ᠬᠠᠳᠤᠨ ᠰᠦᠨᠡᠰᠦ᠂  ᠨᠠᠢᠮᠠᠳᠤᠭᠠᠷ ᠪᠦᠯᠦᠭ᠂  ᠲᠦᠷᠪᠡᠳᠤᠭᠡᠷ ᠬᠡᠰᠡᠭ
ᠨᠡᠶᠢᠲᠡᠯᠡᠭᠰᠡᠨ ᠴᠠᠭ᠄
2020-06-22
ᠨᠠᠰᠤᠨᠯᠠᠨᠪᠤ ᠬᠠᠳᠤᠨᠠᠯᠠᠱᠠ ᠬᠤᠱᠤᠳ ᠤᠬᠰᠠᠭᠠᠳᠠᠨ ᠤ ᠲᠤᠷᠵᠢᠸᠠᠩᠴᠤᠭ ᠤᠨ ᠦᠬᠢᠨᠠᠷᠪᠠᠨ ᠬᠤᠶᠠᠷ ᠨᠠᠰᠤᠨ ᠠᠴᠠ ᠪᠠᠨ ᠤᠳᠬ᠎ᠠ ᠤᠶᠠᠩᠭ᠎ᠠ ᠳᠤ ᠪᠤᠯᠪᠠᠰᠤᠷᠠᠪᠠᠢᠴᠠᠭ ᠢ ᠵᠦᠷᠢᠬᠦᠯᠵᠦ ᠤᠷᠤᠨ ᠢ ᠠᠳᠡᠭᠦᠷᠡᠭᠰᠡᠨ ᠮᠠᠨᠵᠤ ᠮᠤᠩᠭᠤᠯ ᠤᠨ ᠪᠠᠷᠢᠯᠳᠤᠯᠭ᠎ᠠᠴᠤᠭ ᠢ ᠰᠡᠷᠭᠦᠭᠡᠨ ᠰᠦᠯᠳᠡ ᠪᠠᠨ ᠪᠠᠳᠠᠷᠠᠭᠠᠬᠤ ᠡᠷᠳᠡᠨ ᠤ ᠦᠢᠯᠡᠰ ᠢ ᠰᠠᠨᠠᠭᠠᠯᠵᠠᠮᠤᠢᠦᠨᠳᠦᠷ ᠭᠡᠷᠭᠡᠮᠳᠡᠨ ᠤ ᠬᠦᠨ ᠤᠷᠳᠤᠨ ᠳᠤ ᠡᠯᠪᠡᠭ ᠲᠠᠩᠰᠤᠭ ᠠᠮᠢᠳᠤᠷᠠᠬᠰᠠᠨ ᠴᠦᠦᠷᠦᠪᠴᠢᠬᠡᠨ ᠰᠡᠳᠬᠢᠯ ᠳᠤ ᠡᠴᠢᠬᠡ ᠶᠢᠨ ᠨᠤᠳᠤᠭ ᠢᠰᠡᠭᠡᠢ ᠲᠤᠭᠤᠷᠭᠠᠳᠠᠨ ᠡᠷᠢᠭᠳᠡᠨᠡᠮ ᠶᠦᠨ ᠰᠢᠶᠠᠩ ᠦᠷᠦᠬᠡᠨ ᠤ  ᠬᠦᠩᠭᠡᠨ ᠤᠶᠢᠳᠬᠠᠷ ᠦᠯᠡᠮᠵᠢ ᠢᠤᠢ ᠬᠤᠸᠠ ᠲᠠᠬᠳᠦ ᠶᠢᠨ ᠭᠡᠭᠡᠨ ᠭᠤᠨᠢᠭ ᠡᠭᠡᠰᠢᠭᠯᠡᠩᠳᠡᠢ ᠨᠠᠰᠤᠨᠯᠠᠨᠪᠤ ᠪᠢ ᠪᠠᠷ ᠬᠠᠳᠤᠨ ᠰᠦᠨᠡᠰᠦ      ᠵᠡᠭᠦᠯᠳᠡ᠄  ᠨᠠᠰᠤᠨᠯᠠᠨᠪᠤ ︵ᠪᠠᠰᠠ ᠨᠠᠰᠤᠨᠷᠢᠪᠤ ᠴᠦ ᠭᠡᠳᠡᠭ᠂ ᠮᠤᠩᠭᠤᠯ ᠢᠶᠠᠷ ᠨᠠᠰᠤᠬᠤᠷᠳᠦ ᠭᠡᠳᠡᠭ ᠤᠳᠬ᠎ᠠ  ᠲᠠᠢ᠂ 1801— 1873 ᠤᠨ︶ ᠪᠤᠯ ᠡᠷᠭᠦᠭᠰᠡᠨ ᠨᠡᠷ᠎ᠡ ᠯᠢᠶᠠᠨ ᠶᠢᠦ᠃ ᠮᠠᠨᠵᠤ ᠴᠢᠩ ᠤᠯᠤᠰ ᠤᠨ ᠲᠤᠮᠳᠠ ᠦᠶ᠎ᠡ ᠶᠢᠨ ᠮᠤᠩᠭᠤᠯ ᠤᠨ ᠠᠷᠦ ᠬᠠᠯᠬ᠎ᠠ ᠶᠢᠨ ᠲᠦᠰᠢᠶᠡᠳᠦ ᠬᠠᠨ ᠠᠶᠢᠮᠠᠭ ᠤᠨ ᠲᠤᠮᠳᠠ ᠪᠠᠷᠠᠭᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠶᠤᠨᠳᠤᠨᠳᠤᠷᠵᠢ ᠶᠢᠨ ᠦᠬᠢᠨ᠂ ᠪᠤᠷᠵᠢᠬᠢᠨ ᠤᠪᠤᠭ ᠲᠠᠢ᠂ ᠢᠵᠠᠭᠤᠷᠳᠠᠨ ᠭᠠᠷᠤᠯ  ᠲᠠᠢ᠃ ᠲᠠᠶᠠᠨ ᠬᠠᠨ ᠪᠠᠳᠦᠮᠦ᠋ᠩᠬᠡ ᠶᠢᠨ ᠤᠬᠰᠠᠭᠠᠨ ᠤ ᠦᠷ᠎ᠡ ᠠᠴᠢ᠃ ᠲᠡᠷᠡ ᠪᠠᠷ ᠪᠢᠴᠢᠬᠠᠨ ᠠᠴᠠ ᠰᠡᠴᠡᠨ ᠰᠡᠷᠭᠦᠯᠡᠩ᠂ ᠤᠷ᠎ᠠ ᠠᠪᠢᠶᠠᠰᠯᠢᠭ᠂ ᠤᠢ ᠪᠢᠯᠢᠭ ᠰᠠᠶᠢᠳᠠᠢ᠂ ᠠᠰᠠᠭᠤᠯᠭ᠎ᠠ ᠰᠤᠷᠤᠯᠭ᠎ᠠ ᠳᠤ ᠪᠠᠭ᠋ᠠᠳᠠᠢ ᠲᠤᠯᠠ ᠲᠤᠯᠤᠭᠠᠨ ᠨᠠᠰᠤᠨ ᠠᠴᠠ ᠬᠤᠪᠢ ᠶᠢᠨ ᠰᠤᠷᠭᠠᠭᠤᠯᠢ ᠳᠤ ᠰᠠᠭᠤᠨ ᠰᠤᠷᠭᠠᠯ ᠭᠦᠷᠳᠡᠵᠡᠢ᠃ ᠠᠷᠪᠠᠨ ᠲᠤᠯᠤᠭᠠᠨ ᠨᠠᠰᠤᠨ ᠳᠠᠭᠠᠨ ᠮᠠᠨᠵᠦ ᠤᠬᠰᠠᠭᠠᠨ ᠤ ᠲᠡᠰᠯᠡᠨ ᠪᠠᠶᠢᠴᠠᠭᠠᠬᠴᠢ ᠰᠠᠶᠢᠳ ᠡᠾᠧᠩ ᠡᠸ᠋ᠨ ᠲᠠᠢ ᠭᠡᠷᠯᠡᠵᠦ᠂ ᠨᠢᠬᠡ ᠬᠦᠪᠡᠭᠦᠨ ᠨᠢᠬᠡ ᠦᠬᠢᠨ ᠮᠡᠨᠳᠦᠯᠡᠪᠡ᠃ ︽ᠬᠠᠯᠬ᠎ᠠ ᠶᠢᠨ ᠡᠷᠳᠡᠮᠳᠡᠨ ᠪᠦᠰᠡᠭᠦᠢ︾ ᠬᠡᠮᠡᠨ ᠡᠷᠭᠦᠮᠵᠢᠯᠡᠭᠳᠡᠭᠰᠡᠨ ᠨᠠᠰᠤᠨᠯᠠᠨᠪᠤ ᠮᠠᠰᠢ ᠤᠯᠠᠨ ᠰᠢᠯᠦᠭ ᠨᠠᠶᠢᠷᠠᠭ ᠪᠢᠴᠢᠭᠰᠡᠨ ᠨᠢ ︽ᠯᠢᠶᠠᠨ ᠢᠦ ᠶᠢᠨ ᠢᠷᠠᠭᠤ ᠨᠠᠶᠢᠷᠠᠭ ᠤᠨ ᠡᠮᠬᠢᠳᠭᠡᠯ︾ ᠂ ︽ᠶᠦᠨ ᠰᠢᠶᠠᠩ ᠭᠤᠸᠠᠨ ᠤᠷᠳᠤᠨ ᠤ ᠦᠯᠡᠳᠡᠭᠳᠡᠯ ᠰᠢᠯᠦᠭ︾  ᠵᠡᠷᠭᠡ ᠳᠤ ᠪᠠᠭᠳᠠᠨ ᠤᠷᠤᠬᠰᠠᠨ ᠪᠠᠶᠢᠨ᠎ᠠ᠃                                   ᠪᠤᠮᠪᠠᠳᠠᠢ  ᠬᠠᠳᠤᠨᠲᠤᠳᠤᠭᠠᠳᠦ ᠤᠷᠳᠤᠨ ᠤ ᠰᠤᠷᠳᠠᠯ ᠠᠰᠠᠭᠤᠯᠭ᠎ᠠ ᠪᠠᠷ ᠭᠤᠷᠪᠠᠨ ᠲᠦᠷᠦ ᠶᠢ ᠲᠡᠤᠭᠦᠨ ᠲᠦᠷᠦ ᠵᠠᠰᠠᠭ ᠤᠨ ᠵᠦᠷᠢᠴᠡᠯ ᠲᠡᠮᠡᠴᠡᠯ ᠳᠤ ᠰᠤᠤ ᠪᠢᠯᠢᠭ ᠢᠶᠠᠨ ᠬᠤᠷᠴᠠᠯᠠᠪᠠᠢ ᠮᠤᠩᠭᠤᠯ ᠮᠠᠨᠵᠤ ᠶᠢᠨ ᠬᠠᠷᠢᠴᠠᠭ᠎ᠠ ᠶᠢ ᠮᠠᠨᠵᠤ ᠮᠤᠩᠭᠤᠯ ᠪᠤᠯᠭᠠᠨ ᠬᠤᠪᠢᠷᠠᠭᠠᠬᠰᠠᠨ ᠮᠢᠬ᠎ᠠ ᠴᠢᠰᠦᠨ ᠤ ᠡᠭᠡᠳᠡᠷᠡᠭᠡᠨᠳᠦ ᠰᠡᠳᠬᠢᠯᠬᠡ ᠮᠢᠩᠭᠠᠨ ᠤᠨ ᠤ ᠵᠤᠭᠤᠭ ᠮᠠᠨᠵᠤ ᠶᠢᠨ ᠲᠦᠯᠦᠬᠡ ᠵᠢᠳᠭᠦᠯ᠎ᠡ ᠬᠡᠮᠡᠨ ᠮᠠᠭᠤᠯᠠᠬᠤ ᠪᠠᠨ ᠪᠢᠳᠡᠭᠡᠢ ᠰᠠᠨᠳᠤᠷ ᠮᠠᠭᠠᠳ ᠪᠢ ᠪᠠᠷ ᠪᠦᠰᠡᠳᠡᠢ ᠪᠤᠯᠬᠤᠯ᠎ᠠ ᠲᠡᠤᠭᠡ ᠦᠭᠡᠷ᠎ᠡ ᠪᠠᠷ ᠪᠢᠴᠢᠭᠳᠡᠮᠦ    ᠪᠤᠮᠪᠠᠳᠠᠢ ᠪᠢ ᠪᠠᠷ ᠬᠠᠳᠤᠨ ᠰᠦᠨᠡᠰᠦ ᠰᠤᠮᠠᠯ ᠦᠬᠢᠨ ᠨᠤᠨ ᠬᠤᠷᠴᠢᠨ ᠤ ᠵᠢᠷ ᠤᠨ ᠨᠢᠬᠡᠨ ᠮᠠᠯᠴᠢᠨ ᠤᠳᠤᠮ ᠤᠨ ᠦᠬᠢᠨ ᠪᠢᠯᠡᠨᠤᠶᠠᠨ ᠤ ᠤᠷᠳᠤᠨ᠎ᠠ ᠰᠤᠩᠭᠤᠬᠳᠠᠵᠤ ᠬᠤᠪᠢ ᠵᠠᠶᠠᠭ᠎ᠠ ᠥᠭᠡᠷ᠎ᠡ ᠪᠠᠷ ᠡᠷᠭᠢᠪᠡᠢᠤᠯᠤᠰ ᠲᠦᠷᠦ ᠶᠢᠨ ᠤᠷᠤᠭ ᠤᠨ ᠬᠤᠯᠪᠤᠭ᠎ᠠ ᠪᠠᠷ ᠪᠤᠮᠪᠠᠳᠠᠢ ᠶᠢ ᠲᠠᠭᠠᠯᠳᠤᠨ ᠮᠤᠷᠳᠠᠵᠤᠤᠳᠬ᠎ᠠ ᠤᠶᠠᠩᠭ᠎ᠠ ᠶᠢ ᠬᠠᠮᠳᠤᠳᠠ ᠰᠤᠨᠢᠷᠬᠠᠨ ᠪᠢᠴᠢᠭ ᠤᠨ ᠮᠡᠷᠭᠡᠳ ᠢ ᠰᠢᠬᠦᠮᠵᠢᠯᠡᠬᠦᠢᠵᠠᠯᠠᠭᠤ ᠨᠠᠰᠤᠨ ᠤ ᠬᠡᠨᠡᠨ ᠬᠠᠶᠢᠷ᠎ᠠ ᠶᠢᠨ ᠨᠢᠭᠡ ᠨᠠᠰᠤᠨ ᠤ ᠠᠨᠳᠠᠭᠠᠢ ᠶᠢᠵᠠᠭᠠᠯ ᠪᠤᠭᠤᠷᠤᠯ ᠪᠤᠯᠳᠠᠯ᠎ᠠ ᠪᠠᠨ ᠰᠠᠬᠢᠵᠤ ᠰᠢᠳᠦᠷᠭᠤ ᠵᠢᠷᠦᠮ ᠢ ᠭᠦᠢᠴᠡᠳᠭᠡᠯᠦᠬᠡ ᠠᠮᠢ ᠨᠠᠰᠤᠨ ᠤ ᠢᠯᠴᠢ ᠭᠡᠭᠡ ᠪᠠᠨ ᠬᠠᠭᠠᠨ ᠤ ᠭᠦᠪᠡᠭᠦᠳ ᠲᠤ ᠶᠡᠭᠦᠯᠡᠵᠦ ᠠᠳᠠᠯᠢᠳᠬᠠᠰᠢ ᠦᠬᠡᠢ ᠡᠭᠡᠨᠴᠢᠷ ᠬᠠᠶᠢᠷ᠎ᠠ ᠪᠠᠷ ᠮᠠᠨᠵᠤ ᠶᠢᠨ ᠲᠦᠷᠦ ᠶᠢ ᠲᠡᠳᠭᠦᠪᠡᠢ ᠰᠤᠮᠠᠯ ᠪᠢ ᠪᠠᠷ ᠬᠠᠳᠤᠨ ᠰᠦᠨᠡᠰᠦ ᠵᠡᠭᠦᠯᠳᠡ᠄ ᠰᠤᠮᠠᠯ ᠪᠤᠯ ᠨᠤᠨ ᠬᠤᠷᠴᠢᠨ ᠤ ᠵᠢᠷ ᠤᠨ ᠨᠢᠬᠡᠨ ᠮᠠᠯᠴᠢᠨ ᠤ ᠭᠡᠷ ᠲᠤ ᠲᠦᠷᠦᠭᠰᠡᠨ ᠴᠦ ᠴᠡᠴᠡᠨ ᠰᠡᠷᠭᠦᠯᠡᠩ ᠤᠢ ᠤᠬᠠᠭᠠᠨ ᠲᠠᠢ᠂ ᠪᠦᠳᠦᠭᠡᠯᠴᠢ ᠠᠪᠢᠶᠠᠰ ᠲᠠᠢ ᠪᠦᠭᠡᠳ ᠭᠡᠳᠦᠨ ᠬᠡᠯᠡᠨ ᠳᠤ ᠨᠡᠪᠳᠡᠷᠡᠭᠰᠡᠨ ᠰᠤᠳᠤᠨ ᠡᠮᠡᠭᠳᠡᠢ ᠶᠤᠮ᠃ ᠠᠷᠪᠠᠭᠠᠳ ᠨᠠᠰᠤᠨ ᠠᠴᠠ ᠪᠠᠨ ᠡᠬᠢᠯᠡᠨ ᠨᠤᠨ ᠬᠤᠷᠴᠢᠨ ᠤ ᠲᠤᠮᠤ ᠢᠵᠠᠭᠤᠷᠳᠠᠨ ᠵᠠᠶᠢᠰᠠᠩ ᠪᠦᠬᠡ ᠵᠠᠷᠭᠤᠴᠢ ᠶᠢᠨ ᠤᠷᠳᠤᠨ ᠳᠤ ᠰᠤᠩᠭᠤᠬᠳᠠᠨ ᠤᠷᠤᠵᠤ᠂ ᠲᠡᠭᠦᠨ ᠤ ᠦᠬᠢᠨ ᠪᠤᠮᠪᠠᠳᠠᠢ ᠳᠤ ᠵᠠᠷᠤᠴᠠᠯᠠᠬᠳᠠᠨ᠂ ᠬᠤᠵᠢᠮ ᠨᠢ ᠪᠤᠮᠪᠠᠳᠠᠢ ᠶᠢ ᠲᠠᠭᠠᠯᠳᠤᠨ ᠲᠠᠶᠢᠴᠢᠩ ᠭᠦᠷᠦᠨ ᠤ ᠤᠷᠳᠤᠨ ᠳᠤ ᠭᠦᠷᠭᠡᠭᠳᠡᠵᠡᠢ᠃ ᠲᠡᠷᠡ ᠪᠠᠷ ᠪᠦᠬᠦᠶᠢᠯᠡ ᠨᠠᠰᠤ ᠪᠠᠨ ᠲᠠᠶᠢᠴᠢᠩ ᠭᠦᠷᠦᠨ ᠤ ᠭᠡᠳᠦᠨ ᠦᠶ᠎ᠡ ᠶᠢᠨ ᠬᠠᠭᠠᠨ ᠭᠦᠪᠡᠭᠦᠳ ᠢ ᠦᠰᠭᠡᠨ ᠭᠦᠮᠦᠵᠢᠭᠦᠯᠬᠦ  ᠳᠤ ᠵᠤᠷᠢᠭᠤᠯᠵᠤ᠂ ᠴᠢᠩ ᠤᠯᠤᠰ ᠤᠨ ᠲᠠᠶᠢᠽᠦ᠂ ᠲᠠᠶᠢᠽᠦ᠋ᠩ᠂ ᠱᠢᠽᠦ᠂ ᠱᠧᠩᠽᠦ ᠵᠡᠷᠭᠡ ᠲᠦᠷᠪᠡᠨ ᠲᠦᠷᠦ ᠶᠢ ᠦᠩᠭᠡᠷᠡᠭᠦᠯᠵᠦ᠂ ᠮᠠᠰᠢ ᠤᠯᠠᠨ ᠴᠢᠬᠤᠯᠠ ᠶᠡᠭᠡ ᠲᠦᠷᠦ ᠶᠢᠨ ᠭᠡᠷᠡᠭ ᠶᠠᠪᠤᠳᠠᠯ ᠳᠤ ᠤᠷᠤᠯᠴᠠᠵᠤ ᠠᠮᠢ ᠨᠠᠰᠤᠨ ᠤ ᠭᠡᠷᠡᠯ ᠭᠡᠭᠡ ᠪᠠᠨ ᠪᠠᠳᠠᠷᠠᠭᠤᠯᠤᠬᠰᠠᠨ ᠶᠤᠮ᠃ ᠵᠠᠯᠠᠭᠤ ᠳᠠᠭᠠᠨ ᠨᠢᠬᠡᠨ ᠭᠠᠷᠮᠠᠭᠠᠢ ᠴᠡᠷᠢᠭ ᠤᠨ ᠪᠠᠭᠠᠳᠤᠷ ᠲᠠᠢ ᠢᠨᠠᠬᠯᠠᠵᠤ ᠭᠡᠷ ᠪᠦᠯᠢ ᠪᠠᠶᠢᠭᠤᠯᠬᠤ ᠪᠠᠷ ᠠᠨᠳᠠᠭᠠᠶᠢᠯᠠᠬᠰᠠᠨ ᠴᠦ ᠦᠨᠦᠬᠢ ᠨᠢ ᠲᠠᠶᠢᠨ ᠳᠤ ᠦᠷᠡᠭᠳᠡᠭᠰᠡᠨ ᠪᠤᠯᠬᠤᠷ ᠲᠡᠷᠡ ᠨᠢᠬᠡ ᠨᠠᠰᠤᠨ ᠳᠠᠭᠠᠨ ᠤᠷᠤᠬᠯᠠᠬᠰᠠᠨ
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号