ᠬᠠᠳᠤᠨ ᠰᠦᠨᠡᠰᠦ ᠂ ᠨᠠᠢᠮᠠᠳᠤᠭᠠᠷ ᠪᠦᠯᠦᠭ᠂ ᠬᠤᠶᠠᠳᠤᠭᠠᠷ  ᠬᠡᠰᠡᠭ
ᠨᠡᠶᠢᠲᠡᠯᠡᠭᠰᠡᠨ ᠴᠠᠭ᠄
2020-06-22
ᠲᠠᠶᠢᠬᠠᠯ ᠬᠠᠳᠤᠨ ᠬᠠᠳᠤᠨ ᠡᠬᠡ ᠶᠢᠨ ᠭᠡᠷᠡᠯᠳᠦᠭᠰᠡᠨ ᠤᠬᠠᠭᠠᠨ ᠢᠶᠠᠷ ᠪᠠᠯᠴᠢᠷ ᠭᠦᠪᠡᠬᠦᠨ ᠢᠶᠠᠨ ᠭᠡᠶᠢᠭᠦᠯᠵᠦᠬᠠᠳᠠᠭᠤ ᠭᠦᠮᠦᠵᠢᠯ ᠢ ᠤᠭᠤᠭᠠᠳᠠ ᠲᠡᠭᠡᠵᠢᠯᠡᠨ ᠴᠤᠬᠳᠦ ᠬᠤᠩ ᠲᠠᠶᠢᠵᠢ ᠶᠢ ᠪᠠᠨ ᠰᠤᠶᠤᠯᠵᠢᠭᠤᠯᠪᠠᠬᠠᠭᠠᠳ ᠨᠤᠶᠠᠳ ᠰᠦᠷᠭᠦᠯᠳᠦᠨ ᠲᠡᠮᠡᠴᠡᠯᠳᠦᠭᠰᠡᠨ ᠰᠢᠷ᠎ᠠ ᠤᠯᠠᠭᠠᠨ ᠤ ᠮᠦᠷᠭᠦᠯᠳᠦᠭᠡᠨ ᠲᠤᠮᠳᠠᠬᠠᠭᠠᠷᠠᠯ ᠤᠨ ᠡᠭᠦᠳᠡ ᠶᠢ ᠲᠦᠭᠵᠢᠬᠦ ᠶᠢᠨ ᠲᠦᠯᠦᠬᠡᠨ᠎ᠡ ᠭᠠᠩᠨᠠᠭᠠᠰᠦ ᠪᠤᠯᠤᠨ ᠬᠠᠶᠢᠯᠤᠬᠰᠠᠨ ᠶᠤᠮᠬᠠᠯᠬ᠎ᠠ ᠲᠠᠶᠠᠭᠠᠷ ᠠᠯᠳᠠᠷ ᠨᠢ ᠲᠠᠭᠤᠷᠢᠰᠤᠬᠰᠠᠨ ᠴᠢᠩ ᠪᠢᠰᠢᠷᠡᠯᠳᠦ ᠤᠶᠤᠳᠠᠨ ᠡᠭᠡᠬᠠᠳᠠᠨ ᠤ ᠪᠢᠴᠢᠭ ᠲᠤ ᠠᠯᠳᠠᠷ ᠢᠶᠠᠨ ᠮᠦᠩᠭᠡᠯᠡᠭᠰᠡᠨ ᠡᠭᠡ ᠤᠷᠤᠨᠴᠢ ᠡᠭᠡ ᠭᠦᠪᠡᠭᠦᠨ ᠵᠢᠷᠦᠭᠡᠨ ᠠᠭᠤᠯᠠ ᠶᠢᠨ ᠡᠩᠭᠡᠷ ᠲᠤ ᠵᠢᠷᠭᠤᠭᠠᠨ ᠰᠦᠮ᠎ᠡ ᠶᠢ ᠪᠠᠶᠢᠭᠤᠯᠵᠤ ᠵᠢᠷᠤᠬᠠᠢ ᠨᠤᠮ ᠢ ᠤᠷᠴᠢᠭᠤᠯᠤᠨ ᠰᠤᠶᠤᠯ ᠭᠡᠭᠡᠷᠡᠯ ᠢ ᠲᠡᠯᠭᠡᠷᠡᠭᠦᠯᠦᠭᠰᠡᠨ ᠲᠠᠶᠢᠬᠠᠯ ᠪᠢ ᠪᠠᠷ ᠬᠠᠳᠤᠨ ᠰᠦᠨᠡᠰᠦ     ᠵᠡᠭᠦᠯᠳᠡ᠄ ᠲᠠᠶᠢᠬᠠᠯ ᠬᠠᠳᠤᠨ ᠡᠭᠡ ᠪᠤᠯ ᠲᠠᠶᠠᠨ ᠬᠠᠭᠠᠨ ᠤ ᠤᠳᠬᠤᠨ ᠭᠦᠦ ᠭᠡᠷᠰᠡᠨᠵᠢ ᠶᠢᠨ ᠭᠤᠷᠪᠠᠳᠤᠭᠠᠷ ᠭᠦᠪᠡᠭᠦᠨ ᠤᠶᠢᠵᠠᠨ ᠨᠤᠶᠠᠨ ᠤ ᠭᠦᠪᠡᠭᠦᠨ ᠪᠠᠭ᠋ᠠᠷᠠᠢ ᠬᠤᠰᠢᠭᠤᠴᠢ ᠶᠢᠨ ᠬᠠᠳᠤᠨ ᠪᠠᠶᠢᠵᠤ᠂ 17 ᠳ᠋ᠤᠭᠠᠷ ᠵᠠᠭᠤᠨ ᠤ ᠡᠬᠢᠨ ᠤ ᠦᠶ᠎ᠡ ᠳᠤ ᠠᠯᠳᠠᠷ ᠮᠠᠨᠳᠤᠬᠰᠠᠨ ᠤᠶᠤᠳᠠᠨ ᠬᠠᠳᠤᠨ ᠶᠤᠮ᠃ ᠲᠡᠷᠡ ᠪᠠᠷ 1601 ᠤᠨ ᠠᠴᠠ ᠡᠬᠢᠯᠡᠨ ᠭᠦᠪᠡᠭᠦᠨ ᠴᠤᠬᠳᠦ ᠬᠤᠩ ᠲᠠᠶᠢᠵᠢ ᠲᠠᠢ ᠪᠠᠨ ᠬᠤᠶᠠᠭᠤᠯᠠ ᠲᠦᠪᠡᠳ ᠬᠡᠯᠡᠨ ᠠᠴᠠ ᠪᠤᠷᠬᠠᠨ ᠨᠤᠮ᠂ ᠤᠷᠠᠨ ᠵᠤᠬᠢᠶᠠᠯ᠂ ᠭᠦᠨ ᠤᠬᠠᠭᠠᠨ᠂ ᠠᠨᠠᠭᠠᠬᠤ ᠤᠬᠠᠭᠠᠨ ᠵᠡᠷᠭᠡ ᠤᠯᠠᠨ ᠲᠦᠷᠦᠯ ᠤᠨ ᠨᠤᠮ ᠰᠤᠳᠤᠷ ᠢ ᠮᠤᠩᠭᠤᠯᠴᠢᠯᠠᠬᠰᠠᠨ ᠪᠦᠭᠡᠳ ᠪᠠᠰᠠ ᠠᠷᠪᠠᠨ ᠵᠢᠯ ᠤᠨ ᠤᠷᠳᠦ ᠴᠠᠭ ᠢ ᠭᠡᠷᠡᠭᠯᠡᠨ ᠪᠠᠶᠢᠵᠤ ᠲᠤᠤᠯᠠ ᠶᠢᠨ ᠪᠠᠷᠠᠭᠤᠨ ᠭᠦᠪᠡᠭᠡᠨ᠎ᠡ ᠵᠢᠷᠦᠭᠡ ᠨᠡᠷᠡᠳᠦ ᠠᠭᠤᠯᠠ ᠶᠢᠨ ᠡᠩᠭᠡᠷ ᠲᠤ ᠰᠦᠮ᠎ᠡ ᠭᠡᠶᠢᠳ ᠪᠠᠶᠢᠭᠤᠯᠵᠤ ᠱᠠᠰᠢᠨ ᠨᠤᠮ ᠢ ᠲᠡᠯᠭᠡᠷᠡᠭᠦᠯᠦᠨ ᠬᠦᠮᠦᠨ ᠠᠷᠠᠳ ᠤᠨ ᠰᠤᠶᠤᠯ ᠭᠡᠭᠡᠷᠡᠯ ᠳᠤ ᠠᠤᠭ᠎ᠠ ᠦᠢᠯᠡᠳᠦᠯ ᠦᠵᠡᠬᠦᠯᠵᠡᠢ᠃ ᠲᠠᠶᠢᠬᠠᠯ ᠬᠠᠳᠤᠨ ᠡᠭᠡ ᠶᠢᠨ ᠭᠦᠪᠡᠭᠦᠨ ᠴᠤᠬᠳᠦ ᠬᠤᠩ ᠲᠠᠶᠢᠵᠢ ᠶᠢᠨ 1621 ᠤᠨ ᠳᠤ ᠬᠠᠩᠭᠠᠢ ᠬᠠᠨ ᠠᠭᠤᠯᠠᠨ ᠳᠤ ᠠᠪᠠᠯᠠᠬᠤ ᠵᠠᠭᠤᠷ᠎ᠠ ᠪᠢᠴᠢᠭᠰᠡᠨ ᠰᠢᠯᠦᠭ ᠢ ᠨᠢ ᠬᠤᠵᠢᠮ ᠤᠨ ᠭᠦᠮᠦᠰ ᠬᠠᠳᠠᠨ ᠳᠤ ᠰᠡᠶᠢᠯᠦᠨ ᠬᠤᠴᠤᠷᠭᠠᠬᠰᠠᠨ ᠠᠨᠤ ᠲᠠᠷᠤᠢ ᠲᠡᠤᠭᠡᠨ ᠳᠤ ᠠᠯᠳᠠᠷᠳᠠᠢ ︽ᠴᠤᠬᠳᠦ ᠲᠠᠶᠢᠵᠢ ᠶᠢᠨ ᠬᠠᠳᠠᠨ ᠤ ᠪᠢᠴᠢᠭᠡᠰᠦ︾ ᠪᠢᠯᠡ᠃ᠠᠪᠠᠢ ᠬᠠᠳᠤᠨ ᠲᠦᠷᠪᠡᠨ ᠤᠶᠢᠷᠠᠳ ᠤᠨ ᠲᠡᠤᠭᠡᠨ ᠳᠠᠬᠢ ᠲᠠᠰᠤᠷᠬᠠᠢ ᠮᠡᠷᠭᠡᠨ ᠬᠠᠳᠤᠨ            ︽ᠲᠠᠪᠤᠨ ᠪᠠᠷᠰ︾ ᠲᠤ ᠵᠢᠭᠦᠷ ᠤᠷᠭᠤᠭᠤᠯᠤᠭᠰᠠᠨ ᠲᠠᠶᠢᠴᠢᠨ ᠪᠠᠭᠠᠳᠤᠷ ᠡᠭᠡ            ᠬᠠᠲᠠᠭᠤ ᠪᠦᠬᠦᠨ ᠢ ᠤᠶᠠᠷᠠᠭᠠᠬᠤ ᠴᠢᠲᠠᠯᠲᠤ ᠲᠤᠷᠭᠠᠨ ᠭᠡᠯᠡᠨ ᠤ ᠰᠢᠳᠢ ᠪᠠᠷᠬᠠᠷ᠎ᠠ ᠰᠠᠨᠠᠭᠠᠳᠠᠨ ᠤ ᠬᠤᠢ ᠰᠠᠯᠬᠢ ᠶᠢ ᠵᠠᠳᠠ ᠡᠷᠭᠢᠬᠦᠯᠦᠨ ᠨᠣᠮᠣᠬᠠᠳᠬᠠᠭᠰᠠᠨᠦᠨᠳᠦᠷ ᠰᠠᠨᠳᠠᠢ ᠳᠤ ᠠᠮᠤᠭᠤᠯᠠᠩ ᠰᠠᠭᠠᠳᠠᠬᠰᠠᠨ ᠡᠷᠬᠢᠮ ᠶᠡᠭᠡᠮᠰᠦᠭ ᠠᠪᠠᠢ            ᠡᠷᠴᠢᠰ ᠮᠦᠷᠡᠨ ᠤ ᠪᠠᠷᠠᠭᠤᠨ ᠡᠷᠬᠢ ᠶᠢᠨ ᠬᠤᠱᠤᠳ ᠲᠤᠷᠭᠤᠳ ᠤᠨ ᠲᠤᠭ            ᠬᠤᠷᠴᠠ ᠢᠷᠳᠦ ᠰᠡᠯᠡᠮ᠎ᠡ ᠠᠬᠰᠠᠨ            ᠬᠤᠶᠠᠬᠳᠦ ᠡᠷᠡᠰ ᠤᠨ ᠮᠠᠩᠯᠠᠢ ᠪᠤᠯᠤᠬᠰᠠᠨ            ᠠᠪᠠᠢ ᠪᠢ ᠪᠠᠷ ᠬᠠᠳᠤᠨ ᠰᠦᠨᠡᠰᠦ                                           ᠵᠡᠭᠦᠯᠳᠡ᠄  ᠠᠪᠠᠢ ᠬᠠᠳᠤᠨ ᠪᠤᠯ ᠴᠤᠷᠤᠰ ᠠᠶᠢᠮᠠᠭ ᠤᠨ ᠰᠤᠷᠪᠤᠯᠵᠢᠳᠦ ᠭᠡᠷ ᠤᠨ ᠦᠬᠢᠨ᠂ ᠲᠦᠷᠪᠡᠨ ᠤᠶᠢᠷᠠᠳ  ᠤᠨ ᠬᠠᠨᠢ ᠨᠤᠶᠠᠨ ᠬᠤᠩᠭᠤᠷ ᠤᠨ ᠭᠤᠤᠯ ᠬᠠᠳᠤᠨ᠃ ᠬᠠᠨᠢ ᠨᠤᠶᠠᠨ ᠪᠤᠯᠤᠨ ᠠᠪᠠᠢ ᠬᠠᠳᠤᠨ ᠠᠴᠠ ︽ᠲᠠᠪᠤᠨ ᠪᠠᠷᠰ︾ ᠭᠡᠮᠡᠭᠳᠡᠭᠰᠡᠨ ᠪᠠᠶᠢᠪᠠᠭᠠᠰ᠂ ᠲᠦᠮᠡᠨᠳᠡᠢ ᠤᠶᠢᠵᠠᠩ᠂ ᠭᠦᠨᠳᠡᠯᠡᠨ ᠲᠦᠷᠭᠡᠴᠢ ᠤᠪᠠᠰᠢ᠂ ᠲᠦᠷᠦᠪᠠᠶᠢᠬᠤ ᠭᠦᠣᠰᠢ ᠬᠠᠭᠠᠨ᠂ ᠵᠠᠰᠠᠬᠳᠦ ᠴᠢᠩ ᠪᠠᠭᠠᠳᠤᠷ ᠪᠤᠶᠠᠨ ᠬᠠᠳᠠᠨ ᠪᠠᠭᠠᠳᠤᠷ ᠵᠡᠷᠭᠡ ᠲᠠᠪᠤᠨ ᠭᠦᠪᠡᠬᠦᠨ ᠢ ᠲᠦᠷᠦᠭᠦᠯᠵᠡᠢ ᠃ ᠬᠠᠨᠢ ᠨᠤᠶᠠᠨ ᠬᠤᠩᠭᠤᠷ ᠲᠠᠶᠢᠨ ᠳᠤ ᠠᠳᠡᠭᠰᠡᠨ ᠠᠴᠠ ᠰᠡᠭᠦᠯᠡᠷ ᠠᠪᠠᠢ ᠬᠠᠳᠤᠨ ᠦᠨᠦᠴᠢᠨ ᠭᠦᠪᠡᠬᠦᠳ ᠢᠶᠠᠨ ᠦᠰᠭᠡᠨ ᠬᠦᠮᠦᠵᠢᠬᠦᠯᠵᠦ ᠬᠤᠱᠤᠳ ᠠᠶᠢᠮᠠᠭ ᠪᠤᠯᠤᠨ ᠲᠦᠷᠪᠡᠨ ᠤᠶᠢᠷᠠᠳ ᠢᠶᠠᠨ ᠵᠠᠬᠢᠷᠤᠨ ᠮᠡᠳᠡᠵᠦ ᠶᠠᠪᠤᠯ᠎ᠠ᠃ 1610 ᠤᠨ ᠳᠤ᠂ ᠴᠢᠭᠤᠯᠭᠠᠨ ᠲᠠᠷᠤᠭ᠎ᠠ ᠶᠢᠨ ᠡᠭᠦᠷᠭᠡ ᠪᠠᠨ ᠠᠬᠠᠮᠠᠳ ᠭᠦᠪᠡᠬᠦᠨ ᠪᠠᠶᠢᠪᠠᠭᠠᠰ ᠲᠤ ᠰᠢᠯᠵᠢᠬᠦᠯᠦᠨ ᠦᠭᠴᠡᠢ᠃ ᠠᠪᠠᠢ ᠬᠠᠳᠤᠨ ᠪᠤᠳᠤᠯᠭ᠎ᠠ ᠮᠡᠷᠭᠡᠨ᠂ ᠡᠷᠡᠮᠡᠬᠡᠢ ᠪᠠᠭᠠᠳᠤᠷᠯᠢᠭ ᠮᠦᠷᠳᠡᠭᠡᠨ ᠰᠢᠢᠳᠮᠡᠭ ᠰᠢᠭᠤᠷᠬᠠᠢ ᠵᠤᠷᠢᠭ ᠵᠢᠪᠬᠤᠭ᠎ᠠ ᠲᠠᠢ ᠪᠠᠶᠢᠵᠤ᠂ ᠲᠦᠷᠪᠡᠨ ᠤᠶᠢᠷᠠᠳ ᠤᠨ ᠲᠡᠤᠭᠡ ᠵᠢᠴᠢ ᠮᠤᠩᠭᠤᠯ ᠤᠨ ᠤᠷᠴᠢᠨ ᠦᠶ᠎ᠡ ᠶᠢᠨ ᠲᠡᠤᠭᠡᠨ  ᠳᠤ ᠠᠷᠤᠤᠬᠠᠨ ᠠᠯᠳᠠᠷ ᠢᠶᠠᠨ ᠲᠠᠭᠤᠷᠢᠰᠬᠠᠵᠤ ᠪᠠᠶᠢᠬᠰᠠᠨ ᠶᠤᠮ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号