ᠨᠤᠮ ᠬᠦᠷᠭᠡᠳᠡᠭ ᠰᠤᠯᠢᠶᠠᠷᠠᠯ ᠢᠶᠠᠨ ᠵᠠᠰᠠᠶ᠎ᠠ
ᠨᠡᠶᠢᠲᠡᠯᠡᠭᠰᠡᠨ ᠴᠠᠭ᠄
2020/6/12
ᠨᠤᠮ ᠬᠦᠷᠭᠡᠳᠡᠭ ᠰᠤᠯᠢᠶᠠᠷᠠᠯ ᠢᠶᠠᠨ ᠵᠠᠰᠠᠶ᠎ᠠ                                              ᠤᠷᠠᠩᠭᠤᠸ᠎ᠠ     ᠪᠢ ᠭᠤᠴᠢᠨ ᠲᠦᠷᠪᠠᠨ ᠨᠠᠰᠤᠨ ᠲᠡᠭᠡᠷ᠎ᠡ ᠪᠠᠨ ᠠᠩᠬᠠᠨ ᠤ ᠨᠠᠶᠢᠷᠠᠭᠤᠯᠤᠯ ᠤᠨ ᠲᠡᠬᠦᠪᠦᠷᠢ ︽ᠬᠠᠶᠢᠷ᠎ᠠ ᠶᠢᠨ ᠲᠤᠷᠭᠠᠨ ᠰᠢᠪᠡᠨᠡᠭᠡ︾ ᠪᠠᠨ ᠭᠡᠪᠯᠡᠬᠦᠯᠦᠭᠰᠡᠨ ᠠᠴᠠ ᠠᠪᠤᠭᠠᠳ ᠦᠨᠦᠳᠤᠷ ︽ᠰᠠᠯᠬᠢᠨ ᠤ ᠲᠤᠷᠭᠠᠨ ᠤᠷᠤᠭᠤᠯ︾  ᠢᠶᠠᠨ ᠭᠡᠪᠯᠡᠬᠦᠯᠦᠨ ᠭᠠᠷᠳᠠᠯ᠎ᠠ ᠡᠨᠡᠬᠦ 21 ᠵᠢᠯ ᠳᠤ 16 ᠨᠤᠮ ᠤᠨ ᠢᠶᠠᠨ ᠵᠤᠯᠠᠢ ᠶᠢ ᠦᠨᠦᠰᠦᠯ᠎ᠠ᠃ ᠡᠨᠡ ᠠᠷᠪᠠᠨ ᠵᠢᠷᠭᠤᠭᠠᠨ ᠨᠤᠮ ᠤᠨ ᠢᠶᠠᠨ ᠭᠡᠳᠦᠢ ᠶᠢ ᠨᠢ ᠪᠤᠰᠤᠳ ᠲᠤ ᠵᠦᠭᠡᠷ ᠬᠦᠷᠭᠡᠴᠢᠭᠡᠭᠰᠡᠨ ᠶᠤᠮ ᠪᠤᠯ︖ ᠲᠤᠭ᠎ᠠ ᠦᠭᠡᠢ᠃ ᠦᠨᠦᠳᠤᠷ ᠲᠠᠳᠡᠭᠡᠷ ᠨᠤᠮ ᠤᠳ ᠤᠨ ᠵᠠᠷᠢᠮ ᠨᠢ ᠨᠠᠳᠠ ᠨᠢᠭᠡ ᠴᠦ ᠤᠯᠳᠠᠬᠤ ᠦᠭᠡᠢ ᠪᠤᠯᠵᠤ ᠭᠠᠴᠢᠭᠳᠠᠬᠤ ᠳᠠᠭᠠᠨ ᠭᠠᠵᠠᠷ ᠪᠤᠯᠭᠠᠨ ᠠᠴᠠ ᠰᠤᠷᠠᠭᠯᠠᠪᠠᠯ ᠪᠠᠶᠢᠭᠰᠠᠨ ᠨᠢᠭᠡ ᠨᠢ ᠶᠡᠭᠡ ᠦᠨᠳᠤᠷ ᠦᠨ᠎ᠠ ᠭᠡᠯᠡᠴᠢᠭᠡᠭᠰᠡᠨ ᠪᠠᠶᠢᠪᠠ᠃ ︽ᠲᠤᠬᠠᠢ ᠶᠢᠨ ᠦᠶ᠎ᠡ ᠪᠢ ᠲᠠᠨ ᠳᠤ ᠵᠦᠭᠡᠷ ᠬᠦᠷᠭᠡᠭᠰᠡᠨ ᠶᠤᠮ ᠰᠢᠦ᠂ ᠦᠨᠦᠳᠤᠷ ᠲᠠ ᠨᠠᠳᠠ ᠤᠤᠯ ᠦᠨ᠎ᠠ ᠪᠠᠷ ᠦᠭᠴᠦ ᠪᠤᠯᠬᠤ ᠦᠭᠡᠢ ᠶᠠᠭᠠᠬᠢᠭᠰᠠᠨ ᠶᠤᠮ︖︾ ᠭᠡᠪᠡᠯ ︽ᠡᠨᠡ ᠪᠤᠯ ᠮᠢᠨᠤ ᠡᠳ᠋ ᠬᠤᠭᠰᠢᠯ᠂ ᠮᠢᠨᠤ ᠶᠠᠭᠤᠮ᠎ᠠ ᠰᠢᠦ︕︾ ᠭᠡᠴᠢᠭᠡᠬᠦ ᠶᠤᠮ ᠪᠢᠯᠠ᠃ ᠪᠤᠳᠤᠪᠠᠯ ᠬᠦᠮᠦᠨ ᠤ ᠭᠡᠯᠡᠬᠦ ᠪᠤᠷᠤᠭᠤ ᠦᠭᠡᠢ᠂ ᠬᠠᠷᠢᠨ ᠨᠤᠮ ᠢ ᠵᠦᠭᠡᠷ ᠬᠦᠷᠭᠡᠭᠰᠡᠨ ᠪᠢ ᠯᠠ ᠪᠤᠷᠤᠭᠤ ᠲᠠᠢ᠃     ᠲᠤᠬᠠᠢ ᠶᠢᠨ ᠦᠶ᠎ᠡ ᠳᠤ ᠮᠤᠩᠭᠤᠯ ᠴᠢᠷᠠᠢ ᠲᠠᠢ ᠬᠦᠮᠦᠨ ᠢ ᠬᠠᠷᠠᠭᠰᠠᠭᠠᠷ ᠯᠠ ︽ᠬᠦᠶ᠋ᠢ᠂ ᠮᠢᠨᠤ ᠨᠤᠮ ᠢ ᠤᠩᠰᠢ ᠡ︕︾ ᠭᠡᠵᠤ ᠬᠠᠰᠬᠢᠷᠤᠮᠠᠷ ᠪᠤᠯᠵᠤ ᠪᠠᠶᠢᠭᠰᠠᠨ᠂ ᠭᠡᠳᠦᠷᠡᠬᠦᠯᠵᠤ ᠭᠡᠯᠡᠪᠡᠯ ᠤᠷᠭᠤᠭ᠎ᠠ ᠮᠤᠳᠤᠨ ᠤ ᠨᠠᠪᠴᠢᠰ ᠲᠤ ᠴᠦ ︽ᠮᠢᠨᠤ ᠨᠤᠮ ᠢ ᠤᠩᠰᠢᠬᠤ ᠦᠭᠡᠢ ᠤᠤ︖ ᠪᠢ ᠴᠢᠮᠠᠢᠢ ᠪᠢᠴᠢᠭᠰᠡᠨ ᠰᠢᠦ︕︾ ᠭᠡᠴᠢᠭᠡᠮᠠᠷ ᠯᠠ ᠪᠠᠶᠢᠭᠰᠠᠨ᠃ ᠲᠡᠭᠡᠭᠡᠳ ᠯᠠ ︽ᠬᠦᠮᠦᠨ ᠨᠢ ᠮᠤᠳᠤᠨ ᠠᠴᠠ ᠪᠠᠨ ᠨᠡᠩ ᠢᠯᠡᠬᠦᠦ ᠦᠭᠡ ᠭᠡᠯᠡ ᠮᠡᠳᠡᠨ᠎ᠠ᠂ ᠤᠳᠬ᠎ᠠ ᠰᠤᠶᠤᠯ ᠢᠶᠠᠨ ᠪᠠᠭ᠋ᠠᠷᠬᠠᠨ᠎ᠠ ᠪᠠᠶᠢᠬ᠎ᠠ︾ ᠭᠡᠵᠤ ᠪᠤᠳᠤᠭᠠᠳ᠂ ᠪᠤᠯᠤᠮᠠᠷ ᠰᠠᠨᠠᠭᠳᠠᠭᠰᠠᠨ ᠬᠦᠮᠦᠨ ᠪᠤᠯᠭᠠᠨ ᠳᠤ ᠨᠤᠮ ᠢᠶᠠᠨ ᠬᠦᠷᠭᠡᠳᠡᠭ᠃    ᠨᠢᠭᠡ ᠪᠤᠳᠤᠪᠠᠯ ᠪᠢ ᠭᠡᠵᠤ ᠰᠠᠶᠢᠬᠠᠨ ᠶᠠᠭᠤᠮ᠎ᠠ ᠪᠠᠨ ᠪᠠᠷᠳᠠᠮᠨᠠᠭᠤᠯᠬᠤ ᠲᠤᠷ᠎ᠠ ᠲᠠᠢ ᠶᠡᠭᠡ ᠪᠠᠷᠳᠠᠮᠴᠢ ᠬᠦᠮᠦᠨ ᠶᠤᠮ ᠪᠠᠶᠢᠨ᠎ᠠ᠃ ᠬᠡᠦᠭᠡᠳ ᠲᠦᠷᠦᠬᠦ ᠶᠢᠨ ᠪᠤᠯᠭᠠᠨ ︽ᠡᠶᠢᠮᠤ ᠰᠠᠶᠢᠬᠠᠨ ᠲᠠᠭᠠᠯᠤᠤᠷ ᠬᠡᠦᠭᠡᠳ ᠢ ᠭᠡᠨ ᠬᠠᠷᠠᠪᠠᠯ ᠭᠡᠨ ᠪᠠᠭ᠋ᠠᠷᠬᠠᠨ ᠬᠠᠶᠢᠷᠠᠯᠠᠬᠤ ᠤᠴᠢᠷᠳᠠᠢ︾ ᠭᠡᠵᠤ ᠪᠠᠳᠤᠳᠠᠢ ᠪᠤᠳᠤᠳᠠᠭ᠃ ᠲᠡᠭᠡᠭᠡᠳ ᠰᠦ ᠬᠠᠩᠬᠤᠯᠤᠭᠰᠠᠨ ᠦᠨᠦᠷ ᠲᠠᠢ ᠬᠡᠦᠭᠡᠳ ᠢᠶᠠᠨ ᠲᠡᠪᠡᠷᠢᠭᠡᠳ ᠭᠠᠳᠠᠨ᠎ᠠ ᠶᠠᠪᠤᠵᠤ ᠪᠠᠶᠢᠬᠤ ᠳᠤ ᠬᠠᠶᠠ ᠵᠠᠷᠢᠮ ᠬᠦᠮᠦᠨ ᠤᠶᠢᠰᠢᠶᠠᠬᠤ ᠴᠦ ᠦᠭᠡᠢ ᠦᠩᠭᠡᠷᠡᠪᠡᠯ ᠪᠠᠷᠤᠭ ᠠᠷᠤ ᠠᠴᠠ ᠨᠢ ᠬᠦᠭᠡᠭᠡᠵᠤ ᠬᠦᠷᠦᠭᠡᠳ ︽ᠡᠶᠢᠮᠤ ᠬᠦᠭᠡᠷᠦᠬᠦᠨ ᠬᠡᠦᠭᠡᠳ ᠢ ᠬᠠᠶᠢᠷᠠᠯᠠᠬᠤ ᠦᠭᠡᠢ ᠮᠦᠷᠳᠡᠭᠡᠨ ᠬᠠᠷᠠᠬᠤ ᠴᠦ ᠦᠭᠡᠢ ᠦᠩᠭᠡᠷᠡᠬᠦ ᠴᠢᠨᠢ ᠶᠠᠭᠤᠨ︖︾ ᠭᠡᠵᠤ ᠤᠰᠤᠯ ᠲᠤᠯᠭᠠᠮᠠᠷ ᠰᠠᠨᠠᠭᠳᠠᠳᠠᠭ᠃ ᠨᠤᠮ ᠢᠶᠠᠨ ᠪᠤᠰᠤᠳ ᠲᠤ ᠵᠦᠭᠡᠷ ᠬᠦᠷᠭᠡᠳᠡᠭ ᠨᠢ ᠡᠬᠦᠨ ᠲᠠᠢ ᠠᠳᠠᠯᠢᠬᠠᠨ᠃     ᠬᠦᠮᠦᠨ ᠪᠤᠯᠭᠠᠨ ᠢ ᠡᠩᠭᠡᠷ ᠠᠴᠠ ᠪᠠᠨ ᠡᠯᠪᠡᠭ ᠰᠦ ᠢᠪᠢᠯᠬᠦᠯᠳᠡᠭ ᠪᠠᠶᠢᠬᠤ ᠭᠡᠵᠤ ᠪᠤᠳᠤᠳᠠᠭ ᠮᠢᠨᠤ ᠠᠷᠠᠨᠰᠢᠨ ᠲᠠᠷᠠ᠃ ᠬᠡᠦᠭᠡᠳ ᠤᠳ ᠮᠢᠨᠢ ᠨᠢᠭᠡ ᠨᠢᠭᠡ ᠪᠠᠷ ᠦᠰᠦᠯ᠎ᠠ᠃ ᠵᠤᠯᠠᠢ  ᠠᠴᠠ ᠨᠢ ᠲᠦᠷᠦᠯᠬᠢ ᠰᠦᠨ ᠤ ᠦᠨᠦᠷ ᠤᠨ ᠲᠡᠭᠡᠷ᠎ᠡ ᠨᠡᠶᠢᠭᠡᠮ ᠦᠨᠦᠷᠳᠦᠳᠡᠭ ᠪᠤᠯᠤᠯ᠎ᠠ᠃ ᠲᠦᠷᠦᠬᠦ ᠨᠢ ᠪᠢ ᠴᠦ ᠠᠮᠢᠳᠤᠷᠠᠬᠤ ᠨᠢ ᠠᠯᠠᠭ ᠬᠤᠷᠸ᠎ᠠ ᠲᠡᠭᠡᠷ᠎ᠡ ᠶᠤᠮ ᠪᠤᠯᠬᠤᠷ ᠠᠶ᠎ᠠ ᠪᠠᠷ ᠢᠶᠠᠨ ᠪᠤᠯᠤᠭ᠃     16 ᠨᠤᠮ ᠢᠶᠠᠨ ᠴᠦ ᠬᠦᠷᠭᠡᠳᠡᠭ ᠢ ᠨᠢ ᠬᠦᠷᠭᠡᠵᠤ ᠬᠤᠳᠠᠯᠳᠤᠳᠠᠭ ᠢ ᠨᠢ ᠬᠤᠳᠠᠯᠳᠤᠭᠠᠳ ᠵᠠᠷᠢᠮ ᠨᠢ ᠪᠠᠰᠠ ᠯᠠ ᠤᠯᠳᠠᠬᠤ ᠦᠭᠡᠢ ᠪᠤᠯᠤᠯ᠎ᠠ ᠃ ᠭᠠᠳᠠᠨ᠎ᠠ ᠠᠴᠠ ᠬᠤᠳᠠᠯᠳᠤᠨ ᠠᠪᠴᠢᠷᠠᠭᠰᠠᠨ ᠢᠶᠠᠨ ᠪᠤᠴᠠᠭᠠᠨ ᠬᠤᠳᠠᠯᠳᠤᠬᠤ ᠲᠤᠷ᠎ᠠ ᠦᠭᠡᠢ ᠬᠠᠷᠮᠠᠨᠠᠳᠠᠭ ᠴᠦ ᠪᠤᠯᠤᠯ᠎ᠠ᠃ ᠨᠤᠮ ᠪᠢᠴᠢᠳᠡᠭ ᠮᠢᠨᠢ ᠬᠦᠮᠦᠨ ᠳᠤ ᠤᠩᠰᠢᠭᠤᠯᠬᠤ ᠶᠢᠨ ᠲᠦᠯᠦᠭᠡ ᠪᠢᠰᠢ ᠤᠤ︖ ᠭᠡᠵᠤ ᠪᠤᠳᠤᠬᠤ ᠪᠠᠷ ᠭᠠᠷ ᠰᠤᠯᠠᠷᠠᠬᠤ ᠶᠤᠮ᠃ ᠬᠠᠷᠢᠨ ᠶᠠᠭᠠᠬᠢᠭᠠᠳ ᠢ ᠮᠡᠳᠡᠬᠦ ᠦᠭᠡᠢ᠂ ᠠᠷᠪᠠᠨ ᠲᠤᠯᠤᠭ᠎ᠠ᠂ ᠨᠠᠢᠮᠠᠳᠤᠭᠠᠷ ᠨᠤᠮ— ᠦᠭᠡᠷ᠎ᠡ ᠪᠠᠷ ᠭᠡᠯᠡᠪᠡᠯ ︽ᠲᠡᠭᠷᠢ ᠶᠢᠨ ᠬᠠᠶᠠᠭᠠᠨ ᠳᠠᠬᠢ ᠴᠠᠬᠠᠷᠴᠤᠳ︾ ᠪᠠ ︽ᠴᠠᠭᠠᠨ ᠲᠤᠭ ᠤᠨ ᠴᠠᠬᠠᠷᠴᠤᠳ︾ ᠭᠡᠬᠦ ᠬᠤᠶᠠᠷ ᠨᠤᠮ ᠢ ᠪᠢᠴᠢᠵᠤ ᠪᠠᠶᠢᠬᠤ ᠦᠶ᠎ᠡ ︽ᠲᠤᠰ ᠬᠤᠶᠠᠷ ᠨᠤᠮ ᠢ ᠪᠤᠯ ᠭᠠᠭᠴᠠ ᠬᠦᠮᠦᠨ ᠳᠤ ᠴᠦ ᠬᠦᠷᠭᠡᠵᠤ ᠪᠤᠯᠬᠤ ᠦᠭᠡᠢ ᠡ︕ ᠡᠨᠡ ᠨᠤᠮ ᠢ ᠵᠦᠭᠡᠷ ᠬᠦᠷᠭᠡᠬᠦ ᠠᠴᠠ ᠴᠡᠭᠡᠷᠯᠡᠬᠦ ᠭᠡᠷᠡᠭᠳᠡᠢ︕︾ ᠭᠡᠬᠦ ᠪᠤᠳᠤᠯ ᠬᠦᠴᠦᠳᠠᠢ ᠪᠠᠭᠤᠵᠤ ᠢᠷᠡᠪᠡ᠃ ᠪᠤᠰᠤᠳ ᠲᠤ ᠨᠤᠮ ᠢᠶᠠᠨ ᠬᠦᠷᠭᠡᠬᠦ ᠲᠤᠷᠠᠳᠠᠢ ᠪᠠᠶᠢᠳᠠᠭ ᠪᠢ ᠶᠠᠭᠠᠬᠢᠭᠠᠳ ᠭᠡᠨᠡᠳᠳᠡ ᠯᠠ ︽ᠡᠨᠡ ᠨᠤᠮ ᠢ ᠭᠠᠭᠴᠠ ᠬᠦᠮᠦᠨ ᠳᠤ ᠴᠦ ᠬᠦᠷᠭᠡᠵᠤ ᠪᠤᠯᠬᠤ ᠦᠭᠡᠢ︕︾ ᠭᠡᠵᠤ ᠪᠤᠳᠤᠭᠠᠳ ᠪᠠᠶᠢᠳᠠᠭ ᠶᠤᠮ︖ ᠭᠡᠵᠤ ᠦᠪᠡᠷ ᠢ ᠪᠠᠨ ᠭᠠᠶᠢᠬᠠᠪᠠ᠃ ᠭᠠᠶᠢᠬᠠᠭᠰᠠᠨ ᠴᠦ ᠪᠤᠳᠤᠯ ᠢᠶᠠᠨ ᠦᠭᠡᠷᠡᠴᠢᠯᠡᠵᠤ ᠴᠢᠳᠠᠭ᠎ᠠ ᠦᠭᠡᠢ᠃ ᠬᠠᠮᠤᠭ ᠰᠡᠬᠦᠯ ᠳᠤ ᠦᠪᠡᠷ ᠤᠨ ᠢᠶᠠᠨ ᠪᠤᠳᠤᠯ ᠤᠷᠤᠭᠤ ᠪᠠᠨ ᠬᠠᠨᠳᠤᠵᠤ ︽ᠪᠤᠷᠬᠠᠨ ᠪᠤᠯᠤᠭᠰᠠᠨ ᠠᠪᠤ ᠶᠢᠨ ᠢᠶᠠᠨ ᠴᠠᠬᠠᠷ ᠶᠠᠰᠤᠨ ᠡᠮᠦᠨ᠎ᠠ ᠨᠢᠭᠡ ᠲᠠᠪᠳᠠᠷ ᠢ ᠬᠦᠷᠭᠡᠵᠤ ᠲᠠᠯᠪᠢᠶ᠎ᠠ᠂ ᠭᠡᠳᠦᠢ ᠴᠦ ᠤᠯᠠᠨ ᠬᠦᠮᠦᠨ ᠢᠶᠠᠷ ︿ᠮᠠᠭᠤ ᠴᠠᠬᠠᠷ﹀ ᠭᠡᠵᠤ ᠬᠠᠷᠢᠶᠠᠯᠭᠠᠭᠰᠠᠨ ᠦᠭᠡᠢ ᠪᠤᠢ︕ ᠶᠠᠳᠠᠬᠤ ᠳᠤ ᠭᠡᠳᠦᠨ ᠠᠷᠪᠠᠨ ᠵᠢᠯ ᠬᠠᠮᠳᠤ ᠠᠮᠢᠳᠤᠷᠠᠵᠤ ᠠᠷᠪᠠᠭᠠᠳ ᠬᠡᠦᠭᠡᠳ ᠢ ᠬᠠᠮᠳᠤ ᠳᠠᠭᠠᠨ ᠲᠦᠷᠦᠬᠦᠯᠦᠭᠰᠡᠨ ᠡᠭᠡᠨᠡᠷ ᠢᠶᠠᠷ ᠢᠶᠠᠨ ᠴᠦ ︿ᠬᠠᠳᠠᠭᠤ ᠴᠠᠬᠠᠷ﹀ ᠢᠶᠠᠨ ᠲᠤᠷᠠᠳᠤᠭᠤᠯᠬᠤ  ᠳᠠᠭᠠᠨ ᠲᠠᠭᠤᠨ ᠦᠭᠡᠢ ᠶᠠᠪᠤᠭᠰᠠᠨ ᠠᠪᠤ ᠶᠢᠨ ᠮᠢᠨᠢ ᠰᠦᠨᠡᠰᠦ ᠨᠢ ᠨᠢᠭᠡ ᠲᠠᠶᠢᠳᠬᠤᠷᠠᠭ︕ ᠪᠤᠯᠬᠤ ᠶᠤᠮ ᠪᠢᠵᠠ︖ ᠠᠮᠢᠳᠤ ᠪᠤᠷᠬᠠᠨ ᠡᠵᠢ ᠳᠡᠭᠡᠨ ᠪᠠᠰᠠ ᠨᠢᠭᠡ ᠲᠠᠪᠳᠠᠷ ᠢ ᠬᠦᠷᠭᠡᠶ᠎ᠡ᠂ ᠮᠥᠨ ᠡᠶᠢᠮᠤ ᠬᠤᠶᠠᠷᠬᠠᠨ ᠨᠤᠮ ᠢ ᠬᠦᠷᠭᠡᠬᠦ ᠡᠷᠭᠡ ᠶᠢ ᠨᠠᠳᠠ ᠦᠭᠴᠢᠭᠡ᠂ ᠦᠭᠡᠷ᠎ᠡ ᠶᠠᠮᠠᠷ ᠬᠦᠮᠦᠨ ᠳᠤ ᠴᠦ ᠬᠦᠷᠭᠡᠬᠦ ᠶᠢ ᠴᠡᠭᠡᠷᠯᠡᠶ᠎ᠡ︕︾ ᠭᠡᠵᠤ ᠦᠪᠡᠷ ᠤᠨ ᠴᠢᠩᠭ᠎ᠠ ᠪᠤᠳᠤᠯ ᠤᠷᠤᠭᠤ ᠪᠠᠨ ᠬᠠᠨᠳᠤᠵᠤ ᠭᠤᠶᠤᠪᠠ᠃ ᠨᠤᠮ ᠢᠶᠠᠨ ᠪᠢᠴᠢᠵᠤ ᠪᠠᠷᠠᠭᠠᠭᠠᠳ ᠭᠡᠪᠯᠡᠯ ᠳᠤ ᠦᠭᠬᠦ ᠦᠶ᠎ᠡ ᠮᠢᠨᠤ ᠡᠨᠡ ᠪᠤᠳᠤᠯ ᠨᠢᠭᠡᠨᠳᠡ ᠢᠩᠬᠢᠵᠤ ᠲᠤᠭᠳᠠᠰᠢᠭᠰᠠᠨ ᠪᠠᠶᠢᠯ᠎ᠠ᠃ ᠴᠠᠬᠠᠷ ᠤᠨ ᠦᠬᠢᠨ ᠴᠢᠩᠭ᠎ᠠ ᠳᠠᠭᠠᠨ ᠶᠤᠮ ᠪᠢᠵᠠ︖ ᠡᠨᠡ ᠪᠤᠳᠤᠯ ᠢᠶᠠᠨ ᠦᠭᠡᠷᠡᠴᠢᠯᠡᠵᠤ ᠴᠢᠳᠠᠬᠤ ᠦᠭᠡᠢ ᠪᠠᠶᠢᠨ᠎ᠠ︕ ᠦᠭᠡᠷᠡᠴᠢᠯᠡᠶ᠎ᠡ ᠭᠡᠵᠤ ᠴᠦ ᠤᠷᠤᠯᠳᠤᠬᠤ ᠦᠭᠡᠢ ᠪᠠᠨ ᠭᠡᠯᠡᠶ᠎ᠡ︕     ᠪᠢ ᠦᠪᠡᠷ ᠤᠨ ᠢᠶᠠᠨ ᠬᠦᠳᠡᠯᠮᠤᠷᠢ ᠶᠢ ᠬᠦᠨᠳᠦᠯᠡᠭᠡᠳ ᠢᠩᠬᠢᠵᠤ ᠪᠤᠳᠤᠭᠰᠠᠨ ᠪᠢᠰᠢ ᠡ᠂ ᠬᠦᠮᠦᠨ ᠭᠡᠵᠤ ᠲᠠᠷᠠ ᠲᠠᠢ ᠲᠠᠷᠠ ᠦᠭᠡᠢ ᠡᠨᠡ ᠬᠤᠷᠸ᠎ᠠ ᠲᠡᠭᠡᠷ᠎ᠡ ᠬᠦᠳᠡᠯᠮᠤᠷᠢᠯᠡᠬᠦ ᠪᠠᠷ ᠢᠷᠡᠭᠰᠡᠨ ᠶᠤᠮ ᠬᠤᠶᠢᠨ᠎ᠠ ᠲᠤᠷ᠎ᠠ ᠲᠤᠷ᠎ᠠ ᠪᠠᠨ ᠬᠦᠭᠡᠭᠡᠳ ᠬᠦᠳᠡᠯᠮᠤᠷᠢᠯᠠᠵᠤ ᠯᠠ ᠪᠠᠶᠢᠪᠠᠯ ᠪᠤᠯᠴᠢᠬᠤ ᠨᠢ ᠲᠠᠷᠠ᠃ ᠶᠠᠳᠠᠭᠤᠷᠠᠭᠠᠳ ᠦᠯᠪᠡᠷᠡᠬᠦ ᠭᠡᠮᠵᠢᠶ᠎ᠡ ᠬᠦᠷᠬᠦ ᠦᠭᠡᠢ ᠶᠤᠮ ᠪᠤᠯ ᠬᠦᠷᠭᠡᠵᠤ ᠯᠠ ᠪᠠᠶᠢᠶ᠎ᠠ᠂ ᠪᠤᠶᠠᠨ ᠪᠤᠯᠤᠭ ᠳ᠋ᠠ᠃ ᠬᠠᠷᠢᠨ ᠡᠪᠦᠭᠡ ᠲᠡᠭᠡᠳᠦᠰ ᠤᠨ ᠢᠶᠠᠨ ᠬᠠᠯᠠᠭᠤᠨ ᠴᠢᠰᠤ ᠪᠦᠯᠢᠶᠡᠨ ᠬᠦᠯᠦᠰᠦ ᠪᠠᠷ ᠢᠶᠠᠨ ᠪᠦᠳᠦᠭᠡᠭᠰᠡᠨ ᠲᠡᠦᠭᠡ ᠶᠢᠨ ᠤᠯᠠ ᠮᠦᠷ ᠢ ᠮᠦᠷᠳᠡᠵᠤ ᠶᠠᠪᠤᠬᠤ ᠳᠠᠭᠠᠨ ᠠᠶᠤᠵᠤ ᠪᠢᠰᠢᠷᠡᠵᠤ ᠰᠦᠰᠦᠭᠯᠡᠵᠤ ᠪᠠᠶᠢᠭᠰᠠᠨ ᠢᠶᠠᠨ ᠰᠡᠬᠦᠯᠠᠷ ᠨᠢ ᠲᠠᠷᠠ ᠪᠦᠬᠦᠢ ᠶᠢ ᠦᠰᠦᠭ ᠪᠢᠴᠢᠭ ᠪᠤᠯᠭᠠᠨ ᠪᠢᠴᠢᠬᠦ ᠳᠡᠭᠡᠨ ᠵᠠᠯᠪᠠᠷᠢᠵᠤ ᠬᠢᠴᠢᠶᠡᠵᠤ ᠪᠢᠴᠢᠭᠰᠡᠨ ᠶᠤᠮ᠃ ᠲᠠᠷᠠ ᠦᠶ᠎ᠡ ᠨᠠᠳᠠ ︽ᠡᠨᠡ ᠦᠶ᠎ᠡ ᠶᠢᠨ ᠬᠦᠮᠦᠰ ᠪᠢᠳᠠ ᠲᠡᠭᠡᠷ᠎ᠡ ᠦᠶ᠎ᠡ ᠶᠢᠨ ᠬᠦᠮᠦᠰ ᠤᠨ ᠢᠶᠠᠨ ᠮᠤᠩᠭᠤᠯ ᠳᠠᠭᠠᠨ ᠦᠨᠡᠨᠴᠢ ᠰᠢᠳᠤᠷᠭᠤ᠂ ᠬᠠᠳᠠᠭᠤ ᠵᠠᠭᠤᠯᠠᠪᠤᠷᠢᠳᠠᠢ ᠪᠠᠶᠢᠳᠠᠭ ᠲᠠᠷᠠ ᠵᠤᠷᠢᠭ ᠰᠦᠰᠦ᠂ ᠬᠤᠯᠠ ᠶᠢᠨ ᠪᠤᠳᠤᠯ ᠳᠤᠨᠢ ᠬᠠᠮᠤᠭ ᠤᠨ ᠲᠡᠭᠡᠳᠦ ᠬᠦᠨᠳᠦᠳᠭᠡᠯ ᠲᠡᠪᠰᠢᠬᠦᠯᠵᠤ᠂ ᠦᠨᠡᠨ ᠬᠤᠳᠠᠯ ᠤᠨ ᠲᠤᠮᠳᠠ ᠬᠤᠳᠬᠤᠯᠳᠤᠵᠤ ᠢᠷᠡᠭᠰᠡᠨ ᠲᠠᠷᠠ ᠪᠦᠬᠦᠢ ᠦᠯᠢᠭᠡᠷ ᠢ ᠨᠢ ᠲᠤᠳᠤᠯᠠᠵᠤ᠂ ᠲᠤᠳᠤᠯᠤᠭᠰᠠᠨ ᠤ ᠬᠤᠶᠢᠨ᠎ᠠ ᠮᠦᠷᠬᠦᠵᠤ ᠰᠤᠨᠤᠰᠤᠨ᠂ ᠰᠦᠰᠦᠭᠯᠡᠵᠤ ᠦᠯᠡᠳᠡᠭᠡᠬᠦ ᠭᠡᠷᠡᠭᠳᠡᠢ ᠶᠤᠮ ᠪᠠᠶᠢᠨ᠎ᠠ︕︾ ᠭᠡᠵᠤ ᠪᠤᠳᠤᠭᠳᠠᠭᠰᠠᠨ᠃ ᠲᠠᠷᠠ ᠶᠡᠭᠡ ᠰᠦᠵᠢᠭ ᠪᠢᠰᠢᠷᠠᠯ ᠢᠶᠠᠨ ᠤᠳᠤ ᠦᠷᠭᠡᠨ ᠤᠯᠠᠨ ᠮᠤᠩᠭᠤᠯᠴᠤᠳ ᠲᠠᠭᠠᠨ ᠲᠠᠮᠵᠢᠭᠤᠯᠬᠤ ᠪᠤᠯᠤᠯ᠎ᠠ᠃ ᠪᠢ ᠲᠠᠨᠠᠷ ᠢ ᠪᠠᠰᠠ ᠨᠠᠳᠠ ᠲᠠᠢ ᠠᠳᠠᠯᠢ ᠲᠡᠭᠡᠳᠦᠰ ᠤᠨ  ᠢᠶᠠᠨ ᠪᠦᠳᠦᠭᠡᠭᠰᠡᠨ ᠲᠡᠦᠭᠡ ᠶᠢᠨ ᠡᠮᠦᠨ᠎ᠠ ᠠᠶᠤᠵᠤ ᠪᠢᠰᠢᠷᠡᠵᠤ ᠰᠦᠰᠦᠭᠯᠡ ᠭᠡᠵᠤ ᠪᠠᠶᠢᠭ᠎ᠠ ᠤᠭᠳᠤ ᠪᠢᠰᠢ᠂ ᠬᠠᠷᠢᠨ ᠲᠡᠭᠡᠳᠦᠰ ᠮᠢᠨᠢ ᠬᠤᠭᠤᠰᠤᠨ ᠦᠭᠡ ᠭᠡᠯᠡᠭᠡᠳ ᠬᠤᠩᠬᠢᠯᠵᠠᠭᠤᠯᠤᠭᠠᠳ ᠢᠷᠡᠭᠰᠡᠨ ᠲᠡᠦᠭᠡ ᠲᠠᠢ ᠬᠦᠮᠦᠰ ᠪᠢᠰᠢ ᠶᠤᠮ ᠪᠠᠶᠢᠨ᠎ᠠ ᠭᠡᠳᠡᠭ ᠢ ᠭᠡᠯᠡᠶ᠎ᠡ ᠭᠡᠰᠡᠨ ᠶᠤᠮ᠃ ᠶᠠᠭ ᠡᠶᠢᠮᠤ ᠶᠤᠮ ᠪᠤᠯᠬᠤᠷ ᠲᠡᠳᠡᠨ ᠤ ᠲᠡᠦᠭᠡ ᠶᠢ ᠬᠤᠭᠤᠰᠤᠨ ᠠᠯᠠᠭ᠎ᠠ  ᠪᠠᠷ ᠢᠶᠠᠨ ᠲᠤᠰᠴᠦ ᠪᠤᠯᠬᠤ ᠦᠭᠡᠢ ᠶᠤᠮ ᠪᠠᠶᠢᠬ᠎ᠠ︕ ᠨᠠᠩ ᠢᠯᠠᠩᠭᠤᠶ᠎ᠠ ︽ᠪᠢ ᠮᠤᠩᠭᠤᠯ ᠳᠠᠭᠠᠨ ᠬᠠᠶᠢᠷᠠᠳᠠᠢ᠂ ᠲᠡᠦᠭᠡᠨ ᠳᠡᠭᠡᠨ ᠬᠠᠶᠢᠷᠠᠳᠠᠢ᠂ ᠪᠢ ᠲᠡᠭᠡᠳᠦᠰ ᠢᠶᠠᠨ ᠬᠦᠨᠳᠦᠯᠡᠳᠡᠭ ᠁︾ ᠭᠡᠮᠡᠳᠡᠭ ᠡᠷᠬᠢᠮ ᠲᠡᠭᠡᠳᠦ ᠪᠤᠳᠤᠯ  ᠲᠠᠢ ᠬᠦᠮᠦᠰ ᠮᠢᠨᠢ ︽ᠨᠤᠮ ᠢᠶᠠᠨ ᠨᠢᠭᠡ ᠪᠡᠯᠡᠭᠯᠡᠴᠢᠭᠡᠬᠦ ᠦᠭᠡᠢ ᠤᠤ︖︾ ᠭᠡᠵᠤ ᠭᠡᠯᠡᠬᠦ ᠠᠴᠠ ᠪᠠᠨ ᠲᠠᠳᠠᠭᠠᠯᠵᠠᠭᠠᠷᠡᠢ︕     ᠪᠢ ᠦᠪᠡᠷ ᠤᠨ ᠲᠦᠷᠦᠭᠳᠡᠯ᠂ ᠦᠪᠡᠷ ᠤᠨ ᠪᠤᠳᠤᠯ ᠰᠡᠳᠬᠢᠯ ᠳᠡᠭᠡᠨ ᠡᠵᠡᠨ ᠰᠠᠭᠤᠬᠤ ᠶᠤᠮᠰᠠᠨ᠃ ᠲᠠᠶᠢᠮᠤ ᠤᠴᠢᠷ ᠠᠴᠠ ᠡᠨᠡ ᠬᠤᠶᠠᠷ ᠨᠤᠮ ᠢ ᠭᠠᠭᠴᠠ ᠴᠦ ᠬᠦᠮᠦᠨ ᠳᠤ ᠬᠦᠷᠭᠡᠬᠦ ᠦᠭᠡᠢ ᠮᠦᠷᠳᠡᠭᠡᠨ ᠬᠢᠮᠳᠠᠷᠠᠭᠤᠯᠵᠤ ᠴᠦ ᠦᠭᠬᠦ ᠦᠭᠡᠢ︕ ᠤᠩᠰᠢᠬᠤ ᠦᠭᠡᠢ ᠭᠡᠰᠡᠨ ᠬᠦᠮᠦᠨ ᠳᠤ ᠬᠦᠷᠭᠡᠭᠡᠳ᠂ ᠲᠡᠷᠢᠬᠢ ᠤᠷᠤᠭᠤ ᠨᠢ ᠴᠢᠬᠢᠯ᠎ᠠ ᠭᠡᠳ ᠤᠩᠰᠢᠬᠤ ᠦᠭᠡᠢ᠃ ᠤᠩᠰᠢᠬᠤ ᠭᠡᠰᠡᠨ ᠬᠦᠮᠦᠨ ᠢ ᠬᠤᠷᠢᠭᠯᠠᠵᠤ ᠪᠠᠶᠢᠭᠰᠠᠨ ᠴᠦ ᠲᠡᠭᠡᠳᠦᠰ ᠤᠨ  ᠢᠶᠠᠨ ᠬᠦᠯᠦᠰᠦᠨ ᠳᠤ ᠮᠦᠷᠬᠦᠨ ᠪᠠᠶᠢᠵᠤ ᠤᠩᠰᠢᠨ᠎ᠠ᠃     ᠪᠠᠰᠠ ᠨᠢᠭᠡ ᠨᠢ ᠪᠤᠯ ᠪᠢᠴᠢᠭᠰᠡᠨ ᠨᠤᠮ ᠢᠶᠠᠨ ᠪᠤᠰᠤᠳ  ᠲᠤ ᠬᠦᠷᠭᠡᠳᠡᠭ ᠬᠦᠩᠭᠡᠨ ᠬᠠᠭᠤᠳᠠᠮ ᠲᠠᠳᠬᠠᠯ ᠢ ᠦᠭᠡᠷᠡᠴᠢᠯᠡᠶ᠎ᠡ ᠭᠡᠵᠤ ᠰᠢᠭᠤᠷᠬᠠᠢ ᠪᠤᠳᠤᠭᠰᠠᠨ ᠰᠢᠯᠳᠠᠭᠠᠨ ᠪᠤᠢ᠃     ᠪᠠᠷᠢᠯᠭᠠᠴᠢᠳ ᠡᠭᠡ ᠭᠠᠵᠠᠷ ᠤᠨ ᠢᠶᠠᠨ ᠰᠢᠪᠠᠷ ᠰᠢᠷᠦᠢ ᠶᠢ ᠴᠢᠳᠬᠤᠵᠤ ᠲᠤᠭᠤᠰᠬ᠎ᠠ ᠵᠦᠩ ᠪᠤᠯᠭᠠᠭᠠᠳ᠂ ᠲᠡᠬᠦᠨ ᠢᠶᠠᠨ ᠦᠷᠦᠵᠤ ᠠᠰᠠᠷ ᠭᠡᠷ ᠪᠠᠷᠢᠴᠢᠬᠠᠪᠠᠯ ᠬᠦᠮᠦᠰ ᠪᠦᠷ ᠬᠤᠳᠠᠯᠳᠤᠨ ᠠᠪᠳᠠᠭ᠂ ᠨᠢᠭᠡ ᠬᠦᠮᠦᠨ ᠴᠦ ᠨᠠᠳᠠ ᠬᠦᠷᠭᠡᠨ᠎ᠠ ᠪᠠᠶᠢᠬ᠎ᠠ ᠭᠡᠵᠤ ᠪᠤᠳᠤᠳᠠᠭ ᠦᠭᠡᠢ ᠪᠦᠭᠡᠳ ︽ᠠᠰᠠᠷ ᠢᠶᠠᠨ ᠨᠠᠳᠠ ᠨᠢᠭᠡ ᠪᠡᠯᠡᠭᠯᠡᠴᠢᠭᠡᠬᠦ ᠦᠭᠡᠢ ᠤᠤ︾ ᠭᠡᠵᠤ ᠨᠡᠭᠡᠳᠡᠭ ᠦᠭᠡᠢ᠃ ᠨᠤᠪ ᠨᠤᠮᠤᠬᠠᠨ ᠮᠦᠩᠬᠦ ᠪᠠᠨ ᠪᠠᠷᠢᠵᠤ ᠬᠦᠷᠦᠭᠡᠳ ᠬᠤᠳᠠᠯᠳᠤᠨ ᠠᠪᠳᠠᠭ᠃ ᠭᠠᠵᠠᠷ ᠲᠡᠭᠡᠷᠡᠬᠢ ᠰᠢᠪᠠᠷ ᠢ ᠭᠠᠵᠠᠷ ᠲᠡᠭᠡᠷ᠎ᠡ ᠨᠢ ᠤᠪᠤᠭᠠᠯᠠᠴᠢᠬᠠᠭᠠᠳ ᠶᠡᠭᠡ ᠵᠤᠭᠤᠰ ᠢᠶᠠᠷ ᠬᠤᠳᠠᠯᠳᠤᠳᠠᠭ ᠪᠠᠶᠢᠬᠤ ᠳᠤ ᠰᠡᠳᠬᠢᠯ ᠵᠢᠷᠦᠭᠡᠨ ᠠᠴᠠ ᠪᠠᠨ ᠤᠨᠠᠭᠠᠭᠰᠠᠨ ᠤᠷᠠᠨ ᠪᠦᠳᠦᠭᠡᠯ ᠢ ᠶᠠᠭᠠᠬᠢᠨ ᠵᠦᠭᠡᠷ ᠬᠦᠷᠭᠡᠵᠤ ᠦᠭᠳᠡᠭ ᠶᠤᠮ︖ ᠪᠠᠶᠢᠰᠢᠩ ᠭᠡᠷ ᠭᠡᠵᠤ ᠶᠡᠭᠡ ᠶᠢ ᠭᠡᠯᠡᠬᠦ ᠪᠠᠨ ᠪᠤᠯᠢᠶ᠎ᠠ᠂ ᠪᠤᠬᠤᠷ ᠠᠷᠴᠢᠳᠠᠭ ᠴᠠᠭᠠᠰᠤ ᠲᠤ ᠬᠦᠷᠳᠡᠯ᠎ᠠ ᠦᠨ᠎ᠠ ᠲᠦᠯᠦᠪᠦᠷᠢ ᠦᠭᠳᠡᠭ ᠪᠠᠶᠢᠬᠤ ᠳᠤ ᠪᠤᠳᠤᠯ ᠰᠡᠳᠬᠢᠯ ᠤᠨ ᠰᠢᠮ᠎ᠠ ᠲᠡᠵᠢᠬᠡᠯ ᠪᠤᠯᠬᠤ ᠨᠤᠮ ᠢ ᠶᠠᠭᠤ ᠭᠡᠵᠤ ᠵᠦᠭᠡᠷ ᠠᠪᠬᠤ ᠨᠢ ᠪᠤᠢ︖    ᠬᠠᠷᠢᠭᠤᠯᠳᠠ ᠨᠢ︖    ᠭᠡᠷ ᠪᠠᠶᠢᠰᠢᠩ ᠪᠤᠯ ᠬᠦᠮᠦᠨ ᠲᠦᠷᠦᠯᠬᠢᠳᠡᠨ ᠳᠤ ᠭᠡᠷᠡᠭᠴᠢᠭᠡ  ᠲᠠᠢ᠂ ᠨᠤᠮ ᠪᠢᠴᠢᠭ ᠲᠡᠶᠢᠮᠤ ᠭᠡᠷᠡᠭᠴᠢᠭᠡ ᠲᠠᠢ ᠪᠢᠰᠢ᠂ ᠲᠡᠶᠢᠮᠤ ᠤᠤ︖    ᠭᠡᠷ ᠪᠠᠶᠢᠰᠢᠩ ᠢ ᠪᠠᠷᠢᠬᠤ ᠳᠤ ᠬᠦᠯᠦᠰᠦ ᠬᠦᠴᠦ ᠭᠠᠷᠭᠠᠭᠰᠠᠨ᠂ ᠨᠤᠮ ᠪᠢᠴᠢᠭ ᠢ ᠲᠡᠭᠡᠵᠤ ᠬᠦᠴᠦ ᠬᠦᠯᠦᠰᠦ ᠭᠠᠷᠭᠠᠳᠠᠭ ᠦᠭᠡᠢ᠂ ᠲᠡᠶᠢᠮᠤ ᠤᠤ︖    ᠭᠡᠷ ᠪᠠᠶᠢᠰᠢᠩ ᠪᠤᠯ ᠡᠴᠢᠭᠡ ᠡᠭᠡ ᠪᠤᠯᠤᠭᠰᠠᠳ ᠦᠷ᠎ᠡ ᠬᠡᠦᠭᠡᠳ ᠲᠡᠭᠡᠨ ᠡᠷᠭᠡᠪᠰᠢ ᠦᠯᠡᠳᠡᠭᠡᠬᠦ ᠶᠤᠰᠤᠳᠠᠢ ᠦᠪ ᠬᠦᠷᠦᠩᠭᠡ᠂ ᠨᠤᠮ ᠪᠢᠴᠢᠭ ᠦᠪ ᠬᠦᠷᠦᠩᠭᠡ ᠪᠤᠯᠵᠤ ᠴᠢᠳᠠᠬᠤ ᠦᠭᠡᠢ᠂ ᠲᠡᠶᠢᠮᠤ ᠤᠤ︖     ᠁    ᠪᠢ ᠡᠨᠠ ᠠᠰᠠᠭᠤᠯᠳᠠ ᠶᠢ ᠨᠠᠰᠤ ᠪᠠᠷ ᠪᠤᠳᠤᠪᠠᠴᠦ ᠬᠠᠷᠢᠭᠤᠯᠵᠤ ᠴᠢᠳᠠᠬᠤ ᠦᠭᠡᠢ ᠡ᠃ ᠨᠤᠮ ᠬᠦᠷᠭᠡᠳᠡᠭ᠂ ᠬᠦᠷᠭᠡᠬᠦᠯᠳᠡᠭ ᠬᠦᠮᠦᠰ ᠬᠠᠮᠤᠭ ᠤᠨ ᠵᠦᠪ ᠤᠨᠤᠪᠴᠢᠳᠠᠢ ᠬᠠᠷᠢᠭᠤᠯᠳᠠ ᠶᠢ ᠦᠭᠬᠦ ᠪᠠᠶᠢᠬ᠎ᠠ᠃ ᠶᠠᠭᠤ ᠪᠤᠯᠤᠭᠰᠠᠨ ᠴᠦ ᠪᠢ ᠭᠡᠯ᠎ᠠ ᠡᠬᠦᠨ ᠠᠴᠠ ᠬᠤᠶᠢᠰᠢ ᠪᠢᠴᠢᠭᠰᠡᠨ ᠨᠤᠮ ᠢᠶᠠᠨ ᠭᠡᠨ ᠳᠤ ᠴᠦ ᠵᠦᠭᠡᠷ ᠬᠦᠷᠭᠡᠬᠦ ᠦᠭᠡᠢ ᠪᠠᠷ ᠰᠢᠢᠳᠪᠠ ᠃ ᠭᠠᠶᠢᠬᠠᠯᠳᠠᠢ ᠰᠤᠶᠤᠯ᠂ ᠭᠠᠶᠢᠬᠠᠯᠳᠠᠢ ᠵᠤᠷᠢᠭ ᠰᠠᠨᠠᠭ᠎ᠠ ᠶᠢ ᠪᠦᠳᠦᠭᠡᠴᠢᠭᠡᠭᠡᠳ ᠲᠡᠭᠷᠢ ᠪᠤᠯᠤᠭᠰᠠᠨ ᠲᠡᠭᠡᠳᠦᠰ ᠢᠶᠠᠨ ᠨᠢᠭᠡᠳᠦᠭᠡᠷ ᠲᠤ ᠬᠦᠨᠳᠦᠯᠡᠵᠤ᠂ ᠪᠠᠰᠠ ᠲᠠᠷᠠ ᠰᠤᠶᠤᠯ᠂ ᠲᠠᠷᠠ ᠵᠤᠷᠢᠭ ᠰᠠᠨᠠᠭ᠎ᠠ ᠶᠢ ᠨᠠᠳᠠ ᠶᠠᠷᠢᠵᠤ᠂ ᠨᠠᠳᠠ ᠵᠠᠯᠭᠠᠮᠵᠢᠯᠠᠵᠤ ᠦᠭᠬᠦᠭᠰᠡᠨ ᠨᠠᠰᠤᠳᠠᠨ ᠪᠤᠭᠤᠷᠤᠯᠴᠤᠳ ᠢᠶᠠᠨ ᠬᠤᠶᠠᠳᠤᠭᠠᠷ ᠲᠤ ᠬᠦᠨᠳᠦᠯᠡᠭᠡᠳ ᠴᠦ ᠡᠨᠡ ᠨᠤᠮ ᠢ ᠵᠦᠭᠡᠷ ᠬᠦᠷᠭᠡᠬᠦ ᠠᠴᠠ ᠴᠡᠭᠡᠷᠯᠡᠨ᠎ᠠ᠃     ᠬᠡᠦᠭᠡᠳ ᠲᠦᠷᠦᠮᠡᠭᠴᠠ ︽ᠭᠡᠷ ᠲᠡᠷᠭᠡ ᠠᠪᠴᠦ ᠦᠭᠬᠦᠨ᠎ᠠ︕︾ ᠭᠡᠵᠤ ᠡᠴᠢᠭᠡ ᠡᠭᠡ ᠪᠤᠯᠤᠭᠰᠠᠳ ᠨᠢ ᠨᠠᠰᠤᠨ ᠲᠤᠷᠰᠢᠳᠠ ᠬᠦᠯᠦᠰᠦ ᠪᠠᠨ ᠭᠤᠭᠤᠵᠢᠭᠤᠯᠤᠨ ᠵᠢᠳᠬᠦᠳᠡᠭ᠃ ᠬᠠᠷᠢᠨ ᠰᠤᠶᠤᠯ ᠢᠶᠠᠨ ᠵᠠᠯᠭᠠᠮᠵᠢᠯᠠᠵᠤ ᠦᠭᠬᠦᠶ᠎ᠠ᠂ ᠵᠤᠷᠢᠭ ᠰᠠᠨᠠᠭ᠎ᠠ ᠪᠠᠨ ᠦᠮᠴᠢᠯᠡᠬᠦᠯᠵᠤ ᠦᠭᠬᠦᠶ᠎ᠠ︕ ᠲᠡᠯᠡᠭᠡᠢ ᠶᠢ ᠤᠶᠢᠯᠠᠭᠠᠬᠤ ᠤᠬᠠᠭᠠᠨ ᠢ ᠪᠡᠯᠡᠳᠭᠡᠶ᠎ᠡ ᠭᠡᠵᠤ ᠨᠠᠰᠤᠨ ᠲᠤᠷᠰᠢ ᠵᠢᠳᠬᠦᠬᠦ ᠠᠬᠠᠮᠠᠳ ᠴᠦᠭᠡᠨ ᠯᠠ ᠪᠠᠶᠢᠨ᠎ᠠ᠂ ᠵᠦᠭ  ᠢᠶᠠᠨ ᠵᠦᠪ ᠰᠤᠩᠭᠤᠬᠤ ᠦᠭᠡᠢ ᠪᠤᠯ ᠵᠦᠳᠡᠷᠡᠭᠡᠳ ᠤᠨᠠᠪᠠᠴᠦ ᠵᠦᠭᠡᠷ ᠨᠢᠭᠡ ᠵᠦᠳᠡᠷᠡᠯ ᠲᠡᠳᠦᠢ᠃     ᠰᠤᠶᠤᠯ  ᠳᠠᠭᠠᠨ ᠮᠦᠷᠬᠦᠮᠦ︖ ᠨᠤᠮ ᠳᠤᠷ ᠮᠦᠷᠬᠦᠮᠦ︖                  2019 ᠤᠨ ᠤ 6 ᠰᠠᠷ᠎ᠠ ᠶᠢᠨ10 ᠤ ᠡᠳᠦᠷ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号