ᠨᠢᠷᠵᠢᠳᠮᠠ ᠭᠦᠩᠵᠦ | ᠲᠤᠷᠭᠤᠳ ᠪᠠᠯᠳᠠ ᠸᠠᠩ ᠤᠨ ᠦᠬᠢᠨ ᠨᠢᠷᠵᠢᠳᠮᠡ ᠨᠡᠷᠡᠳᠦ ᠭᠦᠩᠵᠦ ᠪᠠᠶᠢᠳᠠᠭ | ᠲᠢᠪ ᠠᠯᠤᠰᠯᠠᠬᠰᠠᠨ ᠲᠠᠭᠤᠷᠢᠰᠬᠠᠯ ᠨᠢ ᠶᠢᠷᠳᠢᠨᠴᠦ ᠳ᠋ᠠᠬᠢᠨ᠎ᠠ ᠳᠠᠭᠤᠷᠢᠰᠬᠤᠯᠠᠩᠲᠠᠢ | ᠬᠠᠷ᠎ᠠ ᠪᠠᠭ᠎ᠠ ᠨᠠᠰᠤᠨ ᠠᠴᠠ ᠪᠠᠨ ᠦᠷᠦᠨ᠎ᠡ ᠶᠢᠨ ᠬᠡᠯᠡ ᠪᠠᠷ ᠰᠤᠶᠤᠯᠵᠢᠬᠰᠠᠨ ᠴᠦ | ᠬᠤᠷᠴᠠ ᠰᠡᠷᠭᠦᠯᠡᠩ ᠤᠬᠠᠭᠠᠨ ᠳᠤ ᠪᠠᠨ ᠬᠠᠯᠠᠭᠤᠨ ᠡᠯᠢᠬᠡᠨ ᠢᠶᠠᠨ ᠳᠡᠭᠡᠳᠦᠯᠡᠪᠡᠢ | ᠮᠤᠩᠭᠤᠯ ᠰᠤᠶᠤᠯ ᠤᠨ ᠭᠠᠶᠢᠬᠠᠮᠰᠢᠭ ᠢ ᠲᠡᠯᠡᠬᠡᠢ ᠶᠢᠨ ᠬᠠᠷᠠᠭᠠᠨ᠎ᠠ ᠲᠤᠩᠬᠠᠬᠯᠠᠵᠤ | ᠮᠤᠩᠭᠤᠯ ᠪᠦᠰᠡᠭᠦᠢ ᠶᠢᠨ ᠦᠵᠡᠰᠭᠦᠯᠡᠩ ᠢᠶᠠᠷ ᠤᠯᠠᠨ ᠡᠷᠡᠰ ᠤᠨ ᠰᠡᠳᠬᠢᠯ ᠢ ᠡᠵᠡᠮᠳᠡᠪᠡᠢ | ᠤᠶᠢᠷᠠᠳ ᠲᠤᠷᠭᠤᠳ ᠤᠨ ᠲᠤᠮᠤᠭ ᠰᠢᠭ᠋ ᠴᠤᠤᠳᠠᠢ ᠭᠦᠩᠵᠦ | ᠦᠨᠳᠦᠷ ᠪᠤᠯᠪᠠᠰᠤᠷᠠᠯ ᠡᠵᠡᠮᠰᠢᠭᠰᠡᠨ ᠲᠡᠭᠦᠰ ᠦᠵᠡᠰᠭᠦᠯᠡᠩᠳᠦ ᠦᠬᠢᠨ | ᠨᠢᠷᠵᠢᠳᠮᠠ ᠪᠢ ᠪᠠᠷ ᠬᠠᠳᠤᠨ ᠰᠦᠨᠡᠰᠦ | ᠵᠡᠭᠦᠯᠳᠡ᠄ ᠨᠢᠷᠵᠢᠳᠮᠠ ︵1907—1983︶ ᠪᠤᠯ ᠲᠤᠷᠭᠤᠳ ᠪᠠᠮᠪᠠᠷ ᠸᠠᠩ ᠤᠨ ᠤᠳᠤᠮ᠂ ᠰᠢᠨᠵᠢᠶᠠᠩ | ᠤᠨ ᠵᠠᠬᠢᠷᠤᠬᠴᠢ ᠪᠠᠯᠳᠠ ᠸᠠᠩ ᠤᠨ ᠤᠳᠬᠤᠨ ᠦᠬᠢᠨ ᠪᠤᠯᠤᠨ᠎ᠠ᠃ ᠬᠠᠷ᠎ᠠ ᠪᠠᠭ᠎ᠠ ᠨᠠᠰᠤᠨ ᠠᠴᠠ ᠪᠠᠨ ᠦᠷᠦᠨ᠎ᠡ | ᠶᠢᠨ ᠬᠡᠯᠡ ᠰᠤᠶᠤᠯ ᠡᠵᠡᠮᠰᠢᠭᠰᠡᠨ ᠲᠡᠷᠡ ᠪᠠᠷ ᠠᠩᠭ᠍ᠯᠢ᠂ ᠬᠢᠳᠠᠳ᠂ ᠤᠷᠤᠰ᠂ ᠹᠷᠠᠨᠽᠢ ᠬᠡᠯᠡ ᠶᠢ ᠤᠨᠠᠭᠠᠨ ᠶᠤᠮ | ᠰᠢᠭ᠋ ᠡᠵᠡᠮᠰᠢᠭᠰᠡᠨ ᠴᠦ ᠦᠪᠡᠷ ᠤᠨ ᠲᠦᠷᠦᠯᠬᠢ ᠬᠡᠯᠡ ᠬᠤᠳᠤᠮ ᠮᠤᠩᠭᠤᠯ ᠬᠡᠯᠡ ᠦᠰᠦᠭ ᠢᠶᠠᠨ ᠭᠠᠶᠢᠬᠠᠯᠳᠠᠢ | ᠬᠤᠷᠴᠠ ᠭᠡᠷᠡᠭᠯᠡᠳᠡᠭ ᠨᠢᠭᠡᠨ ᠭᠡᠮᠡᠨ ᠦᠷᠦᠨ᠎ᠡ ᠲᠠᠶᠠᠭᠠᠷ ᠴᠤᠤᠳᠠᠢ ᠪᠢᠯᠡ᠃ ᠨᠢᠷᠵᠢᠳᠮᠠ ᠭᠦᠩᠵᠦ ᠤᠶᠢᠷᠠᠳ | ᠮᠤᠩᠭᠤᠯᠴᠤᠳ ᠤᠨ ᠬᠡᠯᠡ ᠰᠤᠶᠤᠯ ᠢ ᠪᠠᠷᠠᠭᠤᠨ ᠡᠸᠦ᠋ᠷᠦᠫᠠ ᠳᠤ ᠬᠠᠮᠤᠭ ᠠᠩᠬ᠎ᠠ ᠲᠠᠨᠢᠯᠴᠠᠭᠤᠯᠵᠤ ᠪᠠᠶᠢᠬᠰᠠᠨ | ᠪᠦᠭᠡᠳ ᠲᠡᠭᠦᠨ ᠤ ᠭᠦᠷᠦᠭ ᠵᠢᠷᠤᠭ ︽National Geographic ︾ ᠰᠡᠳᠬᠦᠯ ᠳᠤ ᠨᠡᠶᠢᠳᠡᠯᠡᠭᠳᠡᠨ | ᠦᠨᠳᠦᠰᠦᠳᠡᠨ ᠤ ᠭᠠᠵᠠᠷ ᠵᠦᠢ ᠶᠢᠨ ᠨᠡᠶᠢᠭᠡᠮᠯᠢᠭ ᠤᠨ ᠠᠷᠭᠢᠪ ᠲᠤ ᠬᠠᠳᠠᠭᠠᠯᠠᠬᠳᠠᠵᠤ ᠪᠠᠶᠢᠳᠠᠭ᠃ | | | | | ᠤᠯᠠᠭᠠᠨ ᠰᠧᠯᠢᠩ | | ᠬᠤᠩᠭᠤᠷ ᠭᠡᠭᠡᠷ ᠲᠡᠭᠡᠨ ᠮᠤᠷᠳᠠᠭᠠᠳ ᠭᠠᠷᠬᠤᠶ᠎ᠠ ᠭᠦᠪᠡᠭᠦᠨ ᠦᠷ᠎ᠡ ᠠᠴᠠ ᠲᠤᠳᠠᠬᠤ ᠶᠠᠭᠤᠨ | ᠬᠤᠤᠰ ᠫᠤᠤ ᠪᠠᠨ ᠰᠤᠶᠢᠷᠠᠭᠠᠳ ᠲᠤᠪᠳᠤᠯᠬᠤᠶᠠ ᠡᠷᠡᠯᠭᠡᠭ ᠡᠷᠡᠴᠤᠳ ᠢ ᠭᠠᠶᠢᠬᠠᠭᠤᠯᠤᠨᠠᠮ | ᠬᠤᠢ ᠰᠠᠯᠬᠢᠨ ᠮᠡᠳᠦ ᠲᠠᠭᠠᠷᠢᠨ ᠰᠢᠪᠳᠤᠯᠬᠤᠶᠠ ᠴᠠᠭ ᠦᠶ᠎ᠡ ᠠᠶᠠᠨᠳᠠᠭᠠᠨ ᠲᠤᠳᠤᠷᠠᠵᠤ | ᠬᠤᠪᠢᠯᠭᠠᠨ ᠤᠷᠤᠨ᠎ᠠ ᠬᠤᠪᠢᠰᠬᠠᠯ ᠤᠨ ᠭᠠᠯ ᠭᠡᠭᠡᠷ᠎ᠡ ᠶᠢᠨ ᠲᠦᠳᠡᠭ ᠮᠡᠳᠦ ᠤᠯᠠᠯᠵᠠᠨᠠᠮ | ᠬᠤᠷᠢᠬᠳᠠᠯ ᠪᠤᠯᠵᠤ ᠬᠢᠯᠢᠰᠳᠡᠯ ᠳᠤ ᠤᠴᠠᠷᠠᠬᠰᠠᠨ ᠴᠦ ᠬᠠᠳᠠᠭᠤ ᠵᠤᠷᠢᠭ ᠨᠤᠭᠤᠷᠠᠭ᠎ᠠ ᠦᠬᠡᠢ | ᠬᠠᠷᠠᠩᠭᠤᠢ ᠢ ᠦᠯᠳᠡᠨ ᠦᠤᠷ ᠢ ᠲᠠᠭᠤᠳᠠᠬᠰᠠᠨ ᠦᠬᠢᠨ ᠲᠡᠭᠷᠢ ᠶᠢᠨ ᠲᠠᠬᠢᠨᠢ | ᠴᠠᠭ ᠦᠶ᠎ᠡ ᠳᠡᠭᠡᠨ ᠪᠠᠭᠠᠳᠤᠷ ᠶᠤᠰᠤᠭᠠᠷ ᠠᠮᠢᠳᠤᠷᠠᠵᠤ | ᠴᠠᠬᠯᠠᠰᠢ ᠦᠬᠡᠢ ᠬᠠᠶᠢᠷ᠎ᠠ ᠶᠢᠨ ᠲᠤᠮᠳᠠ ᠮᠦᠩᠭᠡᠷᠡᠭᠰᠡᠨ | ᠤᠯᠠᠭᠠᠨ ᠪᠢ ᠪᠠᠷ ᠬᠠᠳᠤᠨ ᠰᠦᠨᠡᠰᠦ | | |