠤᠬᠡᠨ ᠪᠤᠯᠪᠠ᠃ ᠡᠩ ᠤᠨ ᠡᠷᠡᠴᠤᠤᠯ ᠠᠴᠠ ᠴᠦ ᠪᠢᠷ᠎ᠠ ᠴᠢᠳᠠᠯ ᠶᠡᠭᠡᠳᠡᠢ ᠪᠤᠯᠬᠤᠷ ᠤᠯᠠᠨ ᠠᠷᠪᠢᠨ ᠪᠦᠭᠡᠴᠤᠳ ᠢ ᠬᠠᠶᠠᠵᠤ ᠤᠷᠭᠢᠬᠰᠠᠨ ᠪᠦᠭᠡᠳ ᠲᠡᠭᠦᠨ ᠢ ᠪᠠᠷᠢᠯᠳᠤᠵᠤ ᠲᠡᠶᠢᠯᠦᠭᠰᠡᠨ ᠡᠷ᠎ᠡ ᠭᠦᠮᠦᠨ ᠬᠠᠷᠠᠬᠠᠨ ᠭᠠᠷᠤᠬᠰᠠᠨ ᠦᠬᠡᠢ᠃ ᠬᠤᠳᠠᠯᠠ ᠴᠠᠭᠠᠨ ᠭᠦᠩᠵᠦ᠂ ᠡᠴᠢᠬᠡ ᠬᠠᠭᠠᠨ ᠤ ᠪᠠᠨ ᠲᠦᠴᠢᠨ ᠲᠦᠮᠡᠨ ᠶᠡᠭᠡ ᠴᠡᠷᠢᠭ ᠤᠨ ᠡᠮᠦᠨ᠎ᠡ ᠬᠤᠰᠢᠭᠤᠴᠢᠯᠠᠵᠤ᠂ ᠡᠰᠡᠷᠭᠦ ᠡᠳᠡᠭᠡᠳ ᠤᠨ ᠢᠶᠠᠨ ᠬᠤᠷᠴᠠ ᠰᠦᠷ ᠢ ᠮᠤᠬᠤᠭᠠᠵᠤ᠂ ᠡᠪᠦᠭᠡ ᠲᠡᠭᠡᠳᠦᠰ ᠤᠨ ᠠᠯᠳᠠᠷ ᠨᠡᠷ᠎ᠡ ᠶᠢ ᠡᠷᠬᠦᠨ ᠮᠠᠨᠳᠤᠭᠤᠯᠤᠬᠰᠠᠨ ᠴᠢᠩᠬᠢᠰ ᠴᠢᠰᠦ ᠲᠠᠢ ᠢᠯᠠᠬᠳᠠᠰᠢ ᠦᠬᠡᠢ ᠪᠠᠭᠠᠳᠤᠷ ᠦᠬᠢᠨ ᠮᠦᠨ᠃ ᠪᠤᠷᠵᠢᠬᠢᠨ ᠤ ᠠᠯᠳᠠᠨ ᠤᠷᠤᠭ ᠤᠨ ᠠᠯᠳᠠᠷᠳᠦ ᠦᠬᠢᠳ ᠤᠨ ᠲᠤᠳᠤᠷ᠎ᠠ ᠪᠠᠭᠠᠳᠤᠷ ᠵᠤᠷᠢᠭ ᠪᠠ ᠡᠷᠡᠮᠡᠬᠡᠢ ᠴᠢᠳᠠᠯ ᠢᠶᠠᠷ ᠬᠤᠳᠠᠯᠠ ᠴᠠᠭᠠᠨ ᠭᠦᠩᠵᠦ ᠶᠢ ᠲᠠᠪᠠᠭᠰᠠᠳ ᠶᠡᠷᠦ ᠭᠠᠷᠤᠬᠰᠠᠨ ᠦᠬᠡᠢ᠃ ᠲᠡᠷᠡ ᠭᠦᠴᠦᠷᠭᠡᠭ ᠦᠬᠢᠨ ᠶᠠᠮᠠᠷ ᠨᠢᠬᠡᠨ ᠡᠷ᠎ᠡ ᠬᠦᠮᠦᠨ ᠲᠠᠢ ᠤᠷᠤᠬᠯᠠᠬᠤ ᠠᠴᠠ ᠲᠠᠳᠠᠭᠠᠯᠵᠠᠵᠤ᠂ ᠨᠠᠰᠤᠨ ᠤ ᠬᠠᠨᠢ ᠪᠠᠨ ᠪᠦᠭᠡ ᠶᠢᠨ ᠲᠠᠪᠠᠭ᠎ᠠ ᠪᠠᠷ ᠰᠤᠩᠭᠤᠬᠤ ᠳᠤ᠂ ᠲᠠᠪᠠᠭ᠎ᠠ ᠪᠦᠷᠢ ᠶᠢ ᠢᠯᠠᠬᠤ ᠳᠠᠭᠠᠨ ᠲᠤᠭᠠᠯᠠᠰᠢ ᠦᠬᠡᠢ ᠠᠳᠤᠭᠤ ᠮᠤᠷᠢ ᠲᠠᠢ ᠪᠤᠯᠤᠬᠰᠠᠨ ᠭᠡᠳᠡᠭ ᠃                       ᠠᠭᠠᠢ ᠬᠠᠳᠤᠨ ᠨᠢᠭᠡᠨ ᠦᠶ᠎ᠡ ᠶᠢᠨ ᠨᠡᠷᠡᠳᠦ ᠬᠠᠤᠬᠤᠭᠤᠷᠳᠠᠨ ᠠᠭᠠᠢ ᠪᠠᠬᠢ ᠭᠡᠵᠦ ᠪᠠᠶᠢᠬᠰᠠᠨ         ᠨᠢᠯᠪᠤᠰᠤᠨ ᠭᠦᠮᠦᠨ ᠮᠡᠳᠦ ᠡᠪᠭᠡᠷᠡᠬᠦ ᠢᠨᠤ ᠴᠤᠬᠤᠮ ᠶᠠᠮᠪᠠᠷ ᠰᠢᠯᠳᠠᠭᠠᠨ         ᠡᠴᠢᠬᠡ ᠶᠢᠨ ᠤᠯᠤᠰ᠂ ᠡᠷ᠎ᠡ ᠶᠢᠨ ᠭᠡᠷ ᠭᠡᠮᠡᠬᠦ ᠢᠪᠴᠦᠦ ᠵᠢᠭᠠᠬᠠᠨ ᠵᠠᠢ ᠳᠤᠷ         ᠡᠮᠭᠡᠨᠢᠬᠦ ᠰᠢᠯᠦᠭ ᠮᠢᠩᠭᠠᠨ ᠪᠠᠳᠠᠭ᠂ ᠬᠠᠷᠠᠭᠤᠰᠤᠯ ᠤᠨ ᠱᠠᠳ ᠲᠦᠮᠡᠨ ᠤᠳᠬ᠎ᠠ        ᠬᠤᠤᠷᠳᠦ ᠠᠷᠢᠬᠢ ᠲᠤᠭᠤᠰ ᠤᠨ ᠰᠦᠰᠦᠨ ᠳᠤ ᠨᠢᠬᠦᠯ ᠪᠤᠶᠠᠨ ᠠᠯᠠᠭ᠎ᠠ         ᠬᠤᠤᠷᠯᠠᠬᠤ ᠰᠡᠳᠬᠢᠯ ᠡᠭᠦᠰᠬᠦ ᠢᠨᠤ ᠭᠦᠮᠦᠨ ᠬᠡᠮᠡᠭᠴᠢ ᠶᠢᠨ ᠮᠤᠩᠬᠠᠭ         ᠤᠰᠤᠨ ᠪᠤᠯᠤᠷ ᠮᠡᠳᠦ ᠲᠤᠩᠭᠠᠯᠠᠬᠬᠠᠨ ᠲᠦᠷᠦᠭᠰᠡᠨ ᠦᠵᠡᠯ ᠪᠤᠳᠤᠯ ᠠᠨᠤ ᠬᠤᠷᠴᠠ ᠲᠣᠩᠭᠤᠷᠠᠭ ᠮᠡᠲᠦ ᠠᠭᠠᠢ ᠪᠢ ᠪᠠᠷ ᠬᠠᠳᠤᠨ ᠰᠦᠨᠡᠰᠦ   ᠵᠡᠭᠦᠯᠳᠡ᠄  ᠠᠭᠠᠢ ᠭᠦᠩᠵᠦ ︵ᠶᠡᠭᠡ ᠲᠦᠯᠦᠪ 14 ᠳ᠋ᠤᠭᠡᠷ ᠵᠠᠭᠤᠨ ᠤ ᠲᠤᠮᠳᠠ ᠦᠶ᠎ᠡ ᠠᠴᠠ ᠰᠡᠭᠦᠯᠴᠢ ᠦᠶ᠎ᠡ ᠪᠤᠯᠳᠠᠯ᠎ᠠ ᠠᠮᠢᠳᠤᠷᠠᠵᠤ ᠪᠠᠶᠢᠵᠠᠢ︶ ᠪᠤᠯ ᠶᠡᠭᠡ ᠶᠤᠸᠠᠨ ᠤᠯᠤᠰ ᠤᠨ ᠰᠡᠭᠦᠯᠴᠢ ᠶᠢᠨ ᠦᠶ᠎ᠡ ᠳᠤ ᠶᠦᠨᠨᠠᠨ ᠮᠤᠵᠢ ᠶᠢ ᠵᠠᠬᠢᠷᠤᠨ ᠰᠠᠭᠤᠵᠤ ᠪᠠᠶᠢᠬᠰᠠᠨ ᠯᠢᠶᠠᠩ ᠸᠠᠩ ᠪᠠᠽᠠᠷᠸᠠᠷᠮᠢ ᠶᠢᠨ ᠦᠬᠢᠨ᠃ 1363 ᠤᠨ ᠳᠤ ᠤᠯᠠᠭᠠᠨ ᠠᠯᠴᠢᠭᠤᠷᠳᠠᠨ ᠤ ᠪᠤᠰᠤᠯᠭ᠎ᠠ ᠶᠢᠨ ᠴᠡᠷᠢᠭ ᠶᠦᠨᠨᠠᠨ ᠢ ᠲᠤᠪᠳᠤᠯᠤᠬᠰᠠᠨ᠎ᠠ᠂ ᠳ᠋ᠠᠯᠢ ᠶᠢᠨ ᠶᠢᠰᠦᠳᠦᠭᠡᠷ ᠦᠶ᠎ᠡ ᠶᠢᠨ ᠠᠮᠪᠠᠨ ᠵᠠᠬᠢᠷᠤᠬᠴᠢ ᠴᠠᠭᠠᠵᠠᠩ ᠤᠨ ᠳ᠋ᠤᠸᠠᠨ ᠭᠦᠩ ᠭᠡᠳᠡᠭ ᠲᠤᠮᠤ ᠨᠤᠶᠠᠨ ᠴᠡᠷᠢᠭ ᠲᠠᠶᠢᠴᠢᠯᠠᠨ ᠯᠢᠶᠠᠩ ᠸᠠᠩ ᠳᠤ ᠲᠤᠰᠠᠯᠠᠨ ᠪᠤᠰᠤᠯᠭ᠎ᠠ ᠶᠢᠨ ᠴᠡᠷᠢᠭ ᠢ ᠢᠯᠠᠵᠠᠢ᠃ ᠯᠢᠶᠠᠩ ᠸᠠᠩ ᠮᠠᠰᠢ ᠪᠠᠶᠠᠷᠯᠠᠵᠤ ᠦᠪᠡᠷ ᠤᠨ ᠦᠬᠢᠨ ᠠᠭᠠᠢ ᠭᠦᠩᠵᠦ ᠪᠠᠨ ᠳ᠋ᠤᠸᠠᠨ ᠭᠦᠩ ᠳᠤ ᠭᠡᠷᠭᠡᠢ ᠪᠤᠯᠭᠠᠨ ᠰᠤᠶᠤᠷᠬᠠᠵᠠᠢ᠃ ᠲᠡᠳᠡ ᠬᠤᠶᠠᠭᠤᠯᠠ ᠭᠡᠳᠦᠶᠢᠪᠡᠷ ᠤᠯᠤᠰ ᠲᠦᠷᠦ ᠶᠢᠨ ᠰᠢᠯᠳᠠᠭᠠᠨ ᠢᠶᠠᠷ ᠬᠤᠪᠢ ᠵᠠᠶᠠᠭᠠᠨ ᠤ ᠪᠠᠷᠢᠯᠳᠤᠯᠭ᠎ᠠ ᠲᠠᠢ ᠪᠤᠯᠪᠠᠴᠦ ᠬᠠᠶᠢᠷ᠎ᠠ ᠰᠡᠳᠬᠢᠯᠬᠡ ᠮᠠᠰᠢᠳᠠ ᠭᠦᠨ ᠵᠤᠵᠠᠭᠠᠨ ᠪᠠᠶᠢᠵᠤ᠂ ᠬᠤᠵᠢᠮ ᠨᠢ ᠯᠢᠶᠠᠩ ᠸᠠᠩ ᠭᠦᠷᠭᠡᠨ ᠳ᠋ᠤᠸᠠᠨ ᠭᠦᠩ ᠳᠤ ᠰᠡᠵᠢᠭ ᠲᠠᠭᠠᠪᠤᠷᠢ ᠲᠠᠢ ᠪᠤᠯᠵᠤ ᠭᠦᠨᠦᠬᠡᠬᠦ ᠰᠠᠨᠠᠭ᠎ᠠ ᠲᠦᠷᠦᠵᠦ᠂ ᠦᠬᠢᠨ ᠠᠭᠠᠢ ᠳᠤᠷ ᠲᠤᠭᠤᠰ ᠤᠨ ᠰᠦᠰᠦ ᠶᠢ ᠦᠭᠴᠦ ᠳ᠋ᠤᠸᠠᠨ ᠭᠦᠩ ᠢ ᠶᠡᠭᠦᠳᠭᠡᠯᠬᠡᠬᠦ ᠬᠡᠮᠡᠪᠡ᠃ ᠲᠤᠭᠤᠰ ᠤᠨ ᠰᠦᠰᠦ ᠬᠠᠶᠢᠷ᠎ᠠ ᠶᠢᠨ ᠭᠦᠴᠦᠨ ᠳᠤ ᠲᠡᠶᠢᠯᠳᠡᠭᠰᠡᠨ ᠴᠦ ᠪᠦᠭᠭᠦᠭᠦᠯ ᠤᠨ ᠴᠡᠷᠢᠭ ᠠᠴᠠ ᠳ᠋ᠤᠸᠠᠨ ᠭᠦᠩ ᠮᠤᠯᠳᠤᠷᠤᠨ ᠡᠰᠡ ᠴᠢᠳᠠᠪᠠ᠃ ᠠᠭᠠᠢ ᠭᠦᠩᠵᠦ ᠪᠤᠯ ᠮᠤᠩᠭᠤᠯ ᠦᠨᠳᠦᠰᠦᠳᠡᠨ ᠤ ᠲᠡᠤᠭᠡᠨ ᠳᠠᠬᠢ ᠠᠩᠬᠠᠨ ᠤ ᠢᠷᠠᠭᠤ ᠨᠠᠶᠢᠷᠠᠬᠴᠢ ᠪᠦᠰᠡᠭᠦᠢ ᠶᠤᠮ᠃ ︽ᠠᠯᠳᠠᠨ ᠪᠦᠭᠡᠵᠢ ᠶᠢᠨ ᠲᠠᠭᠤᠯᠠᠯ︾᠂ ︽ᠭᠤᠨᠢᠶᠠᠯ ᠬᠢᠯᠢᠩᠨᠡᠯ ᠤᠨ ᠰᠢᠯᠦᠭ︾ ᠵᠡᠷᠭᠡ ᠨᠡᠷᠡᠳᠦ ᠪᠦᠳᠦᠭᠡᠯ ᠪᠤᠢ᠃      
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号