ᠦᠯᠵᠡᠶᠢᠳᠦ ᠭᠤᠸ᠎ᠠ ᠬᠠᠳᠤᠨ | ᠡᠷᠬᠢᠬᠦᠦ ᠬᠠᠭᠠᠨ ᠡᠯᠪᠡᠭ ᠴᠢ ᠵᠦᠨᠦᠬᠦ ᠶᠢᠨ ᠮᠠᠭᠤ ᠪᠠᠷ ᠵᠦᠨᠦᠵᠦ ᠳ᠋ᠡ | ᠵᠠᠯᠢᠬᠠᠢ ᠲᠦᠰᠢᠮᠡᠯ ᠳᠤ ᠪᠠᠴᠢᠯᠠᠬᠳᠠᠨ ᠲᠦᠷᠦᠭᠰᠡᠨ ᠲᠡᠭᠦᠦ ᠪᠠᠨ ᠭᠦᠨᠦᠭᠡᠯᠦᠬᠡ | ᠦᠵᠡᠰᠭᠦᠯᠡᠩᠳᠦ ᠡᠭᠡᠨᠡᠷ ᠪᠦᠬᠦᠨ ᠬᠠᠭᠠᠨ ᠢᠪᠡᠭᠡᠯ ᠳᠤ ᠴᠢᠨᠢ ᠲᠤᠷᠠᠯᠠᠬᠤ ᠴᠦ ᠪᠢᠰᠢ ᠳ᠋ᠡ | ᠦᠰᠢᠶᠡᠳᠡᠨ ᠤ ᠠᠷᠠᠰᠦ ᠶᠢ ᠦᠪᠴᠢᠬᠡᠳ ᠤᠷᠬᠢᠯᠬᠤ ᠴᠢᠰᠦ ᠶᠢ ᠴᠢᠨᠢ ᠪᠠᠯᠭᠤᠭᠰᠠᠨ ᠪᠦᠯᠦᠭᠡ | ᠬᠠᠷᠬᠤᠴᠠᠭ ᠲᠦᠭᠦᠷᠡᠩ ᠬᠠᠨᠢ ᠶᠢᠨ ᠢᠶᠠᠨ ᠦᠰᠢᠶ᠎ᠡ ᠶᠢ ᠠᠪᠤᠭᠠᠳ ᠲᠠᠶᠢᠪᠤᠰᠢᠷᠠᠪᠠ | ᠬᠠᠷᠠᠩᠭᠤᠢ ᠬᠠᠭᠠᠨ ᠤ ᠰᠠᠪᠠᠷ ᠠᠴᠠ ᠤᠳᠤᠬᠠᠨ ᠪᠢ ᠮᠤᠯᠳᠤᠷᠠᠨᠠᠮ | ᠬᠠᠭᠠᠳ ᠤᠨ ᠲᠤᠮᠳᠠ ᠤᠯᠵᠠᠯᠳᠤᠬᠰᠠᠨ | ᠬᠠᠷᠢ ᠶᠢᠨ ᠰᠤᠯᠤᠩᠭᠤᠰ ᠴᠢᠰᠦᠳᠦ | ᠦᠯᠵᠡᠶᠢᠳᠦ ᠭᠤᠸ᠎ᠠ ᠪᠠᠷ ᠪᠢ ᠬᠠᠳᠤᠨ ᠰᠦᠨᠡᠰᠦ | | | ᠵᠡᠭᠦᠯᠳᠡ᠄ ᠦᠯᠵᠡᠶᠢᠳᠦ ᠭᠤᠸ᠎ᠠ ᠪᠢᠢᠵᠢ ᠬᠠᠳᠤᠨ ︵ᠪᠠᠰᠠ ᠦᠯᠵᠡᠶᠢᠳᠦ ᠬᠤᠩ ᠭᠤᠸ᠎ᠠ ᠪᠢᠢᠵᠢ ᠬᠠᠳᠤᠨ ᠪᠤᠶᠤ | ᠦᠯᠵᠡᠶᠢᠳᠦ ᠭᠤᠸ᠎ᠠ ᠪᠢᠬᠢᠶᠡᠴᠢ ᠬᠠᠳᠤᠨ ᠭᠡᠵᠦ ᠲᠡᠮᠳᠡᠭᠯᠡᠭᠰᠡᠨ ᠪᠠᠶᠢᠳᠠᠭ᠂ ᠶᠡᠭᠡ ᠲᠦᠯᠦᠪ 14 ᠳ᠋ᠤᠭᠡᠷ ᠵᠠᠭᠤᠨ | ᠰᠡᠭᠦᠯᠴᠢ ᠦᠶ᠎ᠡ ᠠᠴᠠ 15 ᠳ᠋ᠤᠭᠠᠷ ᠵᠠᠭᠤᠨ ᠤ ᠲᠤᠮᠳᠠ ᠦᠶ᠎ᠡ ᠪᠠᠷ ᠠᠮᠢᠳᠤᠷᠠᠵᠤ ᠪᠠᠶᠢᠪᠠ︶ ᠪᠤᠯ ᠤᠮᠠᠷᠠᠳᠦ | ᠶᠤᠸᠠᠨ ᠤᠯᠤᠰ ᠤᠨ ᠡᠯᠪᠡᠭ ᠨᠢᠭᠦᠯᠡᠰᠦᠭᠴᠢ ᠬᠠᠭᠠᠨ ᠤ ᠲᠡᠭᠦᠦ ᠬᠠᠷᠭᠤᠴᠠᠭ ᠲᠦᠭᠦᠷᠡᠩ ᠲᠡᠮᠦᠷ ᠬᠤᠩ ᠲᠠᠶᠢᠵᠢ | ᠶᠢᠨ ᠬᠠᠳᠤᠨ ᠶᠤᠮ᠃ ᠲᠡᠷᠡ ᠪᠠᠷ ᠤᠯᠠᠨ ᠠᠴᠠ ᠲᠠᠰᠤᠷᠬᠠᠢ ᠮᠠᠰᠢᠳᠠ ᠭᠤᠸ᠎ᠠ ᠦᠵᠡᠰᠭᠦᠯᠡᠩ ᠲᠦᠷᠦᠭᠰᠡᠨ | ᠮᠦᠷᠳᠡᠭᠡᠨ ᠮᠡᠷᠭᠡᠨ ᠤᠬᠠᠭᠠᠨ ᠲᠠᠢ᠃ ᠡᠯᠪᠡᠭ ᠨᠢᠭᠦᠯᠡᠰᠦᠭᠴᠢ ᠬᠠᠭᠠᠨ᠂ ᠵᠢᠰᠦᠷ ᠰᠠᠶᠢᠳ ᠬᠤᠤᠬᠠᠢ ᠲᠠᠶᠤᠤ ᠶᠢᠨ | ᠦᠬᠡ ᠪᠠᠷ ᠲᠡᠭᠦᠦ ᠬᠠᠷᠭᠤᠴᠠᠭ ᠲᠦᠭᠦᠷᠡᠩ ᠲᠡᠮᠦᠷ ᠬᠤᠩ ᠲᠠᠶᠢᠵᠢ ᠶᠢ ᠭᠦᠨᠦᠬᠡᠨ ᠬᠠᠳᠤᠨ ᠢ ᠨᠢ ᠡᠵᠡᠯᠡᠨ ᠰᠠᠭᠤᠪᠠ | ᠃ ᠦᠯᠵᠡᠶᠢᠳᠦ ᠭᠤᠸ᠎ᠠ ᠪᠢᠢᠵᠢ ᠤᠷᠠᠨ ᠠᠷᠭ᠎ᠠ ᠪᠠᠷ ᠡᠯᠪᠡᠭ ᠨᠢᠭᠦᠯᠡᠰᠦᠭᠴᠢ ᠬᠠᠭᠠᠨ ᠪᠤᠯᠤᠨ ᠬᠤᠤᠬᠠᠢ ᠲᠠᠶᠤᠤ | ᠠᠴᠠ ᠦᠰᠢᠶ᠎ᠠ ᠪᠠᠨ ᠠᠪᠴᠦ ᠲᠡᠶᠢᠯᠦᠭᠰᠡᠨ ᠪᠤᠯᠪᠠᠴᠦ᠂ ᠬᠠᠭᠠᠳ ᠤᠨ ᠲᠤᠮᠳᠠ ᠤᠯᠵᠠᠯᠳᠤᠬᠰᠠᠨ ᠭᠦᠭᠡᠷᠦᠬᠦᠢ ᠨᠢᠬᠡᠨ | ᠪᠦᠯᠦᠭᠡ᠃ | | | | | | ᠰᠠᠮᠤᠷ ᠭᠦᠩᠵᠦ | ᠤᠮᠠᠷᠠᠳᠦ ᠶᠤᠸᠠᠨ ᠤ ᠲᠤᠳᠤᠭᠠᠳᠦ ᠤᠷᠳᠤᠨ᠎ᠠ ᠡᠷᠬᠢᠮ ᠲᠠᠩᠰᠤᠭ ᠦᠰᠦᠭᠰᠡᠨ ᠪᠦᠯᠦᠭᠡ | ᠤᠷᠤᠭ᠎ᠠ ᠪᠤᠰᠬᠠᠭ᠎ᠠ ᠤᠷᠪᠠᠭᠠᠨ ᠭᠦᠷᠪᠡᠭᠡᠨ ᠳᠤ ᠦᠬᠢᠨ ᠵᠠᠶᠠᠭ᠎ᠠ ᠪᠠᠨ ᠵᠣᠯᠢᠶᠠᠰᠤᠯᠠᠪᠠᠢ | ᠤᠯᠤᠰ ᠲᠦᠷᠦ ᠳᠤ ᠭᠡᠤᠭᠡᠨ ᠢᠶᠠᠨ ᠪᠠᠷᠢᠴᠠᠭᠠᠯᠠᠬᠤ ᠳᠤ ᠬᠠᠭᠠᠨ ᠡᠴᠢᠬᠡ ᠮᠢᠨᠢ ᠡᠷᠡᠭᠡᠯᠵᠡᠭᠰᠡᠨ ᠪᠣᠯᠪᠠ ᠦᠦ | ᠦᠰᠢᠯ ᠬᠢᠰᠠᠯ ᠤᠨ ᠡᠷᠬᠢᠬᠦᠦ ᠴᠠᠯᠮ᠎ᠠ ᠪᠡᠶ᠎ᠡ ᠶᠢ ᠴᠢᠨᠢ ᠤᠷᠢᠶᠠᠬᠤ ᠶᠢ ᠭᠡᠨ ᠮᠡᠳᠡᠵᠢᠮ | ᠡᠭᠡᠨᠡᠷ ᠭᠦᠮᠦᠨ ᠤ ᠡᠩᠰᠡᠷᠡᠯ ᠢ ᠪᠠᠳᠤᠯᠠ ᠴᠢᠩᠰᠠᠩ ᠠᠴᠠ ᠬᠠᠨᠳᠠᠯ᠎ᠠ ᠡᠳ᠋ᠯᠡᠵᠦ | ᠡᠭᠡ ᠭᠦᠮᠦᠨ ᠤ ᠰᠢᠨᠠᠯᠣᠩ ᠢ ᠦᠷ᠎ᠡ ᠲᠤᠭᠤᠭᠠᠨ ᠠᠴᠠ ᠦᠮᠦᠷᠡᠳᠡᠯᠡ ᠠᠮᠰᠠᠯᠤᠭᠠ | ᠪᠤᠷᠵᠢᠬᠢᠨ ᠣᠪᠣᠭ ᠤᠨ ᠤᠭ ᠤᠳᠤᠮ ᠢ ᠦᠯᠡᠳᠡᠭᠡᠬᠦ ᠶᠢᠨ ᠲᠥᠯᠥᠭᠡᠨ᠎ᠡ | ᠪᠤᠯᠬᠤ ᠵᠢᠨᠤᠩ ᠪᠠᠶᠠᠨᠮᠦ᠋ᠩᠬᠡ ᠶᠢ ᠤᠬᠠᠭᠠᠨ ᠢᠶᠠᠨ ᠰᠢᠪᠬᠠᠨ ᠨᠢᠭᠤᠴᠠᠯᠠᠭᠰᠠᠨ | ᠰᠠᠮᠤᠷ ᠪᠢ ᠪᠠᠷ ᠬᠠᠳᠤᠨ ᠰᠦᠨᠡᠰᠦ | ᠵᠡᠭᠦᠯᠳᠡ᠄ ᠰᠠᠮᠤᠷ ᠭᠦᠩᠵᠦ ︵ᠶᠡᠭᠡ ᠲᠦᠯᠦᠪ 14 ᠳ᠋ᠤᠭᠡᠷ ᠵᠠᠭᠤᠨ ᠤ ᠨᠠᠶᠠᠭᠠᠳ ᠤᠨ ᠠᠴᠠ 15 ᠳ᠋ᠤᠭᠠᠷ ᠵᠠᠭᠤᠨ | ᠤ ᠲᠤᠮᠳᠠ ᠦᠶ᠎ᠡ ᠪᠤᠯᠳᠠᠯ᠎ᠠ ᠠᠮᠢᠳᠤᠷᠠᠵᠤ ᠪᠠᠶᠢᠵᠠᠢ︶ ᠪᠤᠯ ᠴᠢᠩᠬᠢᠰ ᠬᠠᠭᠠᠨ ᠤ ᠬᠤᠶᠢᠴᠢ ᠤᠬᠰᠠᠭᠠᠨ ᠤ ᠡᠯᠪᠡᠭ | ᠨᠢᠭᠦᠯᠡᠰᠦᠭᠴᠢ ᠬᠠᠭᠠᠨ ᠤ ᠦᠬᠢᠨ ᠶᠤᠮ᠃ ᠡᠯᠪᠡᠭ ᠨᠢᠭᠦᠯᠡᠰᠦᠭᠴᠢ ᠬᠠᠭᠠᠨ ᠪᠠᠷ᠂ ᠤᠶᠢᠷᠠᠳ ᠤᠨ ᠬᠤᠤᠬᠠᠢ ᠲᠠᠶᠤᠤ | ᠶᠢᠨ ᠬᠤᠪᠴᠢ ᠦᠬᠡ ᠪᠠᠷ ᠲᠡᠭᠦᠦ ᠬᠠᠷᠬᠤᠴᠠᠭ ᠲᠦᠭᠦᠷᠡᠩ ᠲᠡᠮᠦᠷ ᠬᠤᠩ ᠲᠠᠶᠢᠵᠢ ᠶᠢᠨ ᠬᠠᠳᠤᠨ ᠦᠯᠵᠡᠶᠢᠳᠦ | ᠭᠤᠸ᠎ᠠ ᠬᠠᠳᠤᠨ ᠢ ᠪᠤᠯᠢᠶᠠᠨ ᠠᠪᠤᠬᠰᠠᠨ ᠠᠴᠠ ᠶᠡᠭᠡ ᠮᠤᠩᠭᠤᠯ ᠤᠨ ᠲᠤᠯᠭᠤᠷ ᠲᠦᠷᠦ ᠳᠤ ᠤᠷᠢᠳᠦ ᠭᠠᠷᠤᠭ᠎ᠠ | ᠦᠬᠡᠢ ᠬᠠᠭᠠᠴᠠᠯ ᠵᠠᠳᠠᠷᠠᠯ ᠤᠨ ᠬᠠᠷᠠᠩᠭᠤᠢ ᠦᠶ᠎ᠡ ᠲᠤᠯᠭᠠᠷᠠᠬᠰᠠᠨ ᠪᠠᠶᠢᠨ᠎ᠠ᠃ ᠡᠨᠡ ᠦᠶ᠎ᠡ ᠳᠤ᠂ ᠰᠡᠴᠡᠨ | ᠰᠡᠷᠭᠦᠯᠡᠩ ᠠᠷᠭ᠎ᠠ ᠰᠠᠮᠪᠠᠭ᠎ᠠ ᠲᠠᠢ᠂ ᠵᠦᠢᠷᠯᠡᠰᠢ ᠦᠬᠡᠢ ᠤᠬᠠᠭᠠᠨ ᠪᠤᠳᠤᠯᠭ᠎ᠠ ᠲᠠᠢ ᠰᠠᠮᠤᠷ ᠭᠦᠩᠵᠦ᠂ ᠰᠢᠢᠳᠮᠡᠭ | ᠰᠢᠭᠤᠷᠬᠠᠢ ᠦᠢᠯᠡ ᠠᠵᠢᠯᠯᠠᠭ᠎ᠠ ᠪᠠᠷ ᠢᠶᠠᠨ ᠪᠤᠷᠵᠢᠬᠢᠨ ᠤᠪᠤᠭ ᠤᠨ ᠬᠠᠭᠠᠨ ᠲᠦᠷᠦ ᠶᠢ ᠬᠠᠮᠠᠭᠠᠯᠠᠬᠤ ᠳᠤ ᠪᠠᠯᠠᠷᠠᠰᠢ | ᠦᠬᠡᠢ ᠭᠠᠪᠢᠶ᠎ᠠ ᠵᠢᠳᠭᠦᠯ ᠦᠵᠡᠭᠦᠯᠦᠭᠰᠡᠨ ᠶᠤᠮ᠃ | | |