ᠬᠠᠳᠤᠨ ᠰᠦᠨᠡᠰᠦ᠂ ᠲᠤᠯᠤᠳᠤᠭᠠᠷ ᠪᠦᠯᠦᠭ᠂  ᠲᠦᠷᠪᠡᠳᠤᠭᠡᠷ ᠬᠡᠰᠡᠭ
ᠨᠡᠶᠢᠲᠡᠯᠡᠭᠰᠡᠨ ᠴᠠᠭ᠄
2020-06-20
ᠪᠠᠶᠠᠨᠬᠤᠳᠤᠭ ᠬᠠᠳᠤᠨ ᠲᠡᠭᠷᠢ ᠶᠢᠨ ᠰᠤᠶᠤᠷᠬᠠᠯ ᠢ ᠭᠠᠵᠠᠷ ᠭᠦᠯᠢᠶᠡᠭᠰᠡᠨ ᠢᠶᠠᠷ ᠲᠦᠷᠪᠡᠨ ᠤᠯᠠᠷᠢᠯ ᠲᠡᠭᠰᠢᠲᠦᠪ ᠰᠠᠭᠤᠳᠠᠯ ᠳᠤᠷ ᠡᠰᠢ ᠶᠤᠰᠤᠨ ᠢ ᠭᠦᠨᠳᠦᠯᠡᠨ ᠰᠤᠷᠳᠠᠯ  ᠭᠡᠰᠭᠡᠯ ᠦᠯᠡᠮᠵᠢᠨᠠᠷᠠᠨ ᠭᠡᠷᠡᠯᠳᠦᠵᠦ ᠰᠠᠷᠠᠨ ᠲᠤᠶᠠᠭᠠᠷᠠᠬᠰᠠᠨ ᠢᠶᠠᠷ ᠲᠦᠮᠡᠨ ᠵᠤᠪᠬᠢᠰ ᠬᠡᠶᠢᠬᠦᠯᠦᠭᠳᠡᠨ ᠨᠠᠶᠢᠷᠠᠮᠳᠠᠭᠤ ᠬᠢᠴᠢᠶᠡᠩᠬᠦᠢ ᠲᠡᠭᠦᠯᠳᠡᠷ ᠵᠢᠪᠬᠤᠭ᠎ᠠ ᠠᠨᠤ ᠦᠷᠯᠦᠬᠡ ᠦᠳᠡᠰᠢ ᠦᠬᠡᠢ ᠢᠵᠢᠯᠢᠬᠡᠨᠲᠤᠳᠤᠭᠠᠳᠦ ᠵᠠᠰᠠᠯᠳᠠ ᠪᠠᠨ ᠢᠮᠠᠬᠳ᠋ᠨ ᠡᠷᠬᠢᠮᠯᠡᠨ ᠡᠶᠡᠪᠡᠷᠭᠦ ᠡᠷᠳᠡᠮᠳᠦ ᠳᠤᠷ ᠢᠶᠠᠨ ᠰᠠᠭᠠᠳᠠᠵᠤᠲᠦᠷᠢᠮ ᠶᠤᠰᠤᠯᠠᠯ ᠢᠶᠠᠷ ᠬᠡᠮᠨᠡᠯ ᠪᠤᠯᠭᠠᠨ ᠠᠷᠪᠢᠴᠢ ᠭᠠᠮᠳᠠᠢ ᠪᠠᠷ ᠢᠶᠠᠨ ᠠᠯᠳᠠᠷᠰᠢᠪᠠᠢ ᠠᠳᠬᠠᠭ ᠰᠠᠨᠠᠭ᠎ᠠ ᠶᠢ ᠠᠭᠤᠵᠢᠮ ᠤᠬᠠᠭᠠᠨ ᠢᠶᠠᠷ ᠲᠡᠪᠴᠢᠨ ᠠᠳᠠᠭ᠎ᠠ ᠵᠢᠳᠦᠭᠡ ᠶᠢ ᠡᠷᠳᠡᠮ ᠪᠢᠯᠢᠭ ᠢᠶᠠᠷ ᠨᠣᠮᠣᠬᠠᠳᠬᠠᠭᠰᠠᠨ ᠪᠠᠶᠠᠨᠬᠤᠳᠤᠭ ᠪᠢ ᠪᠠᠷ ᠬᠠᠳᠤᠨ ᠰᠦᠨᠡᠰᠦ ᠵᠡᠭᠦᠯᠳᠡ᠄ ᠪᠠᠶᠠᠨᠬᠤᠳᠤᠭ ᠬᠠᠳᠤᠨ ᠪᠤᠯ ᠬᠤᠩᠬᠢᠷᠠᠳ ᠤᠪᠤᠬᠳᠠᠨ᠃ ᠴᠢᠩᠬᠡ ᠬᠠᠳᠤᠨ ᠤ ᠠᠴᠢ ᠭᠦᠪᠡᠬᠦᠨ ᠢᠤᠢ ᠳ᠋ᠧ ᠸᠠᠩ ᠪᠤᠯᠤᠳᠡᠮᠦᠷ ᠤᠨ ᠦᠬᠢᠨ᠃ ᠲᠤᠭᠤᠨᠳᠡᠮᠦᠷ ᠬᠠᠭᠠᠨ ᠤ ᠬᠠᠳᠤᠨ᠂ ᠬᠠᠭᠠᠨ ᠭᠦᠪᠡᠬᠦᠨ ᠴᠢᠩᠬᠢᠮ ᠢ ᠮᠡᠨᠳᠦᠯᠡᠪᠡ᠃ ᠲᠡᠷᠡ ᠪᠠᠷ ᠡᠶᠡᠪᠡᠷᠬᠦ ᠡᠷᠳᠡᠮᠳᠦ ᠬᠠᠷᠰᠢ ᠳᠠᠭᠠᠨ ᠵᠠᠯᠠᠷᠠᠨ ᠰᠠᠭᠤᠬᠤ ᠳᠠᠭᠠᠨ ᠠᠷᠪᠢᠴᠢ ᠭᠠᠮᠳᠠᠢ᠂ ᠠᠳᠠᠭ᠎ᠠ ᠵᠢᠳᠦᠬᠡ ᠦᠬᠡᠢ᠂ ᠶᠤᠰᠤᠯᠠᠯ ᠲᠦᠷᠢᠮᠯᠠᠯ ᠢᠶᠠᠷ ᠭᠡᠮᠨᠡᠯ ᠪᠤᠯᠭᠠᠨ ᠬᠢᠴᠢᠶᠡᠳᠡᠭ᠃ ᠲᠤᠭᠤᠨᠳᠡᠮᠦᠷ ᠬᠠᠭᠠᠨ ᠪᠠᠷ ᠴᠠᠢ ᠤᠰᠤᠨ ᠤ ᠵᠠᠷᠤᠴᠠ ᠪᠠᠶᠢᠬᠰᠠᠨ ᠭᠠᠤᠯᠢ ᠭᠠᠷᠤᠯᠳᠠᠢ ᠬᠢᠢᠢ ᠪᠦᠰᠡᠬᠦᠢ ᠶᠢ ᠲᠤᠭᠤᠮᠰᠤᠷᠯᠠᠨ ᠰᠢᠳᠡᠷᠯᠡᠵᠦ ᠭᠦᠷᠦᠨ ᠬᠠᠳᠤᠨ ᠪᠤᠯᠭᠠᠨ ᠡᠷᠭᠦᠮᠵᠢᠯᠡᠭᠰᠡᠨ ᠳᠤ ᠦᠴᠦᠬᠡᠨ ᠴᠦ ᠠᠳᠠᠭᠠᠷᠬᠠᠵᠤ ᠵᠢᠳᠦᠭᠡᠷᠭᠡᠭᠰᠡᠨ ᠪᠠᠷ ᠦᠬᠡᠢ᠃ ᠲᠤᠳᠤᠭᠠᠳᠦ ᠵᠠᠰᠠᠯᠳᠠ ᠪᠠᠨ ᠢᠮᠠᠬᠳᠠ ᠡᠷᠬᠢᠮᠯᠡᠨ ᠪᠢᠯᠢᠭᠳᠦ ᠬᠠᠭᠠᠨ ᠠᠶᠤᠰᠢᠷᠢᠳᠠᠷ᠎ᠠ ︵ᠲᠤᠭᠤᠨᠳᠡᠮᠦᠷ ᠬᠠᠭᠠᠨ ᠪᠤᠯᠤᠨ ᠬᠢᠢᠢ ᠪᠦᠰᠡᠭᠦᠢ ᠠᠴᠠ ᠭᠠᠷᠤᠬᠰᠠᠨ ᠭᠦᠪᠡᠬᠦᠨ︶ ᠶᠢ ᠭᠦᠮᠦᠵᠢᠬᠦᠯᠬᠦ ᠳᠤ ᠠᠩᠬᠠᠷᠤᠯ ᠭᠦᠴᠦᠨ ᠢᠶᠠᠨ ᠲᠠᠯᠪᠢᠵᠠᠢ᠃   ᠦᠯᠵᠡᠶᠢᠬᠤᠳᠤᠭ  ᠬᠠᠳᠤᠨᠲᠡᠭᠷᠢ ᠶᠢᠨ ᠰᠤᠯᠤᠩᠭ᠎ᠠ ᠰᠢᠭ᠋ ᠦᠵᠡᠰᠭᠦᠯᠡᠩᠳᠡᠢ ᠬᠡᠮᠡᠨ ᠭᠠᠤᠯᠢ ᠶᠢᠨ ᠪᠦᠰᠡᠭᠦᠶᠢᠴᠦᠦᠯ ᠠᠯᠳᠠᠷᠰᠢᠬᠤᠶ᠎ᠠᠲᠦᠷᠦ ᠭᠦᠷᠦᠨ ᠤ ᠶᠡᠭᠡᠰ ᠲᠡᠭᠡᠳᠦᠰ ᠬᠢᠢᠢ ᠤᠪᠤᠬᠳᠦ ᠠᠴᠠ ᠬᠠᠳᠤᠨ ᠵᠠᠯᠠᠬᠤ ᠪᠣᠯᠵᠤᠬᠤᠢᠡᠩ ᠤᠨ ᠲᠤᠤᠷᠠᠳᠦ ᠤᠷᠳᠤᠨ ᠤ ᠦᠬᠢᠨ ᠡᠶᠡᠪᠡᠷ ᠬᠠᠭᠠᠨ ᠳᠤ ᠡᠩᠭᠦᠷᠡᠶᠢᠯᠡᠭᠳᠡᠭᠦᠶ᠎ᠡᠡᠭᠡᠯ ᠶᠡᠷᠦᠮᠳᠡᠭ ᠲᠦᠷᠬᠦᠮ ᠲᠦᠷᠦᠯ ᠢᠨᠤ ᠡᠷᠬᠢᠮ ᠢᠵᠠᠭᠤᠷᠳᠠᠨ ᠪᠤᠯᠵᠤ ᠡᠷᠭᠦᠭᠳᠡᠭᠦᠢᠨᠠᠪᠴᠢᠳᠦ ᠡᠷᠭᠦᠮᠵᠢᠯᠡᠯ ᠬᠠᠰᠪᠤᠤ ᠲᠠᠮᠠᠭ᠎ᠠ ᠪᠠᠷ ᠲᠦᠪ ᠵᠠᠰᠠᠭ ᠤᠨ ᠭᠦᠷᠢᠶᠡᠯᠡᠩ ᠢ ᠡᠷᠬᠢᠯᠡᠬᠦᠶ᠎ᠡᠨᠢᠬᠡᠨ ᠦᠶ᠎ᠡ ᠶᠢᠨ ᠤᠯᠠᠭᠠᠨ ᠡᠩᠭᠡᠰᠭᠡᠳᠡᠨ ᠲᠦᠷᠦ ᠶᠢᠨ ᠲᠠᠶᠢᠰᠠᠨ᠎ᠠ ᠡᠷᠡᠮᠡᠭᠡᠶᠢᠯᠡᠮᠤᠢ ᠰᠤᠯᠤᠩᠭᠤᠰ ᠭᠠᠷᠤᠯᠳᠠᠢ ᠬᠢᠢᠢ ᠪᠦᠰᠡᠭᠦᠢ ᠭᠡᠮᠡᠭᠴᠢ ᠲᠤᠭᠤᠨᠳᠡᠮᠦᠷ ᠬᠠᠭᠠᠨ ᠤ ᠲᠤᠯᠤᠭᠠᠢ ᠶᠢ ᠡᠷᠭᠢᠬᠦᠯᠦᠭᠰᠡᠨ ᠦᠯᠵᠡᠶᠢᠬᠤᠳᠤᠭ ᠪᠢ ᠪᠠᠷ ᠬᠠᠳᠤᠨ ᠰᠦᠨᠡᠰᠦ ᠵᠡᠭᠦᠯᠳᠡ᠄  ᠦᠯᠵᠡᠶᠢᠬᠤᠳᠤᠭ ᠬᠠᠳᠤᠨ ᠪᠤᠯ ᠬᠢᠢᠢ ᠤᠪᠤᠬᠳᠠᠨ ᠭᠠᠤᠯᠢ ᠬᠦᠮᠦᠨ  ︵ᠤᠳᠤ ᠶᠢᠨ ᠰᠤᠯᠤᠩᠭᠤᠰ ᠦᠨᠳᠦᠰᠦᠳᠡᠨ︶᠂ ᠤᠬᠠᠭᠠᠨᠳᠦ ᠲᠡᠭᠡᠳᠦᠰ ᠲᠤᠭᠤᠨᠳᠡᠮᠦᠷ ᠬᠠᠭᠠᠨ ᠤ ᠬᠤᠶᠠᠳᠤᠭᠠᠷ ᠭᠦᠷᠦᠨ ᠬᠠᠳᠤᠨ᠂ ᠲᠠᠶᠠ ᠭᠦᠪᠡᠬᠦᠨ ᠪᠢᠯᠢᠭᠳᠦ ᠬᠠᠭᠠᠨ ᠠᠶᠤᠰᠢᠷᠢᠳᠠᠷ᠎ᠠ ᠶᠢ ᠮᠡᠨᠳᠦᠯᠡᠵᠡᠢ᠃ ᠠᠩᠬ᠎ᠠ ᠤᠷᠳᠤᠨ ᠤ ᠦᠬᠢᠨ ᠪᠠᠶᠢᠵᠤ᠂ ᠴᠠᠢ ᠤᠮᠳᠠᠭᠠᠨ ᠤ ᠬᠠᠩᠭᠠᠯᠭ᠎ᠠ ᠶᠢ ᠡᠷᠬᠢᠯᠡᠨ ᠪᠠᠶᠢᠬᠰᠠᠨ ᠢᠶᠠᠨ ᠬᠠᠭᠠᠨ ᠳᠤ ᠡᠩᠭᠦᠷᠡᠶᠢᠯᠡᠭᠳᠡᠨ ᠬᠠᠶᠢᠷᠠᠯᠠᠬᠳᠠᠵᠤ᠂ ᠲᠡᠭᠦᠨ  ᠠᠴᠠ ᠪᠤᠯᠵᠤ ᠳ᠋ᠠᠨᠠᠰᠢᠷᠢ ᠭᠦᠷᠦᠨ ᠬᠠᠳᠤᠨ ᠮᠠᠰᠢᠳᠠ ᠵᠢᠳᠦᠭᠡᠷᠭᠡᠨ ᠠᠳᠠᠯᠠᠵᠤ ᠢᠴᠢᠬᠡᠨ ᠲᠠᠰᠢᠭᠤᠷᠳᠠᠬᠰᠠᠨ ᠠᠴᠠ ᠳ᠋ᠠᠨᠠᠰᠢᠷᠢ ᠬᠠᠳᠤᠨ ᠤᠳᠠᠯ ᠦᠬᠡᠢ ᠭᠦᠨᠦᠭᠡᠭᠳᠡᠵᠡᠢ᠃ ᠳ᠋ᠠᠨᠠᠰᠢᠷᠢ ᠬᠠᠳᠤᠨ ᠢ ᠬᠤᠤᠷᠯᠠᠬᠳᠠᠬᠰᠠᠨ ᠤ ᠲᠠᠷᠠᠭ᠎ᠠ ᠲᠤᠭᠤᠨᠳᠡᠮᠦᠷ ᠬᠠᠭᠠᠨ ᠪᠠᠷ ᠬᠢᠢᠢ ᠪᠦᠰᠡᠭᠦᠢ ᠶᠢ ᠭᠦᠷᠦᠨ ᠬᠠᠳᠤᠨ ᠪᠠᠶᠢᠭᠤᠯᠰᠤᠭᠠᠢ ᠭᠡᠮᠡᠭᠰᠡᠨ᠎ᠡ ᠪᠠᠶᠠᠨ ᠰᠠᠶᠢᠳ ᠭᠦᠴᠦᠯᠡᠨ ᠬᠤᠷᠢᠬᠯᠠᠬᠰᠠᠭᠠᠷ ᠪᠠᠶᠢᠯᠭᠠᠵᠤᠬᠤᠢ᠃ ᠬᠤᠵᠢᠮ ᠨᠢ ᠪᠠᠶᠠᠨ ᠰᠠᠶᠢᠳ ᠵᠡᠷᠭᠡ ᠪᠠᠨ ᠬᠤᠰᠤᠭᠤᠯᠤᠬᠰᠠᠨ ᠤ ᠲᠠᠷᠠᠭ᠎ᠠ ᠬᠢᠢᠢ ᠪᠦᠰᠡᠭᠦᠢ ᠶᠢ ᠭᠦᠷᠦᠨ ᠬᠠᠳᠤᠨ ᠪᠠᠶᠢᠭᠤᠯᠪᠠᠢ᠃ 1368 ᠤᠨ ᠳᠤ ᠭᠡᠮᠰᠢᠯ ᠤᠨ ᠠᠶᠠᠯᠭᠤ ᠴᠢᠪᠬᠠᠳᠠᠬᠰᠠᠨ ᠲᠤᠭᠤᠨᠳᠡᠮᠦᠷ ᠬᠠᠭᠠᠨ ᠢ ᠲᠠᠭᠠᠵᠤ ᠤᠮᠠᠷᠠᠰᠢ ᠪᠤᠴᠠᠯᠤᠭ᠎ᠠ᠃     ᠲᠠᠬᠢ ᠬᠠᠳᠤᠨ            ᠵᠦᠳᠡᠭᠦᠷᠢᠳᠦ ᠠᠮᠢᠳᠤᠷᠠᠯ ᠢ ᠤᠬᠠᠭᠠᠨ ᠤ ᠲᠠᠮᠢᠷ ᠢᠶᠠᠷ ᠭᠢᠴᠢᠢ ᠴᠢᠨ᠋ᠸ᠎ᠠ ᠰᠢᠭ᠋ ᠲᠤᠭᠤᠯᠤᠨᠠᠮ ᠪᠢᠵᠤᠪᠠᠯᠠᠩ ᠢ ᠲᠡᠪᠴᠢᠵᠦ ᠭᠦᠪᠡᠭᠦᠳ ᠢᠶᠠᠨ ᠭᠦᠮᠦᠵᠢᠬᠦᠯᠵᠦ ᠴᠠᠭ ᠢ ᠭᠦᠯᠢᠶᠡᠨ ᠰᠠᠭᠤᠨᠠᠮ ᠪᠢᠡᠷᠳᠡᠮ ᠦᠢᠯᠡ ᠰᠤᠤ ᠪᠢᠯᠢᠭ ᠢᠶᠠᠷ ᠢᠶᠠᠨ ᠡᠷᠳᠡᠨ ᠤ ᠬᠢ ᠶᠢ ᠲᠠᠪᠠᠨ ᠲᠡᠭᠦᠯᠳᠡᠷᠵᠢᠬᠦᠯᠵᠦᠡᠷᠬᠢᠮᠰᠦᠭ ᠲᠦᠷᠭᠦ ᠠᠪᠢᠶᠠᠰ  ᠪᠢᠯᠢᠭ ᠢᠶᠠᠷ ᠢᠶᠠᠨ ᠡᠳᠦᠭᠡᠬᠢ ᠳᠤ ᠲᠤᠯᠢᠯᠠᠭᠤᠯᠤᠮᠠᠷ ᠲᠡᠭᠦᠰᠪᠠᠭᠠᠳᠤᠷᠯᠢᠭ ᠭᠦᠪᠡᠭᠦᠳ ᠢᠶᠠᠷ ᠢᠶᠠᠨ ᠪᠠᠭ᠋ᠠᠷᠬᠠᠬᠤ ᠠᠨᠤ ᠮᠤᠩᠭᠤᠯ ᠡᠭᠡᠴᠤᠤᠯ ᠤᠨ ᠤᠮᠤᠬᠰᠢᠯᠪᠠᠭᠲᠠᠭᠠᠮᠵᠢᠲᠤ ᠪᠤᠳᠤᠯᠭ᠎ᠠ ᠪᠠᠷ ᠢᠶᠠᠨ ᠡᠷᠡᠮᠡᠭᠡᠶᠢᠯᠡᠬᠦ ᠢᠨᠤ ᠬᠠᠳᠤᠳ ᠪᠦᠰᠡᠭᠦᠶᠢᠴᠤᠤᠯ ᠤᠨ ᠲᠠᠭᠤᠷᠢᠶᠠᠯ ᠨᠠᠷᠠᠨ ᠬᠠᠶᠢᠷ᠎ᠠ ᠪᠠᠷ ᠬᠠᠨ ᠭᠦᠪᠡᠭᠦᠳ ᠢᠶᠠᠨ ᠭᠡᠶᠢᠬᠦᠯᠵᠦ ᠨᠠᠷᠮᠠᠢ ᠦᠢᠯᠡ ᠪᠠᠷ ᠲᠡᠤᠭᠡ ᠶᠢᠨ ᠬᠠᠭᠤᠳᠠᠰᠤᠨ᠎ᠠ ᠰᠢᠵᠢᠷᠳᠦᠨᠡᠮ ᠲᠠᠬᠢ ᠪᠢ ᠪᠠᠷ ᠬᠠᠳᠤᠨ ᠰᠦᠨᠡᠰᠦ ᠵᠡᠭᠦᠯᠳᠡ᠄ ᠲᠠᠬᠢ ᠬᠠᠳᠤᠨ ᠪᠤᠯ ᠶᠡᠭᠡ ᠶᠤᠸᠠᠨ ᠤᠯᠤᠰ ᠤᠨ ᠱᠢᠽᠦ ᠬᠤᠪᠢᠯᠠᠢ ᠰᠡᠴᠡᠨ ᠬᠠᠭᠠᠨ ᠤ ᠠᠴᠢ ᠴᠢᠩᠬᠢᠮ ᠬᠤᠩ ᠲᠠᠶᠢᠵᠢ ᠶᠢᠨ ᠬᠤᠶᠠᠳᠤᠭᠠᠷ ᠭᠦᠪᠡᠬᠦᠨ ᠲᠠᠷᠠᠮᠪᠠᠯᠠ ᠶᠢᠨ ᠲᠡᠷᠢᠬᠦᠨ ᠬᠠᠳᠤᠨ᠂ ᠬᠤᠩᠬᠢᠷᠠᠳ ᠤᠪᠤᠭ ᠤᠨ ᠭᠦᠨᠳᠦᠳᠡᠮᠦᠷ ᠤᠨ ᠦᠬᠢᠨ ᠶᠤᠮ᠃ ᠲᠠᠬᠢ ᠬᠠᠳᠤᠨ ᠠᠴᠠ ᠦᠽᠦ᠋ᠩ ᠬᠠᠶᠢᠰᠠᠨ ᠭᠦᠯᠦᠭ ᠬᠠᠭᠠᠨ ᠪᠤᠯᠤᠨ ᠷᠧᠨᠽᠦ᠋ᠩ ᠠᠶᠤᠷᠪᠠᠷᠢᠪᠠᠳ ᠪᠤᠶᠠᠨᠳᠦ ᠬᠠᠭᠠᠨ ᠬᠡᠮᠡᠬᠦ ᠬᠤᠶᠠᠷ ᠬᠠᠨ ᠭᠦᠪᠡᠭᠦᠨ ᠪᠤᠯᠤᠨ ᠢᠩᠽᠦᠩ ᠱᠤᠳᠪᠠᠯᠠ ᠭᠡᠭᠡᠨ ‍ᠠᠭᠠᠨ ᠵᠡᠷᠭᠡ ᠭᠤᠷᠪᠠᠨ ᠦᠶ᠎ᠡ ᠶᠢᠨ ᠬᠠᠭᠠᠳ ᠤᠨ ᠲᠦᠷᠦ ᠵᠠᠰᠠᠭ ᠲᠤ ᠠᠰᠦᠷᠤ ᠴᠢᠬᠤᠯᠠ ᠦᠢᠯᠡᠳᠦᠯ ᠦᠵᠡᠭᠦᠯᠦᠭᠰᠡᠨ ᠡᠭᠡ ᠬᠠᠳᠤᠨ ᠶᠤᠮ  ᠃            
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号