ᠶᠢᠰᠦᠳᠦᠭᠡᠷ ᠪᠦᠯᠦᠭ | ᠰᠤᠨᠤᠮᠴᠤᠤ ᠬᠠᠳᠤᠨ | ᠵᠦᠩ ᠪᠢᠯᠢᠭ ᠤᠨ ᠠᠷᠢᠭᠤᠨ ᠡᠯᠴᠢ ᠮᠡᠷᠭᠡ ᠲᠦᠯᠭᠡ ᠪᠠᠷ ᠵᠢᠷᠤᠬᠠᠶᠢᠳᠠᠯᠠ | ᠵᠢᠷᠠ ᠭᠠᠷᠤᠬᠰᠠᠨ ᠨᠠᠮᠵᠢᠯᠸᠠᠩᠴᠤᠭ ᠲᠤ ᠵᠠᠯᠠᠭᠤ ᠡᠭᠡᠨᠡᠷ ᠪᠠᠭᠤᠯᠭᠠᠯ᠎ᠠ | ᠨᠠᠷᠠᠨ ᠰᠠᠷᠠᠨ ᠤ ᠬᠤᠪᠢᠯᠭᠠᠨ ᠰᠢᠮ᠎ᠡ ᠪᠠᠷ ᠬᠠᠰ ᠤᠨ ᠴᠤᠬᠴᠠᠰ ᠲᠠᠪᠬᠤᠷᠯᠠᠵᠤ | ᠨᠢᠭᠡᠨ ᠦᠶ᠎ᠡ ᠶᠢᠨ ᠲᠠᠰᠤᠷᠬᠠᠢ ᠪᠠᠭᠠᠳᠤᠷ ᠲᠡᠮᠴᠤᠬᠳᠤᠩᠷᠤᠪ ᠢ ᠲᠦᠷᠦᠭᠦᠯᠪᠡ | ᠤᠬᠰᠠᠭ᠎ᠠ ᠵᠠᠯᠭᠠᠮᠵᠢᠯᠠᠬᠤ ᠲᠦᠷᠦ ᠶᠢᠨ ᠭᠦᠪᠡᠬᠦᠨ ᠳᠤ ᠰᠤᠷᠳᠠᠯ ᠭᠦᠮᠦᠵᠢᠯ ᠦᠯᠡᠮᠵᠢ | ᠦᠢᠯᠡᠰ ᠪᠠᠳᠠᠷᠠᠭᠠᠬᠤ ᠢᠳᠡᠳᠡᠨ ᠡᠷ᠎ᠡ ᠳᠤ ᠰᠤᠤ ᠪᠢᠯᠢᠭ ᠲᠡᠭᠦᠰ | ᠪᠦᠤᠪᠠᠢ ᠶᠢᠨ ᠲᠠᠭᠤᠨ ᠢᠶᠠᠷ ᠦᠯᠦᠬᠡᠢ ᠰᠠᠵᠢᠯᠠᠵᠤ | ᠪᠦᠰᠡᠭᠦᠢ ᠬᠠᠶᠢᠷ᠎ᠠ ᠪᠠᠷ ᠲᠡᠯᠡᠬᠡᠢ ᠰᠠᠵᠢᠯᠠᠬᠰᠠᠨ | ᠰᠤᠨᠤᠮᠴᠤᠤ ᠪᠢ ᠪᠠᠷ ᠬᠠᠳᠤᠨ ᠰᠦᠨᠡᠰᠦ | | | ᠵᠡᠭᠦᠯᠳᠡ᠄ ᠰᠤᠨᠤᠮᠴᠤᠤ ᠬᠠᠳᠤᠨ ︵ ︖ — 1935 ᠤᠨ︶᠂ ᠪᠤᠯ ᠰᠢᠯᠢ ᠶᠢᠨ ᠭᠤᠤᠯ ᠠᠶᠢᠮᠠᠭ ᠤᠨ ᠴᠠᠬᠠᠢ | ᠤᠨ ᠭᠦᠯᠦ ︵ᠰᠢᠯᠤᠭᠤᠨ︶ ᠴᠠᠭᠠᠨ ᠬᠤᠰᠢᠭᠤᠨ ᠤ ᠨᠢᠬᠡᠨ ᠶᠠᠳᠠᠭᠤᠯᠢᠭ ᠮᠠᠯᠴᠢᠨ ᠤ ᠦᠬᠢᠨ᠃ ᠦᠪᠦᠷ ᠮᠤᠩᠭᠤᠯ | ᠤᠨ ᠰᠢᠯᠢ ᠶᠢᠨ ᠭᠤᠤᠯ ᠤᠨ ᠴᠢᠭᠤᠯᠭᠠᠨ ᠤ ᠲᠠᠷᠤᠭ᠎ᠠ ᠪᠦᠭᠡᠳ ᠰᠦᠨᠢᠳ ᠪᠠᠷᠠᠭᠤᠨ ᠬᠤᠰᠢᠭᠤᠨ ᠤ ᠵᠠᠰᠠᠭ ᠲᠦᠷᠦ | ᠶᠢᠨ ᠲᠦᠭᠦᠷᠡᠩ ᠵᠢᠶᠦ᠋ᠨ ᠸᠠᠩ ᠨᠠᠮᠵᠢᠯᠸᠠᠩᠴᠤᠭ ᠤᠨ ᠪᠠᠭ᠎ᠠ ᠬᠠᠳᠤᠨ᠂ ᠨᠠᠠ ᠸᠠᠩ ᠪᠤᠯᠤᠨ ᠰᠤᠨᠤᠮᠴᠤᠤ ᠬᠠᠳᠤᠨ | ᠠᠴᠠ ᠲᠡᠮᠴᠤᠬᠳᠤᠩᠷᠤᠪ ᠭᠡᠮᠡᠬᠦ ᠭᠦᠪᠡᠭᠦᠨ ᠮᠡᠨᠳᠦᠯᠡᠵᠡᠢ᠃ | | | ᠮᠠᠨᠶᠦ᠋ᠱᠺᠠ ᠬᠠᠳᠤᠨ | ᠬᠠᠷᠠᠴᠢᠨ ᠬᠤᠰᠢᠭᠤᠨ ᠤ ᠤᠷᠢᠶᠠᠩᠬᠠᠢ ᠲᠠᠪᠤᠨᠠᠩ ᠤᠨ ᠰᠤᠷᠪᠤᠯᠵᠢᠳᠦ ᠭᠡᠷ ᠤᠨ ᠦᠬᠢᠨ ᠪᠢᠯᠡ | ᠵᠣᠰᠣᠲᠣ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ᠎ᠠ ᠸᠠᠩᠴᠢᠨᠪᠠᠯ ᠨᠤᠶᠠᠨᠳᠠᠨ ᠳᠤ ᠪᠣᠭᠳᠤᠯᠤᠯᠭᠠ | ᠲᠡᠭᠡᠳᠦ ᠡᠪᠦᠭᠡ ᠵᠠᠯᠮ᠎ᠠ ᠶᠢᠨ ᠰᠦᠯᠳᠡ ᠪᠠᠷ ᠡᠭᠡ ᠶᠢᠨ ᠭᠡᠰᠢᠭ ᠢ ᠤᠳᠤᠮᠯᠠᠨ ᠲᠦᠷᠦᠵᠦ | ᠲᠤᠩᠭᠠᠯᠠᠭ ᠤᠬᠠᠭᠠᠨ ᠬᠠᠳᠠᠨ ᠵᠤᠷᠢᠭ ᠢᠶᠠᠷ ᠡᠭᠡᠨᠡᠷ ᠤᠨ ᠶᠤᠰᠤᠨ ᠢ ᠭᠦᠢᠴᠡᠳᠭᠡᠪᠡᠢ | ᠪᠢᠯᠢᠭ ᠴᠤᠭᠤᠷᠠᠵᠤ ᠠᠪᠬᠠᠯᠵᠢ ᠲᠡᠭᠦᠰᠦᠭᠰᠡᠨ ︽ᠲᠦᠷᠪᠡᠨ ᠠᠷᠤᠤᠬᠠᠨ︾ ᠢ ᠭᠦᠮᠦᠵᠢᠭᠦᠯᠦᠭᠰᠡᠨ ᠡᠬᠡ | ᠪᠠᠳᠠᠷᠠᠩᠭᠤᠢ ᠲᠠᠩᠰᠤᠭ ᠰᠢᠳᠤᠷᠭᠤ ᠪᠠᠳᠦ ᠬᠤᠷᠤᠭᠠᠨ ᠳᠠᠬᠢ ᠲᠤᠳᠤᠷ ᠠᠴᠠ ᠪᠠᠨ ᠭᠡᠷᠡᠯᠳᠦᠭᠰᠡᠨ ᠨᠠᠮᠲᠠᠷ | ᠴᠡᠴᠡᠭᠳᠦ ᠵᠠᠯᠠᠭᠤ ᠨᠠᠰᠤᠨ ᠳᠠᠭᠠᠨ ᠵᠢᠷᠭᠠᠯ ᠤᠨ ᠲᠡᠭᠡᠳᠦ ᠶᠢ ᠡᠳ᠋ᠯᠡᠭᠰᠡᠨ ᠴᠦ | ᠴᠡᠴᠡᠭᠡᠢ ᠪᠦᠳᠡᠭᠢᠷᠡᠬᠦ ᠦᠶ᠎ᠡ ᠳᠤ ᠭᠠᠰᠠᠯᠠᠩ ᠤᠨ ᠰᠡᠭᠦᠷᠡᠰᠦᠨ ᠳᠤ ᠵᠢᠪᠦᠭᠰᠡᠨ | ᠮᠠᠨᠶᠦ᠋ᠱᠺᠠ ᠪᠢ ᠪᠠᠷ ᠬᠠᠳᠤᠨ ᠰᠦᠨᠡᠰᠦ | ᠵᠡᠭᠦᠯᠳᠡ᠄ ᠮᠠᠨᠶᠦ᠋ᠱᠺᠠ ᠪᠤᠯ ᠵᠤᠰᠤᠳᠦ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ᠤ ᠲᠤᠰᠠᠯᠠᠬᠴᠢ | ᠨᠤᠶᠠᠨ ᠸᠠᠩᠴᠢᠨᠪᠠᠯ ᠤᠨ ᠬᠠᠳᠤᠨ᠃ ᠴᠢᠩᠬᠢᠰ ᠬᠠᠭᠠᠨ ᠤ ᠠᠯᠳᠠᠷᠳᠦ ︽ᠲᠦᠷᠪᠡᠨ ᠨᠤᠬᠠᠢ︾ ᠶᠢᠨ ᠨᠢᠭᠡ᠂ | ᠴᠢᠩᠬᠢᠰ ᠬᠠᠭᠠᠨ ᠤ ᠶᠡᠷᠡᠨ ᠲᠠᠪᠤᠨ ᠮᠢᠩᠭᠠᠳᠦ ᠶᠢᠨ ᠨᠤᠶᠠᠨ ᠤ ᠨᠢᠭᠡ ᠪᠤᠯᠬᠤ ᠵᠠᠯᠮ᠎ᠠ ᠪᠠᠭᠠᠳᠤᠷ ᠤᠨ ᠬᠤᠶᠢᠴᠢᠰ᠂ | ᠰᠤᠷᠪᠤᠯᠵᠢᠳᠦ ᠭᠡᠷ ᠤᠨ ᠭᠦᠨ ᠤᠷᠳᠤᠨ ᠳᠤ ᠦᠨᠳᠦᠷ ᠪᠤᠯᠪᠠᠰᠤᠷᠠᠯ ᠲᠠᠢ ᠦᠰᠦᠭᠰᠡᠨ ᠮᠠᠨᠶᠦ᠋ᠱᠺᠠ ᠬᠠᠳᠤᠨ ᠪᠠᠷ᠂ | ᠭᠡᠤᠭᠡᠳ ᠤᠨ ᠭᠦᠮᠦᠵᠢᠯ ᠢ ᠬᠠᠷᠠᠬᠠᠨ ᠪᠠᠭ᠎ᠠ ᠠᠴᠠ ᠨᠢ ᠴᠢᠩᠭ᠎ᠠ ᠠᠳᠬᠤᠵᠤ ᠭᠦᠯᠠᠷᠠᠨᠰᠠ᠂ ᠭᠦᠩᠨᠠᠴᠦᠭᠡ᠂ | ᠰᠦᠩᠸᠠᠩᠳᠠᠨᠵᠦᠩ᠂ ᠢᠨᠵᠠᠨᠠᠰᠢ ᠵᠡᠷᠭᠡ ᠲᠠᠰᠤᠷᠬᠠᠢ ᠪᠢᠯᠢᠭᠳᠡᠨ ︽ᠲᠦᠷᠪᠡᠨ ᠠᠷᠤᠤᠬᠠᠨ︾ ᠢ ᠭᠦᠮᠦᠵᠢᠭᠦᠯᠦᠭᠰᠡᠨ | ᠶᠤᠮ᠃ | | | | | | |