ᠬᠠᠳᠤᠨ ᠰᠦᠨᠡᠰᠦ᠂ ᠲᠤᠯᠤᠳᠤᠭᠠᠷ ᠪᠦᠯᠦᠭ᠂ ᠬᠤᠶᠠᠳᠤᠭᠠᠷ ᠭᠡᠰᠡᠭ
ᠨᠡᠶᠢᠲᠡᠯᠡᠭᠰᠡᠨ ᠴᠠᠭ᠄
2020-06-20
ᠪᠤᠯᠤᠭᠠᠨ ᠬᠠᠳᠤᠨ ᠤᠬᠰᠠᠭ᠎ᠠ ᠵᠠᠯᠭᠠᠮᠵᠢᠯᠠᠬᠤ ᠬᠠᠳᠠᠭᠤ ᠲᠡᠮᠡᠴᠡᠭᠡᠨ ᠳᠤ ᠠᠯᠳᠠᠨ ᠤᠷᠤᠭ ᠤᠨ ᠬᠢᠨ ᠲᠡᠪᠵᠢᠶᠡᠷᠡᠨᠡᠮᠠᠶᠢᠳᠠᠰ ᠲᠦᠭᠰᠢᠭᠦᠷᠢ ᠬᠢᠬᠡᠳ ᠠᠵᠠ ᠵᠢᠷᠭᠠᠯᠳᠠᠢ ᠮᠦᠴᠡ ᠬᠤᠪᠢ ᠵᠠᠶᠠᠭ᠎ᠠ ᠶᠢ ᠰᠤᠷᠢᠨᠠᠮᠤᠷᠳᠤᠨ ᠤ ᠡᠷᠭᠡᠳᠦ ᠬᠠᠰᠪᠤᠤ ᠲᠠᠮᠠᠭ᠎ᠠ ᠠᠴᠠ ᠦᠢᠯᠡ ᠶᠢᠨ ᠦᠷ᠎ᠡ ᠦᠨᠳᠦᠰᠦᠯᠡᠨᠡᠮᠠᠴᠢ ᠡᠨᠡᠷᠢᠯ ᠦᠬᠡᠢ ᠤᠷᠴᠢᠯᠠᠩ ᠬᠢᠳᠤᠭ᠎ᠠ ᠶᠢᠨ ᠢᠷ  ᠳᠡᠭᠡᠷ᠎ᠡ ᠲᠤᠬᠳᠠᠨᠠᠮ ᠪᠤᠶᠤᠤᠴᠢᠷ ᠪᠢᠳᠡᠭᠦᠯᠢᠭ ᠠᠶᠤᠯ ᠵᠠᠨᠤᠯᠬᠢᠯᠠᠯ ᠳᠤ ᠦᠷ᠎ᠡ ᠳ᠋ᠠᠰᠢ ᠪᠠᠨ ᠠᠯᠳᠠᠨ ᠬᠠᠷᠠᠭᠤᠰᠴᠦᠠᠮᠢ ᠦᠷᠢᠰᠦᠭᠰᠡᠨ ᠲᠠᠯᠳᠠ ᠲᠡᠮᠡᠴᠡᠭᠡᠨ ᠳᠤ ᠤᠬᠠᠭᠠᠯᠢᠭ ᠬᠠᠳᠤᠨ ᠰᠦᠬᠦᠷᠡᠪᠡᠢ ᠤᠯᠤᠰ ᠲᠦᠷᠦ ᠶᠢᠨ ᠤᠬᠵᠤᠮ ᠡᠷᠬᠢᠯᠳᠡ ᠳᠤ ᠦᠷᠡᠭᠳᠡᠭᠴᠢ ᠪᠤᠯᠵᠤ ᠬᠠᠷᠠᠮᠰᠠᠯᠳᠠᠢ ᠲᠠᠯᠢᠢᠭᠰᠠᠨ ᠪᠤᠯᠤᠭᠠᠨ ᠪᠢ   ᠪᠠᠷ ᠬᠠᠳᠤᠨ ᠰᠦᠨᠡᠰᠦ ᠵᠡᠭᠦᠯᠳᠡ᠄ ᠪᠤᠯᠤᠭᠠᠨ ᠬᠠᠳᠤᠨ ︵ ︖ — 1307 ᠤᠨ︶ ᠪᠤᠯ ᠴᠢᠩᠬᠢᠰ ᠬᠠᠭᠠᠨ ᠤ ᠭᠠᠪᠢᠶᠠᠳᠦ ᠲᠦᠰᠢᠮᠡᠯ ᠪᠠᠶᠠᠭᠤᠳ ᠠᠶᠢᠮᠠᠭ ᠤᠨ ᠪᠤᠬ᠎ᠠ ᠶᠢᠨ ᠤᠮᠪᠤᠯᠤ ᠭᠦᠪᠡᠭᠦᠨ ᠲᠤᠷᠬᠤᠰ ᠭᠦᠷᠭᠡᠨ ᠤ ᠦᠬᠢᠨ᠂ ᠦᠯᠵᠡᠶᠢᠳᠦ ᠲᠡᠮᠦᠷ ᠬᠠᠭᠠᠨ ᠤ ᠭᠤᠤᠯ ᠤᠷᠳᠤᠨ ᠤ ᠲᠡᠷᠢᠬᠦᠨ ᠬᠠᠳᠤᠨ ᠶᠤᠮ᠃ ᠳ᠋ᠧᠱᠸᠦ ᠬᠡᠮᠡᠬᠦ ᠬᠠᠨ ᠭᠦᠪᠡᠬᠦᠨ ᠢ ᠮᠡᠨᠳᠦᠯᠡᠵᠡᠢ᠃ ᠪᠤᠯᠤᠭᠠᠨ ᠬᠠᠳᠤᠨ ᠪᠤᠯ ᠪᠤᠳᠤᠯᠭ᠎ᠠ ᠮᠡᠷᠭᠡᠨ᠂ ᠲᠦᠪ ᠰᠢᠯᠤᠭᠤᠨ᠂ ᠡᠷᠡᠰ ᠴᠢᠩᠭ᠎ᠠ ᠵᠠᠩ ᠴᠢᠨᠠᠷ ᠲᠠᠢ᠂ ᠤᠯᠤᠰ ᠲᠦᠷᠦ ᠶᠢᠨ ᠭᠡᠷᠡᠭ ᠶᠠᠪᠤᠳᠠᠯ ᠳᠤ ᠰᠢᠯᠭᠠᠷᠠᠬᠰᠠᠨ ᠵᠢᠳᠭᠦᠯ ᠲᠠᠢ ᠰᠤᠤᠳᠦ ᠡᠮᠡᠭᠳᠡᠢ ᠶᠤᠮ᠃ ᠬᠠᠭᠠᠨ ᠰᠢᠷᠡᠭᠡ ᠵᠠᠯᠭᠠᠮᠵᠢᠯᠠᠬᠤ ᠤᠯᠤᠰ ᠲᠦᠷᠦ ᠶᠢᠨ ᠲᠡᠮᠡᠴᠡᠭᠡᠨ ᠳᠤ ᠬᠠᠷᠠᠰᠠᠯᠳᠠᠢ ᠪᠠᠷ ᠢᠯᠠᠬᠳᠠᠬᠰᠠᠨ ᠨᠢᠬᠡᠨ᠃ᠰᠢᠷᠢᠨᠳᠠᠷᠢ ᠬᠠᠳᠤᠨᠡᠷᠳᠡᠨ ᠡᠳᠦᠬᠡ ᠶᠢᠨ ᠲᠠᠪᠢᠯᠠᠩ ᠳᠤᠷ ᠢᠵᠢᠯᠢᠰᠢᠨ ᠪᠦᠳᠦᠭᠡᠭᠴᠢ ᠲᠡᠭᠡᠳᠦᠰ ᠲᠤᠷ ᠡᠷᠬᠦᠮᠵᠢᠯᠡᠭᠳᠡᠨᠡᠴᠢᠬᠡ ᠲᠡᠭᠷᠢ ᠡᠭᠡ ᠭᠠᠵᠠᠷ ᠲᠤᠷ ᠡᠶᠡᠯᠳᠦᠨ ᠡᠷᠳᠡᠨ ᠤ ᠵᠤᠷᠢᠭ ᠢ ᠪᠠᠳᠠᠷᠠᠭᠤᠯᠪᠠᠢᠴᠢᠭᠡᠴᠢ ᠡᠷᠳᠡᠮ ᠢᠶᠠᠷ ᠰᠤᠳᠤᠷ ᠲᠡᠤᠭᠡ ᠶᠢ ᠭᠡᠶᠢᠬᠦᠯᠵᠦ ᠬᠠᠭᠠᠨ ᠤᠳᠤᠮ ᠢ ᠪᠦᠭᠡᠴᠡᠶᠢᠯᠡᠨᠴᠢᠩ ᠰᠡᠳᠬᠢᠯ ᠢᠶᠠᠷ ᠬᠠᠮᠵᠢᠨ ᠨᠠᠶᠢᠷᠰᠠᠭᠤᠯᠵᠤ ᠨᠢᠭᠦᠯᠡᠰᠦᠩᠬᠦᠢ ᠶᠢᠨ ᠪᠤᠶᠠᠨ ᠢ ᠲᠡᠯᠭᠡᠷᠡᠭᠦᠯᠪᠡᠢᠮᠡᠷᠭᠡᠨ ᠴᠡᠴᠡᠨ ᠡᠯᠢᠬᠡᠰᠡᠭ ᠶᠤᠰᠤᠨ ᠢᠶᠠᠷ ᠤᠷᠳᠤᠨ ᠤ ᠲᠢᠭᠯᠢᠮ ᠢ ᠲᠤᠳᠤᠷᠠᠭᠤᠯᠵᠤᠮᠡᠴᠢᠳ ᠤᠳᠤᠨ ᠮᠡᠳᠦ ᠲᠠᠳᠠᠪᠤᠷᠢ ᠶᠢᠨ ᠪᠠᠶᠢᠷᠢ ᠲᠠᠢ ᠴᠦ ᠨᠠᠷᠠᠨ ᠰᠠᠷᠠᠨ ᠯᠤᠭ᠎ᠠ ᠮᠦᠴᠡᠭᠡᠷᠭᠡᠮᠤᠢ ᠦᠵᠡᠰᠭᠦᠯᠡᠩᠳᠦ ᠡᠭᠡᠮᠦᠭᠳᠡᠳ ᠤᠨ ᠭᠠᠩᠭᠠᠩ ᠢ ᠭᠠᠶᠢᠬᠠᠭᠤᠯᠤᠬᠰᠠᠨ ᠦᠷᠦᠰᠢᠶᠡᠯ ᠢᠪᠡᠭᠡᠯᠳᠦ ᠤᠰᠬᠠᠯ ᠶᠤᠰᠤᠳᠦ ᠡᠷᠭᠦᠮᠵᠢᠯᠯᠡᠳᠦ ᠰᠢᠷᠢᠨᠳᠠᠷᠢ ᠪᠢ ᠪᠠᠷ ᠬᠠᠳᠤᠨ ᠰᠦᠨᠡᠰᠦ ᠵᠡᠭᠦᠯᠳᠡ᠄  ᠰᠢᠷᠢᠨᠳᠠᠷᠢ ᠬᠠᠳᠤᠨ ᠪᠤᠯ ᠬᠤᠩᠬᠢᠷᠠᠳ ᠤᠪᠤᠬᠳᠠᠨ᠂ ᠦᠯᠴᠦ ᠶᠢᠨ ᠦᠬᠢᠨ᠃ ᠪᠦᠳᠦᠭᠡᠭᠴᠢ ᠲᠡᠭᠡᠳᠦᠰ ᠴᠧᠩᠽᠦ᠋ᠩ ᠲᠡᠮᠦᠷ ᠬᠠᠭᠠᠨ ᠤ ᠬᠠᠳᠤᠨ᠂  ᠶᠡᠭᠡ  ᠡᠷᠳᠡᠮᠳᠦ ᠶᠢᠨ ᠭᠤᠷᠪᠠᠳᠤᠭᠠᠷ ᠤᠨ  ︵1299 ᠤᠨ︶ ᠳᠤ ᠬᠠᠳᠤᠨ ᠪᠠᠶᠢᠭᠤᠯᠪᠠᠢ᠃ ᠬᠠᠭᠠᠨ ᠭᠦᠪᠡᠭᠦᠨ ᠳ᠋ᠧᠱᠸᠦ ᠶᠢ ᠮᠡᠨᠳᠦᠯᠡᠪᠡ᠃ ᠲᠡᠷᠡ ᠪᠠᠷ ᠦᠷᠦᠰᠢᠶᠡᠯ ᠨᠢᠭᠦᠯᠡᠰᠦᠩᠬᠦᠢ ᠶᠢ ᠲᠡᠯᠬᠡᠷᠡᠭᠦᠯᠦᠨ᠂ ᠲᠡᠭᠡᠳᠦᠬᠢ ᠶᠢ ᠭᠦᠨᠳᠦᠯᠡᠨ ᠲᠤᠤᠷᠠᠳᠤᠬᠢ ᠶᠢ ᠭᠦᠮᠦᠵᠢᠬᠦᠯᠦᠨ᠂ ᠤᠷᠳᠤᠨ ᠤ ᠲᠢᠭᠯᠢᠮ ᠢ ᠲᠤᠳᠤᠷᠠᠭᠤᠯᠤᠬᠰᠠᠨ ᠭᠠᠪᠢᠶ᠎ᠠ ᠵᠢᠳᠭᠦᠯ ᠲᠠᠢ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号