ᠠᠤᠬᠠᠨ ᠠᠮᠤᠪᠠ ᠬᠦᠩᠵᠦ ᠤ ᠦᠨᠡᠨ ᠲᠡᠮᠳᠡᠭᠯᠡᠯ
ᠨᠡᠶᠢᠲᠡᠯᠡᠭᠰᠡᠨ ᠴᠠᠭ᠄
2020/6/10
ᠠᠤᠬᠠᠨ ᠠᠮᠤᠪᠠ ᠬᠦᠩᠵᠦ ᠤ ᠦᠨᠡᠨ ᠲᠡᠮᠳᠡᠭᠯᠡᠯ        ᠲᠡᠭᠷᠢ ᠰᠡᠴᠡᠨ ᠤ ᠲᠡᠷᠢᠬᠦᠨ ᠤᠨ ︵1627︶ ᠤ 12 ᠰᠠᠷ᠎ᠠ ᠶᠢᠨ ᠰᠢᠷ᠎ᠠ ᠮᠤᠷᠢᠨ ᠡᠳᠤᠷ᠂ ᠠᠤᠬᠠᠨ ᠠᠶᠢᠮᠠᠭ ᠤᠨ ᠲᠦᠷᠦᠬᠦᠤ ᠰᠡᠴᠡᠨ   ᠵᠤᠷᠢᠭᠳᠤ ᠬᠤᠩ ᠲᠠᠶᠢᠵᠢ ᠠᠴᠠ ᠬᠦᠤ ᠪᠠᠨᠳᠠᠢ ᠳᠠᠭᠠᠨ ᠪᠡᠷᠢ ᠭᠤᠶᠤᠬᠤ ᠳᠤ ᠬᠤᠩ ᠲᠠᠶᠢᠵᠢ  ᠶᠡᠭᠡ  ᠬᠡᠤᠬᠡᠨ ᠠᠮᠤᠪᠠ ᠶᠢ ᠪᠠᠨᠳᠢ ᠲᠠᠢ ᠤᠷᠤᠭᠯᠠᠬᠤ ᠪᠠᠷ ᠵᠦᠪᠰᠢᠶᠡᠷᠡᠵᠦ᠂ ᠡᠭᠦᠨ ᠳᠤ ᠰᠡᠴᠡᠨ ᠵᠤᠷᠢᠭᠳᠤ ᠤᠷᠤᠭᠯᠠᠬᠤ ᠶᠢᠨ ᠶᠤᠰᠤᠯᠠᠯ ᠤᠨ ᠪᠡᠯᠡᠭ ᠬᠤᠶᠠᠭ ᠲᠤᠭᠤᠯᠭ᠎ᠠ᠂ ᠡᠮᠡᠭᠡᠯᠳᠤ ᠮᠤᠷᠢ᠂ ᠲᠡᠮᠡᠭᠡ ᠬᠦᠷᠭᠡᠨ ᠪᠠᠷᠢᠵᠦ᠂ ᠦᠬᠡᠷ ᠬᠤᠨᠢ ᠠᠯᠠᠵᠦ ᠶᠡᠭᠡ ᠲᠠᠶᠢᠯᠠᠯᠭ᠎ᠠ ᠬᠢᠪᠡ᠃ ᠲᠠᠷᠠᠭ᠎ᠠ ᠡᠳᠤᠷ ᠬᠤᠩ ᠲᠠᠶᠢᠵᠢ ᠰᠡᠴᠡᠨ ᠵᠤᠷᠢᠭᠳᠦ  ᠳᠤ ︽ᠲᠦᠷᠦᠬᠦᠤ ᠪᠠᠭᠠᠳᠤᠷ︾ ᠴᠤᠯᠠ ᠤᠯᠭᠤᠵᠦ᠂ ᠬᠠᠭᠠᠨ ᠡᠵᠡᠨ ᠰᠡᠴᠡᠨ ᠵᠤᠷᠢᠭᠳᠤ ᠳᠤ ᠬᠠᠷᠢᠭᠤ ᠬᠤᠶᠠᠭ ᠲᠤᠭᠤᠯᠭ᠎ᠠ᠂ ᠡᠮᠡᠭᠡᠯᠳᠤ ᠮᠤᠷᠢ ᠶᠢᠨ  ᠪᠡᠯᠡᠭ ᠬᠦᠷᠳᠡᠬᠡᠪᠡ᠃       ᠲᠡᠭᠷᠢ ᠰᠡᠴᠡᠨ ᠤ 7 ᠤᠨ ︵1633︶ ᠤ ᠴᠠᠭᠠᠨ ᠰᠠᠷ᠎ᠠ ᠶᠢᠨ ᠰᠢᠷ᠎ᠠ ᠪᠡᠴᠢᠨ ᠡᠳᠤᠷ᠂ ᠠᠤᠬᠠᠨ ᠠᠶᠢᠮᠠᠭ  ᠤᠨ ᠲᠦᠷᠦᠭᠦᠤ ᠪᠠᠭᠠᠳᠤᠷ ᠰᠡᠴᠡᠨ ᠵᠤᠷᠢᠭᠳᠤ ᠶᠢᠨ ᠬᠦᠤ ᠪᠠᠨᠳᠢ ᠲᠠᠶᠢᠵᠢ ᠬᠦᠩᠵᠦ ᠲᠠᠢ ᠬᠤᠷᠢᠮᠯᠠᠬᠤ ᠬᠡᠵᠦ ᠭᠤᠶᠤᠴᠢᠯᠠᠭᠰᠠᠨ ᠳᠤ ᠬᠤᠩ ᠲᠠᠶᠢᠵᠢ ᠵᠦᠪᠰᠢᠶᠡᠷᠡᠵᠦ᠂ ᠬᠤᠷᠢᠮ ᠤᠨ ᠰᠢᠷᠡᠭᠡ ᠵᠠᠰᠠᠵᠦ ᠶᠡᠭᠡ ᠲᠠᠶᠢᠯᠠᠯᠭ᠎ᠠ ᠬᠢᠵᠦ᠂ ᠪᠠᠨᠳᠢ ᠡᠮᠡᠭᠡᠯ  ᠬᠠᠵᠠᠶᠡᠷ᠂ ᠬᠤᠶᠠᠭ ᠲᠤᠭᠤᠯᠭ᠎ᠠ᠂ ᠲᠡᠮᠡᠭᠡ ᠮᠤᠷᠢ ᠤ ᠪᠡᠯᠡᠭ ᠪᠠᠷᠢᠵᠦ ᠤᠷᠤᠭᠯᠠᠬᠤ ᠶᠤᠰᠤᠯᠠᠯ ᠢ ᠶᠠᠪᠤᠭᠳᠠᠭᠤᠯᠵᠦ᠂ ᠬᠤᠩ ᠲᠠᠶᠢᠵᠢ ᠪᠡᠯᠬᠡ ᠠᠴᠠ ᠬᠤᠶᠡᠷ ᠲᠡᠮᠡᠭᠡ᠂7 ᠮᠤᠷᠢ ᠭᠠᠷᠭᠠᠵᠦ ᠶᠡᠭᠡ ᠠᠬ᠎ᠠ  ᠳ᠋ᠠᠶᠢᠱᠠᠨ ᠳᠤ ᠶᠤᠰᠤᠯᠠᠯ ᠤᠨ ᠪᠡᠯᠬᠡ ᠬᠡᠵᠦ  ᠬᠦᠷᠬᠡᠵᠦ ᠦᠭᠬᠦᠪᠡ᠃ ᠡᠨᠡ ᠵᠢᠯ ᠠᠮᠤᠪᠠ ᠬᠦᠩᠵᠦ 13 ᠨᠠᠰᠤᠳᠠᠢ᠂  ᠰᠤᠯᠠ ᠬᠠᠳᠤᠨ ︵妃︶  ᠤᠯᠠᠭᠠᠨᠨᠠᠷᠠ ᠲᠦᠷᠦᠭᠰᠡᠨ ᠬᠡᠤᠬᠡᠨ᠂ ᠬᠤᠱᠤᠢ ᠬᠦᠩᠵᠦ ᠪᠠᠷ  ᠪᠠᠨᠳᠢ ᠲᠠᠢ ᠬᠤᠷᠢᠮᠯᠠᠪᠠ᠃ ᠬᠦᠷᠬᠡᠨ ᠪᠠᠨᠳᠢ ᠬᠤᠱᠤᠢ ᠡᠹᠦ᠋ ︵ᠬᠤᠱᠤᠢ ᠲᠠᠪᠤᠨᠠᠩ︶ ᠡᠷᠬᠦᠮᠵᠢᠯᠡᠭᠳᠡᠪᠡ᠃        ᠲᠦᠷᠬᠦᠮ ᠤᠨ ᠲᠠᠯ᠎ᠠ ᠠᠴᠠ ᠬᠦᠩᠵᠦ ᠳᠤ ᠪᠤᠭᠳᠤᠯᠠᠬᠤ ᠳᠤ ᠡᠯᠳᠡᠪ ᠡᠳ᠋ ᠶᠠᠭᠤᠮ᠎ᠠ ᠲᠤᠤᠷᠠᠬᠢ ᠮᠡᠳᠤ᠄ ᠮᠤᠷᠢ 25  ᠂ ᠲᠡᠮᠡᠭᠡ 10  ᠂ ᠰᠡᠶᠢᠯᠤᠮᠠᠯ ᠡᠮᠡᠭᠡᠯ  ᠬᠢᠵᠠᠭᠠᠷ  18  ᠂ ᠢᠰᠡᠭᠡᠢ ᠲᠦᠬᠦᠷᠡᠭ ᠬᠡᠷ 3  ᠂ ᠵᠠᠭᠠᠨ ᠲᠡᠷᠬᠡ 1  ᠂ ᠰᠡᠶᠢᠯᠤᠮᠠᠯ ᠤᠷᠤ 1᠂ ᠰᠢᠬᠦᠷ4  ᠂ ᠮᠦᠩᠬᠦᠨ ᠫᠢᠯᠠ ᠠᠶᠠᠭ᠎ᠠ 20 ᠬᠤᠪᠢ᠂ ᠡᠭᠦᠷᠡᠬᠦ ᠬᠠᠪᠳᠠᠭᠠᠢ ᠯᠤᠩᠬᠤ 3  ᠂ ᠴᠠᠢ   ᠶᠢᠨ ᠰᠠᠭᠤᠯᠭ᠎ᠠ1 ᠰᠡᠶᠢᠯᠤᠮᠠᠯ ᠬᠤᠸᠠᠷ ᠲᠠᠢ ᠴᠢᠮᠬᠢᠬᠦ ᠰᠠᠮᠤᠷᠬᠤ ᠲᠦᠷᠦ ᠶᠢᠨ ᠬᠦᠷᠮ᠎ᠡ᠂ ᠲᠦᠷᠦ ᠶᠢᠨ ᠬᠤᠪᠴᠠᠰᠦ᠂ ᠮᠠᠩᠨᠤᠭ ᠲᠤᠷᠭ᠎ᠠ ᠴᠢᠮᠬᠢᠬᠦ ᠰᠠᠮᠤᠷᠬᠤ ᠡᠮᠡᠭᠳᠠᠢ ᠬᠦᠷᠮ᠎ᠡ᠂ ᠬᠦᠪᠡᠭᠡᠯᠡᠭᠰᠡᠨ ᠴᠢᠮᠬᠢᠬᠦ ᠰᠠᠮᠤᠷᠬᠤ ᠬᠦᠷᠮᠡᠭ ᠵᠡᠷᠬᠡ 6  ᠂ ᠲᠡᠪᠡᠯ᠂ ᠤᠤᠴᠢ᠂ ᠶᠡᠷᠦ ᠶᠢᠨ ᠬᠤᠪᠴᠠᠰᠦ ᠵᠡᠷᠬᠡ 15  ᠂ ᠮᠠᠩᠨᠤᠭ ᠲᠤᠷᠭ᠎ᠠ᠂ ᠠᠷᠳᠠᠢ ᠲᠤᠷᠭ᠎ᠠ 5  ᠂18 ᠰᠤᠪᠤᠤᠨ ᠢᠶᠠᠷ ᠴᠢᠮᠡᠭᠰᠡᠨ ᠠᠯᠳᠠᠨ ᠰᠤᠨᠳᠤᠷ 2  ᠂ ᠠᠯᠳᠠᠨ ᠪᠠᠭᠤᠪᠴᠢ ᠨᠢᠬᠡ  ᠂ ᠬᠦᠯ  ᠤᠨ ᠪᠠᠭᠤᠪᠴᠢ  1  ᠬᠤᠤᠰ  ᠂ ᠶᠡᠭᠡ ᠰᠤᠪᠤᠤᠨ ᠢᠶᠠᠷ ᠦᠩᠬᠡᠯᠡᠭᠰᠡᠨ ᠠᠯᠳᠠᠨ ᠰᠤᠶᠢᠬᠡ 2᠂ ᠪᠠᠭ᠎ᠠ ᠰᠤᠪᠤᠤᠨ ᠢᠶᠠᠷ ᠦᠩᠬᠡᠯᠡᠭᠰᠡᠨ  ᠰᠤᠶᠢᠬᠡ 4  ᠂ ᠪᠦᠯᠠᠵᠡᠭ 5  ᠂ ᠠᠯᠳᠠᠨ ᠬᠠᠪᠳᠠᠭ᠎ᠠ 5᠂ ᠠᠯᠳᠠᠨ ᠪᠤᠷᠬᠠᠨ 2᠂ ᠪᠠᠩᠵᠠ ᠳ᠋ᠠᠶᠢᠰᠠ 20  ᠂ ᠬᠡᠵᠢᠬᠡ ᠳᠤ ᠬᠡᠷᠡᠭᠯᠡᠬᠦ ᠰᠤᠪᠤᠤᠨ14  ᠂ ᠤᠯᠠᠭᠠᠨ ᠨᠤᠭᠤᠭᠠᠨ ᠬᠠᠪᠳᠠᠭ᠎ᠠ 37  ᠂ ᠶᠡᠭᠡ ᠬᠤᠪᠠ 1  ᠂ ᠲᠠᠯᠠᠢ ᠲᠠᠮᠠᠭᠠᠳᠤ ᠵᠢᠭᠠᠰᠤ ᠶᠢᠨ ᠨᠤᠭᠤᠭᠠᠨ ᠤᠭ᠍ᠶᠤ ᠴᠢᠯᠠᠭᠤ 1  ᠂ ᠬᠤᠪᠠ ᠱᠢᠷᠦ᠂ ᠶᠡᠷᠦ ᠶᠢᠨ ᠰᠤᠪᠤᠤᠨ ᠵᠡᠷᠭᠡ10  ᠂ ᠬᠤᠪᠠ ᠰᠤᠪᠤᠤᠨ10  ᠂ ᠴᠠᠭᠠᠨ ᠶᠡᠷᠦ ᠶᠢᠨ ᠰᠤᠪᠤᠤᠨ10᠃         ᠡᠹᠦ᠋ ︵ᠲᠠᠪᠤᠨᠠᠩ︶  ᠪᠠᠨᠳᠠᠢ ᠳᠤ ᠬᠠᠳᠬᠤᠮᠠᠯ ᠲᠤᠷᠭ᠎ᠠ᠂ ᠬᠦᠪᠡᠭᠡᠯᠡᠭᠰᠡᠨ ᠲᠤᠷᠭ᠎ᠠ ᠶᠢᠨ ᠲᠦᠷᠦ ᠶᠢᠨ ᠬᠤᠪᠴᠠᠰᠤ 4  ᠂ ᠬᠦᠰᠢᠬᠡ ᠤᠷᠤ 1  ᠂ ᠮᠠᠶᠢᠬᠠᠨ 1  ᠂ ᠲᠡᠷ᠎ᠡ 2  ᠂ ᠴᠠᠭᠠᠨ ᠢᠰᠡᠬᠡᠢ 3᠂ ᠤᠯᠠᠭᠠᠨ ᠢᠰᠡᠭᠡᠢ 3 ᠬᠡᠰᠡᠭ᠂ ᠲᠡᠪᠡᠯ ᠬᠦᠷᠮ᠎ᠡ ᠶᠡᠷᠦ ᠶᠢᠨ ᠬᠤᠪᠴᠠᠰᠦ 7  ᠂ ᠬᠠᠰᠳᠤ ᠡᠪᠡᠰᠤᠨ ᠰᠡᠷᠢᠬᠦᠨ ᠮᠠᠯᠠᠭᠠᠢ 2  ᠂ ᠠᠯᠳᠠᠨ ᠪᠦᠰᠯᠡᠬᠦᠷ 1᠂ ᠭᠤᠳᠤᠯ 3᠂ ᠰᠡᠶᠢᠯᠤᠮᠠᠯ ᠡᠮᠡᠭᠡᠯ 3  ᠃         ᠬᠦᠩᠵᠦ ᠶᠢ ᠠᠷᠠᠴᠢᠯᠠᠨ ᠦᠰᠬᠡᠭᠰᠡᠨ ᠡᠴᠢᠬᠡ ᠡᠬᠡ ᠵᠢᠴᠢ ᠮᠠᠨᠵᠦ ᠮᠤᠩᠭᠤᠯ ᠡᠮᠡᠭᠳᠠᠢ10 ᠬᠦᠮᠤᠨ᠂ ᠡᠮᠡᠭᠳᠠᠢ ᠢᠨᠵᠢ 14 ᠬᠦᠮᠤᠨ᠂ ᠵᠠᠷᠠᠭᠰᠠᠳ ᠨᠢᠶᠧ᠂ ᠮᠠ᠂ ᠴᠢᠨ᠂ ᠪᠠᠢ᠂ ᠰᠦᠨ᠂ ᠶᠧ᠂ ᠸᠠᠩ᠂ ᠵᠤ᠋᠂ ᠢᠤᠢ ᠵᠡᠷᠬᠡ ᠶᠢᠰᠤᠨ ᠤᠪᠤᠭᠳᠠᠨ ᠮᠠᠨᠵᠦ ᠢᠨᠵᠢ᠃ ᠡᠳᠡᠭᠡᠷ ᠤᠪᠤᠭᠳᠠᠨ ᠤᠯᠠᠩᠬᠢ ᠨᠢ ᠮᠡᠷᠬᠡᠵᠢᠯᠳᠡᠨ᠂ ᠴᠢᠬᠤᠯᠠ ᠨᠢ ᠲᠠᠷᠢᠶᠠᠨ ᠠᠵᠢᠯ᠂ ᠬᠡᠷ ᠪᠠᠷᠢᠬᠤ᠂ ᠲᠤᠭᠤᠰᠬ᠎ᠠ ᠰᠢᠳᠠᠭᠠᠬᠤ᠂ ᠮᠤᠳᠤ ᠤᠭᠳᠤᠯᠠᠬᠤ ᠵᠡᠷᠬᠡ ᠠᠵᠢᠯ ᠬᠢᠨ᠎ᠡ᠃ ᠬᠦᠩᠵᠦ ᠬᠠᠯᠢᠭᠰᠠᠨ ᠤ ᠰᠡᠬᠦᠯᠡᠷ ᠮᠠ᠂ ᠶᠧ᠂ ᠸᠠᠩ᠂ ᠪᠠᠢ ᠵᠡᠷᠬᠡ ᠤᠪᠤᠭᠳᠤ ᠮᠠᠨᠵᠦ ᠢᠨᠵᠢ ᠬᠡᠬᠡᠨ ᠢᠵᠠᠭᠤᠷ ︵ ᠤᠩᠭᠤᠨ︶ ᠶᠢ ᠰᠠᠬᠢᠵᠦ ᠦᠶ᠎ᠡ ᠶᠢᠨ ᠦᠶ᠎ᠡ ᠵᠠᠯᠭᠠᠮᠵᠢᠯᠠᠨ᠎ᠠ᠃ ᠦᠬᠡᠷ᠎ᠡ ᠨᠢᠶᠧ ᠵᠡᠷᠬᠡ ᠤᠪᠤᠭᠳᠤ ᠰᠦᠷᠤᠭ᠌ ᠬᠤᠰᠢᠭᠤ ᠳᠤ ᠪᠠᠶᠢᠭ᠎ᠠ ᠬᠦᠩᠵᠦ ᠤ ᠤ ᠡᠩᠭᠡᠰᠭᠡ ᠶᠢᠨ ᠲᠠᠷᠢᠶᠠᠨ ᠭᠠᠵᠠᠷ ᠶᠢ ᠠᠷᠠᠴᠢᠯᠠᠨ ᠠᠮᠢᠳᠤᠷᠠᠵᠦ᠂ ᠡᠳᠤᠭᠡ ᠵᠠᠩᠭᠤᠳᠠᠢ ᠬᠡᠵᠦ ᠶᠡᠭᠡ ᠲᠤᠰᠬᠤᠨ ᠪᠤᠯᠤᠨ᠎ᠠ᠃ ᠮᠦᠨ ᠵᠢᠯ ᠤᠨ ᠬᠤᠶᠡᠷ ᠰᠠᠷ᠎ᠠ ᠶᠢᠨ ᠰᠢᠷᠠᠭᠴᠢᠨ ᠲᠠᠤᠯᠠᠢ ᠡᠳᠤᠷ  ᠬᠠᠭᠠᠨ ᠡᠵᠡᠨ ᠬᠤᠩ ᠲᠠᠶᠢᠵᠢ ᠮᠦᠭᠳᠡᠨ ᠤᠷᠴᠢᠮ ᠬᠤᠸᠠᠩᠬᠡᠦ᠂ ᠰᠤᠯᠠ ᠬᠠᠳᠤᠨ ᠠᠴᠢ ᠲᠦᠷᠦ ᠶᠢᠨ ᠪᠠᠶᠢᠯᠡ ᠨᠠᠷ ᠢ ᠲᠠᠭᠠᠭᠤᠯᠤᠨ ᠶᠠᠩᠰᠢᠮᠤ ᠭᠤᠤᠯ ᠤᠨ ᠬᠦᠪᠡᠭᠡ ᠳᠤ ᠬᠦᠷᠴᠦ᠂ ᠤᠯᠠᠨ ᠪᠡᠶᠢᠯᠡ ᠵᠦᠪ ᠪᠤᠷᠤᠭᠤ ᠬᠤᠶᠠᠷ ᠮᠦᠷᠯᠡᠨ ᠵᠤᠭᠰᠤᠵᠦ᠂ ᠠᠤᠬᠠᠨ ᠠᠶᠢᠮᠠᠭ ᠤᠨ ᠡᠹᠦ᠋ ᠪᠠᠨᠳᠠᠢ ᠲᠠᠯᠠᠢ ᠦᠪᠡᠰᠢ ᠶᠢ ᠲᠤᠮᠢᠯᠠᠨ ᠲᠡᠮᠡᠭᠡ᠂  ᠮᠤᠷᠢ᠂ ᠬᠤᠨᠢ ᠢᠮᠠᠭ᠎ᠠ ᠶᠢᠨ ᠪᠡᠯᠡᠭ ᠬᠦᠷᠬᠡᠭᠰᠡᠨ ᠢ ᠤᠭᠳᠤᠨ ᠠᠪᠤᠪᠠ᠃ ᠠᠮᠤᠪᠠ ᠬᠦᠩᠵᠦ ᠲᠦᠷᠬᠦᠮ ᠲᠡᠭᠡᠨ ᠢᠷᠡᠬᠦᠢ ᠳᠤ ᠬᠤᠩ ᠲᠠᠶᠢᠵᠢ ᠤᠭᠰᠠᠭᠠᠨ  ᠤ ᠬᠦᠮᠤᠨ ᠪᠠᠪᠤᠬᠠᠢ᠂ ᠪᠠᠢ ᠢᠳᠤ᠂ ᠭᠤᠨᠬᠡᠨᠳᠠᠢ ᠮᠦᠩᠬᠡᠳᠠᠢ ᠵᠡᠷᠬᠡ  ᠲᠤᠰ ᠲᠤᠰ ᠦᠪᠡᠷ ᠤᠨ ᠬᠠᠳᠤᠨ ᠲᠠᠢ ᠪᠠᠨ ᠬᠦᠩᠵᠦ ᠶᠢ ᠤᠭᠳᠤᠨ ᠵᠤᠯᠬᠢᠵᠦ᠂ ᠬᠤᠩ ᠲᠠᠶᠢᠵᠢ ᠬᠦᠩᠵᠦ ᠡᠹᠦ᠋ ᠬᠤᠶᠠᠭᠤᠯᠠ ᠳᠤ ᠲᠠᠨ᠎ᠠ ᠰᠤᠪᠤᠤᠨ ᠤᠨ ᠰᠤᠶᠢᠬᠡ᠂ ᠭᠠᠷ ᠬᠦᠯ ᠤᠨ ᠪᠠᠭᠤᠪᠴᠢ᠂ ᠡᠯ᠎ᠡ ᠵᠤᠶᠢᠯ ᠤᠨ ᠰᠤᠪᠤᠤᠨ᠂ ᠡᠯ᠎ᠡ ᠦᠩᠬᠡ ᠶᠢᠨ ᠬᠤᠪᠴᠠᠰᠤ᠂ ᠮᠠᠯᠠᠭᠠᠢ᠂ ᠭᠤᠳᠤᠯ᠂ ᠬᠦᠨᠵᠢᠯᠡ᠂ ᠲᠡᠪᠢᠰᠭᠡᠷ᠂ ᠲᠡᠷ᠎ᠡ᠂ ᠮᠠᠶᠢᠬᠠᠨ ᠬᠡᠷ᠂ ᠰᠢᠬᠦᠷ᠂ ᠡᠯ᠎ᠡ ᠦᠩᠬᠡ ᠶᠢᠨ ᠡᠮᠡᠭᠡᠯ  ᠬᠠᠵᠠᠶᠡᠷ᠂ ᠠᠯᠳᠠ ᠮᠦᠩᠬᠦᠨ ᠬᠡᠷᠡᠭᠰᠡᠯ ᠬᠡᠰᠡᠭ ᠢᠶᠠᠷ ᠱᠠᠩᠨᠠᠪᠠ᠃ ᠲᠠᠭᠠᠵᠦ ᠢᠷᠡᠭᠰᠡᠨ ᠡᠮᠡᠭᠳᠠᠢ ᠢᠨᠵᠢ᠂ ᠡᠷᠡᠭᠳᠠᠢ   ᠵᠠᠷᠤᠴᠠ  ᠳᠤ ᠮᠠᠶᠢᠬᠠᠨ ᠬᠡᠷ᠂ ᠤᠷᠤ᠂ ᠲᠡᠷᠭᠡ᠂ ᠰᠡᠷᠢᠬᠦᠨ ᠪᠦᠷᠬᠦᠯ ᠬᠡᠷ᠂ ᠲᠡᠮᠡᠭᠡ᠂ ᠮᠤᠷᠢ ᠵᠡᠷᠬᠡ ᠡᠳ᠋ ᠪᠠᠷᠠᠭ᠎ᠠ ᠪᠠᠷ ᠬᠦᠨᠳᠦ ᠱᠠᠩᠨᠠᠵᠦ᠂ ᠬᠦᠩᠵᠦ ᠠᠤᠬᠠᠨ ᠳᠠᠭᠠᠨ ᠬᠠᠷᠢᠬᠤ ᠳᠤ ᠬᠠᠭᠠᠨ ᠡᠵᠡᠨ᠂ ᠬᠤᠸᠠᠩᠬᠡᠦ᠂ ᠰᠤᠯᠠ ᠬᠠᠳᠤᠨ  ᠵᠢᠴᠢ‌‍ᠲ᠋ᠦ᠋ᠷᠦ  ᠶᠢᠨ ᠪᠠᠶᠢᠯᠡ ᠨᠠᠷ5 ᠭᠠᠵᠠᠷ ᠬᠦᠷᠬᠡᠪᠡ᠃       ᠲᠡᠭᠷᠢ ᠰᠡᠴᠡᠨ ᠤ 8 ᠤᠨ ︵1634︶ ᠤ 6 ᠰᠠᠷ᠎ᠠ ᠬᠦᠬᠡᠭᠴᠢᠨ ᠲᠠᠤᠯᠠᠢ ᠡᠳᠤᠷ ᠪᠠᠷᠠᠭᠤᠨ ᠲᠦᠮᠡᠳ ᠤᠨ ᠨᠠᠶᠢᠵᠠ ᠲᠤᠶᠢᠨ ᠫᠯᠮ᠎ᠠ ᠭᠤᠷᠪᠠᠨ ᠲᠤᠯᠭ᠎ᠠ ᠶᠢᠨ ᠭᠠᠵᠠᠷ ᠲᠤ  ᠢᠷᠡᠵᠦ ᠬᠦᠩᠵᠦ ᠪᠠᠳᠠᠢ ᠬᠤᠶᠠᠷ ᠲᠠᠢ ᠠᠭᠤᠯᠵᠠᠵᠦ᠂ ᠭᠦᠩᠵᠦ ᠲᠠᠪᠤᠨ ᠵᠠᠩ ᠪᠤᠯᠭ᠎ᠠ ᠶᠢᠨ ᠠᠷᠠᠰᠦ ᠶᠢ ᠨᠠᠶᠢᠵᠠ ᠲᠤᠶᠢᠨ ᠫᠯᠮ᠎ᠠ ᠳᠤ ᠪᠡᠯᠡᠭ ᠪᠤᠯᠭᠠᠨ ᠬᠦᠷᠬᠡᠵᠦ ᠦᠷ᠎ᠡ ᠬᠦᠪᠡᠬᠦᠨ ᠤ ᠵᠠᠶᠠᠭ᠎ᠠ ᠪᠤᠳᠤᠭᠤᠯᠤᠭᠰᠠᠨ ᠳᠤ ᠨᠠᠶᠢᠵᠠ ᠲᠤᠶᠢᠨ ᠫᠯᠮ᠎ᠠ ᠲᠠᠪᠤᠨ ᠵᠠᠩ ᠪᠤᠯᠭ᠎ᠠ ᠶᠢᠨ ᠠᠷᠠᠰᠤ ᠶᠢ ᠡᠷᠬᠢᠭᠦᠯᠦᠭᠰᠡᠨ ᠳᠤ ᠲᠦᠷᠪᠡᠨ ᠵᠠᠩ ᠠᠷᠠᠰᠤ ᠨᠢ ᠨᠠᠶᠢᠵᠠ ᠲᠤᠶᠢᠨ ᠫᠯᠮ᠎ᠠ ᠵᠦᠭ ᠬᠠᠨᠳᠤᠵᠦ᠂ ᠨᠢᠬᠡ ᠵᠠᠩ ᠨᠢ ᠬᠦᠩᠵᠦ ᠵᠦᠭ ᠬᠠᠨᠳᠤᠵᠦ ᠨᠠᠶᠢᠵᠠ ᠲᠤᠶᠢᠨ ᠫᠯᠮ᠎ᠠ ᠬᠡᠯᠡᠷᠤᠨ ︽ᠲᠠᠪᠤᠨ ᠵᠠᠩ ᠪᠤᠯᠭ᠎ᠠ ᠶᠢᠨ ᠠᠷᠠᠰᠤ ᠪᠡᠯᠡᠭ ᠶᠡᠭᠡ ᠰᠠᠶᠢᠨ᠂ ᠲᠦᠷᠪᠡᠨ ᠵᠠᠩ ᠨᠢ ᠮᠢᠨᠢ ᠵᠦᠭ ᠬᠠᠨᠳᠤᠵᠦ ᠯᠠᠪ ᠲᠦᠷᠪᠡᠨ ᠬᠦᠤ ᠵᠢᠶᠠᠭᠠᠮᠤᠢ᠂ ᠨᠢᠬᠡ ᠵᠠᠩ ᠨᠢ ᠬᠦᠩᠵᠦ ᠵᠦᠭ ᠬᠠᠨᠳᠤᠵᠦ ᠨᠢᠬᠡ ᠬᠡᠤᠬᠡᠨ ᠵᠢᠶᠠᠭᠠᠮᠤᠢ︾ ᠬᠡᠰᠡᠨ ᠳᠤ ᠬᠦᠩᠵᠦ ᠪᠠᠨᠳᠠᠢ ᠬᠤᠶᠠᠷ ᠶᠡᠭᠡ ᠪᠠᠶᠠᠷᠯᠠᠪᠠ᠃ ᠰᠡᠬᠦᠯᠡᠷ ᠦᠨᠡᠬᠡᠷ ᠮᠡᠷᠬᠡᠨ ᠪᠠᠭᠠᠳᠤᠷ ᠸᠠᠩᠪᠤ᠂ ᠴᠢᠯᠠᠭᠤᠨ ᠪᠠᠭᠠᠳᠤᠷ ᠸᠠᠴᠠᠷ᠂ ᠲᠡᠬᠦᠰ ᠪᠠᠭᠠᠳᠤᠷ᠂ ᠠᠨᠳᠠᠨ ᠠᠶᠤᠰᠢ ᠲᠦᠷᠪᠡᠨ ᠬᠦᠤ ᠵᠢᠶᠠᠭᠠᠵᠦ᠂ ᠦᠨᠡᠬᠡᠷ ᠪᠠᠰᠠ ᠨᠢᠬᠡ ᠬᠡᠤᠬᠡᠨ ᠵᠢᠶᠠᠭᠠᠵᠠᠢ᠃     11 ᠰᠠᠷ᠎ᠠ ᠶᠢᠨ ᠤᠯᠠᠭᠠᠨ ᠯᠤᠤ ᠡᠳᠤᠷ ᠠᠤᠬᠠᠨ ᠬᠦᠩᠵᠦ ᠠᠮᠤᠪᠠ ᠡᠹᠦ᠋ ᠪᠠᠨᠳᠠᠢ ᠲᠦᠷᠬᠦᠮ ᠲᠡᠭᠡᠨ ᠢᠢᠷᠡᠵᠦ ᠂ ᠬᠤᠸᠠᠩᠬᠡᠦ ᠤᠯᠠᠨ ᠪᠠᠶᠢᠰᠠ ᠶᠢᠨ ᠬᠠᠳᠤᠨ ᠢ ᠲᠠᠭᠠᠭᠤᠯᠤᠨ ᠤᠭᠳᠤᠵᠦ ᠶᠡᠭᠡ  ᠪᠤᠳᠠᠭᠠᠨ ᠤ ᠲᠠᠶᠢᠯᠠᠯᠭ᠎ᠠ ᠬᠢᠵᠦ ᠤᠷᠳᠤᠨ ᠳᠤ ᠬᠦᠷᠴᠦ ᠢᠷᠡᠪᠡ᠃ ᠲᠠᠷᠠᠭ᠎ᠠ ᠡᠳᠤᠷ  ᠪᠠᠨᠳᠠᠢ ᠡᠹᠦ᠋ ᠠᠮᠤᠪᠠ ᠬᠦᠩᠵᠦ ᠬᠠᠭᠠᠨ ᠡᠵᠡᠨ ᠳᠤ ᠵᠤᠯᠭᠠᠯᠳᠠ ᠬᠢᠵᠦ ᠮᠤᠷᠢ᠂ ᠲᠡᠮᠡᠭᠡ᠂ ᠬᠤᠨᠢ ᠢᠮᠠᠭ᠎ᠠ ᠤ ᠪᠠᠯᠡᠭ ᠬᠦᠷᠬᠡᠪᠡ᠃     ᠲᠡᠭᠷᠢ ᠰᠡᠴᠡᠨ ᠤ8 ᠰᠠᠷ᠎ᠠ ᠶᠢᠨ ᠴᠠᠭᠠᠨ ᠪᠠᠷᠰ ᠡᠳᠤᠷ ᠡᠹᠦ᠋ ᠪᠠᠨᠳᠠᠢ ᠬᠦᠩᠵᠦ ᠠᠮᠤᠪᠠ ᠲᠦᠷᠬᠦᠮ ᠲᠡᠭᠡᠨ ᠢᠷᠡᠵᠦ ᠬᠤᠸᠠᠩᠬᠡᠦ ᠵᠢᠴᠢ ᠪᠠᠶᠢᠯᠡ ᠶᠢᠨ ᠬᠠᠳᠤᠨ ᠤᠭᠳᠤᠨ ᠲᠠᠶᠢᠯᠠᠯᠭ᠎ᠠ ᠬᠢᠵᠦ᠂ ᠡᠹᠦ᠋ ᠬᠦᠩᠵᠦ ᠶᠢ ᠬᠤᠳᠠᠨ ᠳᠤ ᠬᠦᠷᠬᠡᠪᠡ᠃ ᠲᠠᠷᠠᠭ᠎ᠠ ᠡᠳᠤᠷ  ᠡᠹᠦ᠋ ᠬᠦᠩᠵᠦ  ᠤᠷᠳᠤᠨ ᠳᠤ ᠢᠷᠡᠵᠦ ᠲᠦᠷᠬᠦᠮ ᠳᠤ ᠬᠠᠷᠢᠵᠦ ᠢᠷᠡᠭᠰᠡᠨ ᠶᠡᠭᠡ ᠲᠠᠶᠢᠯᠠᠯᠭ᠎ᠠ ᠬᠢᠵᠦ᠂ ᠡᠹᠦ᠋ ᠭᠦᠩᠵᠦ ᠮᠤᠷᠢ᠂ ᠲᠡᠮᠡᠭᠡ᠂ ᠦᠬᠡᠷ᠂ ᠬᠤᠨᠢ ᠶᠢᠨ ᠪᠡᠯᠡᠭ ᠪᠠᠷᠢᠪᠠ᠃ ᠬᠠᠷ᠎ᠠ ᠯᠤᠤ ᠡᠳᠤᠷ ᠡᠹᠦ᠋ ᠬᠦᠩᠵᠦ ᠬᠠᠭᠠᠨ ᠡᠵᠡᠨ ᠲᠠᠢ  ᠠᠭᠤᠯᠵᠠᠯᠠᠯᠳᠠ ᠬᠢᠪᠡ᠃ ᠰᠢᠷᠠᠭᠴᠢᠨ ᠭᠠᠭ᠋ᠠᠢ ᠡᠳᠤᠷ ᠬᠠᠭᠠᠨ ᠡᠵᠡᠨ ᠡᠹᠦ᠋ ᠬᠦᠩᠵᠦ ᠲᠦᠷᠬᠦᠮ ᠲᠡᠭᠡᠨ ᠢᠷᠡᠭᠰᠡᠨ ᠳᠤ᠂ ᠲᠠᠨ᠎ᠠ ᠰᠤᠪᠤᠤᠨ ᠢᠶᠠᠷ ᠬᠦᠪᠡᠭᠡᠯᠡᠭᠰᠡᠨ ᠠᠯᠳᠠᠨ  ᠰᠤᠶᠢᠬᠡ᠂ ᠭᠠᠷ ᠰᠤᠨᠳᠤᠷ᠂ ᠬᠦᠯ ᠪᠠᠭᠤᠪᠴᠢ᠂ ᠡᠯᠳᠡᠪ ᠵᠤᠶᠢᠯ ᠤᠨ ᠰᠤᠪᠤᠤᠨ᠂ ᠡᠯᠳᠡᠪ ᠦᠩᠬᠡ ᠲᠠᠢ ᠬᠤᠪᠴᠠᠰᠤ᠂ ᠭᠤᠳᠤᠯ᠂ ᠤᠶᠢᠮᠤᠰᠤ᠂ ᠦᠩᠬᠡᠳᠠᠢ  ᠲᠤᠷᠭ᠎ᠠ᠂ ᠢᠷᠡᠳᠠᠢ ᠲᠤᠷᠭ᠎ᠠ᠂ ᠠᠯᠳᠠ ᠮᠦᠩᠬᠦ ᠤ ᠬᠡᠷᠡᠭᠰᠡᠯ᠂  ᠠᠪᠳᠠᠷ᠎ᠠ᠂ ᠱᠠᠵᠠᠩ ᠰᠠᠪᠠ ᠵᠡᠷᠬᠡ ᠡᠳ᠋ ᠡᠷᠳᠡᠨᠢ ᠪᠠᠷ ᠬᠦᠨᠳᠦ ᠱᠠᠩᠨᠠᠪᠠ᠃       ᠲᠡᠬᠡᠳᠦ ᠡᠷᠳᠡᠮᠳᠦ ᠶᠢᠨ ᠭᠤᠷᠪᠠᠨ ᠤᠨ ︵1638︶ ᠤ12 ᠰᠠᠷ᠎ᠠ ᠶᠢᠨ ᠰᠢᠷᠠᠭᠴᠢᠨ ᠦᠬᠡᠷ ᠡᠳᠤᠷ᠂ ᠬᠦᠷᠤᠨ ᠬᠦᠩᠵᠦ ᠵᠢᠴᠢ ᠡᠹᠦ᠋ ᠪᠠᠨᠳᠠᠢ ᠲᠦᠷᠦ ᠳᠤ ᠢᠷᠡᠵᠦ᠂ ᠬᠤᠩ ᠲᠠᠶᠢᠵᠢ ᠵᠠᠬᠢᠶ᠎ᠠ ᠪᠠᠭᠤᠯᠭᠠᠵᠦ  ᠬᠤᠱᠤᠢ  ᠵᠧᠩ ᠴᠠᠨ ᠸᠠᠩ ᠵᠢᠷᠭᠠᠯᠠᠩ᠂ ᠲᠦᠷᠦ ᠵᠢᠶᠦ᠋ᠨ ᠸᠠᠩ ᠠᠳᠠᠷᠠᠢ᠂ ᠬᠤᠰᠢᠭᠤᠨ ᠪᠠᠶᠢᠰᠠ ᠪᠤᠯᠤ᠂ ᠬᠤᠳᠤ᠂ ᠬᠦᠩᠳᠤᠷ ᠂ ᠳ᠋ᠤᠨᠴᠢ᠂  ᠲᠦᠷᠬᠦ᠂ ᠮᠤᠷᠭᠤ   ᠪᠠᠷ ᠤᠭᠳᠤᠵᠦ ᠵᠤᠴᠢᠯᠠᠪᠠ᠃ ᠲᠠᠷᠠᠭ᠎ᠠ ᠡᠳᠤᠷ ᠬᠠᠭᠠᠨ ᠡᠵᠡᠨ ᠴᠦᠩ ᠵᠧᠩ ᠳ᠋ᠢᠶᠠᠨ ᠤᠷᠳᠤᠨ ᠳᠤ ᠢᠷᠡᠵᠦ ᠬᠦᠷᠤᠨ ᠡᠹᠦ᠋ ᠪᠠᠨᠳᠠᠢ ᠲᠠᠢ ᠠᠭᠤᠯᠵᠢᠯᠠᠯᠳᠠ ᠬᠢᠭᠰᠡᠨ ᠤ ᠰᠡᠬᠦᠯᠡᠷ ᠪᠠᠨᠳᠠᠢ ᠶᠡᠭᠡ ᠬᠤᠷᠢᠮ ᠤᠨ ᠰᠢᠷᠡᠭᠡ ᠵᠠᠰᠠᠵᠦ ᠬᠠᠳᠠᠮ  ᠡᠴᠢᠬᠡ ᠬᠠᠭᠠᠨ ᠢ ᠵᠤᠴᠢᠯᠠᠵᠦ ᠲᠡᠮᠡᠭᠡ ᠮᠤᠷᠢᠨ ᠤ  ᠪᠡᠯᠡᠭ ᠪᠠᠷᠢᠪᠠ᠃        ᠲᠡᠭᠡᠳᠦ ᠡᠷᠳᠡᠮᠳᠦ ᠶᠢᠨ ᠲᠦᠷᠪᠡᠨ ᠤᠨ  ︵1639︶ ᠤ ᠴᠠᠭᠠᠨ ᠰᠠᠷ᠎ᠠ ᠶᠢᠨ ᠬᠠᠷᠠᠭᠴᠢᠨ ᠲᠠᠬᠢᠶ᠎ᠠ ᠡᠳᠤᠷ᠂ ᠬᠤᠩ ᠲᠠᠶᠢᠵᠢ ᠠᠤᠬᠠᠨ ᠠᠶᠢᠮᠠᠭ ᠤᠨ ᠬᠦᠷᠤᠨ ᠡᠹᠦ᠋ ᠪᠠᠨᠳᠠᠢ ᠢ ᠲᠦᠷᠦ ᠵᠢᠶᠦ᠋ᠨ ᠸᠠᠩ ᠡᠷᠬᠦᠮᠵᠢᠯᠡᠵᠦ᠂ ᠪᠠᠨᠳᠠᠢ ᠸᠠᠩ ᠲᠠᠯᠠᠷᠬᠠᠵᠦ ᠲᠡᠮᠡᠭᠡ ᠮᠤᠷᠢ ᠤ  ᠪᠡᠯᠡᠭ ᠬᠦᠷᠭᠡᠭᠰᠡᠨ ᠳᠤ ᠬᠤᠩ ᠲᠠᠶᠢᠵᠢ ᠪᠦᠷ ᠪᠤᠴᠠᠭᠠᠨ ᠦᠭᠬᠦᠪᠡ᠃     2 ᠰᠠᠷ᠎ᠠ ᠶᠢᠨ ᠴᠠᠭᠠᠨ ᠬᠤᠯᠤᠭᠠᠨ᠎ᠠ ᠡᠳᠤᠷ ᠠᠤᠬᠠᠨ ᠠᠶᠢᠮᠠᠭ ᠤᠨ ᠭᠦᠷᠦᠨ ᠬᠦᠩᠵᠦ ᠡᠹᠦ᠋ ᠪᠠᠨᠳᠠᠢ ᠨᠤᠳᠤᠭ ᠵᠦᠭ ᠢᠶᠠᠨ ᠡᠷᠬᠢᠬᠦ ᠳᠤ ᠬᠤᠸᠠᠩᠬᠡᠦ ᠤᠯᠠᠨ ᠪᠡᠶᠢᠯᠡ ᠶᠢᠨ ᠬᠠᠳᠤᠨ ᠢ ᠲᠠᠭᠠᠭᠤᠯᠤᠨ  ᠴᠡᠷᠢᠭ ᠤᠨ ᠪᠤᠯᠪᠠᠰᠤᠷᠠᠯ ᠤᠨ ᠲᠠᠯᠠᠪᠠᠢ ᠳᠤ ᠬᠦᠷᠬᠡᠵᠦ ᠶᠡᠭᠡ  ᠲᠠᠶᠢᠯᠠᠯᠭ᠎ᠠ ᠬᠢᠵᠦ ᠶᠠᠪᠤᠭᠤᠯᠪᠠ᠃        ᠲᠡᠬᠡᠳᠦ ᠡᠷᠳᠡᠮᠳᠤ ᠶᠢᠨ 7 ᠤᠨ ︵1642︶ ᠤ ᠴᠠᠭᠠᠨ ᠰᠠᠷ᠎ᠠ ᠶᠢᠨ ᠬᠦᠬᠡᠭᠴᠢᠨ ᠬᠤᠨᠢ ᠡᠳᠤᠷ᠂ ᠬᠦᠷᠤᠨ ᠬᠦᠩᠵᠦ ᠠᠮᠤᠪᠠ ᠲᠦᠷᠬᠦᠮ   ᠳᠡᠭᠡᠨ ᠰᠢᠨᠡᠯᠡᠵᠦ ᠨᠤᠳᠤᠭ ᠵᠦᠭ   ᠢᠶᠠᠨ ᠬᠠᠷᠢᠬᠤ ᠳᠤ ᠬᠤᠩ ᠲᠠᠶᠢᠵᠢ ᠵᠠᠷᠯᠢᠭ ᠪᠠᠭᠤᠯᠭᠠᠵᠦ ᠬᠦᠩᠵᠦ ᠡᠷ᠎ᠡ ᠡᠮ᠎ᠡ ᠬᠤᠶᠠᠭᠤᠯᠠ ᠶᠢ ᠲᠦᠷᠦ ᠵᠢᠶᠦ᠋ᠨ ᠸᠠᠩ᠂ ᠲᠦᠷᠦ ᠪᠡᠶᠢᠯᠡ ᠶᠢᠨ ᠬᠠᠳᠤᠤᠨ20 ᠭᠠᠵᠠᠷ ᠬᠦᠷᠭᠡᠵᠦ ᠪᠤᠳᠠᠭᠠᠯᠠᠨ ᠶᠠᠪᠤᠭᠤᠯᠪᠠ᠃          ᠲᠡᠭᠡᠳᠦ ᠡᠷᠳᠡᠮᠳᠦ ᠶᠢᠨ 8 ᠤᠨ  ︵1643︶ ᠤ 8 ᠰᠠᠷ᠎ᠠ ᠶᠢᠨ ᠰᠢᠷ᠎ᠠ ᠯᠤᠤ ᠡᠳᠤᠷ ᠠᠤᠬᠠᠨ ᠠᠶᠢᠮᠠᠭ ᠤᠨ ᠭᠦᠷᠦᠨ ᠬᠦᠩᠵᠦ ᠡᠹᠦ᠋ ᠪᠠᠨᠳᠠᠢ ᠲᠠᠢ ᠬᠠᠮᠳᠤ ᠲᠦᠷᠬᠦᠮ ᠳᠡᠭᠡᠨ ᠬᠠᠷᠢᠵᠦ ᠲᠠᠪᠤᠳᠤᠭᠠᠷ ᠬᠡᠤᠬᠡᠨ ᠲᠡᠬᠦᠤ ︵ᠰᠡᠴᠡᠨ ᠲᠡᠬᠡᠳᠦ ᠬᠦᠩᠵᠦ︶ ᠬᠤᠷᠢᠮᠯᠠᠬᠤ ᠳᠤ ᠤᠷᠤᠯᠴᠠᠬᠤ ᠬᠡᠵᠦ᠂ ᠬᠤᠸᠠᠩᠬᠡᠦ ᠸᠠᠩ ᠤᠨ ᠪᠠᠶᠢᠯᠡ ᠶᠢᠨ ᠬᠠᠳᠤᠨ ᠢ ᠲᠠᠭᠠᠭᠤᠯᠤᠨ ᠴᠡᠷᠢᠭ ᠤᠨ ᠪᠤᠯᠪᠠᠰᠤᠷᠠᠯ ᠶᠢᠨ ᠲᠠᠯᠠᠪᠠᠢ ᠳᠤ ᠤᠭᠳᠤᠵᠦ ᠶᠡᠭᠡ ᠲᠠᠶᠢᠯᠠᠯᠭ᠎ᠠ ᠬᠢᠵᠦ ᠬᠤᠳᠠᠨ  ᠳᠤ ᠤᠷᠤᠪᠠ᠃         ᠮᠦᠨ ᠰᠠᠷ᠎ᠠ ᠶᠢᠨ ᠰᠢᠷᠠᠭᠴᠢᠨ ᠮᠤᠭᠠᠢ ᠡᠳᠤᠷ᠂ ᠬᠦᠷᠤᠨ ᠡᠹᠦ᠋ ᠴᠢᠳᠠᠲ᠂ ᠪᠢᠷᠳᠠᠭᠠᠷ ᠡᠷᠭᠦᠮᠵᠢᠯᠡᠬᠦ ᠶᠤᠰᠤᠯᠠᠯ ᠤᠨ ᠵᠢᠭᠰᠠᠭᠠᠯ ᠵᠢᠭᠰᠠᠵᠦ᠂ ᠬᠦᠷᠤᠨ ᠬᠦᠩᠵᠦ ᠡᠷᠭᠦᠮᠵᠢᠯᠡᠬᠦ ᠶᠤᠰᠤᠯᠠᠯ ᠢ ᠶᠠᠪᠤᠭᠳᠠᠭᠤᠯᠪᠠ᠃ ᠲᠡᠭᠡᠳᠦ ︵ᠬᠠᠭᠠᠨ︶ ᠶᠢᠨ ᠲᠠᠪᠤᠳᠤᠭᠠᠷ ᠬᠡᠤᠭᠡᠨ ᠬᠦᠷᠤᠨ ᠬᠦᠩᠵᠦ ᠲᠤᠳᠤᠭᠠᠳᠤ ᠶᠡᠭᠡ ᠲᠦᠰᠢᠮᠡᠯ ᠬᠤᠱᠤᠢ ᠡᠹᠦ᠋  ᠡᠩᠬᠡᠳᠡᠷ  ᠤᠨ ᠬᠦᠤ ᠰᠤᠷᠬ᠎ᠠ ᠳᠤ ᠪᠠᠭᠤᠯᠭᠠᠨ ᠦᠭᠬᠦ᠂ ᠬᠤᠱᠤᠢ ᠴᠠᠨ ᠸᠠᠩ ᠠᠴᠠ ᠲᠤᠭᠤᠭᠰᠢ᠂ ᠵᠠᠯᠠᠨ ᠵᠠᠩᠬᠢ ᠠᠴᠠ ᠲᠡᠭᠡᠭᠰᠢ ᠵᠢᠴᠢ ᠰᠤᠯᠤᠩᠭᠤᠰ ᠤᠯᠤᠰ ᠤᠨ  ᠸᠠᠩ ᠤᠨ ᠰᠠᠭᠤᠷᠢᠨ ᠢ ᠵᠠᠯᠭᠠᠮᠵᠢᠯᠠᠭᠴᠢ ᠲᠠᠭᠦᠤ᠂ ᠲᠠᠶᠢᠴᠢᠩ ᠨᠤᠷᠴᠢ᠂  ᠾᠦᠩ ᠴᠧᠩ ᠴᠸᠤ᠂ ᠭᠠᠳᠠᠭᠠᠳᠤ ᠮᠤᠩᠭᠤᠯ ᠤᠨ ᠬᠤᠷᠴᠢᠨ ᠤᠯᠤᠰ ᠤᠨ ᠬᠤᠱᠤᠢ ᠲᠦᠰᠢᠶᠡᠳᠦ ᠴᠢᠨ ᠸᠠᠩ ᠪᠠᠳᠠᠷᠠᠢ᠂ ᠬᠤᠱᠤᠢ ᠵᠤᠷᠢᠭᠳᠤ ᠴᠢᠨ ᠸᠠᠩ ᠡᠤ ᠺᠧ ᠱᠠᠨ᠂ ᠲᠦᠷᠦ ᠶᠢᠨ ᠪᠠᠭᠠᠳᠤᠷ ᠵᠢᠶᠦ᠋ᠨ ᠸᠠᠩ ᠮᠠᠨᠵᠤᠤᠷ ᠰᠢᠷᠢ᠂ ᠲᠦᠷᠦ ᠶᠢᠨ ᠵᠢᠶᠦ᠋ᠨ ᠸᠠᠩ ᠠᠤᠬᠠᠨ ᠤ ᠪᠠᠨᠳᠠᠢ ᠵᠡᠷᠬᠡ ᠬᠦᠮᠤᠨ ᠲᠦᠷᠦ ᠶᠢᠨ ᠬᠤᠪᠴᠠᠰᠤ ᠬᠡᠳᠤᠷᠡᠵᠦ᠂ ᠵᠡᠷᠬᠡ ᠲᠠᠷᠠᠭᠠᠯᠠᠨ ᠴᠦᠩ ᠵᠧᠩ ᠳ᠋ᠢᠶᠠᠨ ᠬᠠᠷᠰᠢ ᠶᠢᠨ ᠬᠤᠶᠠᠷ ᠬᠠᠵᠠᠭᠤ ᠪᠠᠷ ᠤᠷᠤᠪᠠ  ᠃ ᠬᠠᠭᠠᠨ ᠡᠵᠡᠨ ᠤᠷᠢᠳᠠᠪᠡᠷ ᠬᠠᠷᠰᠢ ᠲᠤᠷ  ᠰᠠᠭᠠᠳᠴᠦ᠂ ᠬᠤᠱᠤᠢ ᠴᠢᠨ ᠸᠠᠩ ᠳ᠋ᠠᠢ ᠱᠠᠨ ᠨᠠᠷ ᠳ᠋ᠠ ᠴᠢᠩ ᠮᠧᠨ ᠢᠶᠠᠷ ᠤᠷᠤᠪᠠ᠃ ᠡᠵᠡᠨ ᠬᠠᠭᠠᠨ ᠪᠠᠶ᠎ᠡ ᠪᠠᠷ ᠲᠡᠭᠳᠡᠷ ᠪᠠᠭᠤᠨ ᠤᠭᠳᠤᠨ  ᠠᠪᠴᠦ ᠲᠠᠬᠢᠨ ᠭᠤᠤᠯ ᠰᠠᠭᠤᠳᠠᠯ ᠳᠠᠭᠠᠨ ᠰᠠᠭᠤᠵᠦ᠂ ᠳ᠋ᠠᠢ ᠱᠠᠨ ᠪᠠᠷᠠᠭᠤᠨ ᠱᠠᠳᠤ ᠪᠠᠷ ᠮᠠᠴᠤᠨ ᠭᠠᠷᠴᠦ ᠤᠷᠳᠤᠨ ᠤ ᠪᠠᠷᠠᠭᠤᠨ ᠲᠠᠯ᠎ᠠ ᠳᠤ ᠰᠠᠭᠤᠪᠠ᠃ ᠰᠤᠷᠬ᠎ᠠ ᠶᠢᠨ ᠡᠬᠡ ᠬᠤᠱᠤᠢ ᠬᠦᠩᠵᠦ ᠠᠴᠠ ᠠ ᠱᠠᠨ ᠤ ᠡᠬᠡᠨᠡᠷ ᠢ ᠲᠠᠭᠠᠭᠤᠯᠤᠨ ᠭᠤᠷᠪᠠᠨᠳᠠ ᠰᠦᠭᠦᠳᠴᠦ ᠵᠢᠷᠭᠤᠭᠠᠨᠳᠠ‌ᠮᠦ᠋ᠷᠬᠦᠵᠦ ᠶᠤᠰᠤᠯᠠᠯ ᠬᠢᠪᠡ᠃ ᠠᠮᠪᠠᠨ ᠵᠠᠩᠬᠢ ᠮᠠᠩᠭᠤᠷᠳᠠᠢ᠂ ᠬᠤᠱᠤᠢ ᠭᠤᠷᠪᠠᠳᠠᠢ᠂ ᠲᠤᠳᠤᠭᠠᠳᠤ ᠶᠠᠮᠤᠨ ᠤ ᠶᠡᠭᠡ ᠲᠦᠰᠢᠮᠡᠯ  ᠡᠷᠬᠡ ᠲᠠᠶᠢᠴᠢᠩ ᠨᠠᠷ ᠰᠤᠷᠬ᠎ᠠ ᠶᠢ ᠲᠠᠭᠠᠭᠤᠯᠵᠦ ᠭᠤᠷᠪᠠᠨᠳᠠ ᠰᠦᠭᠦᠳᠴᠦ ᠶᠢᠰᠤᠨᠳᠡ ᠮᠦᠷᠬᠦᠪᠡ᠃ ᠬᠤᠱᠤᠢ ᠹᠤᠵᠢᠨ ᠰᠤᠯᠠ ᠬᠠᠳᠤᠨ ᠴᠠᠬᠠᠷ ᠤᠯᠤᠰ ᠤᠨ ᠬᠦᠷᠤᠨ ᠬᠦᠩᠵᠦ᠂ ᠴᠢᠳᠠᠲ ᠶᠢᠨ ᠬᠦᠷᠤᠨ ᠬᠦᠩᠵᠦ᠂ ᠪᠢᠷᠳᠠᠭᠠᠷ ᠡᠹᠦ᠋ ᠶᠢᠨ ᠬᠦᠷᠤᠨ ᠭᠦᠩᠵᠦ᠂ ᠬᠤᠱᠤᠢ ᠴᠢᠨ ᠸᠠᠩ ᠤᠨ ᠬᠠᠳᠤᠨ ᠠᠴᠠ ᠲᠤᠭᠤᠭᠰᠢ᠂ ᠠᠮᠪᠠᠨ ᠵᠠᠩᠬᠢ᠂ ᠬᠤᠰᠢᠭᠤᠨ ᠡᠵᠡᠨ᠂ ᠲᠦᠷᠦ ᠶᠢᠨ ᠡᠷᠬᠢᠮ ᠵᠠᠯᠭᠠᠮᠵᠢᠯᠠᠭᠰᠠᠨ ᠡᠬᠡᠨᠡᠷ ᠪᠡᠷᠢᠶᠡᠳ ᠠᠴᠠ ᠲᠡᠭᠡᠭᠰᠢ᠂ ᠴᠢᠩ ᠨᠢᠩ ᠬᠦᠩ ᠤᠨ ᠭᠠᠳᠠᠨ᠎ᠠ ᠬᠤᠷᠠᠵᠦ᠂ ᠰᠤᠷᠬ᠎ᠠ ᠶᠢᠨ ᠡᠵᠢ ᠬᠤᠱᠤᠢ ᠬᠦᠩᠵᠦ ᠠ ᠱᠠᠨ ᠤ ᠡᠬᠡᠨᠠᠷ ᠢ ᠲᠠᠭᠠᠭᠤᠯᠵᠦ ᠬᠤᠸᠠᠩᠬᠡᠦ ᠳᠤ ᠵᠤᠯᠭᠠᠵᠦ ᠭᠤᠷᠪᠠᠨᠳᠠ ᠰᠦᠭᠦᠳᠴᠦ ᠶᠢᠰᠦᠨᠳᠡ ᠮᠦᠷᠬᠦᠵᠦ᠂ ᠬᠠᠭᠠᠨ ᠡᠵᠡᠨ ᠬᠤᠷᠢᠮ ᠬᠠᠶᠢᠷᠠᠯᠠᠵᠦ ᠰᠤᠷᠬ᠎ᠠ ᠰᠡᠶᠢᠯᠤᠮᠠᠯ ᠡᠮᠡᠭᠡᠯ ᠂ ᠬᠤᠶᠠᠭ ᠲᠤᠭᠤᠯᠭ᠎ᠠ᠂ ᠲᠡᠮᠡᠭᠡ᠂ ᠮᠤᠷᠢ ᠡᠷᠬᠦᠪᠡ᠃ ᠲᠠᠷᠠᠭᠠᠪᠡᠷ ᠶᠤᠰᠤᠯᠠᠯ ᠤᠨ ᠴᠢᠨ ᠸᠠᠩ ᠳ᠋ᠠᠢ ᠱᠠᠨ᠂ ᠬᠤᠱᠤᠢ ᠵᠧᠩ ᠴᠢᠨ ᠸᠠᠩ ᠵᠢᠷᠭᠠᠯᠠᠩ᠂ ᠬᠤᠱᠤᠢ ᠷᠦᠢ ᠴᠢᠨ ᠸᠠᠩ  ᠲᠦᠷᠺᠤᠨ᠂ ᠬᠤᠱᠤᠢ ᠰᠦ ᠴᠢᠨ ᠸᠠᠩ ᠬᠤᠬᠡ᠂ ᠲᠦᠷᠦ ᠶᠢᠨ ᠶᠢᠩ ᠵᠢᠶᠦ᠋ᠨ ᠸᠠᠩ ᠠᠵᠢᠭ᠂ ᠲᠦᠷᠦ ᠶᠢᠨ ᠢᠤᠢ ᠴᠢᠨ ᠸᠩ ᠳ᠋ᠦᠸᠧ ᠳ᠋ᠦᠸᠧ᠂ ᠭᠠᠳᠠᠭᠠᠳᠤ ᠮᠤᠩᠭᠤᠯ ᠤᠨ ᠬᠤᠷᠴᠢᠨ ᠤᠯᠤᠰ ᠤᠨ ᠬᠤᠱᠤᠢ ᠲᠦᠰᠢᠶᠡᠳᠤ ᠴᠢᠨ ᠸᠠᠩ ᠪᠠᠳᠠᠷᠠᠢ᠂ ᠬᠤᠱᠤᠢ ᠵᠤᠷᠢᠭᠳᠤ ᠴᠢᠨ ᠸᠠᠩ ᠤᠭᠰᠠᠭ᠎ᠠ᠂ ᠲᠦᠷᠦ ᠶᠢᠨ ᠪᠠᠭᠠᠳᠤᠷ ᠵᠢᠶᠦ᠋ᠨ ᠸᠠᠩ ᠮᠠᠨᠵᠤᠤᠰᠢᠷᠠᠢ᠂ ᠲᠦᠷᠦ ᠶᠢᠨ ᠵᠢᠶᠦ᠋ᠨ ᠬᠦᠷᠦᠨ ᠡᠹᠦ᠋ ᠪᠠᠨᠳᠠᠢ ᠵᠡᠷᠭᠡ ᠬᠦᠮᠤᠨ ᠳᠤ ᠲᠤᠰ ᠲᠤᠰ ᠮᠤᠷᠢ᠂ ᠦᠪᠴᠢ ᠬᠤᠶᠠᠭ ᠲᠤᠭᠤᠯᠭ᠎ᠠ ᠰᠠᠩᠨᠠᠪᠠ᠃ ᠮᠦᠨ ᠡᠳᠤᠷ ᠬᠤᠸᠠᠩᠬᠡᠦ᠂ ᠰᠤᠯᠠ ᠬᠠᠳᠤᠨ ᠢ ᠲᠠᠭᠠᠭᠤᠯᠤᠨ ᠠᠮᠤᠪᠠ ᠭᠦᠩᠵᠦ ᠵᠡᠷᠬᠡ ᠬᠤᠷᠢᠮ ᠳᠤ ᠤᠷᠤᠯᠴᠠᠭᠰᠠᠨ ᠬᠦᠩᠵᠦ ᠨᠠᠷ ᠲᠤ ᠮᠢᠩ  ᠤᠯᠤᠰ ᠶᠢᠨ ᠲᠠᠶᠢᠯᠠᠵᠦ ᠤᠯᠤᠭᠰᠠᠨ ᠡᠯᠳᠡᠪ ᠲᠤᠷᠭ᠎ᠠ ᠵᠡᠷᠬᠡ ᠡᠳ᠋ ᠡᠷᠳᠡᠨᠢ ᠶᠢ  ᠱᠠᠩᠨᠠᠪᠠ᠃ ᠰᠦᠨᠢ ᠶᠢᠨ ᠦᠶ᠎ᠡ ᠳᠤ ᠬᠠᠭᠠᠨ ᠡᠵᠡᠨ ᠡᠪᠡᠳᠴᠢᠯᠡᠭᠰᠡᠨ ᠦᠭᠡᠢ ᠪᠠᠷ ᠤᠷᠤ ᠲᠡᠬᠡᠷ᠎ᠡ ᠪᠠᠨ ᠰᠠᠭᠤᠵᠦ ᠬᠠᠯᠢᠪᠠ᠃17 ᠤᠨ ᠬᠠᠭᠠᠨ ᠰᠠᠭᠤᠵᠦ52 ᠨᠠᠰᠤᠳᠠᠢ᠃ ᠬᠦᠬᠡ ᠪᠡᠴᠢᠨ ᠡᠳᠤᠷ ᠠᠮᠤᠪᠠ ᠬᠦᠩᠵᠦ ᠪᠠᠨᠳᠠᠢ ᠸᠠᠩ ᠵᠡᠷᠬᠡ ᠭᠠᠳᠠᠭᠠᠳᠤ ᠮᠤᠩᠭᠤᠯ ᠤᠨ ᠸᠠᠩ ᠬᠦᠩ ᠬᠦᠩᠵᠦ ᠨᠠᠷ ᠲᠠᠬᠢᠨ ᠡᠷᠬᠦᠵᠦ ᠬᠦᠵᠢ ᠠᠰᠠᠭᠠᠵᠦ ᠬᠦᠵᠢ ᠮᠦᠷᠬᠦᠯ ᠬᠢᠪᠡ᠃ ᠲᠠᠷᠠᠭ᠎ᠠ ᠡᠳᠤᠷ ᠠᠤᠬᠠᠨ ᠠᠶᠢᠮᠠᠭ ᠤᠨ ᠬᠦᠷᠤᠨ ᠡᠹᠦ᠋ ᠵᠢᠶᠦ᠋ᠨ ᠸᠠᠩ ᠪᠠᠨᠳᠠᠢ ᠵᠡᠷᠭᠡ24 ᠭᠠᠳᠠᠭᠠᠳᠤ ᠮᠤᠩᠭᠤᠯ ᠠᠶᠢᠮᠠᠭ ᠤᠨ ᠡᠹᠦ᠋ ᠸᠠᠩ ᠬᠦᠩ ᠨᠠᠷ ᠲᠡᠮᠡᠭᠡ᠂ ᠮᠤᠷᠢ᠂  ᠠᠯᠳᠠ ᠮᠦᠩᠬᠦ᠂ ᠲᠤᠷᠭ᠎ᠠ᠂ ᠪᠤᠯᠭ᠎ᠠ ᠶᠢᠨ ᠠᠷᠠᠰᠦ᠂ ᠡᠮᠡᠭᠡᠯ ᠬᠠᠵᠠᠭᠠᠷ᠂ ᠬᠤᠶᠠᠭ ᠲᠤᠭᠤᠯᠭ᠎ᠠ᠂ ᠬᠤᠪᠴᠠᠰᠤ᠂ ᠮᠠᠯᠠᠭᠠᠢ ᠤ ᠪᠡᠯᠪᠡᠰᠦᠷᠡᠯ ᠬᠦᠢᠴᠡᠳᠬᠡᠪᠡ᠃      ᠡᠶᠡᠪᠡᠷ ᠵᠠᠰᠠᠭᠴᠢ ᠶᠢᠨ2 ᠤᠨ ︵1645︶ ᠤᠨ ᠢᠯᠡᠬᠦᠤ 6 ᠰᠠᠷ᠎ᠠ ᠶᠢᠨ ᠰᠢᠷ᠎ᠠ ᠪᠡᠴᠢᠨ ᠡᠳᠤᠷ᠂ ᠬᠠᠭᠠᠨ ᠡᠵᠡᠨ ᠠᠤᠬᠠᠨ ᠠᠶᠢᠮᠠᠭ ᠤᠨ ᠬᠦᠷᠤᠨ ᠬᠦᠩᠵᠦ ᠬᠠᠭᠠᠨ ᠤ ᠡᠴᠢᠬᠡ ᠠᠮᠤᠪᠠ ᠳᠤ ᠲᠤᠷᠭ᠎ᠠ᠂ ᠬᠤᠪᠴᠠᠰᠦ ᠱᠠᠩᠨᠠᠭᠰᠠᠨ ᠤ ᠭᠠᠳᠠᠨ᠎ᠠ ᠮᠢᠩᠭᠠᠨ ᠯᠠᠩ ᠰᠢᠷ᠎ᠠ ᠠᠯᠳᠠ ᠱᠠᠩᠨᠠᠪᠠ᠃ ᠬᠦᠩᠵᠦ ᠤ ᠬᠦᠤ ᠮᠡᠷᠭᠡᠨ ᠪᠠᠭᠠᠳᠤᠷ  ᠸᠠᠩᠪᠤ᠂ ᠴᠢᠯᠠᠭᠤᠨ ᠪᠠᠭᠠᠳᠤᠷ ᠸᠠᠴᠢᠷ ᠳᠤ ᠮᠤᠷᠢ᠂ ᠬᠠᠰ ᠳ᠋ᠠᠶᠢᠰᠠ ᠱᠠᠩᠨᠠᠪᠠ᠃       11 ᠰᠠᠷ᠎ᠠ ᠶᠢᠨ ᠴᠠᠭᠠᠨ ᠯᠤᠤ ᠡᠳᠤᠷ᠂ ᠠᠤᠬᠠᠨ ᠠᠶᠢᠮᠠᠭ ᠤᠨ ᠲᠦᠷᠦ ᠶᠢᠨ ᠵᠢᠶᠦ᠋ᠨ ᠸᠠᠩ ᠡᠹᠦ᠋ ᠪᠠᠨᠳᠠᠢ ᠬᠠᠭᠠᠨ ᠡᠵᠡᠨ ᠲᠠᠢ ᠠᠭᠤᠯᠵᠠᠵᠦ᠂ ᠬᠠᠭᠠᠨ ᠡᠵᠡᠨ ᠮᠠᠩᠨᠤᠭ ᠲᠠᠪᠡᠯ ᠱᠠᠩᠨᠠᠪᠠ᠃        ᠡᠶᠡᠪᠡᠷ ᠵᠠᠰᠠᠭᠴᠢ   ᠶᠢᠨ4 ᠤᠨ ︵1647︶7 ᠰᠠᠷ᠎ᠠ ᠶᠢᠨ ᠴᠠᠭᠠᠨ  ᠬᠤᠯᠤᠭᠠᠨ᠎ᠠ ᠡᠳᠤᠷ ᠪᠠᠨᠳᠠᠢ ᠸᠠᠩ ᠪᠡᠶ᠎ᠡ ᠬᠠᠯᠢᠵᠦ᠂ ᠴᠢᠩ ᠤᠯᠤᠰ ᠠᠴᠠ ᠬᠦᠮᠤᠨ ᠲᠤᠮᠢᠯᠠᠵᠦ ᠲᠠᠬᠢᠨ  ᠡᠷᠭᠦᠵᠦ ᠪᠠᠯᠪᠡᠰᠤᠷᠠᠯ ᠬᠢᠪᠠ᠃  ᠰᠢᠷᠠᠭᠴᠢᠨ ᠲᠠᠬᠢᠶ᠎ᠠ ᠡᠳᠤᠷ᠂ ᠬᠠᠭᠠᠨ ᠡᠵᠡᠨ ᠲᠠᠢ ᠾᠧ ᠳ᠋ᠢᠶᠠᠨ ᠤᠷᠳᠤᠨ ᠳᠤ ᠠᠤᠬᠠᠨ ᠤ ᠪᠠᠨᠳᠠᠢ ᠡᠹᠦ᠋ ᠶᠢᠨ ᠶᠡᠭᠡ ᠬᠦᠪᠡᠬᠦᠨ ᠮᠡᠷᠬᠡᠨ ᠪᠠᠭᠠᠳᠤᠷ ᠸᠠᠩᠪᠤ ᠶᠢ ᠠᠤᠬᠠᠨ ᠠᠶᠢᠮᠠᠭ   ᠤᠨ ᠵᠠᠰᠠᠭ ᠲᠦᠷᠦ ᠶᠢᠨ ᠵᠢᠶᠦ᠋ᠨ ᠸᠠᠩ ᠤᠨ ᠤᠷᠤ ᠶᠢ ᠵᠠᠯᠭᠠᠮᠵᠢᠯᠠᠭᠤᠯᠪᠠ᠂ ᠵᠠᠯᠭᠠᠮᠵᠢᠯᠠᠬᠤ ᠶᠤᠰᠤᠯᠠᠯ ᠲᠡᠬᠦᠰᠦᠭᠰᠡᠨ ᠤ ᠰᠡᠭᠦᠯᠡᠷ ᠦᠷᠦᠰᠢᠶᠡᠯ ᠢᠶᠠᠷ ᠸᠠᠩᠪᠤ ᠸᠠᠩ ᠢ ᠵᠤᠴᠢᠯᠠᠪᠠ᠃         ᠡᠶᠡᠪᠡᠷ ᠵᠠᠰᠠᠭᠴᠢ ᠶᠢᠨ11 ᠤᠨ ︵1654︶ ᠤ2 ᠰᠠᠷ᠎ᠠ ᠶᠢᠨ ᠰᠢᠷᠠᠭᠴᠢᠨ ᠲᠠᠤᠯᠠᠢ ᠡᠳᠤᠷ  ᠂ ᠠᠮᠤᠪᠠ ᠬᠦᠷᠤᠨ ᠬᠦᠩᠵᠦ  ᠲᠡᠭᠷᠢ ᠳᠤ ᠬᠠᠯᠢᠵᠦ᠂ ᠬᠠᠭᠠᠨ ᠡᠵᠡᠨ ᠲᠤᠳᠤᠭᠠᠳᠤ ᠶᠡᠭᠡ ᠲᠦᠰᠢᠮᠡᠯ ᠪᠤᠰᠤᠨᠢ ᠶᠢ ᠲᠤᠮᠢᠯᠠᠵᠦ ᠠᠤᠬᠠᠨ ᠬᠦᠷᠤᠨ ᠬᠦᠩᠵᠦ ᠳᠤ ᠲᠠᠬᠢᠨ  ᠡᠷᠬᠦᠵᠦ ᠪᠠᠯᠪᠡᠰᠤᠷᠠᠯ ᠬᠢᠪᠠ᠃ ᠠᠮᠤᠪᠠ ᠬᠦᠩᠵᠦ13 ᠨᠠᠰᠤᠳᠠᠢ ᠪᠠᠨᠳᠠᠢ  ᠲᠠᠢ ᠤᠷᠤᠭᠯᠠᠵᠦ᠂35 ᠨᠠᠰᠤᠨ ᠳᠠᠭᠠᠨ ᠬᠠᠯᠢᠵᠦ᠂ ᠤᠷᠢᠳᠠᠪᠡᠷ ᠬᠤᠱᠤᠢ ᠬᠦᠩᠵᠦ ᠡᠷᠬᠦᠮᠵᠢᠯᠡᠵᠦ᠂ ᠡᠹᠦ᠋ ᠪᠠᠨᠳᠠᠢ ᠬᠤᠱᠤᠢ ᠲᠠᠪᠤᠨᠠᠩ ᠬᠦᠷᠳᠡᠵᠠᠢ᠃ ᠲᠡᠬᠡᠳᠦ ᠡᠷᠳᠡᠮᠳᠤ ᠶᠢᠨ ᠲᠡᠷᠢᠬᠦᠨ ᠤᠨ ᠤ4 ᠰᠠᠷ᠎ᠠ ᠶᠢᠨ ᠰᠢᠷᠠᠭᠴᠢᠨ ᠦᠬᠡᠷ ᠡᠳᠤᠷ᠂ ᠬᠤᠩ ᠲᠠᠶᠢᠵᠢ ᠵᠠᠷᠯᠢᠭ ᠪᠠᠭᠤᠯᠭᠠᠵᠦ ᠪᠠᠨᠳᠠᠢ ᠪᠠᠷ ᠠᠤᠬᠠᠨ ᠤ ᠵᠠᠰᠠᠭ ᠲᠦᠷᠦ ᠶᠢ ᠡᠷᠬᠢᠯᠡᠬᠦᠯᠵᠦ᠂ ᠵᠠᠰᠠᠭ ᠲᠦᠷᠦ ᠶᠢᠨ ᠵᠢᠶᠦ᠋ᠨ ᠸᠠᠩ  ᠬᠦᠷᠳᠡᠬᠡᠵᠦ᠂ ᠠᠮᠤᠪᠠ ᠬᠦᠩᠵᠦ ᠶᠢ ᠬᠦᠷᠤᠨ ᠬᠦᠩᠵᠦ ᠪᠤᠯᠭᠠᠨ ᠲᠠᠪᠰᠢᠭᠤᠯᠵᠦ᠂ ᠪᠠᠨᠳᠠᠢ ᠬᠦᠷᠦᠨ ᠡᠹᠦ᠋  ᠬᠦᠷᠳᠡᠵᠦ᠂ ᠸᠠᠩ ᠶᠢᠨ ᠤᠷᠤ ᠦᠶ᠎ᠡ ᠶᠢᠨ ᠦᠶ᠎ᠡ ᠵᠠᠯᠭᠠᠮᠵᠢᠯᠠᠬᠤ ᠪᠠᠷ ᠲᠤᠭᠳᠠᠭᠠᠵᠠᠢ᠃          ᠠᠮᠤᠪᠠ ᠬᠦᠷᠤᠨ ᠬᠦᠩᠵᠦ ᠡᠹᠦ᠋ ᠪᠠᠨᠳᠠᠢ ᠵᠢᠶᠦ᠋ᠨ ᠸᠠᠩ  ᠨᠢᠬᠡᠨ ᠬᠡᠷ ᠦᠨᠢᠷ ᠵᠢᠷᠭᠠᠯ ᠪᠦᠷᠢᠨ ᠲᠡᠬᠦᠰ᠂ ᠬᠦᠩᠵᠦ ᠬᠠᠯᠢᠭᠰᠠᠨ ᠤ ᠰᠡᠬᠦᠯᠡᠷ ᠴᠢᠩ ᠤᠯᠤᠰ ᠤᠨ ᠲᠠᠬᠢᠯᠭ᠎ᠠ ᠶᠢᠨ ᠪᠢᠴᠢᠭ ᠲᠤ ᠠᠮᠤᠪᠠ ᠬᠦᠩᠵᠦ ᠶᠢ ︽ᠵᠠᠩ ᠮᠤᠷᠠᠯ ᠦᠨᠡᠨ ᠲᠡᠭᠰᠢ᠂ ᠪᠡᠶ᠎ᠡ ᠪᠠᠨ ᠰᠠᠬᠢᠵᠦ ᠠᠵᠢᠯᠯᠠᠳᠠᠢ ᠶᠠᠪᠤᠵᠦ᠂ ᠭᠠᠳᠠᠭᠠᠳᠤ ᠮᠤᠩᠭᠤᠯ ᠸᠠᠩ ᠳᠤ ᠮᠤᠷᠳᠠᠵᠦ᠂ ᠢᠨᠠᠭ ᠬᠠᠶᠢᠷ᠎ᠠ ᠬᠤᠤᠰᠯᠠᠵᠦ᠂ ᠦᠷᠦᠰᠢᠶᠡᠯ ᠬᠦᠤ ᠦᠰᠭᠡᠨ ᠬᠦᠮᠤᠵᠢᠬᠦᠯᠵᠦ᠂ ᠬᠡᠷ ᠤᠭᠰᠠᠭ᠎ᠠ ᠪᠠᠨ ᠬᠠᠶᠢᠨ ᠵᠠᠰᠠᠵᠦ ᠂ ᠠᠴᠢ ᠲᠤᠰᠠ ᠡᠷᠬᠢᠮ ᠲᠡᠬᠡᠳᠦ᠂ ᠠᠯᠢᠪᠠ ᠤᠶᠢᠯᠡᠰ ᠲᠡᠤᠬᠡᠨ ᠬᠠᠭᠤᠳᠠᠰᠤᠨ᠎ᠠ ᠲᠦᠮᠡᠨ ᠤᠨ ᠮᠦᠩᠵᠢᠬᠦ ᠪᠤᠢ︾᠃ ᠶᠡᠭᠡ ᠲᠡᠤᠬᠡᠴᠢ ᠳ᠋ᠦ᠋ ᠵᠢᠶᠠᠨ ᠶᠢ ᠪᠢᠴᠢᠵᠦ ︽ᠲᠠᠬᠢᠯᠭ᠎ᠠ ᠶᠢᠨ ᠪᠢᠴᠢᠭ   ᠢ ᠮᠤᠩᠭᠤᠯ  ᠮᠠᠨᠵᠦ ᠬᠤᠶᠡᠷ ᠬᠡᠯᠡ ᠪᠠᠷ ᠪᠢᠴᠢᠵᠦ᠂ ᠠᠤᠬᠠᠨ ᠮᠤᠩᠭᠤᠯ ᠸᠠᠩ ᠪᠠᠨᠳᠠᠢ ᠤ ᠤᠷᠳᠤᠨ ᠳᠤ ᠬᠦᠩᠵᠦ ᠶᠢ ᠠᠪᠰᠠᠯᠠᠬᠤ ᠳᠤ ᠤᠩᠰᠢᠭᠰᠠᠨ ᠤᠳᠬ᠎ᠠ ᠪᠤᠯᠤᠨ᠎ᠠ᠂ ᠡᠨᠡ ᠠᠨᠤ ᠬᠦᠷᠤᠨ ᠬᠦᠩᠵᠦ ᠶᠢ  ᠤᠬᠠᠭᠠᠨᠳᠤ ᠬᠡᠷᠭᠡᠢ ᠠᠴᠢᠯᠠᠯᠳᠤ ᠡᠵᠢ ᠬᠡᠵᠦ ᠰᠠᠶᠢᠰᠢᠶᠠᠵᠦ᠂ ᠦᠨᠡᠨ ᠲᠡᠭᠰᠢ᠂ ᠡᠯᠪᠡᠷᠢᠯ ᠲᠠᠢ ᠮᠤᠷᠠᠯ ᠵᠠᠩ ᠬᠡᠵᠦ᠂ ᠡᠨᠡ ᠪᠤᠯ  ᠬᠡᠷ ᠤᠭᠰᠠᠭ᠎ᠠ ᠵᠤᠬᠢᠴᠠᠩᠭᠤᠢ᠂ ᠡᠷ᠎ᠡ ᠡᠮ᠎ᠡ ᠬᠤᠶᠠᠭᠤᠯᠠ ᠢᠨᠠᠭ ᠬᠠᠶᠢᠷ᠎ᠠ ᠲᠠᠢ ᠨᠢᠬᠡ ᠨᠠᠰᠤ ᠪᠠᠨ ᠦᠩᠬᠡᠷᠬᠡᠪᠡ︾ ᠬᠡᠵᠦ ᠮᠠᠭᠳᠠᠨ ᠪᠢᠴᠢᠪᠡ᠃          ᠴᠢᠩ ᠤᠯᠤᠰ ᠤᠨ ᠲᠦᠷᠦ ᠪᠡᠭᠡᠵᠢᠩ ᠳᠤ ᠰᠢᠯᠵᠢᠭᠰᠡᠨ ᠳᠤ ᠨᠡᠶᠢᠳᠡ ᠶᠢᠨ ᠤᠨ ᠲᠤᠭᠠᠯᠠᠯ ᠤᠨ1648 ᠤᠨ ᠳᠤ ᠡᠶᠡᠪᠡᠷ ᠵᠠᠰᠠᠭᠴᠢ ᠬᠠᠭᠠᠨ ᠤ ᠡᠭᠡᠴᠢ ᠠᠮᠤᠪᠠ ᠭᠦᠩᠵᠦ ᠳᠤ ᠸᠠᠭᠠᠷ ᠲᠤᠭᠤᠰᠬ᠎ᠠ ᠳᠤ   ᠰᠠᠭᠤᠬᠤ ᠤᠷᠳᠤ ᠪᠠᠶᠢᠭᠤᠯᠵᠦ᠂ ᠪᠤᠳᠠᠳᠠᠢ ᠤᠷᠤᠨ ᠠᠨᠤ ᠡᠳᠤᠬᠡ ᠶᠢᠨ ᠪᠡᠭᠡᠵᠢᠩ ᠬᠤᠳᠠ ᠶᠢᠨ ᠪᠸᠢ ᡂᠢ ᠽᠢ ᠪᠤᠯᠤᠨ᠎ᠠ᠃ ᠠᠮᠤᠪᠠ ᠬᠦᠩᠵᠦ ᠬᠠᠯᠢᠭᠰᠠᠨ ᠤ ᠰᠡᠬᠦᠯᠡᠷ᠂ ᠡᠨᠡ ᠤᠷᠳᠤ ᠠᠤᠬᠠᠨ ᠤ ᠪᠡᠬᠡᠵᠢᠩ ᠳᠤ ᠰᠠᠭᠤᠭ᠎ᠠ ᠠᠯᠪᠠᠨ ᠶᠠᠮᠤᠨ ᠤ ᠬᠡᠷ ᠪᠤᠯᠪᠠ᠃         ᠡᠶᠡᠪᠡᠷ ᠵᠠᠰᠠᠭᠴᠢ ᠶᠢᠨ11 ᠤᠨ ︵1654︶ ᠤ2 ᠰᠠᠷ᠎ᠠ ᠶᠢᠨ18 ᠤ ᠡᠳᠤᠷ᠂ ᠬᠦᠷᠤᠨ ᠦᠨᠳᠤᠷ ᠬᠦᠩᠵᠦ ᠠᠮᠤᠪᠠ ᠬᠠᠯᠢᠵᠦ᠂ ᠬᠦᠩᠵᠦ ᠤ ᠶᠡᠭᠡ ᠬᠦᠤ ᠵᠢᠶᠦ᠋ᠨ ᠸᠠᠩ ᠮᠡᠷᠭᠡᠨ ᠪᠠᠭᠠᠳᠤᠷ ᠸᠠᠩᠪᠤ ᠲᠠᠭᠦᠤ ᠨᠠᠷ ᠢᠶᠠᠨ ᠲᠠᠭᠠᠭᠤᠯᠤᠨ ᠲᠠᠬᠢᠯ ᠲᠠᠯᠪᠢᠨ ᠰᠦᠬᠦᠳᠴᠦ ᠮᠦᠷᠬᠦᠨ ᠡᠵᠢ ᠶᠢᠨ ᠠᠴᠢᠯᠠᠯ ᠢ ᠬᠦᠨᠳᠤ ᠲᠠᠯᠠᠷᠬᠠᠵᠦ᠂ ᠲᠠᠰᠤᠷ᠎ᠠ ᠦᠭᠡᠢ ᠤᠬᠢᠯᠠᠪᠠ᠃ ᠳ᠋ᠦ᠋ ᠵᠢᠶᠠ ᠶᠢ ᠪᠢᠴᠢᠵᠦ ︽ᠠᠤᠬᠠᠨ ᠤ ᠪᠠᠨᠳᠠᠢ ᠸᠠᠩ ᠲᠠᠢ ᠬᠤᠷᠢᠮᠯᠠᠭᠰᠠᠨ ᠠᠮᠤᠪᠠ ᠬᠦᠩᠵᠦ ᠴᠢᠩ ᠲᠠᠢ ᠽᠦᠩ ᠤᠨ ᠶᠡᠭᠡ ᠬᠡᠤᠬᠡᠨ᠂ ᠲᠡᠭᠷᠢ ᠰᠡᠴᠡᠨ ᠤ7 ᠤᠨ ᠳᠤ ᠪᠠᠨᠳᠠᠢ ᠲᠠᠢ ᠬᠤᠷᠢᠮᠯᠠᠵᠦ᠂ ᠴᠢᠩ ᠤᠯᠤᠰ ᠪᠤᠭᠤᠮᠳᠠ ᠳᠤ ᠤᠷᠤᠭᠰᠠᠨ ᠤ ᠰᠡᠬᠦᠯᠡᠷ ᠡᠶᠡᠪᠡᠷ ᠵᠠᠰᠠᠭᠴᠢ ᠶᠢᠨ11 ᠤᠨ ᠳᠤ ᠬᠠᠯᠢᠵᠦ ᠴᠠᠨᠳᠠᠷ ᠢ ᠨᠢ ᠲᠤᠮᠳᠠ ᠨᠠᠷᠢᠳ ᠶᠢᠨ ᠭᠤᠤᠯ ᠤᠨ ᠲᠤᠮᠳᠠ ᠤᠷᠤᠰᠬᠠᠯ ᠤᠨ ᠪᠠᠷᠠᠭᠤᠨ ᠬᠦᠪᠡᠭᠡ ᠳᠤ ᠤᠷᠤᠰᠢᠭᠤᠯᠵᠦ᠂ ᠬᠦᠩᠵᠦ ᠤ ᠬᠡᠬᠡᠨ ᠢᠵᠠᠭᠤᠷ ᠤᠨ ᠬᠦᠷᠢᠶᠡᠯᠡᠩ ᠪᠠᠶᠢᠭᠤᠯᠵᠦ᠂230 ᠢᠯᠡᠬᠦᠤ ᠵᠢᠯ ᠦᠩᠬᠡᠷᠡᠵᠦ ᠪᠠᠳᠠᠷᠠᠭᠤᠯᠳᠤ ᠲᠦᠷᠦ ᠶᠢᠨ ᠲᠤᠮᠳᠠ ᠦᠶ᠎ᠡ ᠤᠯᠠᠭᠠᠨ ᠮᠠᠯᠠᠭᠠᠶᠢᠳᠤ ᠶᠢᠨ ᠤᠷᠪᠠᠯᠭᠠᠨ ᠭᠠᠷᠴᠦ ᠬᠦᠩᠵᠦ ᠤ ᠬᠡᠬᠡᠨ ᠤᠩᠭᠤᠨ ᠵᠢᠴᠢ ᠪᠠᠨᠳᠢ ᠡᠹᠦ᠋ ᠤ ᠬᠡᠬᠡᠨ ᠤᠩᠭᠤᠨ ᠪᠦᠷ ᠡᠪᠳᠡᠭᠳᠡᠵᠦ ᠲᠤᠶᠢᠪᠡᠭᠡᠭᠳᠡᠪᠡ᠃ ᠪᠠᠳᠠᠷᠠᠭᠤᠯᠳᠤ ᠲᠦᠷᠦ ᠶᠢᠨ18 ᠤᠨ ᠳᠤ ᠠᠤᠬᠠᠨ ᠵᠠᠰᠠᠭ ᠲᠦᠷᠦ  ᠶᠢᠨ ᠵᠢᠶᠦ᠋ᠨ ᠸᠠᠩ ᠳ᠋ᠠᠮᠷᠢᠨᠳᠢᠷᠳᠠᠭ ᠴᠢᠩ ᠤᠨ ᠵᠠᠰᠠᠭ ᠲᠤ ᠠᠶᠢᠯᠠᠳᠬᠠᠵᠦ ᠤᠯᠠᠭᠠᠨ ᠮᠠᠯᠠᠭᠠᠶᠢᠳᠤ ᠳᠤ ᠡᠪᠳᠡᠭᠳᠡᠭᠰᠡᠨ ᠬᠡᠬᠡᠨ ᠤᠩᠭᠤᠨ ᠢ ᠲᠠᠬᠢᠨ ᠵᠠᠰᠠᠵᠦ ᠴᠢᠳᠠᠯ ᠲᠡᠩᠭᠡᠭᠡ ᠦᠬᠡᠢ᠂ ᠤᠯᠤᠰ ᠡᠵᠡᠨ ᠲᠡᠳᠬᠦᠬᠦ ᠶᠢ  ᠬᠦᠰᠡᠭᠰᠡᠨ ᠳᠤ ᠪᠠᠳᠠᠷᠠᠭᠤᠯᠳᠤ ᠲᠦᠷᠦ ᠬᠠᠭᠠᠨ ᠲᠦᠮᠡᠨ ᠯᠠᠩ ᠮᠦᠩᠬᠦ ᠪᠠᠷ ᠲᠡᠳᠬᠦᠵᠦ ᠲᠠᠬᠢᠨ ᠪᠠᠶᠢᠭᠤᠯᠵᠦ ᠲᠠᠬᠢᠯᠭ᠎ᠠ  ᠵᠠᠯᠭᠠᠨ ᠡᠬᠢᠯᠡᠪᠡ᠃ ᠡᠨᠡ ᠤᠷᠤᠨ ᠡᠳᠤᠬᠡ ᠶᠢᠨ ᠮᠠᠨᠢᠬᠠᠨ ᠰᠢᠶᠠᠩ ᠤᠨ ᠬᠠᠷ᠎ᠠ ᠤᠰᠤ  ᠲᠤᠰᠬᠤᠨ ᠤ ᠬᠤᠷᠢᠨ ᠬᠡᠷ ᠠᠶᠢᠯ  ᠤᠨ ᠮᠡᠬᠢ ᠭᠤᠤᠯ ᠤᠨ ᠪᠠᠷᠠᠭᠤᠨ ᠡᠷᠭᠢ ᠳᠤ ᠤᠷᠤᠰᠢᠨ᠎ᠠ︔︾        ︵ᠴᠢᠩ ᠲᠠᠶᠢᠽᠦ᠋ᠩ ᠱᠢᠽᠦ ᠶᠢᠨ ᠦᠨᠡᠨ ᠲᠡᠮᠳᠡᠭᠯᠡᠯ   ᠠᠴᠠ ᠪᠠᠭᠤᠯᠭᠠᠪᠠ᠃︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号