ᠪᠤᠷᠤᠭᠠᠨ ᠭᠤᠶᠤᠭᠰᠠᠨ ᠰᠢᠯᠦᠭ | ᠠᠯᠳᠠᠡᠭᠠᠷᠤᠳᠢ | ᠪᠤᠭᠤᠷᠤᠯ ᠡᠵᠢ ᠳᠡᠭᠡᠨ ᠪᠤᠷᠬᠠᠨ ᠠᠴᠠ ᠨᠠᠰᠤ ᠭᠤᠶᠤᠬᠤ ᠮᠠᠳᠤ | ᠪᠤᠯᠤᠷᠬᠠᠨ ᠮᠦᠬᠦᠯᠢᠭ ᠢ ᠲᠡᠭᠷᠢ ᠠᠴᠠ ᠪᠢ ᠭᠤᠶᠤᠵᠤ ᠪᠠᠶᠢᠨ᠎ᠠ︕ | ᠪᠤᠯᠠᠭ ᠱᠠᠩᠳᠠ ᠪᠠᠷ ᠢᠶᠠᠨ ᠶᠢᠰᠤᠨ ᠲᠡᠭᠷᠢ ᠲᠠᠢ ᠨᠠᠪᠳᠠᠷᠠᠬᠦ ᠮᠠᠳᠤ | ᠪᠤᠷᠤᠭᠠᠨ ᠭᠤᠶᠤᠬᠰᠠᠨ ᠢᠷᠠᠭᠤ ᠰᠢᠯᠦᠭ ᠢᠶᠠᠨ ᠪᠢᠴᠢᠵᠤ ᠪᠠᠶᠢᠨ᠎ᠠ︕ | ᠨᠤᠳᠤᠭ ᠡᠵᠢ ᠬᠤᠶᠡᠷ ᠠᠳᠠᠯᠢᠬᠠᠨ ᠪᠠᠶᠢᠳᠠᠭ ᠢᠶᠠᠷ ᠢᠶᠠᠨ | ᠨᠤᠭᠤᠨ ᠦᠷ᠎ᠠ ᠶᠢᠨ ᠢᠶᠠᠨ ᠰᠠᠳᠬᠢᠯ ᠳᠤ ᠠᠮᠢ ᠲᠠᠢ ᠪᠠᠶᠢᠳᠠᠭ ᠢᠶᠠᠷ ᠢᠶᠠᠨ | ᠨᠤᠭᠤ ᠤᠴᠢᠬᠤ ᠡᠪᠡᠰᠤ ᠴᠡᠴᠡᠭ ᠲᠠᠢ ᠨᠢ ᠰᠠᠴᠠᠭᠤ ᠪᠠᠶᠢᠳᠠᠭ ᠢᠶᠠᠷ ᠢᠶᠠᠨ | ᠨᠤᠯᠭᠤ ᠦᠰᠤᠷᠬᠦ ᠡᠯᠡᠰᠤ ᠬᠦᠷᠤᠰᠤ ᠲᠠᠢ ᠨᠢ ᠲᠦᠰᠤᠷᠭᠡᠤ ᠪᠠᠶᠢᠳᠠᠭ ᠢᠶᠠᠷ ᠢᠶᠠᠨ | ᠠᠷᠠᠰᠤ ᠱᠠᠭᠠᠷᠠᠵᠤ᠂ ᠴᠢᠰᠤ ᠬᠠᠳᠠᠬᠤ ᠶᠢᠨ ᠵᠤᠪᠠᠯᠠᠩ ᠳᠤ | ᠨᠠᠪᠴᠢᠰ ᠰᠢᠷᠠᠯᠠᠵᠤ᠂ ᠤᠰᠤ ᠲᠤᠳᠠᠬᠤ ᠶᠢᠨ ᠭᠠᠴᠢᠯᠠᠩ ᠳᠤ | ᠠᠶᠠᠭᠠᠨ ᠤᠡᠭᠬᠤᠭᠤᠷ ᠨᠤᠳᠤᠭ ᠤᠨ ᠬᠤᠳᠤᠭᠤᠷ ᠢᠶᠠᠨ ᠲᠤᠰᠤᠩᠬᠠᠨ | ᠨᠠᠷᠠᠨ ᠲᠡᠭᠷᠢ ᠠᠴᠠ ᠶᠡᠭᠡ ᠪᠤᠷᠤᠭᠠᠨ ᠭᠤᠶᠤᠵᠤ ᠪᠠᠶᠢᠨ᠎ᠠ︕ | ᠲᠠᠷᠬᠠᠨ ᠲᠡᠭᠷᠢ ᠠᠴᠠ ᠮᠢᠨᠢ ᠮᠦᠨᠳᠤᠷ ᠴᠤᠬᠢᠯᠠᠭᠰᠠᠨ ᠴᠤ ᠭᠡᠰᠢᠭ ᠶᠤᠮ | ᠲᠠᠪᠠᠭᠠᠨ ᠤᠷᠤᠢ ᠳᠤ ᠮᠢᠨᠢ ᠲᠡᠭᠷᠢ ᠲᠤᠤᠭᠠᠷᠤᠭᠰᠠᠨ ᠴᠤ ᠲᠦᠰᠢᠭ ᠶᠤᠮ | ᠲᠠᠪᠬᠤᠷ ᠲᠠᠪᠬᠤᠷ ᠡᠬᠦᠯᠠᠨ ᠪᠤᠷᠬᠠᠳ ᠤᠨ ᠬᠤᠷᠠᠯᠳᠡᠢ ᠡ | ᠲᠠᠯᠠᠯᠭ᠎ᠠ ᠶᠢ ᠮᠢᠨᠢ ᠵᠦᠪᠰᠢᠶᠠ᠂ ᠪᠤᠷᠤᠭᠠᠨ ᠤᠷᠤᠭᠤᠯᠤᠨ ᠰᠤᠶᠤᠷᠬ᠎ᠠ︕ | ᠪᠢᠷ ᠴᠢᠬᠢᠭᠳᠦᠵᠤ᠂ ᠨᠠᠶᠢᠷᠠᠭ ᠤᠨ ᠬᠤᠷ᠎ᠠ ᠦᠨᠤᠷᠳᠤᠨᠠᠮ | ᠪᠢᠯᠢᠭ ᠨᠤᠷᠴᠤ᠂ ᠨᠢᠳᠤᠨ ᠨᠢᠯᠪᠤᠰᠤ ᠪᠦᠮᠪᠤᠷᠢᠨᠠᠮ | ᠪᠢ ᠶᠡᠭᠡ ᠯᠠ ᠰᠤᠪᠢᠡᠭ ᠮᠡᠳᠡᠳᠡᠭ ᠪᠠᠶᠢᠪᠠ ᠤᠤ | ᠪᠢᠷᠡᠩ ᠭᠡᠶᠢᠷᠡᠩ ᠠᠯᠤᠰ ᠤᠨ ᠪᠤᠷᠤᠭᠠᠨ ᠴᠠᠶᠢᠷᠠᠨᠠᠨᠠᠮ | ᠭᠠᠨᠭ᠍ᠰᠠ ᠨᠢ ᠬᠦᠭᠡᠷᠴᠤ ᠠᠪᠤ ᠪᠤᠷᠤᠭᠠᠨ ᠲᠠᠢ ᠭᠡᠨ᠎ᠠ ᠯᠠ | ᠭᠠᠨᠭ᠌ ᠬᠦᠯᠤᠰᠤᠷᠠᠵᠤ ᠡᠵᠢ ᠬᠤᠷ᠎ᠠ ᠲᠠᠢ ᠯᠠ ᠭᠡᠨ᠎ᠠ | ᠭᠡᠳᠠ ᠴᠠᠬᠢᠭᠤᠷ ᠢᠶᠠᠨ ᠤᠭᠳᠠᠷᠭᠤᠢ ᠶᠢᠨ ᠬᠠᠶᠠᠭᠠᠨ ᠳᠤ ᠬᠠᠪᠢᠷᠴᠤ | ᠭᠡᠭᠡᠷ᠎ᠠ ᠶᠢᠨ ᠡᠬᠦᠯᠠᠨ ᠤ ᠠᠶᠠᠨ ᠤ ᠲᠠᠷᠭᠡ ᠲᠦᠷᠣᠶᠢᠬᠢᠨᠠᠬᠦ ᠤᠤ︖ | ᠨᠠᠷᠠᠨ ᠤ ᠪᠤᠳᠤᠭ ᠢᠶᠠᠷ ᠴᠠᠮᠴᠠ ᠨᠤᠷᠭᠠᠨ ᠰᠤᠶᠤᠷᠬ᠎ᠠ | ᠨᠠᠰᠤᠨ ᠤ ᠨᠤᠳᠤᠭ ᠢᠶᠠᠷ ᠴᠠᠶᠢᠦᠵᠠ ᠨᠤᠷᠭᠠᠨ ᠰᠤᠶᠤᠷᠬ᠎ᠠ | ᠪᠤᠷᠤᠭᠠᠨ ᠵᠦᠰᠠᠷᠠᠵᠤ ᠪᠠᠯᠴᠢᠭᠡᠷ ᠰᠠᠷᠬᠦᠭᠡᠨ ᠰᠤᠶᠤᠷᠬ᠎ᠠ | ᠪᠤᠷᠬᠠᠨ᠂ ᠰᠢᠯᠦᠭᠴᠢ ᠶᠢᠨ ᠬᠡᠯᠡᠯᠴᠡᠭᠡᠷ ᠱᠦᠷᠬᠦᠭᠡᠨ ᠰᠤᠶᠤᠷᠬ᠎ᠠ | ᠠᠪᠢᠶᠠᠨ ᠪᠤᠷᠤᠭᠠᠨ ᠢᠷᠠᠭᠤ ᠨᠠᠶᠢᠷᠠᠭ ᠲᠤ ᠲᠦᠬᠦᠷᠤᠯᠳᠡᠭ ᠶᠤᠮ | ᠠᠵᠢᠷᠭᠠᠨ ᠪᠤᠷᠤᠭᠠᠨ ᠬᠤᠶᠢᠨ᠎ᠠ ᠠᠴᠠ ᠨᠢ ᠴᠠᠶᠢᠷᠠᠵᠤ ᠲᠦᠴᠢᠬᠢᠨᠠᠳᠡᠭ ᠶᠤᠮ | ᠲᠤᠭᠰᠢᠨ ᠪᠤᠷᠤᠭᠠᠨ ᠨᠠᠶᠢᠷ ᠤᠨ ᠪᠦᠭᠡ ᠶᠢ ᠰᠠᠯᠭᠠᠵᠤ | ᠲᠤᠯᠤᠭᠠᠨ ᠪᠤᠷᠬᠠᠨ ᠨᠠᠶᠢᠵᠠ ᠶᠢᠨ ᠦᠷᠬᠦᠭᠡ ᠳᠤ ᠰᠠᠭᠠᠳᠠᠬᠤᠢ | ᠴᠢᠯᠤᠭᠡ ᠲᠠᠯᠪᠢᠬᠰᠠᠨ ᠮᠠᠳᠤ ᠶᠡᠭᠡ ᠪᠤᠷᠤᠭᠠᠨ ᠰᠠᠨᠠᠭᠳᠠᠵᠤ | ᠴᠢᠯᠡᠭᠡ ᠭᠠᠷᠤᠭᠰᠠᠨ ᠮᠠᠳᠤ ᠪᠤᠳᠤᠯ ᠤᠨ ᠤᠭᠳᠠᠷᠭᠤᠢ ᠰᠠᠷᠠᠭᠤᠯ︕ | ᠴᠢᠮᠡᠭᠡ ᠶᠢ ᠨᠢ ᠰᠤᠨᠤᠰᠬᠤ ᠳᠤ ᠴᠤ ᠪᠤᠷᠤᠭᠠᠨ ᠤ ᠲᠤᠰᠤᠯᠬᠤ ᠰᠠᠶᠢᠬᠠᠨ | ᠴᠡᠩᠭᠡᠷ ᠰᠠᠭᠤᠯᠠᠭ᠎ᠠ ᠲᠡᠭᠷᠢ ᠶᠢᠨ ᠪᠦᠮᠪᠤᠷ ᠮᠠᠳᠤ ᠰᠤᠳᠤᠬᠠᠨ︕ | ᠰᠢᠯ ᠭᠡᠭᠡᠪᠴᠢ ᠤᠰᠤᠨ ᠨᠢᠳᠤᠯᠠᠵᠤ ᠮᠠᠯᠮᠠᠷᠠᠨ | ᠰᠢᠯᠦᠭ ᠢᠶᠠᠷ ᠭᠤᠶᠤᠭᠰᠠᠨ ᠢᠷᠠᠭᠤ ᠪᠤᠷᠤᠭᠠᠨ ᠳᠤ ᠤᠶᠠᠷᠠᠭᠤᠬᠠᠨ | ᠰᠢᠯᠢ ᠶᠢᠨ ᠴᠡᠴᠡᠭᠡᠰ ᠲᠡᠭᠷᠢ ᠶᠢᠨ ᠴᠠᠭ ᠢ ᠤᠯᠤᠨ | ᠰᠢᠨ᠎ᠠ ᠰᠠᠳᠬᠢᠮᠵᠢ ᠤᠳᠤᠳ ᠠᠴᠠ ᠲᠤᠴᠢᠬᠢᠨᠠᠬᠤᠶᠠ ᠤᠷᠠᠨ︕ | 2020.6.18 | | | | | | | |