ᠬᠠᠳᠤᠨ ᠰᠦᠨᠡᠰᠦ᠂ ᠲᠤᠯᠤᠳᠤᠭᠠᠷ ᠪᠦᠯᠦᠭ᠂ ᠨᠢᠭᠡᠳᠤᠭᠡᠷ ᠭᠡᠰᠡᠭ
ᠨᠡᠶᠢᠲᠡᠯᠡᠭᠰᠡᠨ ᠴᠠᠭ᠄
2020-06-20
ᠲᠤᠯᠤᠳᠤᠭᠠᠷ ᠪᠦᠯᠦᠭ ᠠᠨᠤ  ᠬᠠᠳᠤᠨᠬᠤᠷᠳᠤᠨ ᠭᠦᠯᠦᠭ ᠳᠡᠭᠡᠷ᠎ᠡ ᠳᠦᠷᠦᠭᠡ ᠵᠢᠭᠢᠬᠦ ᠢᠨᠤ ᠲᠤᠮᠤᠭ ᠤᠨ ᠶᠤᠮ ᠰᠢᠭ᠋ ᠤᠮᠤᠬᠯᠠᠩᠬᠤᠷᠤᠮᠰᠠᠭ᠎ᠠ ᠰᠠᠭᠠᠳᠠᠭ ᠠᠬᠰᠠᠨ ᠱᠤᠩᠭᠤᠯᠠᠬᠤ ᠠᠨᠤ ᠦᠯᠢᠭᠡᠷ ᠤᠨ ᠶᠤᠮ ᠰᠢᠭ ᠵᠢᠪᠬᠤᠯᠠᠩᠬᠠᠯᠬ᠎ᠠ ᠤᠶᠢᠷᠠᠳ ᠤᠨ ᠡᠪᠳᠡᠷᠡᠯ ᠤᠨ ᠲᠤᠮᠳᠠ ᠭᠠᠩᠨᠠᠭᠠᠰᠦ ᠪᠤᠯᠤᠨ ᠬᠠᠶᠢᠯᠵᠤ ᠬᠠᠯᠠᠭᠤᠨ ᠵᠠᠭᠤᠷ᠎ᠠ ᠶᠢᠨ ᠠᠯᠠᠯᠳᠤᠭᠠᠨ ᠲᠤᠮᠳᠠ ᠬᠠᠯᠬᠠᠪᠴᠢ ᠪᠤᠯᠤᠨ ᠡᠮᠲᠡᠷᠡᠵᠦ ᠵᠠᠭᠤᠷᠠᠳᠦ ᠶᠢᠨ ᠡᠨᠡᠬᠡᠨ ᠬᠤᠷᠸ᠎ᠠ ᠳᠤ ᠡᠭᠦᠷᠢᠳᠡ ᠶᠢᠨ ᠠᠯᠳᠠᠷ ᠢᠶᠠᠨ ᠮᠦᠩᠬᠡᠯᠡᠵᠦᠵᠠᠭᠤᠨ ᠮᠤᠳᠤ ᠶᠢᠨ ᠴᠤᠤᠳᠦ ᠪᠠᠶᠢᠯᠳᠤᠭᠠᠨ ᠳᠤ ᠢᠷᠠᠭᠤ ᠲᠠᠭᠤᠯᠠᠯ ᠢ ᠪᠢᠴᠢᠭᠯᠡᠪᠡᠢ ᠭᠠᠯᠳᠠᠨ ᠪᠤᠱᠤᠬᠳᠦ ᠶᠢᠨ ᠦᠵᠡᠰᠭᠦᠯᠡᠩᠲᠦ ᠬᠠᠨᠢ ᠭᠠᠪᠰᠢᠭᠠᠢ ᠴᠡᠷᠢᠭ ᠤᠨ ᠡᠷᠡᠮᠡᠭᠡᠢ ᠲᠠᠶᠢᠴᠢᠨᠠᠨᠤ ᠪᠢ ᠪᠠᠷ ᠬᠠᠳᠤᠨ ᠰᠦᠨᠡᠰᠦ ᠵᠡᠭᠦᠯᠳᠡ᠄  ᠠᠨᠤ ᠬᠠᠳᠤᠨ ︵ ︖ — 1699 ᠤᠨ  ᠂ ᠪᠠᠰᠠ ᠠᠨᠤᠳᠠᠷ᠎ᠠ᠂ ᠠᠨᠤᠤ ᠬᠠᠳᠤᠨ ᠬᠡᠵᠦ ᠲᠡᠮᠳᠡᠭᠯᠡᠳᠡᠭ︶ ᠪᠤᠯ ᠪᠠᠷᠠᠭᠤᠨ ᠮᠤᠩᠭᠤᠯ ᠤᠨ ᠤᠶᠢᠷᠠᠳ ᠤᠨ ᠬᠤᠱᠤᠳ ᠠᠶᠢᠮᠠᠭ ᠤᠨ ᠸᠴᠢᠷᠳᠦ ᠴᠡᠴᠡᠨ ᠬᠠᠨ ᠤ ᠬᠤᠶᠠᠳᠤᠭᠠᠷ ᠭᠦᠪᠡᠬᠦᠨ ᠭᠠᠯᠳᠠᠮ᠎ᠠ ᠲᠠᠶᠢᠵᠢ ᠶᠢᠨ ᠠᠬᠠᠮᠠᠳ ᠦᠬᠢᠨ᠃ ᠵᠦᠩᠭᠠᠷ ᠠᠶᠢᠮᠠᠭ ᠤᠨ ᠭᠠᠯᠳᠠᠨ ᠪᠤᠱᠤᠬᠳᠦ ᠬᠠᠨ ᠤ ᠬᠠᠳᠤᠨ᠃ ᠭᠠᠯᠳᠠᠨ ᠪᠤᠱᠤᠬᠳᠦ ᠪᠤᠯᠤᠨ ᠠᠨᠤ ᠬᠠᠳᠤᠨ ᠠᠴᠠ ᠰᠡᠪᠳᠡᠨᠪᠠᠯᠵᠤᠤᠷ ᠭᠡᠳᠡᠭ ᠨᠢᠬᠡᠨ ᠭᠦᠪᠡᠬᠦᠨ ᠪᠠ ᠵᠦᠩᠴᠢᠬᠠᠢ ᠭᠡᠳᠡᠭ ᠨᠢᠬᠡ ᠦᠬᠢᠨ ᠮᠡᠨᠳᠦᠯᠡᠵᠡᠢ᠃ ᠲᠡᠷᠡ ᠪᠠᠷ ᠭᠤᠸ᠎ᠠ ᠦᠵᠡᠰᠭᠦᠯᠡᠩ᠂ ᠰᠡᠴᠡᠨ ᠰᠡᠷᠭᠦᠯᠡᠩ ᠮᠦᠷᠳᠡᠬᠡᠨ ᠲᠠᠶᠢᠨ ᠪᠠᠶᠢᠯᠳᠤᠭᠠᠨ ᠳᠤ ᠡᠷᠡᠮᠡᠭᠡᠢ ᠲᠠᠶᠢᠴᠢᠨ ᠪᠤᠯᠬᠤᠷ ᠭᠠᠯᠳᠠᠨ ᠪᠤᠱᠤᠬᠳᠦ ᠬᠠᠭᠠᠨ ᠲᠡᠭᠦᠨ ᠢ ᠮᠠᠰᠢᠳᠠ ᠲᠠᠭᠠᠯᠠᠵᠤ᠂ ᠰᠢᠯᠢᠮᠡᠯ ᠲᠤᠷᠭᠠᠨ ᠴᠡᠷᠢᠭ ᠢᠶᠠᠨ ᠦᠭᠴᠦ ᠵᠠᠬᠢᠷᠤᠭᠤᠯᠵᠠᠢ᠃  ᠭᠦᠭᠡᠭᠴᠢᠨ ᠭᠠᠭ᠋ᠠᠢ ᠵᠢᠯ ︵1695 ᠤᠨ︶ ᠳᠤ᠂ ᠠᠨᠤ ᠬᠠᠳᠤᠨ ᠭᠠᠯᠳᠠᠨ ᠪᠤᠱᠤᠬᠳᠦ ᠶᠢ ᠲᠠᠭᠠᠯᠳᠤᠨ ᠠᠷᠤ ᠬᠠᠯᠬ᠎ᠠ ᠶᠢ ᠲᠠᠶᠢᠯᠠᠬᠤ ᠪᠠᠷ ᠬᠤᠪᠳᠦ ᠠᠴᠠ ᠲᠠᠬᠢᠨᠳᠠ ᠮᠤᠷᠳᠠᠵᠤ᠂ ᠲᠠᠷᠠᠭ᠎ᠠ ᠵᠢᠯ ᠳᠤᠨᠢ ᠵᠠᠭᠤᠨ ᠮᠤᠳᠦ ᠭᠡᠮᠡᠬᠦ ᠭᠠᠵᠠᠷ ᠲᠤ ᠮᠠᠨᠵᠤ ᠴᠢᠩ ᠤᠨ ᠶᠡᠭᠡ ᠴᠡᠷᠢᠭ ᠲᠠᠢ ᠲᠠᠶᠢᠯᠠᠯᠳᠤᠵᠤ ᠨᠠᠰᠦ ᠪᠠᠷᠠᠪᠠ᠃ ᠶᠦᠮᠦ ᠠᠭᠠᠰ ᠬᠠᠳᠤᠨᠲᠦᠪᠡᠳ ᠤᠨ ᠦᠨᠳᠦᠷᠯᠢᠭ ᠢ ᠭᠡᠶᠢᠬᠦᠯᠵᠦ ᠮᠠᠨᠳᠤᠬᠰᠠᠨ ᠬᠠᠳᠤᠨ ᠭᠡᠭᠡᠨ ᠤᠳᠤᠲᠤᠷᠭᠤᠳ ᠤᠪᠤᠭ ᠤᠨ ᠱᠦᠬᠦᠷ ᠲᠠᠶᠢᠴᠢᠩ ᠤᠨ ᠲᠤᠷᠢᠭᠤᠨ ᠰᠠᠶᠢᠬᠠᠨ ᠦᠬᠢᠨᠲᠤᠭᠤᠵᠤ ᠲᠤᠷᠠᠯᠠᠬᠰᠠᠨ ᠪᠠᠭᠠᠳᠤᠷ ᠬᠤᠩ ᠲᠠᠶᠢᠵᠢ ᠶᠢᠨ ᠠᠮᠠᠷᠠᠭ ᠤᠨ ᠳᠡᠭᠡᠳᠦ ᠲᠠᠬᠢᠨᠢᠲᠤᠳᠤᠭᠠᠳᠦ ᠵᠦᠷᠢᠴᠡᠯ ᠲᠦᠷᠦ ᠶᠢᠨ ᠦᠢᠯᠡ ᠳᠤ ᠪᠢᠯᠢᠭ ᠪᠠᠭᠠᠳᠤᠷ ᠢᠶᠠᠨ ᠭᠠᠶᠢᠬᠠᠭᠤᠯᠪᠠᠠᠯᠳᠠᠢ ᠠᠭᠤᠯᠠ ᠶᠢᠨ ᠨᠤᠶᠠᠨ ᠤᠷᠬᠢᠯ ᠳᠤ ᠦᠩᠭᠡᠳᠦ ᠰᠤᠯᠤᠩᠭ᠎ᠠ ᠲᠠᠳᠠᠭᠤᠯᠵᠤᠠᠮᠢᠨ ᠬᠠᠶᠢᠷ᠎ᠠ ᠶᠢᠨ ᠪᠦᠷᠢᠯᠸ᠎ᠠ ᠪᠤᠯᠤᠬᠰᠠᠨ ᠭᠠᠯᠳᠠᠨ ᠪᠤᠱᠤᠬᠳᠦ ᠶᠢ ᠲᠦᠷᠦᠭᠦᠯᠪᠡᠤᠷᠤᠨ ᠳᠤ ᠪᠠᠨ ᠭᠦᠨᠦᠭᠡᠯᠳᠦᠬᠦ ᠰᠠᠮᠠᠭᠤᠷᠠᠯ ᠤᠨ ᠡᠬᠢᠨ ᠳᠤᠤᠶᠢᠷᠠᠳ ᠲᠦᠮᠡᠨ ᠢᠶᠠᠨ ᠨᠢᠭᠡᠳᠬᠡᠵᠦ ᠴᠢᠳᠠᠬᠰᠠᠨᠶᠦᠮᠦ ᠠᠭᠠᠰ ᠪᠢ ᠪᠠᠷ ᠬᠠᠳᠤᠨ ᠰᠦᠨᠡᠰᠦ ᠵᠡᠭᠦᠯᠳᠡ᠄  ᠶᠦᠮᠦ ᠠᠭᠠᠰ ᠬᠠᠳᠤᠨ ︵ ︖ — 1687 ᠤᠨ  ᠂ ᠪᠠᠰᠠ ᠶᠦᠮ ᠠᠭᠠᠰ ᠬᠠᠳᠤᠨ᠂ ᠶᠦᠮ ᠠᠭ᠎ᠠ ᠬᠠᠳᠤᠨ᠂ ᠶᠤᠮ ᠠᠭᠠᠰ ᠬᠠᠳᠤᠨ ᠭᠡᠭᠦᠴᠢᠯᠡᠨ ᠲᠡᠮᠳᠡᠭᠯᠡᠳᠡᠭ︶ ᠪᠤᠯ ᠪᠠᠷᠠᠭᠤᠨ ᠮᠤᠩᠭᠤᠯ ᠤᠨ ᠤᠶᠢᠷᠠᠳ ᠤᠨ ᠲᠤᠷᠭᠤᠳ ᠠᠶᠢᠮᠠᠭ ᠤᠨ ᠬᠠᠨ ᠱᠦᠭᠦᠷ ᠲᠠᠶᠢᠴᠢᠩ ᠤᠨ ᠦᠬᠢᠨ᠂ ᠵᠦᠩᠭᠠᠷ ᠠᠶᠢᠮᠠᠭ ᠤᠨ ᠠᠬᠠᠯᠠᠬᠴᠢ ᠪᠠᠭᠠᠳᠤᠷ ᠬᠤᠩ ᠲᠠᠶᠢᠵᠢ ᠶᠢᠨ ᠬᠠᠳᠤᠮ ᠶᠤᠮ᠃ ᠪᠠᠭᠠᠳᠤᠷ ᠬᠤᠩ ᠲᠠᠶᠢᠵᠢ ᠪᠤᠯᠤᠨ ᠶᠦᠮᠦ ᠠᠭᠠᠰ ᠬᠠᠳᠤᠨ ᠠᠴᠠ ᠰᠡᠩᠬᠡ᠂ ᠭᠠᠯᠳᠠᠨ ᠭᠡᠬᠦ ᠬᠤᠶᠠᠷ ᠬᠠᠨ ᠭᠦᠪᠡᠬᠦᠨ ᠮᠡᠨᠳᠦᠯᠡᠵᠡᠢ᠃ ᠶᠦᠮᠦ ᠠᠭᠠᠰ ᠬᠠᠳᠤᠨ ᠪᠤᠯ ᠶᠡᠷᠦ ᠪᠤᠰᠤ ᠢ ᠵᠤᠷᠢᠬᠯᠢᠭ ᠰᠢᠢᠳᠮᠡᠬᠡᠢ ᠪᠦᠰᠡᠭᠦᠢ ᠪᠠᠶᠢᠬᠰᠠᠨ ᠶᠤᠮ᠃ ᠠᠩᠬ᠎ᠠ ᠭᠦᠪᠡᠬᠦᠨ ᠭᠠᠯᠳᠠᠨ ᠢ ᠪᠤᠷᠬᠠᠨ ᠤ ᠨᠤᠮ ᠤᠨ ᠡᠭᠦᠳᠡᠨ ᠳᠤ ᠤᠷᠤᠭᠤᠯᠤᠨ ᠬᠤᠳᠤᠬᠳᠦ ᠶᠢᠨ ᠵᠡᠷᠭᠡ ᠳᠤ ᠭᠦᠷᠭᠡᠵᠦ᠂ ᠲᠠᠷᠠᠭ᠎ᠠ ᠨᠢ ᠲᠡᠭᠦᠨ ᠢ ᠬᠤᠳᠤᠬᠳᠦ ᠯᠠᠮᠠ ᠪᠠᠶᠢᠬᠰᠠᠨ ᠠᠴᠠ  ᠨᠢ ᠬᠠᠷ᠎ᠠ ᠳᠤ ᠪᠤᠴᠠᠭᠤᠯᠵᠤ᠂ ᠵᠦᠩᠭᠠᠷ ᠠᠶᠢᠮᠠᠭ ᠤᠨ ᠠᠬᠠᠯᠠᠬᠴᠢ ᠬᠤᠩ ᠲᠠᠶᠢᠵᠢ ᠪᠤᠯᠭᠠᠪᠠ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号