ᠬᠠᠳᠤᠨ ᠰᠦᠨᠡᠰᠦ ᠂ ᠵᠢᠷᠭᠤᠳᠤᠭᠠᠷ ᠪᠦᠯᠦᠭ᠂ ᠨᠢᠭᠡᠳᠦᠭᠡᠷ ᠬᠡᠰᠡᠭ
ᠨᠡᠶᠢᠲᠡᠯᠡᠭᠰᠡᠨ ᠴᠠᠭ᠄
2020-06-19
ᠵᠢᠷᠭᠤᠳᠤᠭᠠᠷ ᠪᠦᠯᠦᠭ         ᠤᠷᠭᠠᠨ᠎ᠠ  ᠬᠠᠳᠤᠨᠬᠠᠷ᠎ᠠ ᠦᠯᠡᠬᠦ ᠨᠡᠷᠡᠳᠦ ᠬᠠᠨᠢ ᠮᠢᠨᠢ ᠴᠠᠭᠠᠳᠠᠢ ᠲᠡᠭᠡᠳᠦᠰ ᠤᠨ ᠮᠡᠷᠭᠡᠨ ᠤᠮᠪᠤᠯᠤ ᠪᠣᠯᠠᠢ         ᠬᠠᠭᠠᠨ ᠤᠷᠤ ᠬᠤᠭᠤᠰᠤᠷᠤᠬᠰᠠᠨ ᠴᠦ ᠬᠠᠳᠤᠨ ᠤᠷᠭᠠᠨ᠎ᠠ ᠪᠢ ᠤᠷᠤᠯᠠᠨ ᠭᠦᠢᠴᠡᠳᠭᠡᠶᠦ         ᠴᠠᠭ ᠲᠦᠷᠦ ᠶᠢᠨ ᠬᠦᠴᠦᠲᠦ ᠰᠢᠭᠤᠷᠭ᠎ᠠ ᠶᠢ ᠤᠶᠠᠨ ᠬᠠᠳᠠᠨ ᠢᠶᠠᠷ ᠰᠦᠷᠴᠦᠴᠡᠷᠢᠭ ᠤᠨ ᠶᠠᠪᠤᠳᠠᠯ ᠤᠯᠤᠰ ᠲᠦᠷᠦ ᠠᠯᠢᠨ ᠳᠤ ᠨᠢ ᠴᠦ ᠦᠯᠦ ᠬᠤᠴᠣᠷᠣᠮᠣᠢᠠᠷᠪᠠᠨ ᠵᠢᠯ ᠲᠦᠷᠦ ᠪᠠᠷᠢᠬᠤ ᠶᠢ ᠠᠮᠠᠳᠠᠭᠠᠳ ᠬᠡᠯᠡᠬᠦᠶ᠎ᠡ ᠶᠠᠭᠤᠳᠠᠢ ᠬᠢᠯᠪᠠᠷ      ᠠᠷᠤᠤᠬᠠᠨ ᠡᠷᠳᠡᠮ ᠠᠭᠤᠤᠴᠢ ᠬᠠᠷᠠᠭ᠎ᠠ ᠪᠠᠷ ᠴᠠᠭᠠᠳᠠᠢ ᠬᠠᠨᠳᠦ ᠤᠯᠤᠰ ᠢᠶᠠᠨ ᠬᠡᠶᠢᠬᠦᠯᠪᠡᠢ          ᠪᠦᠰᠡᠭᠦᠢ ᠵᠠᠶᠠᠭ᠎ᠠ ᠪᠠᠨ ᠡᠪᠡᠶᠢᠯᠡᠨ ᠡᠷᠬᠦᠵᠦ         ᠪᠦᠳᠦᠨ ᠭᠦᠷᠦᠨ ᠢᠶᠠᠨ ᠴᠢᠳᠠᠮᠠᠭᠠᠢ ᠡᠵᠡᠮᠰᠢᠭᠰᠡᠨ         ᠤᠷᠭᠠᠨ᠎ᠠ ᠪᠢ ᠪᠠᠷ ᠬᠠᠳᠤᠨ ᠰᠦᠨᠡᠰᠦ         ᠵᠡᠭᠦᠯᠳᠡ᠄ ᠤᠷᠭᠠᠨ᠎ᠠ ᠬᠠᠳᠤᠨ ︵ᠤᠷᠬᠢᠨᠠ ᠴᠦ ᠭᠡᠳᠡᠭ︶ ᠪᠤᠯ ᠤᠢ ᠶᠢᠨ ᠢᠷᠭᠡᠳ ᠤᠨ ᠠᠬᠠᠯᠠᠬᠴᠢ ᠲᠦᠷᠦᠯᠴᠢ ᠪᠤᠯᠤᠨ ᠴᠢᠩᠬᠢᠰ ᠬᠠᠭᠠᠨ ᠤ ᠬᠤᠶᠠᠳᠤᠭᠠᠷ ᠦᠬᠢᠨ ᠴᠡᠴᠡᠶᠢᠬᠡᠨ ᠭᠦᠩᠵᠦ ᠶᠢᠨ ᠦᠬᠢᠨ᠂ ᠴᠠᠭᠠᠳᠠᠢ ᠬᠠᠨᠯᠢᠭ ᠤᠯᠤᠰ  ᠤᠨ ᠴᠠᠭᠠᠳᠠᠢ ᠬᠠᠨ ᠤ ᠠᠴᠢ ᠮᠤᠳᠤᠭᠠᠨ ᠤ ᠭᠦᠪᠡᠬᠦᠨ ᠬᠠᠷ᠎ᠠ ᠦᠯᠡᠬᠦ ︵ᠬᠠᠷ᠎ᠠ ᠭᠦᠯᠦᠭ ᠴᠦ ᠭᠡᠳᠡᠭ︶   ᠶᠢᠨ ᠲᠡᠷᠢᠬᠦᠨ ᠬᠠᠳᠤᠨ ᠶᠤᠮ᠃  ᠲᠡᠷᠡ ᠪᠠᠷ ᠲᠦᠷᠦᠯᠬᠢ ᠰᠡᠴᠡᠨ ᠰᠡᠷᠭᠦᠯᠡᠩ ᠮᠦᠷᠳᠡᠭᠡᠨ ᠭᠦᠨ ᠪᠤᠳᠤᠯᠭ᠎ᠠ ᠲᠠᠢ᠂ ᠠᠭᠤᠳᠠᠮᠴᠢ ᠪᠠᠭᠳᠠᠭᠠᠮᠵᠢᠳᠠᠢ ᠮᠦᠷᠳᠡᠭᠡᠨ ᠤᠬᠠᠭᠠᠨ ᠴᠢᠳᠠᠯ ᠦᠩᠭᠡ ᠵᠢᠰᠦ ᠪᠦᠷᠢᠳᠦᠭᠰᠡᠨ ᠨᠢᠬᠡᠨ᠃  ᠰᠢᠶᠠᠨᠽᠦ᠋ᠩ ᠮᠦᠩᠬᠡ ᠬᠠᠭᠠᠨ ᠤ ᠠᠩᠬᠠᠨ ᠤ ᠤᠨ ︵1251 ᠤᠨ︶ ᠳᠤ ᠬᠠᠷ᠎ᠠ ᠦᠯᠡᠬᠦ ᠨᠠᠰᠦ ᠪᠠᠷᠠᠬᠰᠠᠨ ᠤ ᠲᠠᠷᠠᠭ᠎ᠠ ᠤᠷᠭᠠᠨ᠎ᠠ ᠬᠠᠳᠤᠨ ᠴᠠᠭᠠᠳᠠᠢ ᠬᠠᠨᠳᠦ ᠤᠯᠤᠰ ᠤᠨ ᠲᠦᠷᠦ ᠪᠠᠷᠢᠵᠤ᠂ 1261 ᠤᠨ ᠪᠤᠯᠳᠠᠯ᠎ᠠ ᠨᠠᠰᠤᠨ ᠪᠠᠭ᠎ᠠ ᠬᠠᠨ ᠭᠦᠪᠡᠬᠦᠨ ᠮᠤᠪᠠᠷᠧᠺ ᠱᠠ ᠳᠤ ᠲᠤᠰᠠᠯᠠᠨ ᠲᠦᠷᠦ ᠶᠢᠨ ᠭᠡᠷᠡᠭ ᠢ ᠲᠦᠷ ᠮᠡᠳᠡᠵᠦ᠂  ᠠᠷᠪᠠᠨ ᠵᠢᠯ ᠤᠨ ᠬᠤᠭᠤᠴᠠᠭᠠᠨ᠎ᠠ ᠴᠠᠭᠠᠳᠠᠢ ᠶᠢᠨ ᠦᠷ᠎ᠡ ᠤᠬᠰᠠᠭᠠᠨ ᠤ ᠲᠤᠳᠤᠭᠠᠳᠤᠬᠢ ᠬᠤᠷᠴᠠ ᠰᠢᠷᠦᠬᠦᠨ ᠵᠦᠷᠢᠴᠡᠯ ᠮᠦᠷᠭᠦᠯᠳᠦᠬᠡᠨ ᠢ ᠠᠯᠢ ᠴᠢᠳᠠᠬᠤ ᠪᠠᠷ ᠭᠤᠤᠯᠴᠢ ᠪᠠᠷ ᠰᠢᠢᠳᠪᠦᠷᠢᠯᠡᠨ ᠨᠠᠮᠳᠠᠭᠤᠯᠵᠤ᠂ ᠲᠦᠷᠦ ᠶᠢ ᠲᠦᠪᠰᠢᠨ ᠲᠦᠮᠡᠨ ᠢᠶᠠᠨ ᠠᠮᠤᠭᠤᠯᠠᠩ ᠠᠪᠴᠦ ᠶᠠᠪᠤᠵᠤ ᠴᠢᠳᠠᠬᠰᠠᠨ ᠶᠤᠮ᠃ ᠬᠤᠵᠢᠮ ᠨᠢ ᠬᠤᠪᠢᠯᠠᠢ ᠪᠤᠯᠤᠨ ᠠᠷᠢᠬᠪᠦ᠋ᠬᠡ ᠶᠢᠨ ᠲᠤᠳᠤᠭᠠᠳᠦ ᠶᠢᠨ ᠲᠡᠮᠡᠴᠡᠯ ᠳᠤ ᠬᠤᠯᠪᠤᠬᠳᠠᠨ ᠴᠡᠷᠢᠭ ᠵᠠᠰᠠᠭ ᠤᠨ ᠦᠢᠯᠡ ᠳᠤ ᠢᠯᠠᠬᠳᠠᠵᠠᠢ᠃  ᠰᠡᠩᠭᠡᠷᠡ ᠭᠦᠩᠵᠦ   ᠬᠠᠭᠠᠨ ᠤᠬᠰᠠᠭᠠᠨ ᠤ ᠭᠦᠨ ᠤᠷᠳᠤᠨ᠎ᠠ ᠡᠷᠭᠡ ᠲᠠᠩᠬᠢ ᠦᠰᠴᠦ ᠪᠢᠯᠡᠬᠠᠳᠠᠭᠠᠯᠠᠬᠤ ᠰᠤᠨᠢᠷᠬᠠᠬᠤ ᠵᠢᠷᠤᠬᠯᠠᠬᠤᠢ ᠠᠪᠢᠶᠠᠰ ᠠᠨᠤ ᠵᠤᠯᠠ ᠶᠢᠨ ᠭᠡᠷᠡᠯ ᠮᠡᠳᠦ ᠴᠡᠴᠡᠭᠯᠡᠮᠤᠢᠭᠠᠴᠢᠶᠠᠯ ᠶᠡᠭᠡ ᠲᠠᠢ ᠵᠠᠯᠠᠭᠤ ᠨᠠᠰᠤᠨ ᠠᠴᠠ ᠪᠠᠨ ᠬᠠᠭᠠᠴᠠᠯ ᠤᠨ ᠭᠤᠨᠢᠶᠠᠯ ᠢ ᠡᠳ᠋ᠯᠡᠭᠰᠡᠨ ᠴᠦᠭᠠᠶᠢᠬᠠᠯᠳᠠᠢ ᠤᠷᠠᠨ ᠮᠡᠳᠡᠷᠡᠮᠵᠢ ᠪᠠᠷ ᠪᠢᠴᠢᠭ ᠵᠢᠷᠤᠭ ᠯᠤᠭ᠎ᠠ ᠠᠮᠠᠷᠠᠬᠯᠠᠮᠤᠢᠲᠢᠶᠠᠨ ᠴᠢᠨ ᠰᠦᠮ᠎ᠡ ᠳᠤᠷ ᠮᠡᠷᠭᠡᠳ ᠢ ᠤᠷᠢᠵᠤ ᠪᠢᠯᠢᠭ ᠤᠨ ᠡᠭᠦᠯᠡᠰ ᠬᠤᠷᠠᠯᠳᠤᠬᠤᠶ᠎ᠠᠲᠠᠰᠤᠷᠬᠠᠢ ᠤᠷᠠᠨ ᠦᠬᠡ ᠰᠢᠯᠦᠭ ᠰᠤᠪᠤᠳ ᠤᠨ ᠮᠦᠭᠦᠯᠢᠭ ᠮᠡᠳᠦ ᠬᠡᠯᠬᠢᠯᠳᠤᠮᠤᠢ ᠪᠢᠷ ᠪᠡᠭᠡᠰ ᠤᠨ ᠭᠦᠢᠬᠡᠨ ᠪᠤᠳᠤᠭ ᠢᠶᠠᠷ ᠤᠬᠠᠭᠠᠨ ᠤ ᠬᠠᠷᠠᠩᠭᠤᠢ ᠶᠢ ᠬᠡᠭᠡᠳᠭᠡᠨ ᠪᠤᠳᠤᠯ ᠰᠡᠳᠬᠢᠯ ᠤᠨ ᠨᠢᠭᠤᠴᠠᠬᠠᠢ ᠦᠩᠬᠡ ᠪᠠᠷ ᠪᠦᠰᠡᠭᠦᠢ ᠵᠠᠶᠠᠭ᠎ᠠ ᠪᠠᠨ ᠴᠢᠮᠡᠭᠯᠡᠮᠤᠢ ᠰᠡᠩᠭᠡᠷᠡ ᠪᠢ ᠪᠠᠷ ᠬᠠᠳᠤᠨ ᠰᠦᠨᠡᠰᠦ ᠵᠡᠭᠦᠯᠳᠡ᠄ ᠰᠡᠩᠭᠡᠷᠡ ︵1283 —1337︶  ᠭᠦᠩᠵᠦ ᠪᠤᠯ ᠬᠤᠪᠢᠯᠠᠢ ᠰᠡᠴᠡᠨ ᠬᠠᠭᠠᠨ ᠤ ᠤᠮᠪᠤᠯᠤ ᠲᠠᠷᠠᠮᠪᠠᠯᠠ ᠬᠠᠭᠠᠨ ᠤ ᠦᠬᠢᠨ᠂ ᠡᠬᠡ ᠨᠢ ᠳ᠋ᠠᠵᠢ ᠬᠠᠳᠤᠨ᠃ ᠪᠠᠰᠠ ᠱᠡᠩᠬᠡᠯᠵᠢ᠂ ᠰᠡᠩᠬᠡ ᠬᠡᠵᠦ ᠪᠢᠴᠢᠳᠡᠭ᠃ ᠠᠬ᠎ᠠ ᠬᠠᠶᠢᠰᠠᠩ ᠬᠦᠯᠦᠭ ᠬᠠᠭᠠᠨ ᠪᠤᠯᠤᠨ ᠲᠡᠭᠦᠦ ᠠᠶᠤᠷᠪᠠᠷᠪᠠᠳᠠ ᠪᠤᠶᠠᠨᠳᠦ ᠬᠠᠭᠠᠨ ᠤ ᠦᠮᠦᠭ ᠲᠦᠰᠢᠭ ᠲᠤᠤᠷ᠎ᠠ ᠵᠤᠯ ᠵᠢᠷᠭᠠᠯᠳᠠᠢ ᠨᠢᠬᠡᠨ ᠨᠠᠰᠦ ᠶᠢ ᠦᠩᠭᠡᠷᠡᠭᠡᠵᠡᠢ᠃ ᠪᠢᠴᠢᠬᠠᠨ ᠠᠴᠠ ᠠᠪᠬᠠᠯᠵᠢ ᠰᠡᠷᠭᠦᠯᠡᠩ᠂ ᠪᠢᠯᠢᠭ ᠲᠡᠭᠦᠰ ᠪᠠᠶᠢᠵᠤ᠂ ᠪᠢᠴᠢᠭ ᠵᠢᠷᠤᠭ ᠬᠤᠷᠢᠶᠠᠵᠤ ᠬᠠᠳᠠᠭᠠᠯᠠᠬᠤ᠂ ᠤᠳᠬ᠎ᠠ ᠤᠶᠠᠩᠭ᠎ᠠ ᠤᠷᠠᠯᠠᠨ ᠰᠡᠳᠬᠢᠬᠦ᠂ ᠡᠷᠳᠡᠮᠳᠡᠨ ᠮᠡᠷᠭᠡᠳ ᠲᠠᠢ ᠲᠠᠨᠢᠯᠴᠠᠨ ᠨᠠᠶᠢᠵᠠᠯᠠᠬᠤ ᠪᠠᠷ ᠤᠷᠮᠠᠰ ᠦᠢᠯᠡ ᠪᠤᠯᠭᠠᠵᠤᠬᠤᠢ᠃ ᠲᠡᠭᠦᠨ ᠤ ᠨᠦᠭᠡᠴᠡᠯᠡᠨ ᠬᠠᠳᠠᠭᠠᠯᠠᠬᠰᠠᠨ ᠤᠷᠠᠨ ᠪᠢᠴᠢᠯᠬᠡ ᠪᠤᠯᠤᠨ ᠤᠷᠠᠨ ᠵᠢᠷᠤᠭ ᠨᠢ ᠬᠠᠷᠢ ᠤᠶᠢᠷ᠎ᠠ ᠶᠢᠨ ᠭᠦᠮᠦᠰ ᠤᠨ ᠰᠡᠳᠬᠢᠯ ᠢ ᠰᠤᠷᠢᠨᠵᠢᠳᠠᠬᠤ ᠤᠷᠠᠯᠢᠭ ᠤᠨ ᠰᠠᠩ ᠪᠤᠯᠵᠠᠢ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号