ᠠᠪᠤ ᠶᠢᠨ ᠲᠤᠷᠠᠳᠬᠠᠯ | ᠡᠴᠢᠭᠡᠴᠤᠤᠯ ᠤᠨ ᠪᠠᠶᠠᠷ ᠲᠤ | ᠠᠳᠬᠤ ᠲᠦᠬᠦᠷᠬᠦ ᠦᠭᠡᠢ ᠪᠤᠯᠵᠤᠮᠤᠷ ᠰᠢᠪᠠᠭᠤᠨ ᠤ | ᠠᠮᠠᠨ ᠳᠠᠭᠠᠨ ᠵᠠᠭᠤᠭᠰᠠᠨ ᠢᠳᠡᠰᠢ ᠬᠦᠷᠤᠭᠡᠯᠢ ᠨᠢ | ᠠᠮᠢᠳᠤᠷᠠᠯ ᠠᠷᠤ ᠭᠡᠷ ᠭᠡᠵᠤ ᠮᠤᠩᠭᠠᠨᠢᠵᠤ ᠶᠠᠪᠤᠭᠰᠠᠨ | ᠠᠪᠤ ᠪᠤᠯᠤᠭᠰᠠᠳ ᠤᠨ ᠲᠦᠷᠢ ᠵᠢᠰᠢᠶ᠎ᠡ | ᠭᠡᠷᠢᠶ᠎ᠡ ᠭᠡᠴᠢᠨᠡᠨ ᠬᠠᠷ᠎ᠠ ᠪᠠᠶᠢᠯ᠎ᠠ ᠴᠤ | ᠦᠨᠳᠡᠭᠡᠨ ᠳᠡᠭᠡᠨ ᠡᠬᠦᠷᠢᠳᠡ ᠴᠠᠭᠠᠨ ᠪᠠᠶᠢᠳᠠᠭ ᠢᠶᠠᠷ | ᠬᠦᠭᠡᠷᠤᠬᠦᠢ ᠵᠠᠶᠢᠯᠠᠭᠤᠯ ᠠᠪᠤ ᠬᠦᠮᠤᠨ | ᠦᠷ᠎ᠡ ᠪᠠᠨ ᠭᠡᠪᠡᠯ ᠠᠷᠠᠯ ᠤᠨ ᠱᠠᠷ | ᠡᠴᠢᠭᠡ ᠪᠠᠨ ᠭᠤᠮᠤᠳᠠᠭᠠᠭᠰᠠᠨ ︽ᠡᠷᠡᠮᠡᠭᠡᠢ︾ ᠬᠡᠤᠬᠡᠳ | ᠡᠭᠡᠷᠡᠮ᠎ᠡ ᠶᠢᠨ ᠡᠷᠡᠮ᠎ᠡ ᠰᠢᠭ ᠡᠷᠪᠡᠯᠵᠡᠨ ᠰᠡᠷᠪᠡᠯᠵᠡᠳᠡᠭ ᠴᠤ | ᠠᠯᠠᠭ ᠲᠠᠢ ᠪᠤᠯᠤᠭ ᠲᠠᠢ ᠪᠤᠳᠤᠳᠠᠭ ᠠᠪᠤ ᠶᠢ | ᠠᠷᠠᠪ ᠤᠨ ᠲᠤᠮᠤᠭ ᠠᠴᠠ ᠴᠤ ᠶᠡᠷᠤᠨᠢ ᠲᠤᠭᠤᠯᠠᠭ᠎ᠠ ᠦᠭᠡᠢ | ᠤᠷᠴᠢᠯᠠᠩ ᠶᠢᠷᠳᠢᠨᠴᠤ ᠶᠢᠨ ᠤᠯᠠᠭ᠎ᠠ ᠵᠠᠮ | ᠤᠯᠠᠨ ᠰᠠᠯᠠᠭ᠎ᠠ ᠠᠭᠤᠯᠵᠠᠷ ᠵᠦᠷᠢᠭ ᠲᠠᠢ ᠴᠤ | ᠦᠭᠡᠷ᠎ᠡ ᠵᠦᠭ ᠲᠤ ᠰᠠᠨᠠᠭ᠎ᠠ ᠠᠯᠭᠠᠰᠠᠳᠠᠭ ᠦᠭᠡᠢ ᠳᠤ | ᠦᠷ᠎ᠡ ᠶᠢᠨ ᠰᠡᠳᠬᠢᠯ ᠭᠡᠵᠢᠶ᠎ᠡ ᠴᠤ ᠰᠡᠪᠳᠤᠳᠡᠭ ᠦᠭᠡᠢ | ᠬᠡᠯᠡᠬᠦ ᠵᠤᠭᠤᠭ ᠲᠤ ᠠᠪᠤ ᠬᠦᠮᠤᠨ | ᠭᠡᠷᠴᠢᠮ ᠱᠤᠭᠤᠮ ᠰᠢᠭ᠋ ᠲᠠᠰᠤ ᠬᠦᠨᠳᠡᠯᠡᠨ | ᠬᠦᠢᠳᠡᠨ ᠮᠦᠰᠤ ᠰᠢᠭ ᠮᠦᠯᠢᠭᠡᠷ ᠵᠢᠩᠳᠡᠬᠦᠨ | ᠬᠦᠷᠡᠩ ᠴᠢᠯᠠᠭᠤ ᠰᠢᠭ᠋ ᠬᠠᠳᠠᠭᠤ ᠰᠢᠷᠤᠬᠦᠨ | ᠠᠵᠢᠬᠤ ᠨᠢᠳᠤᠨ ᠳᠤ ᠠᠪᠤ ᠬᠦᠮᠤᠨ | ᠠᠰᠬ᠎ᠠ ᠶᠢᠨ ᠡᠩᠭᠡᠷ ᠤᠨ ᠬᠠᠪᠤᠷ ᠤᠨ ᠴᠠᠰᠤ | ᠠᠰᠠᠵᠤ ᠦᠷᠡᠭᠳᠡᠳᠡᠭ ᠯᠠᠪ ᠤᠨ ᠭᠡᠷᠡᠯ | ᠠᠮᠢ ᠨᠠᠰᠤᠨ ᠤ ᠮᠢᠨᠢ ᠭᠧᠨ ᠰᠤᠷᠪᠤᠯᠵᠢ | ᠰᠠᠷ᠎ᠠ ᠶᠢᠨ ᠡᠬᠢᠨ ᠤ ᠪᠦᠷᠤᠩᠭᠡᠨ ᠦᠳᠡᠰᠢ ᠪᠠᠷ | ᠰᠠᠨᠰᠠᠷ ᠤᠭᠳᠠᠷᠭᠤᠢ ᠳᠤ ᠬᠠᠪᠢᠷᠭᠠᠯᠠᠵᠤ ᠰᠢᠩᠭᠡᠭᠰᠡᠨ ᠨᠢ | ᠰᠠᠨᠠᠭᠠᠨ ᠤ ᠦᠵᠤᠬᠦᠷ ᠤᠨ ᠵᠠᠭᠤᠨ ᠪᠠᠷ᠎ᠠ ᠳᠤ ᠴᠤ | ᠰᠠᠨᠠᠵᠤ ᠮᠦᠷᠤᠭᠡᠳᠬᠦ ᠶᠢᠨ ᠮᠢᠩᠭᠠᠨ ᠭᠠᠯᠪᠠ — | ᠠᠪᠤ ᠮᠢᠨᠤ | 2020 ᠤᠨ ᠤ 6 ᠰᠠᠷ᠎ᠠ ᠶᠢᠨ 19 ᠳᠤ | ᠬᠤᠪᠢᠰᠬᠠᠯᠳᠤ | |