ᠬᠠᠳᠤᠨ ᠰᠦᠨᠡᠰᠦ ᠂ ᠨᠠᠢ᠌ᠮᠠᠳᠤᠭᠠᠷ ᠪᠦᠯᠦᠭ᠂ ᠨᠢᠭᠡᠳᠦᠭᠡᠷ ᠭᠡᠰᠡᠭ
ᠨᠡᠶᠢᠲᠡᠯᠡᠭᠰᠡᠨ ᠴᠠᠭ᠄
2020-06-22
ᠨᠠᠢᠮᠠᠳᠤᠭᠠᠷ ᠪᠦᠯᠦᠭ ᠴᠠᠭᠠᠵᠠᠩ  ᠬᠠᠳᠤᠨ ᠦᠨᠡᠨᠴᠢ ᠬᠠᠨᠢ ᠲᠦᠷᠦᠪᠤᠯᠤᠳ ᠠᠴᠠ ᠬᠠᠭᠠᠴᠠᠭᠠᠳ ᠦᠷᠦᠭᠡᠰᠦᠨ ᠵᠢᠭᠦᠷ ᠮᠢᠨᠢ ᠬᠤᠭᠤᠷᠠᠬᠰᠠᠨᠦᠨᠦᠴᠢᠨ ᠭᠦᠪᠡᠭᠦᠨ ᠪᠤᠳᠢ ᠠᠯᠠᠭ ᠢ ᠬᠠᠭᠠᠨ ᠤᠬᠠᠭᠠᠨ ᠳᠤ ᠳᠠᠰᠬᠠᠨ ᠰᠤᠷᠭᠠᠭᠰᠠᠨᠡᠭᠡ ᠶᠢᠨ ᠬᠠᠶᠢᠷ᠎ᠠ ᠡᠴᠢᠬᠡ ᠶᠢᠨ ᠬᠠᠷᠢᠭᠤᠴᠠᠯᠭ᠎ᠠ ᠶᠢ ᠨᠢᠭᠡᠨ᠎ᠡ ᠬᠠᠮᠳᠦ ᠭᠦᠢᠴᠡᠳᠭᠡᠨᠡᠷᠳᠡᠨ ᠤ ᠦᠢᠯᠡ ᠶᠢ ᠡᠳᠦᠬᠡ ᠳᠤᠷ ᠲᠤᠯᠢᠯᠠᠭᠤᠯᠤᠨ ᠡᠪ ᠨᠢᠭᠡᠳᠦᠯ ᠢ ᠡᠷᠬᠢᠮᠯᠡᠪᠡᠢᠦᠪᠡᠷ ᠵᠠᠭᠤᠷ᠎ᠠ ᠶᠢᠨ ᠪᠦᠯᠭᠦᠮᠳᠡᠯ ᠢ ᠦᠭᠦᠯᠡᠭᠰᠡᠨ ᠡᠴᠢᠨ᠎ᠡ ᠳᠠᠯᠳᠠ ᠶᠢᠨ ᠤᠬᠠᠭᠠᠷᠠᠯᠡᠭᠡᠨᠡᠭᠳᠡ ᠡᠷᠳᠡᠨ ᠡᠳᠦᠭᠡ ᠶᠢᠨ ᠲᠤᠮᠤᠭ ᠪᠤᠯᠵᠤ ᠲᠡᠤᠭᠡ ᠱᠠᠰᠳᠢᠷ ᠲᠤ ᠮᠥᠩᠬᠡᠷᠡᠮᠦᠢ ᠮᠤᠩᠭᠤᠯ ᠤᠨ ᠲᠦᠷᠦ ᠶᠢ ᠲᠡᠳᠭᠦᠵᠦ ᠮᠠᠨᠳᠤᠯ ᠭᠦᠭᠵᠢᠯ ᠳᠤ ᠬᠦᠲᠦᠯᠦᠭᠰᠡᠨ ᠴᠠᠭᠠᠵᠠᠩ ᠪᠢ ᠪᠠᠷ ᠬᠠᠳᠤᠨ ᠰᠦᠨᠡᠰᠦ ᠵᠡᠭᠦᠯᠳᠡ᠄  ᠴᠠᠭᠠᠵᠠᠩ ᠬᠠᠳᠤᠨ ᠪᠤᠯ ᠮᠠᠨᠳᠤᠬᠠᠢ ᠰᠡᠴᠡᠨ ᠬᠠᠳᠤᠨ ᠤ ᠶᠡᠭᠡ ᠭᠦᠪᠡᠬᠦᠨ ᠲᠦᠷᠦᠪᠤᠯᠤᠳ ᠤᠨ ᠭᠤᠤᠯ ᠬᠠᠳᠤᠨ᠃ ᠵᠠᠯᠠᠭᠤ ᠽᠠᠨᠳᠠᠨ ᠨᠠᠰᠤᠨ ᠳᠠᠭᠠᠨ ᠡᠷ᠎ᠡ ᠨᠦᠭᠦᠷ ᠠᠴᠠ ᠪᠠᠨ ᠬᠠᠭᠠᠴᠠᠬᠰᠠᠨ ᠴᠠᠭᠠᠵᠠᠩ ᠬᠠᠳᠤᠨ᠂ ᠦᠨᠦᠴᠢᠨ ᠦᠷ᠎ᠡ ᠪᠤᠳᠢ ᠠᠯᠠᠭ ᠲᠠᠭᠠᠨ ᠡᠭᠡ ᠶᠢᠨ ᠬᠠᠶᠢᠷ᠎ᠠ ᠡᠴᠢᠬᠡ ᠶᠢᠨ ᠬᠠᠷᠢᠭᠤᠴᠠᠯᠭ᠎ᠠ ᠶᠢ ᠬᠠᠮᠳᠤᠳᠠ ᠭᠦᠢᠴᠡᠳᠬᠡᠨ ᠰᠢᠯᠢᠳᠡᠭ ᠭᠦᠮᠦᠵᠢᠭᠦᠯᠪᠡ᠃ ᠲᠡᠷᠡ ᠪᠠᠷ ᠲᠦᠷᠦ ᠵᠠᠰᠠᠭ ᠲᠤᠷ ᠲᠤᠰᠠᠯᠠᠨ᠂ ᠲᠠᠶᠢᠨ ᠪᠠᠶᠢᠯᠳᠤᠭᠠᠨ ᠳᠤ ᠤᠷᠤᠯᠴᠠᠨ᠂ ᠬᠠᠨ ᠭᠦᠪᠡᠬᠦᠨ ᠢᠶᠠᠨ ᠭᠠᠷᠮᠠᠭᠠᠢ ᠰᠤᠷᠭᠠᠵᠤ᠂ ᠦᠪᠡᠷ ᠬᠤᠭᠤᠷᠤᠨᠳᠦ ᠶᠢᠨ ᠪᠦᠯᠭᠦᠮᠳᠡᠯ ᠨᠢᠬᠳᠠᠷᠠᠯ ᠳᠤ ᠪᠠᠯᠠᠷᠠᠰᠢ ᠦᠬᠡᠢ ᠭᠠᠪᠢᠶ᠎ᠠ ᠵᠢᠳᠬᠦᠯ ᠦᠵᠡᠭᠦᠯᠦᠭᠰᠡᠨ ᠶᠤᠮ᠃ ᠠᠯᠳᠠᠨ ᠬᠠᠰ ᠤᠨ ︽ᠨᠢᠬᠡᠨ ᠠᠩᠬᠢ ᠰᠢᠭᠦᠮᠵᠢᠯᠡᠯ︾  ᠢᠶᠠᠷ ᠪᠠᠷᠠᠭᠤᠨ ᠭᠤᠷᠪᠠᠨ ᠲᠦᠮᠡᠨ ᠢ ᠲᠠᠭᠠᠷᠢᠨ ᠲᠤᠪᠳᠤᠯᠬᠤ ᠭᠡᠰᠡᠨ ᠬᠠᠭᠠᠨ ᠭᠦᠪᠡᠬᠦᠨ ᠢ ᠰᠤᠷᠭᠠᠵᠤ ᠭᠡᠭᠡᠷᠡᠭᠦᠯᠦᠭᠰᠡᠨ ᠨᠢᠬᠡᠨ ᠬᠠᠭᠤᠳᠠᠰᠦ ᠲᠡᠤᠭᠡ ᠪᠤᠢ᠃ ᠮᠤᠩᠭᠤᠯ ᠤᠨ ᠭᠤᠴᠢᠨ ᠨᠢᠭᠡᠳᠦᠭᠡᠷ ᠦᠶ᠎ᠡ ᠶᠢᠨ ᠬᠠᠭᠠᠨ ᠪᠤᠳᠢ ᠠᠯᠠᠭ ᠬᠠᠭᠠᠨ ︵1504 — 1547 ᠤᠨ︶ ᠨᠡᠶᠢᠳᠡ ᠬᠤᠷᠢᠨ ᠨᠠᠢᠮᠠᠨ ᠵᠢᠯ ᠬᠠᠭᠠᠨ ᠤᠷᠤ  ᠰᠠᠭᠤᠬᠤ ᠬᠤᠭᠤᠴᠠᠭᠠᠨ᠎ᠠ ᠡᠭᠡ ᠬᠠᠳᠤᠨ ᠤ ᠰᠤᠷᠭᠠᠯ ᠵᠠᠬᠢᠶ᠎ᠠ ᠶᠢ ᠰᠠᠶᠢᠳᠤᠷ ᠮᠦᠷᠳᠡᠨ ᠲᠠᠭᠠᠵᠤ᠂ ᠮᠤᠩᠭᠤᠯ ᠤᠨ ᠨᠡᠶᠢᠬᠡᠮ ᠢ ᠲᠦᠪᠰᠢᠷᠡᠬᠦᠯᠦᠨ᠂ ᠮᠠᠯ ᠠᠵᠤ ᠠᠬᠤᠢ ᠦᠨᠢᠷ ᠪᠠᠶᠠᠯᠢᠭ ᠦᠰᠴᠦ ᠨᠡᠮᠡᠭᠳᠡᠨ ᠬᠦᠮᠦᠨ ᠵᠤᠨ ᠵᠤᠯ ᠵᠢᠷᠭᠠᠯᠳᠠᠢ ᠪᠠᠶᠢᠪᠠ᠃      ᠪᠠᠭ᠎ᠠ ᠪᠡᠶᠢᠵᠢ ᠬᠠᠳᠤᠨᠤᠮᠠᠷᠠᠳᠦ ᠶᠤᠸᠠᠨ ᠤ ᠲᠦᠮᠡᠳ ᠲᠦᠮᠡᠨ ᠤ ᠶᠡᠭᠡ ᠪᠠᠶᠢᠰᠢᠩ ᠤᠨ ᠡᠵᠡᠨ ᠪᠠᠶᠢᠯᠤᠭ᠎ᠠᠦᠨᠦᠴᠢᠨ ᠪᠡᠯᠪᠡᠰᠦᠨ ᠡᠭᠡ ᠭᠦᠪᠡᠭᠦᠨ ᠦᠭᠰᠦᠵᠦ ᠤᠷᠤᠭᠤᠳᠠᠨ ᠵᠦᠩᠳᠡᠭᠡᠨ ᠵᠤᠪᠠᠯᠤᠭ᠎ᠠᠤᠳᠠᠭ᠎ᠠ ᠲᠠᠷᠠᠭᠠᠯᠠᠨ ᠤᠷᠤᠭ ᠬᠤᠯᠪᠤᠯᠳᠠ ᠪᠠᠷ ᠪᠠᠷᠠᠭᠠᠨ ᠵᠤᠪᠠᠯᠠᠩ ᠠᠴᠠ ᠭᠡᠳᠦᠯᠵᠦᠤᠮᠪᠤ ᠬᠤᠩ ᠲᠠᠶᠢᠵᠢ ᠭᠦᠪᠡᠭᠦᠨ ᠤ ᠪᠠᠨ ᠲᠦᠯᠦᠬᠡᠨ᠎ᠡ ᠦᠨᠦᠴᠢᠨ ᠡᠯᠢᠬᠡ ᠦᠨᠳᠡᠯᠵᠡᠮᠤᠢᠣᠨ ᠴᠠᠭ ᠤᠨ ᠤᠷᠪᠠᠭᠠᠨ ᠭᠦᠷᠪᠡᠭᠡᠨ   ᠳᠤ ᠤᠬᠠᠭᠠᠨ ᠤ ᠴᠠᠷᠠᠭ᠎ᠠ ᠪᠠᠨ ᠭᠠᠶᠢᠬᠠᠭᠤᠯᠵᠤᠦᠭᠡᠳᠡᠯᠡᠯ ᠪᠠᠭᠤᠷᠠᠯ ᠤᠨ ᠡᠭᠡᠳᠡᠷᠡᠭᠡᠨᠳᠦ ᠡᠷᠬᠢᠯᠬᠡᠨ ᠳᠤ ᠪᠢᠯᠢᠭ ᠤᠨ ᠭᠡᠭᠡ ᠪᠠᠨ ᠭᠡᠷᠡᠯᠳᠦᠬᠦᠯᠪᠡᠢ ᠲᠦᠮᠡᠳ ᠤᠨ ᠲᠠᠯ᠎ᠠ ᠶᠢᠨ ᠪᠠᠳᠠᠷᠠᠯ ᠳᠡᠭᠵᠢᠷᠡᠯ ᠳᠤ ᠦᠵᠡᠰᠭᠦᠯᠡᠩ ᠲᠦᠷᠢ ᠮᠢᠨᠢ ᠰᠤᠳᠤᠨ ᠲᠤᠭᠤᠰᠤᠷᠠᠵᠤ ᠠᠯᠤᠰᠷᠠᠬᠤ ᠲᠡᠤᠬᠡ ᠶᠢᠨ ᠤᠷᠤᠰᠬᠠᠯ ᠳᠤ ᠠᠷᠤᠤᠬᠠᠨ ᠠᠯᠳᠠᠷ ᠮᠢᠨᠢ ᠮᠦᠩᠬᠡ ᠪᠠᠭ᠎ᠠ ᠪᠡᠶᠢᠵᠢ ᠪᠢ ᠪᠠᠷ ᠬᠠᠳᠤᠨ ᠰᠦᠨᠡᠰᠦ ᠵᠡᠭᠦᠯᠳᠡ᠄  ᠪᠠᠭ᠎ᠠ ᠪᠡᠶᠢᠵᠢ ᠬᠠᠳᠤᠨ ︵1546 — 1626 ᠤᠨ︶ ᠪᠤᠯ ᠤᠮᠠᠷᠠᠳᠦ ᠶᠤᠸᠠᠨ ᠤᠯᠤᠰ ᠤᠨ ᠦᠶ᠎ᠡ ᠶᠢᠨ ᠮᠤᠩᠭᠤᠯ ᠤᠨ ᠪᠠᠷᠠᠭᠤᠨ ᠭᠤᠷᠪᠠᠨ ᠲᠦᠮᠡᠨ ᠤ ᠦᠤᠰᠢᠨ ᠠᠶᠢᠮᠠᠭ ᠤᠨ ᠢᠵᠠᠭᠤᠷᠳᠠᠨ ᠭᠠᠷᠤᠯᠳᠠᠢ ᠲᠠᠶᠢᠴᠢᠨ ᠤ ᠦᠬᠢᠨ᠃ ᠤᠮᠠᠷᠠᠳᠦ ᠶᠤᠸᠠᠨ ᠤᠯᠤᠰ ᠤᠨ ᠦᠶ᠎ᠡ ᠶᠢᠨ ᠪᠠᠷᠠᠭᠤᠨ ᠭᠠᠷ ᠤᠨ ᠭᠤᠷᠪᠠᠨ ᠲᠦᠮᠡᠨ ᠤ ᠨᠢᠭᠡ ᠪᠤᠯᠬᠤ ᠲᠦᠮᠡᠳ ᠲᠦᠮᠡᠨ ᠤ ᠡᠵᠡᠨ ᠠᠯᠳᠠᠨ ᠬᠠᠨ ᠤ ᠠᠴᠢ ᠪᠡᠷᠢ᠂ ᠲᠦᠪᠡᠳ ᠲᠠᠶᠢᠵᠢ ᠶᠢᠨ ᠠᠬᠠᠮᠠᠳ ᠭᠦᠪᠡᠬᠦᠨ ᠪᠠᠭ᠎ᠠ ᠠᠴᠢ ᠲᠠᠶᠢᠵᠢ ᠶᠢᠨ ᠬᠠᠳᠤᠨ᠃ ᠪᠠᠭ᠎ᠠ ᠠᠴᠢ ᠲᠠᠶᠢᠵᠢ ᠪᠤᠯᠤᠨ ᠪᠠᠭ᠎ᠠ ᠪᠡᠶᠢᠵᠢ ᠬᠠᠳᠤᠨ ᠠᠴᠠ ᠴᠤᠮᠤ ᠲᠠᠶᠢᠵᠢ᠂ ᠯᠢᠩᠬᠡᠮ ᠲᠠᠶᠢᠵᠢ᠂ ᠪᠤᠰᠤᠪ ᠲᠠᠶᠢᠵᠢ ᠬᠡᠮᠡᠬᠦ ᠭᠤᠷᠪᠠᠨ ᠭᠦᠪᠡᠭᠦᠨ ᠲᠠᠢ᠃ ᠪᠠᠭ᠎ᠠ ᠠᠴᠢ ᠲᠠᠶᠢᠵᠢ ᠨᠠᠰᠦ ᠨᠦᠭᠴᠢᠭᠰᠡᠨ ᠠᠴᠠ ᠰᠡᠭᠦᠯᠡᠷ ᠪᠠᠭ᠎ᠠ ᠪᠡᠶᠢᠵᠢ ᠬᠠᠳᠤᠨ ᠭᠡᠳᠦ ᠤᠳᠠᠭ᠎ᠠ ᠤᠷᠤᠭ ᠬᠤᠯᠪᠤᠯᠳᠠ ᠬᠢᠵᠦ᠂ ᠤᠯᠤᠰ ᠲᠦᠷᠦ ᠶᠢᠨ ᠤᠷᠪᠠᠭᠠᠨ ᠭᠦᠷᠪᠡᠭᠡᠨ ᠤ ᠲᠤᠮᠳᠠ ᠲᠠᠪᠳᠠᠬᠳᠠᠨ ᠴᠠᠭᠠᠷᠠᠬᠰᠠᠨ ᠭᠠᠶᠢᠬᠠᠯᠳᠠᠢ ᠨᠢᠬᠡᠨ ᠮᠤᠩᠭᠤᠯ ᠪᠦᠰᠡᠭᠦᠢ ᠪᠦᠯᠦᠬᠡ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号