ᠦᠬᠡᠷ ᠬᠦᠯᠦᠭᠰᠡᠨ ᠦᠯᠢᠭᠡᠷ  ᠤᠨ  ᠴᠦᠷᠬᠡᠯᠡᠭᠡ
ᠨᠡᠶᠢᠲᠡᠯᠡᠭᠰᠡᠨ ᠴᠠᠭ᠄
2020/5/27
                ᠦᠬᠡᠷ ᠬᠦᠯᠦᠭᠰᠡᠨ ᠦᠯᠢᠭᠡᠷ  ᠤᠨ  ᠴᠦᠷᠬᠡᠯᠡᠭᠡ                 ᠲᠦᠷᠪᠡᠨ ᠤᠯᠠᠷᠢᠯ  ᠢᠶᠠᠷ ᠵᠢᠯ  ᠢᠶᠠᠨ ᠬᠤᠪᠢᠶᠠᠭᠰᠠᠨ ᠮᠤᠩᠭᠤᠯ  ᠤᠨ ᠶᠡᠭᠡ ᠬᠡᠭᠡᠷ᠎ᠡ ᠲᠠᠯ᠎ᠠ ᠪᠤᠷᠬᠠᠨ  ᠤ ᠪᠡᠯᠡᠭ ᠪᠦᠭᠡᠳ ᠲᠦᠷᠦᠭᠡᠨ  ᠳᠡᠭᠡᠨ ᠦᠨᠳᠡᠶᠢᠭᠰᠡᠨ ᠢᠰᠡᠭᠡᠢ ᠲᠤᠭᠤᠷᠭᠠᠲᠠᠳ ᠲᠡᠦᠬᠡ  ᠶᠢ ᠡᠵᠡᠩᠨᠡᠭᠰᠡᠨ ᠬᠦᠮᠦᠰ ᠪᠦᠯᠦᠭᠡ᠃ ᠨᠠᠷᠠᠨ ᠮᠠᠨᠳᠤᠬᠤ  ᠠᠴᠠ ᠨᠠᠷᠠᠨ ᠰᠢᠩᠭᠡᠬᠦ ᠶᠡᠭᠡ ᠳᠠᠯᠠᠢ  ᠲᠤ ᠬᠦᠷᠲᠡᠯ᠎ᠡ ᠲᠤᠭᠤᠷᠠᠢ  ᠪᠠᠨ ᠤᠬᠢᠶᠠᠭᠰᠠᠨ ᠮᠣᠩᠭᠤᠯ  ᠤᠨ ᠤᠮᠤᠭᠯᠠᠩ ᠬᠦᠯᠦᠭ ᠤᠶᠠᠩᠭ᠎ᠠ ᠳᠠᠭᠤᠨ  ᠳᠤ ᠨᠢᠭᠡᠨᠳᠡ ᠮᠦᠩᠬᠡᠷᠡᠨ᠂ ᠴᠠᠭ  ᠤᠨ ᠤᠷᠤᠰᠬᠠᠯ  ᠳᠤ ᠦᠯᠦ ᠡᠯᠡᠬᠦ ᠪᠤᠯᠤᠭᠰᠠᠨ ᠪᠤᠯᠪᠠᠴᠦ ᠬᠠᠯᠠᠭᠤᠨ ᠬᠦᠢᠲᠠᠨ ᠪᠦᠰᠡ ᠬᠡᠮᠡᠨ ᠢᠯᠭᠠᠯ ᠦᠭᠡᠢ ᠭᠤᠷᠪᠠᠨ ᠲᠢᠪ  ᠤᠨ ᠨᠤᠲᠤᠭ  ᠢ  ᠡᠷᠡᠮᠡᠬᠡᠢ ᠬᠤᠷᠲᠤ  ᠪᠠᠷ ᠪᠤᠰᠤ ᠡᠷ᠎ᠡ ᠵᠤᠷᠢᠭ  ᠢᠶᠠᠷ ᠲᠤᠭᠤᠯᠤᠭᠰᠠᠨ ᠨᠢᠭᠡᠨ ᠲᠤᠮᠤᠭ ᠪᠤᠢ  ᠶᠢ ᠨᠡᠭᠦᠳᠡᠯᠴᠢᠳ ᠮᠠᠷᠳᠠᠵᠦ ᠦᠯᠦ ᠪᠤᠯᠤᠨᠠᠮ᠃                                       ᠨᠡᠭᠦᠳᠡᠯᠴᠢᠳ  ᠤᠨ ᠲᠡᠦᠬᠡ  ᠶᠢ ᠴᠢᠷᠦᠭᠰᠡᠨ ᠦᠰᠦᠲᠡᠢ ᠪᠤᠷᠬᠠᠳ  ᠤᠨ ᠲᠤᠮᠤᠭ        ᠠᠽᠢᠶ᠎ᠠ  ᠶᠢᠨ ᠬᠦᠬᠡ ᠴᠡᠭᠡᠵᠢᠨ᠎ᠡ ᠤᠷᠤᠰᠢᠨ ᠰᠠᠭᠤᠭᠴᠢ ᠨᠡᠭᠦᠳᠡᠯᠴᠢᠳ ᠬᠡᠵᠢᠶ᠎ᠡ  ᠠᠴᠠ ᠬᠦᠬᠡ ᠲᠡᠭᠷᠢ  ᠶᠢᠨ ᠤᠷᠤᠨ  ᠢ ᠡᠵᠡᠩᠨᠡᠩᠬᠡᠨ ᠰᠠᠭᠤᠭᠰᠠᠨ ᠲᠤᠬᠠᠢ ᠡᠷᠳᠡᠮᠲᠠᠳ ᠶᠠᠩᠵᠦ  ᠪᠠᠷ ᠰᠤᠳᠤᠯᠵᠦ ᠳ᠋ᠦᠩ ᠦᠭᠭᠦᠭᠰᠡᠨ ᠪᠤᠯᠪᠠᠴᠦ ᠠᠯᠢ ᠡᠷᠲᠡ ᠬᠠᠭᠤᠴᠢᠨ ᠴᠢᠯᠠᠭᠤᠨ ᠵᠡᠪᠰᠠᠩ  ᠤᠨ ᠦᠶ᠎ᠡ  ᠠᠴᠠ ᠠᠳᠡ ᠬᠦᠮᠦᠨ ᠲᠦᠷᠦᠯᠬᠢᠲᠡᠨ ᠤᠷᠤᠰᠢᠨ ᠠᠮᠢᠳᠤᠷᠠᠵᠦ᠂ ᠬᠦᠬᠡ ᠲᠡᠭᠷᠢ  ᠪᠠᠨ ᠳᠠᠭᠤᠳᠠᠨ ᠪᠦᠭᠡᠯᠡᠵᠦ  ᠠᠭᠰᠠᠨ  ᠢ ᠠᠳᠡᠬᠢ ᠠᠷᠭᠢᠯᠤᠭᠢ  ᠶᠢᠨ ᠤᠯᠳᠠᠪᠤᠷᠢ  ᠤᠳ ᠭᠡᠷᠡᠴᠢᠯᠡᠨᠡᠮ  ᠃ ᠡᠭᠦᠨ  ᠤ ᠨᠢᠭᠡᠨ ᠬᠦᠴᠦᠲᠡᠢ ᠭᠡᠷᠡᠴᠢ ᠪᠤᠯᠪᠠᠰᠦ ᠮᠤᠩᠭᠤᠯ  ᠤᠨ ᠠᠭᠤᠳᠠᠮ ᠨᠤᠲᠤᠭ  ᠤᠨ ᠡᠯᠢᠭᠡᠨ᠎ᠡ ᠲᠠᠷᠬᠠᠭᠰᠠᠨ ᠬᠠᠳᠠᠨ ᠵᠢᠷᠤᠭ  ᠤᠨ ᠤᠯᠳᠠᠪᠤᠷᠢ ᠶᠤᠮ᠃ ᠠᠩ ᠠᠩᠨᠠᠯ᠂ ᠨᠡᠭᠦᠳᠡᠯ ᠪᠠᠭᠤᠳᠠᠯ ᠂ ᠲᠠᠶᠢᠨ ᠳᠠᠵᠢᠨ  ᠤ ᠲᠤᠬᠠᠢ ᠨᠡᠭᠦᠳᠡᠯᠴᠢᠳ  ᠤᠨ ᠳᠡᠭᠡᠳᠦᠰ  ᠤᠨ ᠤᠷᠠᠯᠠᠨ ᠲᠦᠷᠰᠦᠯᠡᠭᠰᠡᠨ ᠲᠡᠳᠡᠭᠡᠷ ᠵᠢᠷᠤᠭ  ᠤᠳ ᠲᠡᠦᠬᠡ  ᠶᠢᠨ ᠬᠠᠳᠠᠨ ᠭᠡᠷᠡᠴᠢ᠂ ᠨᠡᠭᠦᠳᠡᠯᠴᠢᠳ  ᠤᠨ ᠮᠦᠩᠬᠡ ᠲᠠᠮᠠᠭ᠎ᠠ ᠪᠤᠯᠵᠦ ᠬᠠᠳᠠ ᠴᠢᠯᠠᠭᠤ ᠲᠠᠢ  ᠪᠠᠨ ᠬᠠᠮᠲᠦ ᠮᠦᠩᠬᠡᠷᠡᠭᠰᠡᠨ ᠶᠤᠮ᠃        ᠡᠯᠢᠭᠡᠨ ᠶᠡᠭᠡ  ᠬᠠᠲᠠᠨ  ᠳᠤ  ᠠᠮᠢᠲᠦ ᠠᠮᠢᠰᠬᠤᠭ᠎ᠠ ᠲᠠᠢ ᠦᠯᠡᠳᠡᠬᠦ ᠬᠠᠲᠠᠨ ᠵᠢᠷᠤᠭ  ᠤᠨ ᠴᠢᠬᠤᠯᠠ ᠨᠢᠭᠡ ᠠᠭᠤᠯᠭ᠎ᠠ ᠪᠤᠯ ᠲᠡᠷᠭᠡᠨ  ᠤ ᠵᠢᠷᠤᠭ ᠪᠤᠯᠤᠨ᠎ᠠ᠃ ᠠᠯᠳᠠᠷᠲᠦ ᠪᠤᠳᠠᠷ  ᠤᠨ ᠬᠠᠳᠠᠨ ᠵᠢᠷᠤᠭ᠂ ᠮᠤᠨᠢ ᠠᠭᠤᠯᠠ  ᠶᠢᠨ ᠬᠠᠳᠠᠨ ᠵᠢᠷᠤᠭ᠂ ᠠᠪᠠ ᠬᠠᠳᠠᠨ ᠵᠢᠷᠤᠭ ᠁  ᠤᠨ ᠤᠯᠳᠠᠪᠤᠷᠢ  ᠳᠤ ᠲᠡᠷᠭᠡᠨ  ᠤ ᠵᠢᠷᠤᠭ ᠤᠯᠠᠨ ᠲᠤᠭ᠎ᠠ  ᠪᠠᠷ ᠤᠯᠳᠠᠭᠰᠠᠨ ᠪᠠᠶᠢᠨ᠎ᠠ᠃ ᠲᠡᠦᠬᠡ ᠰᠤᠳᠤᠯᠤᠯ  ᠤᠨ ᠮᠠᠲ᠋ᠧᠷᠢᠶᠠᠯ  ᠳᠤ ᠦᠨᠳᠦᠰᠦᠯᠡᠪᠡᠯ ᠲᠡᠷᠭᠡᠨ  ᠤ ᠬᠦᠭᠵᠢᠯᠲᠡ  ᠶᠢ ᠣᠨ ᠲᠤᠭᠠᠯᠠᠯ  ᠤᠨ ᠡᠮᠦᠨᠡᠬᠢ 3500 ᠤᠨ  ᠠᠴᠠ ᠲᠤᠭᠠᠴᠠᠳᠠᠭ᠃ ᠡᠷᠳᠡᠨ  ᠤ ᠰᠦᠮᠧᠷ ᠬᠦᠮᠦᠨ ᠠᠩᠬᠠᠨ  ᠤ ᠬᠦᠷᠲᠦ ᠲᠠᠢ ᠲᠡᠷᠭᠡ  ᠶᠢ ᠡᠭᠦᠳᠦᠭᠰᠡᠨ ᠭᠡᠳᠡᠭ ᠪᠤᠯ  ᠨᠡᠭᠦᠳᠡᠯᠴᠢᠳ  ᠤᠨ ᠲᠡᠦᠬᠡ ᠴᠦ ᠲᠡᠭᠦᠨ ᠲᠠᠢ ᠨᠠᠰᠤ ᠴᠢᠴᠠᠤ ᠭᠡᠬᠦ  ᠳᠤ ᠢᠯᠡᠭᠦᠳᠡᠬᠦ ᠦᠭᠡᠢ᠃ ᠠᠯᠳᠠᠷᠲᠦ ᠶᠡᠭᠡ ᠮᠤᠨᠢ ᠠᠭᠤᠯᠠ᠂  ᠪᠤᠳᠠᠷ  ᠤᠨ ᠴᠢᠯᠠᠭᠤᠳ  ᠪᠤᠯ ᠨᠡᠭᠦᠳᠡᠯᠴᠢᠳ  ᠤᠨ ᠦᠯᠦᠭᠡᠢ᠂ ᠡᠷᠲᠡᠨ  ᠤ  ᠡᠾᠦ᠋ᠩᠨᠤ  ᠶᠢᠨ ᠨᠤᠲᠤᠭ ᠪᠦᠯᠦᠭᠡ᠃ ᠠᠳᠡ ᠤᠷᠤᠰᠢᠨ ᠠᠮᠢᠳᠤᠷᠠᠵᠦ ᠠᠭᠰᠠᠨ ᠡᠷᠳᠡᠨ  ᠤ ᠶᠡᠭᠡ ᠡᠾᠦ᠋ᠨ ᠬᠦᠷᠦᠨ  ᠤ ᠲᠤᠬᠠᠢ ᠲᠡᠦᠬᠡ ᠰᠤᠳᠤᠷ  ᠳᠤ ᠤᠯᠠᠨᠲᠠ ᠲᠡᠮᠳᠡᠭᠯᠡᠨ ᠦᠯᠡᠳᠡᠭᠡᠭᠰᠡᠨ ᠪᠢᠴᠢᠭ ᠲᠤᠷᠠᠰᠬᠠᠯ  ᠤᠨ ᠵᠦᠢᠯ ᠪᠤᠢ ᠪᠦᠭᠡᠳ ᠲᠡᠳᠡᠨ  ᠤ ᠤᠯᠠ ᠮᠦᠷ ᠠᠽᠢᠶ᠎ᠠ  ᠡᠸᠦᠷᠦ᠋ᠫᠡ ᠶᠢᠨ ᠠᠭᠤᠳᠠᠮ ᠨᠤᠲᠤᠭ  ᠲᠤ ᠲᠠᠮᠠᠭᠠᠯᠠᠭᠳᠠᠭᠰᠠᠨ ᠦᠯᠡᠳᠡᠵᠡᠢ᠃ ᠲᠡᠭᠡᠳᠦᠰ  ᠤᠨ ᠮᠠᠨᠢ ᠦᠯᠡᠳᠡᠭᠡᠭᠰᠡᠨ ᠠᠮᠢᠳᠦ ᠲᠡᠦᠬᠡ  ᠶᠢᠨ ᠨᠢᠭᠡ ᠬᠠᠭᠤᠳᠠᠰᠤ ᠪᠤᠯᠪᠠᠰᠦ ᠮᠤᠨᠢ ᠠᠭᠤᠯᠠ  ᠶᠢᠨ ᠠᠷᠤ ᠦᠪᠦᠷ᠂ ᠪᠤᠳᠠᠷ  ᠤᠨ  ᠤᠨ ᠦᠢ ᠲᠦᠮᠡᠨ ᠬᠠᠳᠠᠨ  ᠳᠤ ᠬᠤᠴᠤᠷᠠᠭᠰᠠᠨ ᠲᠡᠷᠭᠡᠨ  ᠤ ᠵᠢᠷᠤᠭ ᠶᠤᠮ᠃ ᠡᠾᠦ᠋ᠩᠨᠤ ᠬᠦᠮᠦᠨ ᠲᠡᠷᠭᠡ ᠬᠡᠷᠡᠭᠯᠡᠵᠦ ᠪᠠᠶᠢᠭᠰᠠᠨ ᠲᠤᠬᠠᠢ ᠡᠷᠳᠡᠮᠲᠡᠳ ᠬᠠᠳᠠ ᠴᠢᠯᠠᠭᠤᠨ  ᠠᠴᠠ ᠭᠡᠷᠡᠴᠢ ᠠᠪᠴᠦ ᠦᠭᠦᠯᠡᠵᠦ ᠪᠤᠢ᠃ ᠰᠢᠯᠢ  ᠶᠢᠨ ᠭᠤᠤᠯ  ᠤᠨ ᠠᠪᠠᠭ᠎ᠠ ᠰᠦᠨᠢᠳ  ᠤᠨ ᠬᠠᠳᠠᠨ ᠵᠢᠷᠤᠭ  ᠲᠤ ᠭᠠᠭᠴᠠ ᠠᠷᠠᠯ᠂ ᠬᠤᠤᠰ ᠬᠦᠷᠲᠦ ᠲᠠᠢ ᠲᠡᠷᠭᠡᠨ  ᠤᠨ ᠵᠢᠷᠤᠭ ᠪᠤᠢ ᠨᠢ ᠵᠢᠩᠬᠢᠨᠢ ᠤᠳᠬ᠎ᠠ ᠠᠭᠤᠯᠭ᠎ᠠ ᠳᠡᠭᠡᠷᠡᠬᠢ ᠲᠡᠷᠭᠡᠨ  ᠤ ᠠᠩᠬᠠᠨ  ᠤ ᠬᠡᠪ ᠪᠦᠭᠡᠳ ᠬᠦᠷᠡᠯ ᠵᠡᠪᠰᠡᠭ  ᠤᠨ ᠦᠶ᠎ᠡ  ᠳᠤ ᠬᠤᠯᠪᠤᠭᠳᠠᠳᠠᠭ ᠭᠡᠵᠦ ᠡᠷᠳᠡᠮᠲᠡᠳ ᠦᠵᠡᠵᠦ ᠪᠤᠢ᠃ ᠳᠠᠷᠤᠢ ᠡᠷᠲᠡᠨ  ᠤ ᠡᠾᠦ᠋ᠨ ᠬᠦᠷᠦᠨ ᠲᠠᠢ ᠬᠤᠯᠪᠤᠭᠳᠠᠨ᠎ᠠ᠃ ᠤᠯᠠᠭᠠᠨᠴᠠᠪ  ᠤᠨ ᠬᠠᠳᠠᠨ ᠵᠢᠷᠤᠭ  ᠲᠤ ᠬᠤᠤᠰ ᠮᠤᠷᠢ ᠬᠦᠯᠦᠭᠰᠡᠨ ᠲᠡᠷᠭᠡ ᠢᠯᠡᠷᠡᠭᠰᠡᠨ ᠪᠦᠭᠡᠳ ᠵᠢᠭᠠᠬᠠᠨ ᠬᠤᠵᠢᠭᠤ ᠦᠶ᠎ᠡ ᠪᠤᠯᠬᠤ ᠲᠦᠷᠪᠡᠨ ᠬᠦᠷᠲᠦ ᠲᠠᠢ ᠲᠡᠷᠭᠡ᠂ ᠬᠤᠤᠰ ᠠᠷᠠᠯ ᠲᠠᠢ ᠲᠡᠷᠭᠡ  ᠬᠠᠳᠠᠨ ᠵᠢᠷᠤᠭ  ᠲᠤ ᠢᠯᠡᠷᠡᠭᠰᠡᠨ ᠨᠢ ᠦᠰᠦᠭ ᠪᠢᠴᠢᠭ  ᠤᠨ ᠲᠡᠮᠳᠡᠭᠯᠡᠯ ᠪᠤᠢ ᠪᠤᠯᠬᠤ  ᠠᠴᠠ ᠡᠮᠦᠨ᠎ᠡ ᠠᠽᠢᠶ᠎ᠠ  ᠶᠢᠨ ᠨᠡᠭᠦᠳᠡᠯᠴᠢᠳ ᠲᠡᠷᠭᠡ  ᠶᠢ ᠡᠭᠦᠳᠦᠨ ᠬᠡᠷᠡᠭᠯᠡᠵᠦ ᠠᠭᠰᠠᠨ  ᠤ ᠭᠡᠷᠡᠴᠢ ᠲᠡᠷᠡ ᠪᠠᠶᠢᠵᠠᠢ᠃ ᠮᠠᠭᠠᠳ ᠦᠭᠡᠢ ᠤᠨ ᠲᠤᠭᠠᠯᠠᠯ  ᠤᠨ ᠡᠮᠦᠨᠡᠬᠢ ᠲᠡᠷᠡ ᠵᠢᠯ ᠲᠠᠶᠢᠨ  ᠤ ᠬᠦᠯ  ᠠᠴᠠ ᠵᠠᠶᠢᠯᠠᠨ ᠡᠪᠡᠰᠦᠨ  ᠤ ᠰᠤᠷᠭᠤᠭ᠂ ᠤᠰᠤᠨ  ᠤ ᠲᠤᠩᠭᠠᠯᠠᠭ  ᠢ ᠬᠦᠭᠡᠭᠡᠨ ᠲᠦᠪ ᠠᠽᠢᠶ᠎ᠠ᠂  ᠡᠸᠥᠷᠦ᠋ᠫᠡ  ᠶᠢ ᠵᠤᠷᠢᠭᠰᠠᠨ ᠲᠡᠷᠡ ᠦᠷᠨᠢᠭᠦᠨ ᠵᠢᠪᠬᠤᠭᠠᠯᠢᠭ ᠲᠡᠦᠬᠡ  ᠶᠢᠨ ᠶᠡᠭᠡ ᠨᠡᠭᠦᠳᠡᠯ ᠲᠤᠮᠳᠠ  ᠮᠤᠩᠭᠤᠯ ᠭᠡᠷ ᠠᠴᠢᠭᠰᠠᠨ ᠲᠡᠷᠭᠡᠨ  ᠤ ᠴᠤᠪᠤᠭ᠎ᠠ ᠵᠠᠭᠤᠨ ᠪᠡᠷ᠎ᠡ  ᠶᠢᠨ ᠭᠠᠵᠠᠷ  ᠢᠶᠠᠷ ᠴᠦᠷᠭᠡᠯᠡᠨ ᠂ ᠨᠠᠷᠠᠨ ᠮᠠᠨᠳᠤᠬᠤ  ᠠᠴᠠ ᠰᠢᠩᠭᠡᠬᠦ  ᠶᠢ ᠴᠢᠭᠯᠡᠵᠦ ᠪᠠᠶᠢᠭᠰᠠᠨ ᠪᠠᠶᠢᠬᠤ᠃        ︽ᠮᠤᠩᠭᠤᠯ  ᠤᠨ ᠨᠢᠭᠤᠴᠠ ᠲᠤᠪᠴᠢᠶᠠᠨ︾  ᠳᠤ ︽ᠬᠠᠷᠠᠭᠤᠳᠠᠢ ᠲᠡᠷᠭᠡ︾᠂ ︽ᠬᠠᠰᠠᠭ ᠲᠡᠷᠭᠡ︾᠂ ︽ᠦᠯᠵᠢᠢᠭᠡᠲᠡᠢ ᠲᠡᠷᠭᠡ︾᠂ ︽ᠣᠩᠭᠠᠰᠤᠲᠤ ᠲᠡᠷᠭᠡ︾᠂ ︽ᠴᠠᠭᠤᠷᠭᠠᠲᠠᠢ ᠲᠡᠷᠭᠡ︾᠂ ︽ᠲᠡᠩᠭᠢᠰᠭᠡᠲᠡᠢ ᠲᠡᠷᠭᠡ ︾᠂ ︽ᠬᠠᠭᠠᠲᠠᠢ ᠲᠡᠷᠭᠡ︾᠂ ︽ᠲᠠᠮᠤᠷ ᠲᠡᠷᠭᠡ︾᠂ ︽ᠭᠡᠷ ᠲᠡᠷᠭᠡ︾ ᠭᠡᠬᠦᠴᠢᠯᠡᠨ ᠤᠯᠠᠨ ᠲᠡᠷᠭᠡᠨ  ᠤ ᠨᠡᠷᠡᠶᠢᠳᠦᠯ ᠭᠠᠷᠳᠠᠭ   ᠨᠢ 12 —13 ᠳ᠋ᠤᠭᠠᠷ ᠵᠠᠭᠤᠨ  ᠤ ᠦᠶ᠎ᠡ  ᠳᠤ ᠮᠣᠩᠭᠤᠯᠴᠤᠳ  ᠤᠨ ᠲᠡᠷᠭᠡ ᠨᠢᠭᠡᠨᠳᠠ ᠮᠠᠰᠢ ᠲᠠᠪᠰᠢᠭᠰᠠᠨ ᠴᠠᠭ ᠦᠶ᠎ᠡ  ᠳᠤ ᠤᠷᠤᠭᠰᠠᠨ ᠪᠦᠭᠡᠳ ᠬᠡᠷᠡᠭᠴᠡᠭᠡ ᠱᠠᠭᠠᠷᠳᠠᠯᠭ᠎ᠠ  ᠳᠠᠭᠠᠨ ᠵᠤᠬᠢᠴᠠᠭᠰᠠᠨ ᠤᠯᠠᠨ ᠲᠦᠷᠦᠯ  ᠤᠨ ᠲᠡᠷᠭᠡ ᠲᠠᠢ ᠪᠠᠶᠢᠭᠰᠠᠨ  ᠤ ᠭᠡᠷᠡᠴᠢ ᠪᠣᠯᠵᠦ ᠦᠯᠡᠳᠡᠵᠡᠢ᠃ ︽ᠨᠢᠭᠤᠴᠠ ᠲᠤᠪᠴᠢᠶᠠᠨ︾  ᠤ ᠲᠡᠮᠳᠡᠭᠯᠡᠯ  ᠢ ᠦᠨᠳᠦᠰᠦᠯᠡᠪᠡᠯ ᠠᠮᠤᠷ ᠠᠮᠤᠭᠤᠯᠠᠩ  ᠤᠨ ᠲᠤᠮᠳᠠ ᠲᠤᠭᠵᠢᠷᠠᠵᠦ ᠠᠭᠰᠠᠨ ᠲᠡᠷᠡ ᠡᠳᠦᠷ  ᠤᠨ ᠦᠷᠯᠦᠭᠡ ᠭᠠᠵᠠᠷ  ᠤᠨ ᠬᠦᠷᠦᠰᠦ  ᠶᠢ ᠲᠡᠯᠡᠳᠦᠭᠰᠡᠨ ᠮᠤᠷᠢᠨ ᠲᠦᠪᠡᠷᠭᠡᠨ  ᠢᠶᠠᠷ ᠰᠤᠴᠢᠨ ᠰᠡᠷᠡᠭᠰᠡᠨ ᠲᠡᠮᠦᠵᠢᠨ  ᠤ ᠬᠤᠳᠠ  ᠶᠢᠨ ᠬᠢᠨ ᠮᠡᠷᠭᠢᠳ  ᠤᠨ ᠲᠤᠪᠳᠤᠯᠭᠠᠨ   ᠠᠴᠠ ᠲᠤᠲᠠᠭᠠᠨ ᠵᠠᠶᠢᠯᠠᠬᠤ  ᠳᠠᠭᠠᠨ ᠬᠤᠸᠠᠭᠴᠢᠨ ᠡᠮᠡᠭᠡ ᠪᠦᠭᠡᠷ᠎ᠡ ᠠᠯᠠᠭ ᠦᠬᠡᠷ ᠬᠦᠯᠦᠭᠰᠡᠨ ᠮᠤᠬᠤᠯᠠᠭ ᠲᠡᠷᠭᠡᠨ  ᠳᠤ ᠪᠦᠷᠲᠡ ᠦᠵᠢᠨ  ᠢ ᠲᠡᠭᠡᠭᠡᠵᠦ ᠲᠤᠲᠠᠭᠠᠭᠰᠠᠨ ᠪᠦᠯᠦᠭᠡ᠃ ᠬᠤᠵᠢᠮ ᠨᠢ ᠴᠢᠩᠬᠢᠰ ᠬᠠᠭᠠᠨ ᠮᠣᠩᠭᠤᠯ ᠠᠶᠢᠮᠠᠭ  ᠢ ᠨᠢᠭᠡᠳᠬᠡᠭᠰᠡᠨ  ᠤ ᠳᠠᠷᠠᠭ᠎ᠠ   ᠰᠦᠪᠡᠭᠡᠲᠡᠢ  ᠳᠤ ᠲᠡᠮᠦᠷ ᠲᠡᠷᠭᠡᠲᠦ ᠴᠡᠷᠢᠭ ᠦᠭᠴᠦ  ᠮᠡᠷᠭᠢᠳ  ᠤᠨ ᠲᠤᠭᠲᠤᠭ᠎ᠠ  ᠶᠢᠨ ᠬᠤᠲᠤ᠂ ᠴᠢᠯᠠᠭᠤᠨ ᠬᠤᠶᠠᠷ ᠬᠦᠦ  ᠶᠢ ᠨᠡᠬᠡᠭᠦᠯᠦᠭᠰᠡᠨ  ᠪᠦᠯᠦᠭᠡ᠃ ᠪᠢᠴᠢᠭ ᠲᠤᠷᠠᠰᠬᠠᠯ  ᠤᠨ ᠤᠯᠳᠠᠪᠤᠷᠢ  ᠶᠢ ᠦᠨᠳᠦᠰᠦᠯᠡᠪᠡᠯ ᠴᠢᠩᠬᠢᠰ ᠬᠠᠭᠠᠨ  ᠤᠨ ᠶᠡᠭᠡ ᠭᠡᠷ ᠲᠡᠷᠭᠡ ᠨᠢ ᠬᠤᠷᠢᠨ ᠬᠤᠶᠠᠷ ᠦᠬᠡᠷ ᠬᠦᠯᠦᠭᠰᠡᠨ ᠶᠡᠭᠡ ᠤᠷᠳᠤ ᠪᠠᠶᠢᠭᠰᠠᠨ ᠪᠦᠭᠡᠳ ᠠᠶᠠᠨ ᠳᠠᠶᠢᠨ  ᠤ ᠶᠠᠪᠤᠴᠠ  ᠳᠤ ᠠᠭᠤᠯᠠ ᠦᠵᠡᠪᠡᠯ ᠵᠠᠮ ᠵᠠᠰᠠᠨ᠂ ᠤᠰᠤ ᠦᠵᠡᠪᠡᠯ ᠬᠦᠬᠦᠷᠭᠡ ᠲᠠᠯᠪᠢᠨ ᠶᠡᠭᠡ ᠬᠠᠭᠠᠨ  ᠤ ᠤᠷᠲᠤ ᠦᠩᠭᠡᠷᠡᠵᠦ ᠪᠠᠶᠢᠭᠰᠠᠨ ᠪᠠᠶᠢᠨ᠎ᠠ᠃ ᠭᠡᠲᠡᠯ᠎ᠡ ᠬᠠᠷᠠᠮᠰᠠᠯᠲᠡᠢ ᠨᠢ ᠲᠠᠩᠭᠤᠳ  ᠢ ᠲᠠᠶᠢᠯᠬᠤ ᠳᠠᠶᠢᠨ  ᠳᠤ ᠶᠡᠭᠡ ᠬᠠᠭᠠᠨ ᠲᠡᠭᠷᠢ  ᠳᠤ ᠬᠠᠯᠢᠭᠰᠠᠨ᠎ᠠ ᠡᠵᠡᠨ  ᠤ ᠠᠯᠲᠠᠨ ᠬᠡᠭᠦᠷ  ᠢ ᠬᠠᠰᠠᠭ ᠲᠡᠷᠭᠡᠨ᠎ᠡ ᠲᠡᠭᠡᠭᠡᠵᠦ ᠬᠠᠷᠢᠨ ᠦᠭᠡᠳᠡ ᠢᠷᠡᠬᠦ  ᠳᠤ ᠰᠦᠨᠢᠳ  ᠤᠨ ᠭᠢᠯᠦᠭᠡᠲᠡᠢ ᠪᠠᠭᠠᠲᠤᠷ᠄ ︽ᠬᠠᠮᠤᠭ  ᠤᠨ ᠬᠠᠭᠠᠨ᠂ ᠤᠯᠤᠰ  ᠤᠨ ᠡᠵᠡᠨ ᠮᠢᠨᠢ ᠬᠠᠷᠴᠠᠭᠠᠢ ᠰᠢᠪᠠᠭᠤᠨ  ᠤ ᠵᠢᠭᠦᠷ ᠪᠤᠯᠤᠨ ᠤᠳᠪᠠ᠃ ᠬᠠᠩᠭᠢᠨᠠᠬᠤ ᠲᠡᠷᠭᠡᠨ  ᠤ ᠲᠡᠭᠡᠭᠡᠰᠢ ᠪᠤᠯᠤᠨ ᠤᠳᠪᠠ᠃ ᠵᠢᠷᠭᠢᠬᠦ ᠰᠢᠪᠠᠭᠤᠨ  ᠤ ᠵᠢᠭᠦᠷ ᠪᠤᠯᠤᠨ ᠤᠳᠪᠠ᠃ ᠵᠢᠭᠳᠡᠷᠡᠬᠦ ᠲᠡᠷᠭᠡᠨ  ᠤ ᠠᠴᠢᠶ᠎ᠠ ᠪᠤᠯᠤᠨ ᠤᠳᠪᠠ︾ ᠬᠡᠮᠡᠨ ᠰᠢᠯᠦᠭᠯᠡᠭᠰᠡᠨ ᠪᠤᠢ᠃ ᠣᠨ  ᠤ ᠬᠦᠷᠲᠦ ᠡᠷᠬᠢᠨ ᠬᠡᠳᠦᠨ ᠵᠠᠭᠤᠨ ᠦᠩᠭᠡᠷᠡᠪᠡ᠂ ᠦᠭᠡᠳᠡᠯᠡᠬᠦ ᠤᠷᠤᠭᠤᠳᠠᠬᠤ  ᠶᠢᠨ ᠲᠠᠪᠢᠯᠠᠩ  ᠳᠤ ᠤᠮᠠᠷᠠᠲᠦ ᠶᠤᠸᠠᠨ ᠲᠡᠯᠴᠢᠯᠡᠪᠡ᠃ ᠡᠨᠡ ᠲᠡᠦᠬᠡ  ᠶᠢᠨ ᠡᠭᠡᠳᠡᠷᠡᠭᠡᠨᠲᠦ ᠲᠠᠪᠢᠯᠠᠩ ᠲᠤᠮᠳᠠ ᠪᠤᠳᠠᠷᠠᠭᠰᠠᠨ ᠮᠤᠩᠭᠤᠯ  ᠢ ᠳᠠᠬᠢᠨ ᠨᠢᠭᠡᠳᠬᠡᠬᠦ ᠡᠭᠦᠷᠭᠡ  ᠶᠢ ᠮᠠᠨᠳᠤᠬᠠᠢ ᠰᠡᠴᠡᠨ ᠬᠠᠲᠤᠨ ᠡᠭᠦᠷᠭᠡᠯᠡᠨ ︽ᠡᠷᠲᠡᠨ  ᠤ ᠦᠰᠢᠶ᠎ᠡ  ᠶᠢ ᠳᠤᠷᠠᠳᠴᠦ ᠴᠡᠷᠢᠭ ᠠᠪᠴᠦ ᠮᠤᠷᠳᠠᠷᠤᠨ᠂ ᠶᠠᠪᠠᠭᠠᠨ ᠴᠡᠷᠢᠭ᠂ ᠦᠬᠡᠷᠲᠦ ᠴᠡᠷᠢᠭ ᠶᠠᠪᠤᠭᠤᠯᠵᠦ᠂ ᠭᠤᠷᠪᠠ ᠬᠤᠨᠤᠭᠰᠠᠨ  ᠤ ᠬᠤᠶᠢᠨ᠎ᠠ ᠮᠤᠷᠢ  ᠲᠤ ᠴᠡᠷᠢᠭ ᠠᠪᠴᠦ ᠮᠤᠷᠳᠠᠨ︾ ᠲᠦᠷᠪᠡᠨ ᠤᠶᠢᠷᠠᠳ  ᠢ ᠨᠢᠭᠡᠳᠬᠡᠨ ᠨᠢᠭᠡᠨ ᠵᠢᠯᠤᠭᠤᠨ᠎ᠠ ᠠᠳᠬᠤᠪᠠ᠃ ᠮᠢᠩᠭᠠᠨ  ᠤ ᠭᠠᠵᠠᠷ  ᠢ ᠡᠪᠬᠡᠨ᠂ ᠲᠦᠷᠦᠭᠦᠨ  ᠠᠴᠠ ᠲᠦᠷᠦᠭᠦᠨ  ᠳᠤ ᠮᠤᠷᠳᠠᠭᠰᠠᠨ ᠨᠢ ᠦᠬᠡᠷ ᠲᠡᠷᠭᠡᠲᠦ ᠴᠡᠷᠢᠭ ᠪᠦᠯᠦᠭᠡ᠃ ᠲᠡᠭᠦᠨᠴᠠ ᠬᠤᠶᠢᠨ᠎ᠠ ᠯᠢᠭᠳᠡᠨ ᠬᠤᠲᠤᠭᠳᠦ ᠬᠠᠭᠠᠨ ᠬᠦᠬᠡᠨᠠᠭᠤᠷ  ᠤᠨ ᠰᠢᠷ᠎ᠠ ᠲᠠᠯ᠎ᠠ  ᠳᠤ ᠨᠠᠰᠤ ᠪᠤᠯᠤᠭᠰᠠᠨ᠎ᠠ ᠮᠦᠨ ᠬᠠᠰᠠᠭ ᠲᠡᠷᠭᠡᠨ᠎ᠡ ᠠᠴᠢᠵᠦ ᠡᠵᠡᠨ  ᠤ  ᠨᠠᠢᠮᠠᠨ  ᠴᠠᠭᠠᠨ ᠤᠷᠳᠤ ᠪᠦᠬᠦᠢ ᠤᠷᠳᠤᠰ ᠨᠤᠲᠤᠭ  ᠲᠤ ᠵᠠᠯᠠᠵᠦ ᠠᠪᠴᠢᠷᠠᠨ ᠤᠩᠭᠤᠯᠠᠭᠰᠠᠨ ᠪᠦᠯᠦᠭᠡ᠃ ᠠᠤᠭ᠎ᠠ ᠡᠵᠡᠨ᠂ ᠲᠡᠦᠬᠡᠨ ᠠᠯᠲᠠᠷᠲᠠᠳ  ᠤᠨ  ᠠᠯᠲᠠᠷ ᠭᠠᠪᠢᠶ᠎ᠠ᠂ ᠠᠯᠳᠠᠵᠦ ᠤᠨᠤᠭᠰᠠᠨ ᠪᠦᠬᠦᠨ  ᠳᠤ ᠬᠦᠵᠦᠭᠦᠦ ᠰᠤᠩᠭᠠᠨ ᠵᠢᠳᠬᠦᠵᠦ  ᠂ ᠡᠷᠬᠡᠲᠦ ᠬᠦᠬᠡ ᠲᠡᠭᠷᠢ  ᠳᠡᠭᠡᠨ ᠪᠤᠴᠠᠬᠤ ᠳᠤᠨᠢ  ᠠᠯᠲᠠᠨ ᠬᠡᠬᠦᠷ  ᠢ ᠲᠡᠭᠡᠭᠡᠵᠦ ᠶᠠᠪᠤᠭᠰᠠᠨ ᠦᠬᠡᠷ ᠲᠡᠷᠭᠡᠨ  ᠤ ᠨᠢᠭᠡᠨ ᠭᠠᠪᠢᠶ᠎ᠠ ᠲᠡᠷᠡ  ᠪᠠᠶᠢᠯᠤᠭ᠎ᠠ᠃                       ᠠᠶᠠᠨ  ᠤ ᠰᠢᠷ᠎ᠠ ᠵᠠᠮ  ᠢᠶᠠᠷ ᠦᠯᠢᠭᠡᠷ  ᠴᠦᠷᠬᠡᠯᠡᠨ᠎ᠡ         ᠴᠠᠩ ᠬᠦᠦᠷᠭᠡ ᠰᠠᠪᠰᠠᠭᠤᠯᠵᠦ᠂ ᠴᠠᠰᠦ ᠮᠦᠰᠦᠨ  ᠳᠡᠭᠡᠨ ᠲᠠᠷᠤᠭᠳᠠᠭᠰᠠᠨ  ᠬᠦᠢᠲᠡᠨ ᠤ ᠤᠯᠠᠷᠢᠯ ᠮᠠᠨ  ᠤ ᠨᠤᠲᠤᠭ  ᠲᠤ ᠰᠠᠭᠠᠳᠠᠬᠤ  ᠪᠠᠷ ᠦᠯᠢᠭᠡᠷ  ᠤᠨ ᠡᠪᠦᠯ ᠡᠬᠢᠯᠡᠨ᠎ᠡ᠃ ᠬᠠᠪᠤᠷ  ᠤᠨ ᠬᠠᠪᠰᠠᠷᠭᠠᠨ᠂ ᠵᠤᠨ ᠤ ᠵᠤᠭ᠎ᠠ  ᠂ ᠨᠠᠮᠤᠷ  ᠤᠨ ᠬᠠᠳᠤᠯᠠᠩ ᠬᠡᠮᠡᠨ ᠪᠤᠵᠢᠭᠢᠨᠠᠭᠰᠠᠨ ᠬᠦᠮᠦᠰ ᠲᠤ ᠡᠪᠦᠯ ᠡ ᠭᠡᠳᠡᠭ ᠬᠠᠯᠠᠭᠤᠨ ᠬᠠᠨᠵᠤᠨ  ᠳᠤ ᠨᠢᠷᠤᠭᠤ ᠰᠢᠷᠠᠵᠦ᠂ ᠬᠤᠶᠠᠷ ᠯᠠᠩ  ᠢᠶᠠᠷ ᠬᠤᠳᠤᠭᠠᠳᠤ ᠬᠠᠯᠠᠰᠬᠠᠨ᠂ ᠬᠠᠭᠤᠴᠢ ᠦᠯᠢᠭᠡᠷ  ᠢᠶᠠᠷ ᠬᠤᠶᠠᠷ  ᠨᠠᠪᠴᠢ  ᠪᠠᠨ ᠪᠠᠶᠠᠰᠬᠠᠬᠤ ᠠᠷᠭ᠎ᠠ ᠦᠭᠡᠢ ᠵᠢᠷᠭᠠᠯᠲᠠᠢ ᠤᠯᠠᠷᠢᠯ  ᠤᠨ ᠨᠢᠭᠡ ᠪᠠᠶᠢᠵᠦ ᠲᠠᠭᠠᠷᠠᠨ᠎ᠠ᠃ ᠠᠪᠤ ᠮᠠᠨᠢ ᠬᠠᠭᠤᠴᠢ ᠬᠦᠭᠡᠷᠬᠦ ᠲᠤᠷᠠᠲᠠᠢ᠂ ᠲᠧᠯᠸᠢᠰ᠂ ᠭᠠᠷ ᠤᠲᠠᠰᠦ ᠭᠡᠬᠦᠴᠢᠯᠡᠨ ᠡᠨᠡ ᠲᠡᠷᠡ ᠰᠤᠨᠢᠨ ᠰᠠᠶᠢᠬᠠᠨ ᠶᠠᠭᠤᠮ᠎ᠠ ᠬᠤᠪᠤᠷ ᠲᠡᠷᠡ ᠦᠶ᠎ᠡ  ᠳᠤ ᠬᠠᠭᠤᠴᠢ ᠬᠦᠭᠡᠷᠬᠦ ᠨᠢ ᠡᠪᠦᠯ  ᠤᠨ ᠤᠷᠲᠤ ᠰᠦᠨᠢ  ᠶᠢ  ᠦᠩᠭᠡᠷᠡᠭᠡᠬᠦ ᠵᠤᠭ᠎ᠠ ᠴᠡᠩᠬᠡᠯ  ᠤᠨ ᠨᠢᠭᠡ ᠪᠤᠯᠤᠭᠠᠳ ᠲᠡᠷᠡ ᠪᠢᠵᠡ᠃ ᠦᠬᠡᠷ ᠮᠠᠯ  ᠢᠶᠠᠨ ᠬᠤᠲᠠᠯᠠᠭᠠᠳ᠂ ᠡᠪᠡᠰᠦ ᠲᠤᠭᠤᠰᠦ  ᠪᠠᠨ ᠬᠠᠶᠠᠵᠦ ᠦᠭᠴᠢᠬᠡᠪᠡᠯ᠂ ᠬᠠᠨᠵᠦ  ᠪᠠᠨ ᠰᠠᠶᠢᠨ ᠬᠠᠯᠠᠭᠤᠯᠵᠦ᠂ ᠰᠦ ᠲᠠᠢ ᠴᠠᠢ  ᠪᠠᠨ  ᠴᠢᠨᠠᠴᠢᠬᠠᠭᠠᠳ ᠬᠡᠶᠢᠴᠢᠨ ᠢᠷᠡᠬᠦ  ᠶᠢ ᠬᠦᠯᠢᠶᠡᠨ᠎ᠡ᠃ ᠣᠨ ᠴᠠᠭ  ᠤᠨ ᠰᠠᠯᠬᠢᠨ  ᠳᠤ ᠵᠢᠷᠤᠭᠤᠯᠵᠦ ᠮᠠᠩᠨᠠᠢ ᠳᠤᠨᠢ ᠠᠲᠤᠷᠢᠶ᠎ᠠ ᠰᠠᠭᠤᠭᠰᠠᠨ ᠬᠡᠳᠦᠨ ᠬᠦᠬᠡ ᠡᠪᠦᠭᠡᠳ ᠮᠠᠨ  ᠤ  ᠳᠤ ᠴᠤᠭᠯᠠᠷᠠᠵᠦ ᠵᠤᠭᠤᠭ ᠲᠡᠯᠭᠡᠨ᠎ᠡ᠃ ︽ ᠲᠡ᠊ — ᠷᠡ ᠵᠢᠯ  ᠤᠨ ᠬᠠᠪᠤᠷ ᠷᠠᠪᠵᠢ᠂ ᠴᠤᠭᠵᠢᠯ ᠮᠠᠨ  ᠤ  ᠬᠡᠳᠦᠭᠦᠯᠡ ᠡᠵᠢ  ᠶᠢᠨ ᠠᠶᠠᠨ  ᠳᠤ ᠶᠠᠪᠤᠭᠰᠠᠨ ᠲᠡᠷᠡ ᠤᠳᠠᠭ᠎ᠠ ᠤᠯᠵᠠ ᠤᠮᠤᠭ ᠰᠠᠶᠢᠲᠠᠢ ᠠᠶᠠᠨ ᠪᠤᠯᠤᠭᠰᠠᠨ ᠰᠢᠦ᠃ ᠰᠠᠮᠪᠠᠯ ᠮᠤᠳᠤᠴᠢᠨ  ᠤ ᠰᠢᠭᠠᠭᠰᠠᠨ ᠲᠦᠷᠪᠡᠨ ᠬᠤᠷᠤᠭᠤ ᠦᠷᠭᠡᠨ ᠬᠠᠶᠢᠯᠠᠰᠤᠨ ᠮᠦᠭᠡᠷ ᠲᠠᠢ ᠲᠡᠷᠭᠡᠨ  ᠳᠤ ᠮᠢᠩᠭᠠᠨ ᠵᠢᠩ ᠲᠠᠪᠤᠰᠤ ᠲᠡᠭᠡᠭᠡᠴᠢᠬᠡᠬᠦ  ᠳᠤ ᠠᠵᠢᠭ ᠴᠦ ᠦᠭᠡᠢ ᠶᠠᠪᠤᠭᠠᠳ ᠪᠠᠶᠢᠳᠠᠭ᠂ ᠦᠨᠦ  ᠶᠢᠨ ᠲᠡᠮᠦᠷ ᠬᠦᠷᠲᠦ ᠲᠠᠢ ᠲᠡᠷᠭᠡᠨ  ᠠᠴᠠ ᠲᠤᠲᠠᠭᠤ ᠦᠭᠡᠢ ᠲᠡᠭᠡᠭᠡᠵᠦ ᠪᠠᠶᠢᠯ᠎ᠠ ᠰᠢᠦ᠃ ᠲᠡᠷᠡ ᠦᠶ᠎ᠡ  ᠶᠢᠨ ᠦᠬᠡᠷ ᠴᠦ ᠭᠡᠵᠦ ᠵᠠᠭᠠᠨ ᠡ ᠵᠠᠭᠠᠨ ᠁︾  ᠭᠡᠵᠦ ᠠᠯᠢ ᠤᠵᠤᠭᠤᠷ  ᠤᠨ ᠵᠠᠯᠠᠭᠤ  ᠤᠨ ᠤᠴᠢᠷ  ᠤᠳ ᠨᠢ ᠤᠷᠢᠶᠠᠭᠰᠠᠨ ᠲᠠᠮᠠᠬᠢ  ᠶᠢᠨ ᠤᠳᠤᠭ᠎ᠠ ᠲᠠᠢ   ᠨᠢ ᠬᠠᠮᠲᠦ ᠦᠷᠦᠭᠡ ᠲᠦᠭᠦᠷᠡᠩ ᠮᠠᠨᠠᠷᠠᠨ᠎ᠠ᠃ ᠠᠷᠭ᠎ᠠ ᠦᠭᠡᠢ ᠡ᠂ ᠨᠠᠰᠦ  ᠪᠠᠷ   ᠢᠶᠠᠨ ᠠᠶᠠᠨ ᠵᠢᠩ  ᠬᠦᠭᠡᠭᠡᠵᠦ  ᠂ ᠬᠠᠯᠠᠭᠤᠨ  ᠳᠤ ᠬᠠᠯᠠᠵᠦ᠂ ᠬᠦᠢᠲᠡᠨ  ᠳᠤ ᠬᠦᠷᠦᠵᠦ ᠶᠠᠪᠤᠭᠰᠠᠨ ᠪᠤᠯᠤᠭᠠᠳ ᠲᠡᠷᠡ ᠦᠦ᠂ ᠡᠷ᠎ᠡ ᠬᠦᠮᠦᠨ  ᠤ ᠰᠢᠨᠳᠠᠰᠦ ᠵᠢᠭᠠᠭᠰᠠᠨ ᠡᠵᠢ  ᠶᠢᠨ ᠠᠶᠠᠨ  ᠤ ᠬᠦᠭ ᠲᠠᠢ ᠦᠯᠢᠭᠡᠷ ᠢᠶᠠᠨ ᠬᠡᠳᠦᠨ ᠡᠪᠦᠭᠡᠳ ᠶᠠᠷᠢᠬᠤ ᠲᠤᠷᠠᠲᠠᠢ᠂ ᠰᠠᠶᠢᠨ ᠡᠷ᠎ᠡ ᠪᠤᠯᠬᠤ  ᠶᠢᠨ ᠨᠢᠯᠬ᠎ᠠ ᠬᠦᠰᠡᠯᠡᠩ  ᠢᠶᠠᠷ ᠰᠡᠷᠪᠡᠯᠵᠡᠵᠦ ᠪᠠᠶᠢᠭᠰᠠᠨ ᠪᠢᠳᠡᠨ  ᠤ ᠬᠡᠳᠦᠨ ᠪᠤᠷᠦ ᠪᠠᠨᠳᠢ ᠴᠦ ᠰᠤᠨᠤᠰᠬᠤ ᠲᠤᠷᠠᠲᠠᠢ᠃      ᠬᠠᠪᠤᠷ ᠪᠤᠯᠵᠦ ᠬᠠᠭᠳᠠ ᠨᠤᠭᠤᠭᠠᠷᠠᠬᠤ ᠦᠶ᠎ᠡ  ᠪᠠᠷ ᠮᠠᠨ  ᠤ ᠨᠤᠲᠤᠭ  ᠤᠨ ᠬᠢᠨ ᠡᠵᠢ  ᠶᠢᠨ ᠠᠶᠠᠨ  ᠳᠤ ᠶᠠᠪᠤᠳᠠᠭ ᠭᠡᠨ᠎ᠡ ᠯᠠᠢ᠃  ᠦᠵᠦᠮᠦᠴᠢᠨ ᠨᠤᠲᠤᠭ  ᠤᠨ ᠡᠨᠡ ᠨᠠᠭᠤᠷ  ᠲᠤ ᠤᠤᠯ ᠨᠢ ᠲᠠᠪᠤᠰᠦ ᠭᠠᠷᠳᠠᠭ ᠦᠭᠡᠢ᠂ ᠱᠤᠩᠬᠤᠷ ᠨᠡᠷ᠎ᠡ ᠲᠠᠢ ᠬᠦᠮᠦᠨ  ᠤ ᠭᠠᠭᠴᠠ ᠬᠦᠦ ᠠᠶᠠᠨ ᠵᠢᠩ  ᠳᠤ ᠶᠠᠪᠤᠬᠤ  ᠳᠠᠭᠠᠨ ᠲᠡᠷᠡ ᠨᠠᠭᠤᠷ  ᠤᠨ ᠬᠠᠪᠢ  ᠳᠤ ᠮᠠᠭᠤ ᠬᠦᠮᠦᠨ  ᠳᠤ ᠬᠤᠤᠷᠯᠠᠭᠳᠠᠨ ᠦᠷ᠎ᠡ  ᠪᠠᠨ ᠡᠷᠢᠭᠰᠡᠨ ᠡᠬᠡ ᠨᠢ ᠬᠦᠬᠡ ᠴᠠᠮᠴᠠ  ᠶᠢ ᠨᠢ ᠤᠯᠤᠭᠰᠠᠨ ᠭᠡᠨ᠎ᠡ᠃ ᠲᠡᠭᠡᠭᠡᠳ ᠭᠠᠰᠢᠭᠤᠳᠠᠨ ᠤᠬᠢᠯᠠᠭᠰᠠᠨ ᠡᠬᠡ ᠨᠢ ᠨᠠᠭᠤᠷ  ᠲᠤ ᠬᠠᠷᠠᠶᠢᠨ ᠪᠡᠶ᠎ᠡ  ᠪᠠᠨ ᠬᠤᠤᠷᠯᠠᠵᠦ᠂ ᠤᠬᠢᠯᠠᠭᠰᠠᠨ ᠭᠠᠰᠢᠭᠤᠨ ᠨᠢᠯᠪᠤᠰᠤ ᠨᠢ ᠲᠠᠪᠤᠰᠤ ᠪᠤᠯᠤᠨ ᠲᠤᠭᠳᠠᠵᠦ᠂ ᠬᠦᠮᠦᠨ ᠠᠷᠠᠳ  ᠲᠠᠭᠠᠨ ᠲᠡᠵᠢᠭᠡᠯ ᠪᠤᠯᠤᠭᠰᠠᠨ  ᠠᠴᠠ ᠤᠨᠳᠤᠷᠠᠭᠠᠳ ᠪᠠᠷᠠᠰᠢ ᠦᠭᠡᠢ ᠤᠨᠳᠤᠷᠠᠭ᠎ᠠ ᠰᠠᠶᠢᠲᠠᠢ ᠪᠦᠭᠡᠳ ᠬᠡᠰᠢᠭ  ᠢ ᠨᠢ ᠬᠦᠷᠲᠡᠭᠰᠡᠨ ᠲᠦᠮᠡᠨ ᠨᠢ ︽ᠡᠵᠢ ᠨᠠᠭᠤᠷ︾ ᠭᠡᠵᠦ ᠬᠦᠨᠳᠦᠳᠬᠡᠨ ᠳᠠᠭᠤᠳᠠᠬᠤ ᠪᠤᠯᠤᠯ᠎ᠠ ᠭᠡᠳᠡᠭ  ᠭᠡᠵᠦ ᠡᠵᠢ ᠮᠢᠨᠢ  ᠦᠯᠢᠭᠡᠷ ᠪᠤᠯᠭᠠᠨ ᠶᠠᠷᠢᠵᠦ ᠦᠭᠳᠡᠭ᠃ ᠡᠵᠢ  ᠶᠢᠨ ᠠᠶᠠᠨ ᠭᠡᠵᠦ ᠰᠠᠷ᠎ᠠ᠂ ᠳᠦᠴᠢ ᠬᠤᠨᠤᠭ  ᠢᠶᠠᠷ  ᠶᠠᠪᠤᠳᠠᠭ ᠪᠦᠭᠡᠳ  ︽ᠬᠠᠯᠠ ᠦᠵᠡᠵᠦ᠂ ᠬᠠᠯᠠᠭᠤᠨ ᠴᠢᠯᠠᠭᠤ ᠲᠤᠯᠢᠶᠠᠬᠤ︾ ᠰᠠᠶᠢᠨ ᠡᠷ᠎ᠡ  ᠶᠢᠨ ᠠᠵᠦ ᠲᠤᠯᠠ ᠨᠤᠲᠤᠭ ᠨᠤᠭᠤ  ᠶᠢᠨ ᠪᠢᠷ᠎ᠡ ᠲᠠᠢ ᠰᠢᠨᠳᠠᠰᠦ ᠲᠠᠢ ᠡᠷᠡᠴᠦᠳ ᠬᠡᠳᠦᠨ ᠭᠠᠯ ᠠᠶᠠᠨ ᠪᠤᠯᠵᠦ ᠶᠠᠪᠤᠳᠠᠭ ᠭᠡᠨ᠎ᠡ᠃ ᠬᠠᠭᠠᠰ ᠰᠠᠷ᠎ᠠ  ᠶᠢᠨ ᠡᠮᠦᠨ᠎ᠡ  ᠠᠴᠠ ᠲᠡᠷᠭᠡ ᠬᠦᠰᠭᠡ  ᠂ ᠲᠡᠭᠡᠰᠦ ᠲᠦᠷᠦ᠂ ᠮᠠᠶᠢᠬᠠᠨ ᠲᠤᠪᠤ᠂ ᠮᠦᠬᠡᠷ ᠭᠡᠭᠡᠰᠦ᠂ ᠰᠦᠬᠡ ᠤᠭᠤᠯᠢ᠂ ᠢᠳᠡᠭᠡ ᠪᠤᠳᠠᠭ᠎ᠠ ᠭᠡᠬᠦᠴᠢᠯᠡᠨ  ᠬᠡᠷᠡᠭᠴᠡᠭᠡ ᠲᠠᠢ ᠵᠦᠢᠯ  ᠢᠶᠠᠨ ᠪᠡᠯᠡᠳᠬᠡᠳᠡᠭ ᠪᠦᠭᠡᠳ ᠬᠦᠮᠦᠨ ᠪᠦᠷᠢ ᠭᠤᠷᠪᠠ  ᠠᠴᠠ ᠲᠠᠪᠤᠨ ᠲᠡᠷᠬᠡ ᠬᠦᠲᠦᠯᠵᠦ᠂ ᠨᠢᠭᠡ ᠭᠠᠯ ᠠᠶᠠᠨ ᠭᠤᠴᠢ ᠲᠦᠴᠢᠨ ᠲᠡᠷᠭᠡ  ᠪᠠᠷ ᠪᠦᠷᠢᠯᠳᠦᠳᠡᠭ ᠭᠡᠨ᠎ᠡ᠃ ᠬᠠᠪᠤᠷ  ᠤᠨ ᠬᠦᠬᠡ ᠵᠡᠷᠭᠡᠯᠭᠡᠨ ᠬᠤᠷᠮᠤᠢ  ᠬᠤᠱᠢ   ᠲᠠᠢ ᠤᠷᠢᠶᠠᠴᠠᠯᠳᠤᠭᠰᠠᠨ ᠤᠨᠢᠶᠠᠷᠲᠦ ᠶᠡᠭᠡ ᠬᠦᠨᠳᠡᠢ  ᠶᠢ ᠵᠦᠰᠦᠨ ᠰᠦᠷᠲᠦ ᠶᠡᠭᠡ ᠲᠡᠦᠬᠡ  ᠶᠢᠨ ᠨᠡᠭᠦᠳᠡᠯ ᠮᠡᠲᠦ ᠡᠵᠢ  ᠶᠢᠨ ᠠᠶᠠᠨ ᠲᠡᠭᠡᠵᠦ ᠡᠬᠢᠯᠡᠨ᠎ᠡ᠃ ᠵᠠᠮ ᠵᠠᠭᠤᠷ᠎ᠠ ᠲᠡᠷᠭᠡ ᠬᠦᠰᠭᠡ   ᠰᠠᠭᠠᠲᠤᠯ ᠭᠠᠷᠪᠠᠯ ᠪᠡᠯᠡᠳᠬᠡᠵᠦ ᠢᠷᠡᠭᠰᠡᠨ ᠲᠤᠨᠤᠭ  ᠢᠶᠠᠷ ᠵᠠᠰᠠᠵᠦ ᠰᠡᠯᠪᠢᠬᠦ ᠪᠤᠶᠤ ᠮᠤᠲᠤ ᠲᠠᠢ ᠤᠰᠤ ᠲᠠᠢ ᠭᠠᠵᠠᠷ ᠲᠠᠭᠠᠷᠠᠪᠠᠯ ᠲᠡᠨᠳᠡ  ᠠᠴᠠ ᠨᠢ ᠮᠤᠲᠤ ᠠᠪᠴᠦ ᠴᠠᠢ ᠪᠤᠳᠠᠭᠠᠨ  ᠤ ᠬᠤᠭᠤᠷᠤᠨᠳᠦ᠂ ᠠᠮᠠᠷᠠᠵᠦ ᠠᠮᠤᠰᠬᠢᠬᠤ ᠵᠠᠪ  ᠢᠶᠠᠷ  ᠢᠶᠠᠨ ᠵᠠᠰᠠᠵᠦ ᠰᠡᠯᠪᠢᠴᠢᠬᠡᠳᠡᠭ ᠲᠤᠯᠠ ᠰᠠᠭᠠᠳᠤᠯ ᠲᠦᠪᠡᠭ ᠴᠦ ᠪᠤᠯᠳᠠᠭ ᠦᠭᠡᠢ᠂ ᠰᠢᠯᠤᠭᠤᠬᠠᠨ ᠶᠠᠪᠤᠭᠰᠠᠭᠠᠷ ᠡᠵᠢ  ᠳᠤ ᠬᠦᠷᠦᠨ᠎ᠡ᠃ ᠨᠤᠲᠤᠭ  ᠤᠨ ᠲᠤᠮᠤᠭᠠᠲᠠᠳ  ᠤᠨ ᠬᠡᠯᠡᠬᠦ  ᠪᠠᠷ ᠰᠠᠶᠢᠨ ᠮᠤᠵᠢᠩ  ᠤᠨ ᠰᠢᠭᠠᠭᠰᠠᠨ ᠲᠡᠷᠭᠡ ᠮᠢᠩᠭᠠᠨ ᠵᠢᠩ ᠠᠴᠢᠴᠢᠬᠠᠭᠠᠳ ᠠᠵᠢᠭ ᠴᠦ ᠦᠭᠡᠢ ᠨᠤᠲᠤᠭ ᠪᠤᠴᠠᠳᠠᠭ ᠭᠡᠨ᠎ᠡ ᠯᠠᠢ᠃ ᠦᠬᠡᠷ  ᠤᠨ ᠬᠦᠴᠦ᠂ ᠲᠡᠷᠭᠡᠨ  ᠤ ᠰᠠᠶᠢᠨ  ᠢᠶᠠᠷ ᠭᠠᠨᠵᠤᠭ᠎ᠠ ᠲᠦᠭᠦᠷᠡᠩ  ᠪᠤᠴᠠᠬᠤ ᠠᠶᠠᠨᠴᠢᠳ ᠬᠤᠶᠠᠷ ᠭᠤᠷᠪᠠᠨ ᠡᠳᠦᠷ ᠠᠶᠠᠯᠠᠪᠠᠯ ᠪᠡᠯᠴᠢᠬᠡᠷ ᠤᠰᠤ ᠰᠠᠶᠢᠨ ᠭᠠᠵᠠᠷ  ᠢ ᠰᠤᠩᠭᠤᠨ ᠦᠬᠡᠷ  ᠤᠨ ᠬᠦᠵᠦᠬᠦᠦ ᠠᠮᠠᠷᠠᠭᠠᠨ᠎ᠠ᠃ ᠮᠠᠯᠴᠢᠨ ᠤᠳᠤᠮ  ᠤᠨ ᠬᠢᠨ  ᠤ  ᠲᠤᠲᠤᠷ᠎ᠠ  ᠠᠴᠠ  ᠪᠠᠨ ᠭᠡᠷᠡᠯᠳᠦᠭᠰᠡᠨ ᠠᠷᠢᠭᠤᠨ ᠴᠢᠨᠠᠷ ᠲᠡᠷᠡ  ᠡ᠃ ᠡᠵᠢ   ᠳᠤ  ᠬᠦᠷᠬᠦ  ᠲᠡᠷᠡ ᠰᠢᠷ᠎ᠠ ᠵᠠᠮ  ᠢᠶᠠᠷ ᠬᠦᠬᠡ ᠨᠤᠭᠤᠭᠠᠨ  ᠤ ᠤᠨᠢᠶᠠᠷ ᠬᠦᠭᠯᠡᠷᠡᠭᠦᠯᠵᠦ᠂  ᠬᠡᠴᠢᠨᠡᠬᠡᠨ ᠴᠦ ᠠᠶᠠᠨᠴᠢᠨ᠂  ᠬᠡᠴᠢᠨᠡᠬᠡᠨ ᠴᠦ ᠦᠬᠡᠷ ᠤᠯᠠᠨ ᠵᠠᠭᠤᠨ  ᠤ ᠲᠤᠷᠰᠢ ᠨᠢᠭᠡ ᠯᠡ ᠬᠡᠪ  ᠤᠨ ᠲᠤᠷᠪᠢᠯᠢᠭ ᠠᠯᠬᠤᠭ᠎ᠠ   ᠪᠠᠷ ᠠᠯᠬᠤᠯᠠᠨ᠂ ᠲᠡᠦᠬᠡ  ᠶᠢᠨ ᠬᠦᠷᠲᠦ  ᠶᠢ ᠴᠢᠩᠭᠠᠭᠠᠨ ᠦᠨᠦᠳᠦᠷ ᠬᠦᠷᠪᠡ ᠳ᠋ᠠ᠃ ᠪᠢ ᠴᠦ ᠠᠷᠪᠠ ᠭᠠᠷᠲᠠᠯ᠎ᠠ  ᠪᠠᠨ ᠡᠵᠢ  ᠶᠢᠨ ᠬᠡᠰᠢᠭ ᠬᠡᠮᠡᠭᠳᠡᠭᠰᠡᠨ ᠴᠢᠯᠳᠡᠩ ᠬᠦᠬᠡ ᠰᠢᠳᠦ ᠲᠠᠪᠤᠰᠤ  ᠶᠢ ᠢᠳᠡᠵᠦ  ᠦᠰᠦᠭᠰᠡᠨ  ᠶᠤᠮ᠃ ᠦᠨᠡᠨ  ᠳᠡᠭᠡᠨ ᠲᠡᠷᠠ ᠮᠠᠨᠢ ᠡᠵᠢ  ᠶᠢᠨ ᠬᠡᠰᠢᠭ᠂ ᠡᠵᠢ  ᠶᠢᠨ ᠬᠡᠰᠢᠭ  ᠢ ᠵᠠᠯᠠᠵᠦ ᠠᠪᠴᠢᠷᠠᠭᠰᠠᠨ ᠦᠬᠡᠷ ᠲᠡᠷᠭᠡᠨ  ᠤ ᠠᠴᠢ ᠭᠠᠪᠢᠶ᠎ᠠ ᠪᠠᠶᠢᠭᠰᠠᠨ ᠰᠢᠦ  ᠃ ᠲᠡᠶᠢᠮᠦ ᠴᠦ ᠪᠤᠯᠤᠭᠠᠳ ᠲᠠᠷᠠ ᠦᠦ᠂ ᠨᠤᠲᠤᠭ  ᠤᠨ ᠮᠠᠨᠢ ᠬᠡᠳᠦᠨ ᠬᠦᠬᠡ ᠡᠪᠦᠭᠡᠳ ᠡᠷ᠎ᠡ  ᠶᠢᠨ ᠰᠢᠨᠳᠠᠰᠦ ᠰᠢᠯᠭᠠᠭᠰᠠᠨ ᠡᠵᠢ  ᠶᠢᠨ ᠠᠶᠠᠨ  ᠢᠶᠠᠨ ᠲᠤᠷᠠᠰᠬᠤ ᠲᠤᠷᠠᠲᠠᠢ᠂ ᠡᠵᠢ  ᠶᠢᠨ ᠠᠶᠠᠨ  ᠳᠤ ᠲᠦᠰᠢᠭ ᠪᠤᠯᠤᠭᠰᠠᠨ ᠦᠬᠡᠷ ᠲᠡᠷᠭᠡ  ᠪᠠᠨ ᠴᠦ ᠦᠭᠡᠶᠢᠯᠡᠬᠦ ᠲᠤᠷᠠᠲᠠᠢ᠃      ᠡᠭᠦᠨ  ᠢ ᠦᠯᠦ ᠦᠭᠦᠯᠡᠨ ᠤᠨ ᠴᠠᠭ  ᠤᠨ ᠲᠤᠭᠤᠴᠢᠨ ᠮᠢᠨᠤ ᠪᠠᠭ᠎ᠠ ᠨᠠᠰᠤᠨ  ᠤ ᠲᠡᠷᠡ ᠭᠡᠭᠡᠨ ᠲᠤᠷᠠᠳᠬᠠᠯ  ᠳᠤ ᠤᠴᠢᠰᠤ᠃ ᠵᠢᠯ ᠪᠦᠷᠢ  ᠶᠢᠨ ᠳᠠᠪᠤᠨ ᠰᠠᠷ᠎ᠠ  ᠶᠢᠨ ᠡᠬᠢ ᠪᠤᠯᠪᠠᠯ ᠮᠠᠨ  ᠤ ᠨᠤᠲᠤᠭ  ᠢᠶᠠᠷ ᠵᠣᠰᠠᠭᠠᠯ  ᠳᠤ ᠭᠠᠷᠤᠨ᠎ᠠ ᠭᠡᠳ ᠬᠦᠯ ᠬᠦᠭᠡᠷᠴᠦᠭ ᠪᠤᠯᠳᠠᠭ᠃ ᠵᠤᠰᠠᠭᠠᠯ  ᠳᠤ ᠬᠦᠷᠲᠡᠯ᠎ᠡ ᠭᠤᠷᠪᠠᠨ ᠵᠠᠭᠤ ᠰᠢᠬᠠᠮ ᠭᠠᠵᠠᠷ ᠪᠠᠶᠢᠳᠠᠭ ᠲᠤᠯᠠ ᠭᠤᠷᠪᠠ ᠲᠦᠷᠪᠡ ᠬᠤᠨᠤᠵᠦ ᠬᠦᠷᠦᠨ᠎ᠡ᠃ ᠭᠡᠷ ᠲᠡᠷᠭᠡ᠂ ᠪᠦᠷᠢᠶᠡᠰᠦ ᠲᠠᠲᠠᠯᠭ᠎ᠠ᠂  ᠡᠳ᠋ᠯᠡᠯ ᠬᠡᠷᠡᠭᠰᠡᠯ ᠭᠡᠳ ᠠᠮᠢᠳᠤᠷᠠᠯ  ᠤᠨ ᠪᠦᠬᠦ ᠵᠦᠢᠯ ᠬᠡᠷᠡᠭᠲᠡᠢ ᠲᠤᠯᠠ ᠨᠡᠭᠦᠵᠦ ᠪᠠᠭᠤᠬᠤ ᠡᠭᠦᠷᠭᠡ ᠨᠢ ᠪᠠᠰᠠ ᠯᠡ ᠬᠦᠭᠡᠷᠦᠬᠦᠢ ᠮᠠᠭᠤ ᠦᠬᠡᠷ ᠲᠡᠷᠭᠡᠨ  ᠳᠤ ᠤᠨᠤᠭᠳᠠᠨ᠎ᠠ᠃ ᠨᠢᠭᠡ ᠡᠷᠦᠬᠡ  ᠶᠢᠨ ᠬᠢᠨ ᠭᠤᠷᠪᠠ  ᠠᠴᠠ ᠲᠠᠪᠤᠨ ᠦᠬᠡᠷ ᠲᠡᠷᠭᠡ ᠬᠡᠷᠡᠭᠰᠡᠵᠦ ᠨᠡᠭᠦᠳᠡᠭ ᠲᠦᠯᠦᠪ ᠲᠠᠢ᠂ ᠨᠢᠭᠡ ᠲᠤᠨᠢ ᠭᠡᠷ ᠲᠡᠷᠭᠡ  ᠪᠠᠨ᠂ ᠨᠦᠭᠦᠭᠡ ᠳᠤᠨᠢ ᠢᠳᠡᠰᠢ ᠤᠤᠭᠤᠰᠢ ᠂ ᠲᠤᠭᠤᠭ᠎ᠠ ᠰᠢᠨᠠᠭ᠎ᠠ ᠭᠡᠳ᠂ ᠪᠠᠰᠠ ᠨᠢᠭᠡ ᠨᠢ  ᠠᠮᠠᠷᠠᠵᠦ ᠠᠮᠤᠰᠬᠢᠬᠤ᠂ ᠮᠠᠨᠠᠭᠠᠨ  ᠳᠤ ᠭᠠᠷᠬᠤ  ᠳᠤ ᠵᠤᠷᠢᠭᠤᠯᠤᠯᠲᠠ ᠲᠠᠢ ᠮᠤᠬᠤᠯᠠᠭ ᠲᠡᠷᠭᠡ ᠪᠠᠶᠢᠳᠠᠭ᠃ ᠤᠤᠯ ᠨᠢ ᠲᠡᠪᠡᠷᠢ ᠪᠠᠭᠲᠠᠬᠤ ᠦᠭᠡᠢ  ᠴᠠᠭᠠᠨ ᠬᠤᠰᠤ ᠮᠤᠲᠤ  ᠶᠢ ᠰᠤᠩᠭᠤᠨ ᠠᠯᠳᠠ ᠢᠯᠡᠭᠦᠦ ᠵᠠᠢ ᠲᠠᠯᠪᠢᠨ  ᠣᠶᠢᠰᠤ ᠶᠢ ᠨᠢ ᠲᠡᠭᠡᠭᠦᠷ ᠨᠢ ᠨᠢᠭᠡ ᠲᠤᠭᠤᠶᠢᠯᠠᠵᠦ  ᠵᠦᠰᠦᠭᠡᠳ᠂ ᠲᠤᠤᠭᠤᠷ ᠨᠢ ᠪᠠᠰᠠ ᠨᠢᠭᠡ ᠲᠤᠭᠤᠶᠢᠯᠠᠵᠦ  ᠵᠦᠰᠦᠭᠡᠳ᠂ ᠬᠤᠶᠠᠷ ᠵᠦᠰᠦᠭᠡᠰᠦ  ᠪᠠᠨ ᠬᠤᠯᠪᠤᠵᠦ ᠵᠦᠰᠦᠭᠡᠳ ᠱᠠᠭᠠᠯᠠᠵᠦ  ᠠᠪᠴᠢᠬᠠᠭᠠᠳ ᠨᠠᠷᠠᠨ  ᠳᠤ ᠬᠤᠶᠠᠷ ᠡᠳᠦᠷ ᠬᠠᠲᠠᠭᠠᠪᠠᠯ ᠮᠤᠬᠤᠯᠠᠭ  ᠤᠨ ᠬᠡᠯᠪᠡᠷᠢᠲᠠᠢ ᠮᠦᠬᠡᠷᠦᠦ ᠬᠠᠲᠠᠴᠢᠬᠠᠳᠠᠭ ᠪᠦᠭᠡᠳ ᠪᠤᠷᠤᠭᠠᠨ ᠭᠤᠭᠤᠵᠢᠬᠤ ᠦᠭᠡᠢ ᠲᠤᠯᠠ ᠲᠡᠷᠭᠡᠨ  ᠤ ᠮᠤᠬᠤᠯᠠᠭ ᠬᠢᠵᠦ ᠪᠠᠶᠢᠯ᠎ᠠ ᠭᠡᠳᠡᠭ᠃  ᠦᠨᠦ  ᠶᠢᠨ ᠰᠢᠭ ᠰᠦᠯᠢᠶᠦᠦ ᠡᠨᠡ ᠲᠡᠷᠡ ᠭᠡᠬᠦᠴᠢᠯᠡᠨ ᠤᠰᠤ ᠪᠤᠷᠤᠭᠠᠨ ᠬᠠᠯᠬᠠᠯᠠᠬᠤ ᠮᠠᠲ᠋ᠧᠷᠢᠶᠠᠯ ᠦᠭᠡᠢ ᠨᠦᠬᠦᠴᠡᠯ  ᠳᠤ ᠪᠠᠶᠢᠭᠠᠯᠢ ᠠᠴᠠ ᠠᠪᠤᠭᠰᠠᠨ ᠬᠡᠰᠢᠭ ᠨᠢ ᠲᠡᠷᠡ  ᠃       ᠨᠡᠭᠡᠷᠡᠨ ᠨᠡᠭᠦᠳᠡᠯᠴᠢᠨ ᠮᠤᠩᠭᠤᠯᠴᠤᠳ  ᠤᠨ ᠠᠮᠢᠳᠤᠷᠠᠯ  ᠤᠨ ᠶᠡᠬᠡᠩᠬᠢ ᠬᠡᠷᠡᠭᠰᠡᠯ ᠪᠦᠷ ᠪᠠᠶᠢᠭᠠᠯᠢ  ᠶᠢᠨ ᠪᠡᠯᠡᠨ ᠮᠠᠲ᠋ᠧᠷᠢᠶᠠᠯ  ᠢ ᠠᠰᠢᠭᠯᠠᠭᠰᠠᠨ ᠪᠦᠭᠡᠳ ᠶᠡᠭᠡ ᠡᠷᠲᠡᠨ  ᠤ ᠲᠡᠦᠬᠡ  ᠶᠢᠨ ᠤᠯᠪᠠᠭ᠎ᠠ ᠲᠠᠢ ᠶᠤᠮ ᠪᠠᠶᠢᠨ᠎ᠠ᠃ ᠭᠠᠭᠴᠠ ᠦᠬᠡᠷ ᠲᠡᠷᠭᠡ  ᠪᠠᠷ ᠵᠢᠱᠢᠶᠡᠯᠡᠬᠦ  ᠳᠤ ᠮᠤᠨᠢ ᠠᠭᠤᠯᠠ  ᠶᠢᠨ ᠬᠠᠲᠠᠨ ᠵᠢᠷᠤᠭ᠂ ᠪᠤᠳᠠᠷ  ᠤᠨ ᠬᠠᠳᠠᠨ ᠵᠢᠷᠤᠭ ᠵᠡᠷᠭᠡ ᠮᠤᠩᠭᠤᠯ  ᠤᠨ ᠠᠭᠤᠳᠠᠮ ᠨᠤᠲᠤᠭ  ᠲᠤ ᠲᠠᠷᠬᠠᠨ ᠪᠠᠶᠢᠷᠢᠰᠢᠭᠰᠠᠨ ᠬᠠᠳᠠᠨ ᠵᠢᠷᠤᠭ  ᠲᠤ ᠪᠦᠷ ᠲᠡᠷᠭᠡᠨ  ᠤ ᠲᠤᠬᠠᠢ ᠵᠢᠷᠤᠭ ᠪᠠᠶᠢᠳᠠᠭ ᠨᠢ ᠬᠡᠳᠦᠨ ᠲᠦᠮᠡᠨ ᠵᠢᠯ ᠤᠨ ᠡᠮᠦᠨ᠎ᠡ ᠨᠡᠭᠦᠳᠡᠯᠴᠢᠨ ᠠᠶᠢᠮᠠᠭ ᠤᠨ ᠬᠢᠨ ︽ᠬᠦᠷᠲᠦ︾  ᠶᠢᠨ ᠤᠭ ᠶᠤᠰᠤ  ᠶᠢ ᠢᠯᠡᠷᠡᠭᠦᠯᠵᠦ᠂ ᠲᠡᠷᠭᠡ  ᠶᠢ ᠡᠭᠦᠳᠦᠨ ᠠᠮᠢᠳᠤᠷᠠᠯ ᠳᠠᠭᠠᠨ ᠠᠰᠢᠭᠯᠠᠵᠦ ᠪᠠᠶᠢᠭᠰᠠᠨ  ᠢ ᠬᠠᠷᠠᠭᠤᠯᠵᠦ ᠪᠠᠶᠢᠨ᠎ᠠ᠃ ᠡᠷᠳᠡᠮᠲᠡᠳ  ᠤᠨ ᠰᠤᠳᠤᠯᠭᠠᠨ  ᠢ ᠦᠨᠳᠦᠰᠦᠯᠡᠪᠡᠯ  ᠲᠡᠷᠭᠡ  ᠶᠢᠨ ᠬᠦᠭᠵᠢᠯᠲᠡ  ᠶᠢᠨ ᠠᠩᠬᠠᠨ  ᠤ ᠱᠠᠳᠤᠨ  ᠳᠤ ᠬᠦᠷᠲᠦ  ᠪᠤᠢ ᠪᠤᠯᠵᠦ᠂ ᠬᠦᠷᠲᠦ ᠨᠢ ᠲᠡᠩᠭᠡᠯᠢᠭ ᠲᠠᠢ  ᠪᠠᠨ ᠬᠠᠮᠲᠦ ᠡᠷᠭᠢᠯᠳᠦᠳᠡᠭ ᠪᠠᠶᠢᠭᠰᠠᠨ᠂ ᠬᠦᠷᠲᠦ ᠨᠢ ᠪᠤᠯᠤ ᠦᠭᠡᠢ᠂ ᠮᠦᠭᠡᠷ ᠦᠭᠡᠢ᠂ ᠬᠡᠭᠡᠰᠦ ᠦᠭᠡᠢ ᠴᠤᠯ ᠮᠤᠳᠤᠨ ᠬᠦᠷᠲᠦ ᠪᠠᠶᠢᠵᠠᠢ᠃ ᠬᠤᠶᠠᠳᠤᠭᠠᠷ ᠱᠠᠲᠤᠨ  ᠳᠤ ᠪᠤᠯᠤ  ᠶᠢ ᠡᠭᠦᠳᠴᠦ᠂ ᠪᠤᠯᠤ ᠨᠢ ᠲᠡᠩᠭᠡᠯᠢᠭ  ᠢᠶᠠᠷ  ᠢᠶᠠᠨ ᠡᠷᠭᠢᠯᠳᠦᠬᠦ ᠬᠡᠮᠵᠢᠶᠡᠨ  ᠳᠤ ᠬᠦᠷᠦᠭᠰᠡᠨ ᠪᠠᠶᠢᠨ᠎ᠠ᠃ ᠬᠤᠱᠢ ᠮᠤᠷᠢ ᠬᠦᠯᠳᠡᠭ ᠭᠠᠭᠴᠠ ᠠᠷᠠᠯ ᠲᠠᠢ ᠲᠡᠷᠭᠡ᠂ ᠬᠤᠷᠢᠨ ᠬᠤᠶᠠᠷ ᠦᠬᠡᠷ ᠬᠦᠯᠳᠡᠭ ᠲᠦᠷᠪᠡᠨ ᠬᠦᠷᠲᠦ ᠲᠠᠢ ᠭᠡᠷ ᠲᠡᠷᠭᠡ ᠨᠢ ᠡᠨᠡ ᠦᠶ᠎ᠡ  ᠶᠢᠨ ᠪᠦᠲᠦᠭᠡᠭᠳᠡᠭᠦᠨ ᠶᠤᠮ ᠪᠠᠶᠢᠨ᠎ᠠ᠃  ᠲᠡᠷᠭᠡᠨ  ᠤ ᠬᠦᠭᠵᠢᠯᠲᠠ  ᠶᠢᠨ ᠭᠤᠷᠪᠠᠳᠤᠭᠠᠷ ᠱᠠᠲᠤᠨ  ᠳᠤ ᠮᠦᠭᠡᠷ ᠡᠭᠦᠰᠴᠦ᠂ ᠮᠦᠭᠡᠷ ᠪᠤᠯᠤᠨ ᠪᠤᠯᠤ  ᠶᠢ ᠬᠤᠯᠪᠤᠭᠰᠠᠨ ᠬᠡᠭᠡᠰᠦ  ᠶᠢ ᠡᠭᠦᠳᠴᠦ᠂ ᠲᠡᠷᠭᠡ ᠤᠯᠠᠮ ᠬᠦᠩᠭᠡᠨ ᠠᠪᠰᠠᠷ ᠪᠤᠯᠵᠠᠢ᠃ ᠪᠤᠯᠤ᠂ ᠮᠦᠭᠡᠷ᠂ ᠭᠡᠭᠡᠰᠦ᠂ ᠴᠦᠩ᠂ ᠴᠦ᠋ ᠵᠡᠷᠭᠡ  ᠶᠢᠨ ᠡᠭᠦᠳᠦᠯᠲᠡ ᠨᠢ ᠤᠳᠤ  ᠦᠶ᠎ᠡ  ᠶᠢᠨ  ᠠᠦ᠋ᠲ᠋ᠣ᠋ ᠬᠦᠩᠭᠡᠨ ᠮᠠᠰᠢᠨ  ᠤ ᠪᠦᠲᠦᠴᠡ  ᠶᠢᠨ ᠡᠬᠢ ᠡᠭᠦᠰᠦᠯ  ᠤᠨ ᠨᠢᠭᠡ ᠪᠤᠯᠤᠭᠰᠠᠨ ᠪᠠᠶᠢᠨ᠎ᠠ᠃ ᠪᠠᠭ᠋ᠠᠷᠬᠠᠭᠤᠰᠢᠲᠠᠢ ᠨᠢ ᠨᠡᠭᠦᠳᠡᠯᠴᠢᠨ ᠲᠡᠭᠡᠳᠦᠰ ᠮᠠᠨᠢ  ᠬᠦᠷᠲᠦ᠂ ᠪᠤᠯᠤ᠂ ᠲᠡᠩᠭᠡᠯᠢᠭ᠂ ᠭᠡᠭᠡᠰᠦ  ᠶᠢᠨ ᠤᠭ ᠶᠤᠰᠤ  ᠶᠢ ᠠᠯᠢ ᠡᠷᠲᠡ  ᠠᠴᠠ ᠲᠠᠨᠢᠵᠦ ᠲᠡᠷᠭᠡ  ᠶᠢ ᠡᠭᠦᠳᠦᠨ ᠠᠳᠠᠯ ᠠᠮᠢᠳᠤᠷᠠᠯ  ᠳᠠᠭᠠᠨ ᠠᠰᠢᠭᠯᠠᠭᠰᠠᠨ ᠲᠡᠳᠦᠢ ᠦᠭᠡᠢ ᠬᠦᠮᠦᠨ ᠲᠦᠷᠦᠯᠬᠢᠲᠡᠨ  ᠤ ᠰᠢᠨᠵᠢᠯᠡᠬᠦ ᠤᠬᠠᠭᠠᠨ  ᠤ ᠬᠦᠭᠵᠢᠯᠲᠡ  ᠳᠤ ᠬᠤᠪᠢ ᠨᠡᠮᠡᠭᠦᠷᠢ ᠦᠵᠡᠭᠦᠯᠦᠭᠰᠡᠨ ᠪᠠᠶᠢᠨ᠎ᠠ᠃         ᠦᠬᠡᠷ ᠲᠡᠷᠭᠡ ᠭᠡᠳᠡᠭ ᠦᠨᠡᠬᠡᠷ ᠮᠡᠳᠡᠬᠦ ᠦᠭᠡᠢ ᠬᠦᠮᠦᠨ  ᠳᠤ ᠪᠦᠲᠦᠭᠦᠯᠢᠭ᠂ ᠲᠦᠭᠦᠮ ᠬᠢᠴᠢᠲᠠᠢ ᠵᠦᠢᠯ  ᠪᠠᠶᠢᠭᠰᠠᠨ ᠴᠦ ᠨᠠᠷᠢᠨ ᠠᠵᠢᠵᠦ ᠰᠤᠷᠠᠪᠠᠯ ᠶᠡᠭᠡ ᠤᠷᠠᠨ ᠨᠠᠷᠢᠨ ᠪᠦᠲᠦᠴᠡ ᠲᠠᠢ᠂ ᠰᠢᠨᠵᠢᠯᠡᠬᠦ ᠤᠬᠠᠭᠠᠨ  ᠤ ᠵᠢᠮ᠎ᠠ ᠶᠤᠰᠤ ᠲᠠᠢ ᠵᠦᠢ ᠪᠠᠶᠢᠳᠠᠭ ᠪᠠᠶᠢᠨ᠎ᠠ  ᠃  ᠦᠬᠡᠷ ᠲᠡᠷᠭᠡ  ᠶᠢ ᠮᠤᠩᠭᠤᠯ ᠨᠤᠲᠤᠭ  ᠤᠨ ᠤᠯᠠᠨ ᠭᠠᠵᠠᠷ ᠬᠠᠩᠭᠠᠢ ᠲᠡᠷᠭᠡ᠂ ᠭᠤᠭᠤᠵᠢᠭᠤᠷ ᠲᠡᠷᠭᠡ᠂ ᠦᠬᠡᠷ ᠲᠡᠷᠭᠡ᠂ ᠮᠤᠲᠤᠨ ᠲᠡᠷᠭᠡ᠂ ᠦᠬᠡᠷ ᠬᠠᠰᠠᠭ  ᠭᠡᠬᠦᠴᠢᠯᠡᠨ ᠢᠯᠭᠠᠨ ᠰᠠᠯᠭᠠᠵᠦ ᠨᠡᠷᠡᠯᠡᠵᠦ ᠪᠠᠶᠢᠭᠰᠠᠨ ᠴᠦ ᠦᠨᠳᠦᠰᠦᠨ ᠪᠦᠲᠦᠴᠡ  ᠶᠢᠨ ᠬᠤᠪᠢ  ᠳᠤ ᠪᠠᠷᠤᠭ ᠠᠳᠠᠯᠢ ᠪᠠᠶᠢᠵᠦ᠂ ᠠᠷᠠᠯ  ᠤᠨ ᠬᠡᠰᠡᠭ᠂ ᠬᠦᠷᠳᠤᠨ  ᠤ ᠬᠡᠰᠡᠭ  ᠢᠶᠠᠷ ᠪᠦᠷᠢᠯᠳᠦᠳᠡᠭ᠃ ᠮᠠᠨ  ᠤ ᠨᠤᠲᠤᠭ  ᠤᠨ ᠮᠤᠲᠤᠨ ᠲᠡᠷᠭᠡ ᠨᠢ ᠠᠷᠠᠯ  ᠤᠨ ᠬᠡᠰᠡᠭ   ᠨᠢ ᠠᠷᠠᠯ᠂ ᠢᠯᠠᠤ᠂ ᠶᠠᠱᠢᠩ᠂ ᠪᠤᠭᠤᠯᠠᠭ᠎ᠠ᠂ ᠪᠤᠭᠤᠷᠭᠢᠯᠵᠢ᠂ ᠪᠤᠢ᠂ ᠵᠦᠯᠡᠭᠡ᠂ ᠴᠦ᠋᠂ ᠠᠳᠠᠭᠠᠷ᠂ ᠲᠠᠭ ᠵᠡᠷᠭᠡ  ᠢᠶᠠᠷ ᠪᠦᠷᠢᠯᠳᠦᠨ᠂ ᠬᠦᠷᠲᠦ  ᠶᠢᠨ ᠬᠡᠰᠡᠭ   ᠨᠢ  ᠂ ᠪᠤᠯᠤ᠂ ᠮᠦᠭᠡᠷ᠂ ᠭᠡᠬᠡᠰᠦ᠂ ᠰᠢᠭᠠᠨᠲᠠᠭ᠂ ᠲᠡᠩᠭᠡᠯᠢᠭ᠂ ᠡᠮᠡᠭᠡᠯ᠂ ᠬᠤᠯᠪᠤᠭᠤᠷ᠂ ᠴᠦ᠋ ᠵᠡᠷᠭᠡ  ᠠᠴᠠ ᠪᠦᠷᠢᠯᠳᠦᠳᠡᠭ᠃ ᠮᠦᠭᠡᠷ  ᠤᠨ ᠨᠦᠭᠡ  ᠴᠣᠭᠤᠯᠬᠤ  ᠪᠠᠷ ᠵᠢᠱᠢᠶᠡᠯᠡᠬᠦ  ᠳᠤ ᠨᠦᠬᠡ  ᠴᠣᠭᠤᠯᠬᠤ᠂ ᠠᠮᠠ ᠰᠡᠭᠡᠷ ᠵᠣᠯᠭᠠᠭᠤᠯᠬᠤ ᠭᠡᠳ ᠤᠷᠠᠨ ᠨᠠᠷᠢᠨ ᠠᠵᠤ ᠪᠤᠢ᠃ ᠲᠡᠭᠡᠬᠦ  ᠪᠠᠷ ︽ᠮᠡᠳᠡᠨ᠎ᠡ ᠮᠡᠳᠡᠨ᠎ᠡ ᠭᠡᠳ ᠮᠦᠭᠡᠷ  ᠤᠨ ᠨᠦᠬᠡ  ᠶᠢ ᠲᠦᠷᠪᠡ  ᠴᠣᠭᠤᠯᠬᠤ︾᠂ ︽ᠠᠮᠠ ᠰᠡᠭᠡᠷ  ᠢ ᠨᠢ ᠵᠤᠯᠭᠠᠭᠤᠯᠬᠤ︾ ᠮᠡᠳᠦ  ᠶᠢᠨ ᠠᠷᠠᠳ  ᠤᠨ ᠰᠡᠴᠡᠨ ᠦᠭᠡ ᠪᠤᠢ ᠪᠣᠯᠣᠭᠰᠠᠨ ᠪᠢᠵᠡ᠃ ᠮᠤᠩᠭᠤᠯᠴᠤᠳ ᠮᠠᠨᠢ ᠡᠬᠡ ᠪᠠᠶᠢᠭᠠᠯᠢ  ᠠᠴᠠ  ᠪᠠᠨ ᠮᠠᠲ᠋ᠧᠷᠢᠶᠠᠯ ᠠᠪᠴᠦ ᠮᠤᠲᠤᠨ ᠲᠡᠷᠭᠡ ᠬᠢᠬᠦ  ᠳᠤ ᠬᠦᠷᠲᠡᠯ᠎ᠡ ᠰᠢᠭᠤᠢ ᠮᠤᠲᠤ  ᠪᠠᠨ ᠬᠠᠶᠢᠷᠠᠯᠠᠨ ᠭᠠᠮᠨᠠᠬᠤ ᠤᠬᠠᠮᠰᠠᠷ ᠲᠠᠢ ᠪᠠᠶᠢᠵᠦ᠂  ᠮᠤᠲᠤ ᠤᠨᠠᠭᠠᠬᠤ ᠳᠠᠭᠠᠨ ᠨᠠᠷᠢᠨ ᠰᠢᠨᠵᠢᠵᠦ ᠤᠯᠠᠨ ᠬᠡᠷᠡᠭᠴᠡᠭᠡ  ᠲᠠᠢ ᠮᠤᠳᠤ  ᠶᠢ ᠰᠢᠯᠢᠵᠦ ᠠᠪᠳᠠᠭ᠃ ᠠᠷᠠᠯ ᠬᠢᠭᠡᠳ ᠦᠯᠡᠳᠡᠭᠰᠡᠨ ᠬᠡᠰᠡᠭ  ᠢᠶᠠᠷ ᠨᠢ ᠢᠯᠠᠤ ᠬᠢᠬᠦ᠂ ᠪᠦᠭᠲᠦᠷ ᠬᠡᠰᠡᠭ  ᠢᠶᠠᠷ ᠨᠢ ᠡᠮᠡᠭᠡᠯ ᠬᠢᠬᠦ᠂ ᠦᠯᠡᠳᠡᠵᠦ ᠲᠤᠰᠤᠭᠰᠠᠨ  ᠢᠶᠠᠷ ᠨᠢ ᠭᠡᠭᠡᠰᠦ ᠬᠢᠬᠦ ᠭᠡᠬᠦᠴᠢᠯᠡᠨ ᠨᠠᠷᠢᠨ ᠨᠢᠮᠪᠠᠢ ᠲᠦᠯᠦᠪᠯᠡᠵᠦ ᠤᠭᠲᠤᠯᠳᠠᠭ᠃ ᠰᠢᠭᠤᠢ ᠮᠤᠲᠤ ᠡᠯᠪᠡᠭ ᠡᠷᠲᠡ ᠴᠠᠭ  ᠲᠤ ᠨᠢᠭᠡ ᠬᠤᠶᠠᠷ ᠮᠤᠲᠤ ᠢᠯᠡᠬᠦᠦ  ᠣᠭᠲᠣᠯᠬᠤ ᠨᠢ ᠲᠡᠳᠦᠢ ᠯᠡ ᠶᠡᠭᠡ ᠶᠠᠪᠤᠳᠠᠯ ᠪᠢᠰᠢ ᠴᠦ ᠬᠦᠮᠦᠨ ᠪᠠᠶᠢᠭᠠᠯᠢ  ᠶᠢᠨ ᠬᠠᠷᠢᠴᠠᠭ᠎ᠠ  ᠶᠢ ᠡᠷᠬᠢᠮᠨᠠᠨ ᠰᠢᠳᠦᠲᠡᠭ ᠮᠤᠩᠭᠤᠯᠴᠤᠳ ᠡᠬᠡ ᠪᠠᠶᠢᠭᠠᠯᠢ  ᠪᠠᠨ ᠬᠠᠶᠢᠷᠠᠯᠠᠨ ᠬᠠᠮᠠᠭᠠᠯᠠᠬᠤ  ᠶᠢ ᠮᠡᠳᠡᠵᠦ᠂ ᠬᠡᠷᠡᠭᠴᠡᠭᠡᠨ  ᠤ  ᠪᠠᠨ ᠬᠢᠷᠢ  ᠪᠠᠷ ᠠᠪᠴᠦ᠂ ᠠᠪᠤᠭᠰᠠᠨ  ᠠᠴᠠ  ᠪᠠᠨ ᠢᠯᠡᠭᠦᠲᠡᠢ ᠪᠤᠴᠠᠭᠠᠳᠠᠭ ᠨᠢ ᠦᠨᠡᠬᠡᠷ ᠭᠠᠶᠢᠬᠠᠮᠰᠢᠭ ᠶᠤᠮ ᠳ᠋ᠠ᠃                        ᠰᠢᠪᠠᠭᠤᠳ  ᠤᠨ ᠴᠤᠪᠤᠭ᠎ᠠ ᠵᠡᠯᠡᠯᠡᠭᠰᠡᠨ ᠬᠦᠬᠡ ᠲᠡᠭᠷᠢ  ᠶᠢᠨ ᠲᠤᠤᠷ᠎ᠠ                      ᠬᠠᠯᠠᠭᠤᠨ ᠨᠠᠮᠤᠷ  ᠤᠨ ᠬᠤᠩᠭᠤᠷ ᠰᠠᠯᠬᠢ ᠰᠡᠳᠬᠢᠯ  ᠭᠡᠭᠢᠯᠵᠡᠭᠦᠯᠦᠭᠰᠡᠨ᠂ ᠬᠦᠯᠦᠭ ᠡᠵᠡᠨ ᠬᠤᠶᠠᠷ ᠨᠤᠲᠤᠭ  ᠢᠶᠠᠨ ᠦᠭᠡᠶᠢᠯᠡᠬᠦ ᠨᠠᠮᠤᠷ ᠡ ᠭᠡᠳᠡᠭ ᠠᠷᠭ᠎ᠠ ᠦᠭᠡᠢ  ᠯᠡ ᠦᠭᠡᠶᠢᠯᠡᠨ ᠬᠦᠯᠢᠶᠡᠬᠦ ᠠᠳᠠᠯ᠎ᠠ ᠦᠷᠦ ᠵᠢᠷᠦᠭᠡ ᠤᠶᠠᠷᠠᠭᠤᠯᠤᠭᠰᠠᠨ ᠤᠯᠠᠷᠢᠯ ᠶᠤᠮ ᠳ᠋ᠠ᠃ ᠪᠤᠴᠠᠬᠤ ᠭᠠᠯᠠᠭᠤᠳ  ᠤᠨ ᠢᠶᠠᠨ ᠴᠤᠪᠤᠭ᠎ᠠ ᠰᠢᠭ᠋ ᠵᠡᠯᠡᠯᠡᠭᠰᠡᠨ ᠠᠩᠭᠢᠷ ᠰᠢᠷᠭᠠᠯ ᠡᠳᠦᠷ  ᠤᠳ ᠠᠷᠤ ᠠᠷᠤ  ᠠᠴᠠ  ᠪᠠᠨ ᠴᠦᠷᠬᠡᠯᠡᠬᠦ  ᠳᠤ᠂  ᠠᠯᠲᠠᠨ ᠰᠢᠷᠭᠠᠯ ᠨᠠᠮᠤᠷ ᠬᠠᠶᠠᠭᠠᠨ  ᠳᠤ ᠴᠢᠨᠢ ᠰᠠᠭᠠᠲᠠᠵᠦ ᠳ᠋ᠠ ᠭᠡᠵᠦ ᠨᠠᠷᠠ ᠰᠠᠯᠬᠢ ᠬᠤᠶᠠᠷ ᠰᠡᠳᠬᠢᠯ  ᠳᠤ ᠮᠢᠨᠢ ᠰᠢᠪᠡᠨᠡᠨᠡᠮ᠃ ᠠᠢ ᠳ᠋ᠠ᠂ ᠨᠠᠮᠤᠷ ᠡ ᠴᠢ᠂ ᠪᠠᠯᠴᠢᠷ ᠪᠠᠭ᠎ᠠ  ᠶᠢᠨ ᠮᠢᠨᠢ ᠤᠶᠤᠨ  ᠳᠤ ᠰᠠᠶᠢᠬᠠᠨ ᠪᠦᠬᠦᠨ  ᠢᠶᠠᠷ  ᠢᠶᠠᠨ ᠦᠪᠡᠷ  ᠢ  ᠪᠠᠨ ᠰᠡᠶᠢᠯᠵᠦ ᠦᠯᠡᠳᠡᠭᠡᠵᠡᠢ ᠃ ᠠᠶᠢᠷᠠᠭ ᠨᠠᠶᠢᠷᠠᠭ  ᠢᠶᠠᠷ ᠴᠠᠯᠬᠢᠭᠰᠠᠨ ᠠᠯᠲᠠᠨ ᠨᠠᠮᠤᠷ  ᠤᠨ ᠲᠤᠬᠠᠢ ᠲᠤᠷᠠᠰᠬᠤ  ᠳᠤ ᠠᠴᠢᠲᠦ ᠠᠪᠤ  ᠮᠢᠨᠢ ᠦᠭᠡᠷ ᠲᠡᠷᠭᠡ ᠲᠠᠢ  ᠪᠠᠨ ᠰᠡᠳᠬᠢᠯ  ᠳᠤ ᠬᠠᠮᠤᠭ  ᠤᠨ ᠰᠤᠳᠤᠬᠠᠨ ᠲᠦᠷᠢ ᠵᠢᠷᠤᠭ ᠪᠤᠯᠵᠦ ᠪᠠᠭᠤᠨ᠎ᠠ᠃ ᠤᠶᠠᠩᠭ᠎ᠠ  ᠶᠢᠨ ᠰᠠᠶᠢᠬᠠᠨ ᠳᠠᠭᠤᠨ  ᠤ  ᠨᠤᠭᠤᠯᠤᠭ᠎ᠠ ᠰᠢᠭ᠋ ᠮᠡᠯᠮᠡᠷᠡᠭᠰᠡᠨ ᠤᠷᠲᠤ ᠨᠠᠮᠤᠷ  ᠤᠨ ᠭᠤᠤᠯ  ᠢ ᠠᠪᠳᠠᠭ  ᠬᠠᠳᠤᠯᠠᠩ ᠡᠪᠡᠰᠦᠨ  ᠤ ᠠᠵᠢᠯ ᠭᠡᠵᠦ  ᠪᠤᠷᠬᠢ  ᠪᠤᠬᠢᠰᠬᠢᠯ ᠦᠭᠡᠢ ᠵᠢᠳᠬᠦᠳᠡᠭ ᠠᠪᠤ᠂ ᠦᠬᠡᠷ ᠲᠡᠷᠭᠡ ᠬᠤᠶᠠᠷ  ᠮᠠᠨᠢ ᠦᠦᠷ  ᠤᠨ ᠰᠢᠪᠠᠭᠤᠳ ᠲᠠᠢ ᠤᠷᠤᠯᠳᠤᠨ ᠮᠤᠷᠳᠠᠵᠦ᠂ ᠦᠳᠡᠰᠢ  ᠶᠢᠨ ᠲᠤᠯᠤᠩ  ᠠᠴᠠ  ᠨᠦᠮᠦᠷᠦᠨ ᠢᠷᠡᠳᠡᠭ  ᠲᠡᠷᠡ ᠯᠡ ᠲᠦᠷᠢ ᠵᠢᠷᠤᠭ ᠤᠯᠠᠨ ᠵᠢᠯ  ᠤᠨ ᠠᠩᠬᠢᠷ ᠰᠢᠷᠭᠠᠯ ᠨᠠᠮᠤᠷ  ᠢ ᠴᠢᠮᠡᠭᠰᠡᠨ ᠪᠤᠯᠤᠭᠠᠳ ᠲᠡᠷᠡ ᠪᠢᠵᠡ᠃      ᠨᠠᠢᠮᠠᠨ ᠰᠠᠷ᠎ᠡ  ᠶᠢᠨ ᠠᠷᠪᠠᠳ ᠪᠤᠯᠬᠤ ᠬᠢᠷᠢ  ᠳᠤ ᠮᠠᠨ  ᠤ ᠨᠤᠲᠤᠭ  ᠲᠤ ᠬᠠᠳᠤᠯᠠᠩ  ᠤᠨ ᠪᠡᠯᠡᠳᠬᠡᠯ ᠭᠡᠵᠦ ᠪᠤᠵᠢᠭᠢᠨᠠᠵᠦ ᠭᠠᠷᠳᠠᠭ᠃ ᠨᠠᠶᠢᠷ ᠨᠠᠭᠠᠳᠤᠮ  ᠳᠤ ᠰᠡᠳᠬᠢᠯ ᠰᠡᠷᠭᠦᠭᠰᠡᠨ ᠴᠡᠩᠭᠡᠯᠲᠦ ᠵᠤᠨ  ᠢᠶᠠᠨ ᠦᠳᠡᠭᠰᠡᠨ ᠮᠠᠯᠴᠢᠳ ᠮᠠᠨᠢ ᠡᠪᠦᠯ ᠬᠠᠪᠤᠷ  ᠤᠨ ᠵᠢᠷᠭᠤᠭᠠᠨ ᠰᠠᠷ᠎ᠠ  ᠶᠢ ᠦᠳᠡᠬᠦ ᠪᠡᠯᠡᠳᠬᠡᠯ  ᠢᠶᠠᠨ ᠡᠷᠲᠡ  ᠠᠴᠠ ᠡᠬᠢᠯᠡᠨ᠎ᠡ᠃ ᠰᠤᠭᠤᠶᠢᠭᠰᠠᠨ ᠰᠠᠶᠢᠬᠠᠨ ᠪᠤᠷᠭᠠᠰᠦ  ᠶᠢ ᠰᠤᠩᠭᠤᠨ᠂ ᠠᠷᠭᠠᠯ  ᠤᠨ ᠭᠠᠯ  ᠳᠤ  ᠰᠢᠷᠠᠵᠦ᠂ ᠰᠦᠮᠪᠦ  ᠰᠢᠭ ᠰᠢᠯᠤᠭᠤᠨ᠂  ᠰᠤᠮᠤ ᠰᠢᠭ᠋ ᠠᠰᠬᠠᠨ  ᠵᠠᠰᠠᠵᠦ ᠵᠠᠯᠠᠵᠦ ᠭᠠᠷᠳᠠᠭ   ᠨᠢ ᠬᠠᠳᠤᠭᠤᠷ ᠰᠠᠨᠳᠤᠤ  ᠡᠰᠢᠯᠡᠬᠦ  ᠶᠢᠨ ᠠᠩᠬᠠᠨ  ᠤ ᠠᠵᠢᠯ᠃ ᠬᠠᠯᠠᠭᠤᠨ  ᠳᠤ ᠬᠠᠯᠠᠵᠦ᠂ ᠬᠦᠢᠲᠡᠨ  ᠳᠤ ᠬᠦᠷᠦᠵᠦ᠂ ᠵᠠᠰᠠᠵᠦ  ᠵᠠᠯᠠᠭᠳᠠᠭᠰᠠᠭᠠᠷ  ᠬᠡᠷᠡᠭᠴᠡᠭᠡ ᠲᠠᠢ ᠶᠠᠭᠤᠮ᠎ᠠ ᠪᠤᠯᠳᠠᠭ ᠨᠢ ᠮᠤᠳᠤᠨ  ᠳᠤ ᠪᠠᠶᠢᠲᠤᠭᠠᠢ ᠬᠦᠮᠦᠨ  ᠳᠤ ᠴᠦ ᠢᠵᠢᠯᠢᠬᠡᠨ ᠲᠠᠪᠢᠯᠠᠩ ᠶᠤᠮ ᠳ᠋ᠠ᠃ ᠬᠠᠪᠤᠷ ᠵᠤᠨ  ᠤ ᠲᠤᠷᠰᠢ ᠨᠠᠷᠠᠨ  ᠳᠤ ᠰᠢᠷᠠᠭᠳᠠᠵᠦ᠂ ᠪᠤᠷᠤᠭᠠᠨ  ᠳᠤ ᠴᠤᠬᠢᠭᠳᠠᠨ ᠬᠦᠭᠡᠴᠦ ᠰᠠᠭᠤᠭᠰᠠᠨ ᠲᠡᠷᠭᠡ ᠬᠦᠰᠭᠡ  ᠪᠠᠨ ᠵᠠᠰᠠᠵᠦ ᠰᠡᠯᠪᠢᠨ᠂  ᠠᠷᠠᠯ ᠤᠨ ᠬᠦᠷᠡᠭ  ᠢᠶᠠᠨ ᠭᠠᠷ  ᠲᠤ ᠲᠠᠰᠬᠠᠨ᠎ᠠ ᠭᠡᠳᠡᠭ ᠴᠦ ᠭᠡᠴᠡᠭᠦᠦ ᠠᠵᠦ ᠡ᠂  ᠬᠠᠪᠤᠷᠵᠢᠶ᠎ᠠ ᠵᠤᠰᠠᠯᠠᠩ  ᠢᠶᠠᠷ ᠲᠤᠷ᠎ᠠ ᠪᠠᠷ ᠢᠶᠠᠨ ︽ᠰᠡᠯᠡᠭᠦᠴᠡᠨ︾᠂ ᠬᠤᠷ ᠵᠠᠳᠠᠭᠠᠢ ᠪᠡᠯᠴᠢᠭᠡᠷ  ᠲᠤ ᠢᠵᠠᠷᠠᠲᠠᠯ᠎ᠠ  ᠪᠠᠨ  ᠲᠠᠷᠭᠤᠯᠠᠭᠰᠠᠨ ᠬᠦᠷᠡᠩ ᠦᠬᠡᠷ ᠴᠦ ᠤᠶᠠᠬᠠᠨ ᠨᠠᠮᠤᠷ  ᠤᠨ ᠰᠡᠪᠰᠢᠶ᠎ᠡ ᠰᠠᠯᠬᠢᠨ ᠢᠶᠠᠷ ᠡᠪᠡᠰᠦᠨ  ᠤ ᠠᠵᠢᠯ ᠡᠬᠢᠯᠡᠬᠦ   ᠨᠢ ᠭᠡᠵᠦ ᠤᠯᠠᠨ ᠵᠢᠯ  ᠤᠨ ︽ᠲᠤᠷᠰᠢᠯᠭ᠎ᠠ︾  ᠪᠠᠷ  ᠢᠶᠠᠨ ᠮᠡᠳᠡᠳᠡᠭ ᠪᠤᠯᠤᠯᠳᠠᠢ᠂ ᠭᠡᠷ ᠤᠨ ᠤᠶᠢᠷ᠎ᠠ ᠬᠠᠪᠢ  ᠪᠠᠷ ᠪᠡᠯᠴᠢᠭᠡᠳ ᠦᠭᠭᠦᠨ᠎ᠡ᠃ ᠬᠦᠭᠡᠷᠦᠬᠦᠢ ᠮᠠᠭᠤ  ᠬᠦᠷᠡᠩ ᠦᠭᠡᠷ  ᠢ ᠠᠪᠤ ᠮᠢᠨᠢ  ᠰᠢᠳᠦᠯᠡᠩ   ᠠᠴᠠ ᠨᠢ ᠤᠨᠤᠭ᠎ᠠ ᠬᠦᠯᠦᠰᠢᠨ  ᠳᠤ ᠰᠤᠷᠭᠠᠯ᠎ᠠ ᠭᠡᠳᠡᠭ᠃  ᠦᠬᠡᠷ ᠢ ᠬᠡᠲᠦᠷᠬᠡᠢ ᠪᠠᠭ᠎ᠠ   ᠳᠤᠨᠢ ᠰᠤᠷᠭᠠᠪᠠᠯ ᠲᠠᠷ ᠴᠢᠳᠠᠯ ᠪᠠᠷᠤᠭᠲᠠᠢ᠂ ᠰᠤᠷᠭᠠᠬᠤ ᠨᠠᠰᠤᠨ  ᠠᠴᠠ ᠬᠡᠲᠦᠷᠡᠪᠡᠯ ᠡᠳ᠋ᠯᠡᠵᠦ ᠰᠤᠷᠭᠠᠬᠤ  ᠳᠤ ᠬᠦᠴᠢᠷ ᠪᠤᠯᠴᠢᠬᠠᠳᠠᠭ ᠭᠡᠳ ᠶᠡᠬᠡᠩᠬᠢ  ᠳᠡᠭᠡᠨ ᠬᠢᠵᠠᠭᠠᠯᠠᠩ ᠬᠦᠷᠦᠭᠡᠳ ᠰᠤᠷᠭᠠᠳᠠᠭ ᠴᠦ ᠮᠠᠭᠤ ᠬᠦᠷᠡᠩ  ᠢᠶᠠᠨ ᠰᠢᠳᠦᠯᠡᠩ ᠳᠤᠨᠢ ᠰᠤᠷᠭᠠᠴᠢᠬᠠᠭᠰᠠᠨ ᠶᠤᠮ᠂ ᠬᠦᠭᠡᠷᠦᠬᠦᠢ᠂ ᠨᠤᠮᠤᠬᠠᠨ ᠵᠠᠩ ᠵᠦᠭᠡᠯᠡᠨ ᠠᠭᠠᠰᠢ ᠲᠠᠢ᠂ ᠲᠠᠷ ᠬᠦᠴᠦ ᠰᠠᠶᠢᠲᠠᠢ᠂ ᠬᠦᠮᠦᠨ  ᠤ ᠤᠬᠠᠭᠠᠨ ᠲᠠᠢ  ᠠᠳᠤᠭᠤᠰᠦ ᠶᠤᠮ  ᠳ᠋ᠠ᠃ ᠮᠠᠨ  ᠤ ᠬᠢᠨ  ᠳᠤ  ᠤᠯᠠᠨ ᠵᠢᠯ ᠬᠦᠴᠦ  ᠪᠠᠨ ᠦᠭᠭᠦᠭᠰᠡᠨ ᠪᠤᠶᠠᠨᠲᠠᠢ ᠮᠠᠯ ᠶᠤᠮ ᠰᠢᠦ ᠭᠡᠵᠦ ᠠᠪᠤ ᠮᠢᠨᠢ ᠲᠤᠷᠠᠰᠤᠨ ᠶᠠᠷᠢᠳᠠᠭ ᠨᠢ ᠬᠤᠳᠠᠯ ᠪᠢᠰᠢ ᠡ᠃      ᠬᠦᠯᠦᠯᠭᠡ  ᠶᠢᠨ ᠦᠬᠡᠷ ᠰᠤᠷᠭᠠᠨ᠎ᠠ ᠭᠡᠳᠡᠭ ᠦᠨᠡᠬᠡᠷ ᠮᠤᠩᠭᠤᠯ ᠬᠦᠮᠦᠨ  ᠤ ᠤᠷ᠎ᠠ ᠤᠬᠠᠭᠠᠨ  ᠢ ᠭᠠᠶᠢᠬᠠᠭᠤᠯᠤᠭᠰᠠᠨ ᠠᠵᠦ  ᠶᠢᠨ ᠨᠢᠭᠡ ᠶᠤᠮ ᠪᠠᠶᠢᠨ᠎ᠠ᠃ ᠬᠠᠷ᠎ᠠ ᠪᠠᠭ᠎ᠠ  ᠠᠴᠠ  ᠪᠠᠨ ᠰᠠᠭᠠᠯᠢᠴᠢᠨ ᠪᠦᠰᠡᠭᠦᠶᠢᠴᠦᠳ  ᠢᠶᠠᠷ ᠬᠦᠵᠦᠭᠦᠪᠴᠢᠯᠡᠭᠳᠡᠵᠦ᠂ ᠠᠷᠦ  ᠠᠴᠠ  ᠪᠠᠨ  ᠲᠦᠯᠬᠢᠭᠦᠯᠦᠨ᠂ ᠴᠢᠬᠢᠨ  ᠠᠴᠠ  ᠪᠠᠨ ᠴᠢᠩᠭᠠᠭᠠᠯᠭᠠᠵᠦ᠂ ᠢᠪᠢᠯᠭᠡᠬᠦ   ᠳᠤᠨᠢ ᠲᠠᠯᠪᠢᠭᠤᠯᠵᠦ᠂ ᠰᠠᠭᠠᠬᠤ   ᠳᠤᠨᠢ ᠤᠶᠠᠭᠤᠯᠵᠦ ᠦᠰᠦᠭᠰᠡᠨ ᠮᠣᠩᠭᠤᠯ ᠦᠬᠡᠷ ᠭᠡᠳᠡᠭ ᠬᠦᠮᠦᠨ   ᠳᠤ ᠢᠯᠡᠭᠦᠦ ᠳᠠᠰᠤᠯ᠂  ᠬᠥᠯᠵᠦ ᠡᠳ᠋ᠯᠡᠬᠦ  ᠳᠤ ᠬᠢᠯᠪᠠᠷ ᠪᠤᠯᠴᠢᠬᠠᠳᠠᠭ ᠪᠠᠶᠢᠨ᠎ᠠ ᠯᠠᠢ᠃ ᠬᠦᠯᠦᠯᠭᠡᠨ  ᠳᠤ ᠰᠤᠷᠭᠠᠬᠤ ᠦᠬᠡᠷ   ᠢ  ᠪᠡᠶ᠎ᠡ ᠪᠢᠷ᠎ᠡ᠂ ᠲᠡᠩᠬᠡᠭᠡ ᠴᠢᠳᠠᠯ᠂ ᠦᠩᠬᠡ ᠵᠢᠰᠦᠮ  ᠢ ᠨᠢ ᠦᠵᠡᠨ ᠰᠤᠩᠭᠤᠵᠦ᠂ ᠤᠶᠠᠵᠦ ᠬᠦᠲᠦᠯᠵᠦ ᠰᠤᠷᠭᠠᠨ᠎ᠠ᠂ ᠰᠠᠶᠢᠨ ᠰᠤᠷᠭᠠᠭᠰᠠᠨ ᠦᠬᠡᠷ ᠲᠦᠷᠦ  ᠪᠠᠨ ᠦᠵᠡᠭᠦᠯᠪᠡᠯ ᠠᠮᠠᠷᠬᠠᠨ ᠪᠠᠷᠢᠭᠳᠠᠴᠢᠬᠠᠳᠠᠭ᠃ ᠮᠠᠨ  ᠤ ᠬᠦᠷᠡᠩ ᠦᠬᠡᠷ ᠴᠦ ᠪᠡᠯᠴᠢᠬᠡᠷ ᠲᠤᠨᠢ ᠤᠴᠢᠭᠠᠳ ᠲᠦᠷᠦ  ᠪᠠᠨ ᠦᠵᠡᠭᠦᠯᠪᠡᠯ ᠵᠤᠭᠰᠤᠭᠠᠳ ᠦᠭᠴᠢᠬᠡᠳᠡᠭ ᠪᠠᠶᠢᠯ᠎ᠠ᠃ ︽ᠤᠶᠠᠵᠦ ᠬᠦᠲᠦᠯᠵᠦ ᠰᠤᠷᠭᠠᠬᠤ  ᠳᠠᠭᠠᠨ ᠬᠢᠴᠢᠶᠡᠬᠦ ᠵᠦᠢᠯ ᠤᠯᠠᠨ ᠪᠠᠶᠢᠨ᠎ᠠ ᠰᠢᠦ᠃ ᠡᠪ   ᠨᠢ ᠲᠠᠭᠠᠷᠠᠬᠤ ᠦᠭᠡᠢ ᠪᠤᠯ ᠦᠭᠡᠷ ᠮᠠᠭᠤ ᠰᠤᠷᠬᠤ᠂ ᠰᠢᠷᠬᠠᠳᠠᠵᠦ ᠠᠳᠡᠬᠦ ᠶᠠᠪᠤᠳᠠᠯ ᠴᠦ ᠭᠠᠷᠳᠠᠭ︾ ᠭᠡᠵᠦ ᠠᠪᠤ ᠮᠢᠨᠢ ᠬᠡᠯᠡᠳᠡᠭ᠃ ᠬᠠᠷᠢᠨ ᠬᠦᠯᠵᠦ ᠰᠤᠷᠭᠠᠬᠤ ᠪᠤᠯᠬᠤ  ᠳᠤ ᠰᠤᠷᠭᠠᠯ ᠰᠠᠶᠢᠲᠠᠢ ᠠᠷᠠᠯ  ᠤᠨ ᠦᠬᠡᠷ ᠲᠠᠢ ᠲᠡᠷᠭᠡᠨ  ᠳᠤ ᠬᠤᠱᠢᠯᠠᠵᠦ᠂ ᠠᠷᠠᠯ  ᠤᠨ ᠦᠬᠡᠷ  ᠢ ᠲᠠᠭᠠᠭᠤᠯᠵᠦ ᠬᠤᠶᠠᠷ ᠭᠤᠷᠪᠠᠨ ᠡᠳᠦᠷ ᠲᠤᠲᠤᠮᠳᠠᠵᠦ ᠰᠤᠷᠭᠠᠬᠤ  ᠳᠤ ᠠᠴᠢᠶ᠎ᠡ ᠬᠦᠯᠦᠯᠭᠡ  ᠳᠤ ᠲᠠᠰᠴᠦ ᠢᠷᠡᠳᠡᠭ ᠪᠠᠶᠢᠨ᠎ᠠ᠃  ᠬᠠᠷᠢᠨ ᠬᠦᠯᠦᠯᠭᠡᠨ  ᠤ ᠦᠬᠡᠷ ᠵᠠᠮ  ᠠᠴᠠ ᠭᠠᠷᠴᠦ ᠡᠪᠡᠰᠦ ᠪᠤᠯᠢᠶᠠᠵᠦ ᠢᠳᠡᠬᠦ ᠂ ᠵᠠᠮ  ᠤᠨ ᠳᠠᠯᠠᠩ   ᠤᠨ ᠡᠪᠡᠰᠦ  ᠶᠢ ᠡᠮᠬᠦᠯᠡᠬᠦ᠂ ᠳᠠᠰᠢᠭᠤᠷ ᠡᠷᠭᠦᠮᠡᠭᠴᠡ ᠬᠦᠶᠦᠬᠦ᠂ ᠠᠶᠢᠯ ᠦᠵᠡᠪᠡᠯ ᠵᠠᠮ ᠪᠤᠯᠢᠶᠠᠯᠳᠤᠵᠦ ᠤᠷᠤᠬᠤ᠂ ᠳᠠᠪᠭ᠎ᠠ ᠦᠵᠡᠪᠡᠯ ᠵᠤᠭᠰᠤᠬᠤ ᠮᠡᠲᠦ  ᠶᠢᠨ ᠮᠠᠭᠤ ᠵᠠᠩ ᠰᠤᠷᠪᠠᠯ ᠬᠠᠯᠳᠠᠭ ᠦᠭᠡᠢ ᠶᠤᠮ ᠭᠡᠨ᠎ᠡ᠃ ᠲᠡᠭᠡᠬᠦ  ᠪᠠᠷ ᠠᠷᠠᠳ  ᠤᠨ ᠦᠭᠡᠨ  ᠳᠤ ︽ᠦᠬᠡᠷ ᠬᠦᠭᠯᠡᠪᠡᠯ ᠮᠤᠷᠢᠨ  ᠠᠴᠠ ᠲᠠᠪᠤᠨ ᠴᠠᠭᠠᠰᠢ︾  ᠬᠡᠮᠡᠨ ᠬᠦᠯᠦᠯᠭᠡᠨ  ᠳᠤ ᠰᠤᠷᠭᠠᠬᠤ ᠦᠬᠡᠷ  ᠢᠶᠠᠨ ᠡᠪ ᠲᠠᠮᠲᠠᠢ ᠰᠤᠷᠭᠠᠬᠤ  ᠶᠢ ᠬᠢᠴᠢᠶᠡᠨ᠂ ᠶᠠᠭᠤ ᠲᠠᠭᠠᠷᠠᠭᠰᠠᠨ  ᠢᠶᠠᠷ  ᠢᠶᠠᠨ ᠴᠤᠬᠢᠵᠦ ᠵᠤᠳᠤᠳᠠᠭ ᠦᠭᠡᠢ ᠶᠤᠮ᠃ ᠦᠬᠡᠷ ᠰᠤᠷᠭᠠᠨ᠎ᠠ ᠭᠡᠳᠡᠭ ᠦᠨᠡᠨ  ᠳᠡᠭᠡᠨ ᠮᠠᠯᠴᠢᠨ ᠮᠤᠩᠭᠤᠯᠴᠤᠳ  ᠤᠨ ᠠᠮᠢᠳᠤᠷᠠᠯ  ᠤᠨ ᠨᠠᠷᠢᠨ ᠰᠢᠷᠢᠨ ᠤᠬᠠᠭᠠᠨ  ᠢ ᠬᠠᠷᠠᠭᠤᠯᠤᠭᠰᠠᠨ ᠤᠴᠢᠷ ᠲᠠᠢ ᠠᠵᠦ ᠭᠡᠳᠡᠭ  ᠢ ᠬᠤᠵᠢᠮ ᠨᠢ ᠤᠬᠠᠭᠠᠷᠠᠭᠰᠠᠨ ᠰᠠᠨ  ᠃       ᠬᠠᠳᠤᠯᠠᠩ  ᠳᠤ ᠭᠠᠷᠬᠤ ᠠᠩᠬᠠᠨ  ᠤᠨ ᠦᠷᠯᠦᠭᠡ ᠭᠡᠵᠦ ᠶᠡᠭᠡ ᠯᠡ ᠶᠤᠰᠤ ᠲᠦᠷᠦ ᠲᠠᠢ ᠪᠤᠯᠵᠦ ᠭᠠᠷᠳᠠᠭ᠃ ᠡᠵᠢ ᠮᠢᠨᠢ ᠡᠷᠲᠡᠯᠡᠨ ᠪᠤᠰᠴᠦ ᠦᠨᠢᠶ᠎ᠡ ᠲᠤᠭᠤᠯ  ᠢᠶᠠᠨ ᠰᠠᠭᠠᠵᠦ᠂ ᠪᠡᠯᠴᠢᠭᠡᠷ ᠲᠤᠨᠢ ᠵᠠᠯᠠᠴᠢᠬᠠᠭᠠᠳ᠂ ᠠᠭᠠᠭ ᠲᠠᠢ ᠰᠢᠷᠭᠠᠯ ᠴᠠᠢ  ᠪᠠᠨ ᠴᠢᠨᠠᠵᠦ ᠪᠠᠶᠢᠬᠤ  ᠳᠤ ᠦᠦᠷ  ᠤᠨ ᠴᠠᠭᠠᠨ ᠭᠡᠭᠡ ᠡᠷᠦᠬᠡᠨ  ᠤ ᠮᠢᠨᠢ ᠴᠤᠩᠬᠤ  ᠪᠠᠷ  ᠮᠦᠯᠬᠦᠨ ᠤᠷᠤᠵᠦ ᠢᠷᠡᠵᠦ ᠪᠠᠶᠢᠨ᠎ᠠ᠃ ᠬᠦᠷᠡᠩ ᠦᠬᠡᠷ ᠮᠠᠨᠢ ᠤᠶᠠᠭᠠᠨ  ᠳᠠᠭᠠᠨ ᠲᠤᠯᠤᠭᠠᠢ ᠳᠠᠮᠪᠠᠷᠳᠠᠭᠤᠯᠤᠨ ᠬᠡᠪᠢᠵᠦ ᠲᠠᠶᠢᠪᠤᠭᠤᠬᠠᠨ ᠵᠤᠭᠰᠤᠬᠤ ᠨᠢ ᠡᠨᠡ ᠨᠠᠮᠤᠷ  ᠤᠨ ᠠᠵᠢᠯ ᠦᠨᠦᠳᠦᠷ ᠡᠬᠢᠯᠡᠬᠦ ᠨᠢ ᠳ᠋ᠠ ᠭᠡᠵᠦ ᠢᠷᠡᠵᠦ ᠪᠤᠢ ᠵᠦᠢᠯ  ᠢ ᠨᠠᠮ ᠲᠠᠶᠢᠪᠤᠭᠤ ᠬᠦᠯᠢᠶᠡᠬᠦ ᠮᠡᠲᠦ᠃ ᠤᠷᠤᠯᠳᠤᠭᠠᠨ  ᠤ  ᠴᠠᠪᠢᠳᠠᠷ ᠰᠢᠭ᠋ ᠠᠮᠠᠭᠠᠢ ᠪᠤᠯᠢᠶᠠᠨ ᠬᠦᠭᠡᠷᠬᠦ ᠦᠭᠡᠢ᠂ ᠬᠤᠨᠢᠨ  ᠤ  ᠵᠡᠭᠡᠷᠲᠡ ᠰᠢᠭ ᠰᠡᠭᠦᠯ ᠰᠢᠷᠪᠢᠨ ᠬᠠᠱᠠᠩᠨᠠᠬᠤ ᠦᠭᠡᠢ᠂ ᠬᠢᠳᠡᠭ ᠵᠦᠢᠯ  ᠢᠶᠠᠨ ᠨᠢᠭᠡ ᠯᠡ ᠬᠡᠪ  ᠤᠨ ᠲᠠᠶᠢᠪᠤᠭᠤ  ᠢᠶᠠᠷ ᠬᠢᠵᠦ᠂ ᠴᠠᠭ ᠬᠤᠭᠤᠴᠠᠭ᠎ᠠ ᠭᠡᠳᠡᠭ  ᠢ ᠨᠢᠳᠤᠨ  ᠳᠡᠭᠡᠨ ᠬᠠᠪᠴᠢᠳᠠᠭ ᠦᠭᠡᠢ᠂ ᠬᠠᠷᠠᠯᠳᠠ ᠵᠤᠷᠢᠯᠲᠠ  ᠪᠠᠨ ᠭᠡᠵᠦ ᠯᠡ  ᠵᠢᠳᠬᠦᠳᠡᠭ ᠳᠤᠨᠢ  ᠬᠦᠷᠡᠩ ᠦᠭᠡᠷ  ᠢ  ᠪᠢᠰᠢᠷᠡᠳᠡᠭ  ᠃ ᠦᠨᠡᠬᠡᠷ ᠰᠢᠦ  ᠂ ᠦᠵᠡᠬᠦ  ᠳᠤ ᠨᠢᠭᠡ ᠯᠡ ᠬᠡᠪ  ᠢᠶᠠᠷ ᠬᠦᠵᠦᠭᠦᠦ ᠰᠤᠩᠭᠠᠨ ᠨᠢᠭᠡ ᠬᠤᠶᠠᠷ  ᠢᠶᠠᠷ  ᠠᠶᠢᠵᠠᠮ ᠲᠠᠢ ᠠᠯᠬᠤᠵᠤ᠂ ᠮᠦᠯᠬᠦᠭᠡᠳ ᠪᠠᠶᠢᠨ᠎ᠠ ᠦᠦ ᠳ᠋ᠠ ᠭᠡᠵᠦ ᠠᠭᠤᠷ ᠬᠦᠷᠭᠡᠳᠡᠭ ᠴᠦ ᠬᠠᠳᠤᠯᠠᠩ  ᠤᠨ ᠠᠵᠢᠯ ᠲᠠᠭᠤᠰᠬᠤ  ᠪᠠᠷ ᠠᠭᠤᠯᠠ ᠤᠪᠤᠭ᠎ᠠ ᠰᠢᠭ᠋ ᠪᠤᠰᠤᠭᠰᠠᠨ ᠡᠪᠡᠰᠦ  ᠶᠢ ᠦᠵᠡᠪᠡᠯ ᠬᠦᠷᠡᠩ ᠦᠬᠡᠷ  ᠤᠨ ᠲᠠᠰᠪᠦᠷᠢ ᠲᠠᠭᠠᠭᠠᠮᠠᠭᠠᠢ  ᠶᠢ ᠪᠢᠰᠢᠷᠡᠬᠦ ᠰᠡᠳᠬᠢᠯ ᠠᠷᠭ᠎ᠠ ᠦᠭᠡᠢ ᠲᠦᠷᠦᠨ᠎ᠡ᠃ ᠴᠠᠢ ᠴᠦ᠋ ᠪᠠᠨ ᠲᠠᠪᠠᠲᠠᠢ ᠤᠤᠭᠤᠴᠢᠬᠠᠭᠠᠳ᠂ ᠬᠦᠨᠡᠰᠦ ᠲᠤᠭᠤᠰᠦ᠂ ᠬᠠᠳᠤᠭᠤᠷ ᠰᠦᠭᠡ  ᠪᠠᠨ ᠠᠬᠤᠶᠢᠯᠠᠴᠢᠬᠠᠭᠰᠠᠨ ᠠᠪᠤ ᠮᠢᠨᠢ ᠬᠦᠷᠡᠩ ᠦᠬᠡᠷ  ᠢᠶᠠᠨ ᠬᠦᠲᠦᠯᠵᠦ ᠠᠪᠴᠢᠷᠠᠭᠠᠳ ᠠᠷᠠᠯ  ᠢᠶᠠᠨ ᠡᠷᠬᠦᠵᠦ ᠦᠭᠭᠦ  ᠳᠤ ᠯᠡ ᠰᠤᠷᠭᠠᠯ ᠰᠠᠶᠢᠲᠠᠢ ᠦᠬᠡᠷ ᠭᠡᠳᠡᠭ ᠤᠬᠤᠷᠢᠵᠦ ᠤᠬᠤᠷᠢᠵᠦ ᠠᠷᠠᠯ  ᠳᠠᠭᠠᠨ ᠤᠷᠤᠭᠠᠳ ᠵᠤᠭᠰᠤᠭᠠᠳ ᠦᠭᠭᠦᠨ᠎ᠡ᠃ ᠠᠷᠠᠯ ᠲᠦᠭᠦᠷᠡᠭᠰᠡᠨ ᠬᠦᠯᠬᠦᠭᠡᠷ ᠭᠡᠳᠡᠰᠦ᠂ ᠭᠤᠶ᠎ᠠ ᠶᠠᠰᠤ ᠨᠢ ᠬᠠᠷᠠᠬᠤ  ᠳᠤ ᠠᠷᠰᠯᠠᠨ ᠵᠠᠭᠠᠨ ᠭᠡᠳᠡᠭ ᠴᠢᠨᠢ ᠠᠷᠭ᠎ᠠ ᠦᠭᠡᠢ ᠡᠶᠢᠮᠦ ᠬᠦᠴᠦᠲᠡᠨ ᠶᠤᠮ ᠦᠦ ᠳ᠋ᠠ ᠭᠡᠵᠦ ᠰᠠᠨᠠᠭᠳᠠᠳᠠᠭ ᠪᠠᠶᠢᠭᠰᠠᠨ ᠳ᠋ᠠ᠂ ᠲᠡᠷᠡ ᠦᠶ᠎ᠡ  ᠳᠤ᠃ ᠤᠳᠤ ᠪᠤᠳᠤᠬᠤ  ᠳᠤ ᠤᠯᠠᠨ ᠤᠯᠠᠨ ᠠᠪᠤ   ᠤᠳ ᠦᠦᠷ  ᠤᠨ ᠴᠠᠭᠠᠨ ᠭᠡᠭᠡ ᠲᠠᠢ ᠤᠷᠤᠯᠳᠤᠨ ᠨᠤᠲᠤᠭ  ᠤᠨ  ᠢᠶᠠᠨ ᠰᠢᠷᠭᠠᠯ ᠵᠠᠮ  ᠢᠶᠠᠷ ᠦᠬᠡᠷ ᠲᠡᠷᠭᠡ ᠪᠠᠨ ᠬᠥᠲᠥᠯᠥᠨ ᠬᠠᠳᠤᠯᠠᠩ  ᠳᠤ ᠭᠠᠷᠳᠠᠭ ᠪᠠᠶᠢᠭᠰᠠᠨ ᠪᠦᠭᠡᠳ ᠵᠠᠮ ᠨᠡᠶᠢᠯᠡᠪᠡᠯ ᠨᠤᠲᠤᠭ ᠨᠤᠭᠤ  ᠶᠢᠨ ᠰᠤᠨᠢᠨ᠂ ᠷᠠᠳᠢᠤ᠋  ᠠᠴᠠ ᠰᠤᠨᠤᠰᠤᠭᠰᠠᠨ ᠮᠡᠳᠡᠭᠡ᠂ ᠭᠠᠷ  ᠤᠨ ᠦᠭᠡᠷ  ᠤᠨ ᠢᠶᠠᠨ ᠲᠠᠷ ᠴᠢᠳᠠᠯ  ᠢ ᠰᠤᠨᠢᠨ ᠪᠤᠯᠭᠠᠵᠦ  ᠬᠦᠦᠷᠨᠢᠯᠳᠦᠨ᠎ᠡ᠃ ᠠᠷᠭ᠎ᠠ ᠦᠭᠡᠢ᠂ ᠬᠠᠳᠤᠯᠠᠩ  ᠤᠨ ᠰᠢᠷᠭᠠᠯ ᠵᠠᠮ ᠭᠡᠳᠡᠭ ᠦᠭᠡᠷ ᠲᠡᠷᠭᠡᠨ  ᠳᠡᠭᠡᠨ ᠡᠪᠬᠡᠭᠡᠳ ᠡᠪᠬᠡᠭᠡᠳ ᠳᠠᠭᠤᠰᠤᠰᠢ ᠦᠭᠡᠢ ᠤᠷᠲᠤ  ᠶᠢᠨ ᠤᠷᠲᠤ ᠬᠠᠷᠭᠤᠢ ᠶᠤᠮ ᠴᠢᠨᠢ ᠳ᠋ᠠ        ᠰᠢᠪᠠᠭᠤᠳ  ᠤᠨ ᠴᠤᠪᠤᠭ᠎ᠠ ᠵᠡᠯᠡᠯᠡᠭᠰᠡᠨ ᠬᠦᠭᠡ ᠲᠡᠭᠷᠢ  ᠶᠢᠨ ᠲᠤᠤᠷ᠎ᠠ᠂ ᠨᠠᠮᠤᠷ  ᠤᠨ ᠡᠮᠡᠭᠡᠨ ᠰᠢᠷ᠎ᠠ ᠨᠠᠷᠠᠨ  ᠳᠤ  ᠰᠢᠷᠠᠭᠤᠯᠵᠦ᠂ ᠠᠭᠠᠭ ᠲᠠᠢ ᠰᠢᠷᠭᠠᠯ ᠴᠠᠢ  ᠪᠠᠷ ᠰᠦᠯᠡᠭᠰᠡᠨ ᠬᠠᠳᠤᠯᠠᠩ  ᠤᠨ ᠤᠷᠲᠤ ᠨᠠᠮᠤᠷ ᠭᠡᠳᠡᠭ ᠦᠯᠢᠭᠡᠷ ᠲᠠᠢ ᠲᠤᠮᠤᠭ ᠲᠠᠢ᠂ ᠡᠪᠦᠭᠡᠳ  ᠤᠨ ᠬᠠᠭᠤᠴᠢ ᠲᠠᠢ ᠦᠷᠭᠦᠯᠵᠢᠯᠡᠭᠰᠡᠷ ᠡᠪᠡᠰᠦ ᠲᠡᠭᠡᠭᠡᠬᠦ ᠠᠵᠢᠯ  ᠳᠤ ᠵᠠᠯᠭᠠᠨ᠎ᠠ᠃ ᠠᠭᠤᠯᠠᠰ ᠤᠷᠤᠢ  ᠠᠴᠠ  ᠪᠠᠨ ᠤᠷᠤᠰᠢᠯ᠎ᠠ ︵ᠪᠤᠭᠤᠷᠤᠯᠲᠤᠯ᠎ᠠ︶᠂ ᠵᠤᠳ ᠲᠠᠢ ᠡᠪᠦᠯ ᠪᠤᠯᠵᠦ ᠮᠠᠭᠠᠳ ᠳ᠋ᠠ ᠭᠡᠭᠰᠡᠭᠡᠷ ᠠᠪᠤ ᠮᠢᠨᠢ ᠪᠤᠬᠠᠯ  ᠤᠨ ᠬᠠᠵᠠᠭᠤ  ᠳᠤ ᠲᠡᠷᠭᠡ  ᠪᠠᠨ ᠵᠤᠭᠰᠤᠭᠠᠴᠢᠬᠠᠭᠠᠳ  ᠂ ᠠᠴᠠ ᠠᠴᠠ  ᠪᠠᠷ ᠬᠠᠶᠠᠯᠠᠨ ᠲᠦᠷᠪᠡᠨ ᠮᠦᠷ ᠲᠡᠭᠡᠭᠡᠰᠢ ᠲᠡᠭᠡᠭᠡᠭᠡᠳ ᠢᠷᠡᠬᠦ  ᠳᠤ ᠡᠪᠡᠰᠦᠨ ᠲᠡᠷᠭᠡ ᠪᠠᠷ᠎ᠠ ᠰᠦᠷ ᠭᠠᠷᠤᠭᠠᠳ  ᠢᠷᠡᠬᠦ  ᠪᠠᠷ  ᠳᠠᠷᠤᠭᠤᠯᠭ᠎ᠠ ᠲᠠᠷᠤᠭᠤᠯᠵᠦ ᠡᠷ᠎ᠡ ᠵᠢᠭᠠᠨ ᠵᠤᠭᠤᠩᠳᠠᠵᠦ ᠴᠢᠩᠭᠠᠯᠠᠬᠤ  ᠳᠤ ᠬᠦᠷᠡᠩ  ᠦᠬᠡᠷ ᠮᠠᠨᠢ ᠲᠡᠨᠳᠡ  ᠪᠠᠨ ᠬᠡᠪᠢᠴᠢᠬᠡᠭᠰᠡᠨ ᠲᠤᠭᠤᠮᠵᠢᠷ ᠦᠭᠡᠢ ᠵᠤᠭᠰᠤᠨ᠎ᠠ᠃ ᠲᠡᠭᠡᠭᠡᠳ ᠯᠡ ᠴᠠᠷᠴᠠ ᠴᠠᠷᠭᠢᠵᠦ᠂ ᠭᠤᠯᠢᠶ᠎ᠠ ᠵᠢᠷᠭᠢᠭᠰᠡᠨ ᠬᠠᠳᠤᠯᠠᠩ  ᠤᠨ ᠰᠢᠷᠭᠠᠯ ᠵᠠᠮ  ᠢᠶᠠᠷ ᠡᠮᠦᠨ᠎ᠡ ᠨᠢ ᠠᠪᠤ᠂ ᠳᠠᠷᠠᠭ᠎ᠠ ᠨᠢ ᠬᠦᠷᠡᠩ ᠦᠬᠡᠷ᠂ ᠰᠡᠭᠦᠯ ᠳᠤᠨᠢ ᠲᠡᠭᠡᠭᠡᠰᠢ  ᠲᠠᠢ ᠲᠡᠷᠭᠡ ᠴᠤᠪᠤᠭᠰᠠᠨ  ᠴᠥᠷᠬᠡᠯᠡᠭᠡ  ᠵᠢᠷᠤᠭ  ᠶᠤᠭᠤᠭᠰᠠᠭᠠᠷ ᠵᠡᠭᠦᠳᠦᠨ  ᠤ ᠠᠯᠤᠰ  ᠳᠤ ᠠᠭᠠᠵᠢᠮᠬᠠᠨ ᠠᠭᠤᠰᠴᠢᠬᠠᠨ᠎ᠠ᠃ ᠵᠠᠷᠢᠮ  ᠳᠠᠭᠠᠨ ᠪᠢ ᠴᠦ ᠲᠡᠭᠡᠭᠡᠰᠢ ᠲᠠᠢ ᠲᠡᠷᠭᠡᠨ   ᠳᠤᠨᠢ ᠲᠡᠭᠡᠭᠡᠭᠳᠡᠵᠦ ᠬᠠᠷᠢᠳᠠᠭ᠃ ᠶᠠᠭᠤᠮᠠᠨ  ᠤ ᠶᠡᠭᠡ  ᠶᠢ ᠦᠵᠡᠭᠡ ᠦᠭᠡᠢ ᠪᠠᠯᠴᠢᠷ ᠤᠶᠤᠨ  ᠳᠤ ᠮᠠᠨᠢ ᠲᠡᠭᠡᠭᠡᠰᠢ ᠶᠡᠬᠡᠲᠡᠢ ᠦᠭᠡᠷ ᠲᠡᠷᠭᠡ ᠭᠡᠳᠡᠭ ᠠᠷᠠᠯ ᠬᠤᠶᠢᠭ ᠰᠢᠭ᠋ ᠲᠤᠮᠤ ᠰᠠᠨᠠᠭᠳᠠᠳᠠᠭ ᠪᠠᠶᠢᠯ᠎ᠠ ᠰᠢᠦ ᠳ᠋ᠠ᠂ ᠪᠤᠷᠬᠠᠨ ᠡ᠃ ᠲᠡᠭᠡᠵᠦ ᠯᠡ ᠬᠦᠷᠡᠩ ᠦᠭᠡᠷ  ᠤᠨ  ᠢᠶᠠᠨ ᠲᠡᠩᠭᠡᠬᠡ ᠴᠢᠳᠠᠯ  ᠢ ᠭᠠᠶᠢᠬᠠᠵᠦ ᠤᠷᠲᠤ  ᠶᠢᠨ ᠤᠷᠳᠤ  ᠵᠠᠮ  ᠢ ᠤᠶᠢᠳᠬᠠᠷ ᠦᠭᠡᠢ  ᠲᠤᠭᠤᠯᠳᠠᠭ  ᠪᠦᠭᠡᠳ ᠵᠠᠷᠢᠮ  ᠳᠠᠭᠠᠨ ᠲᠡᠭᠡᠭᠡᠰᠢ ᠲᠠᠢ ᠲᠡᠷᠭᠡᠨ  ᠳᠤ ᠦᠯᠦᠭᠡᠶᠢᠳᠠᠭᠦᠯᠵᠦ᠂ ᠡᠮᠡᠭᠡᠨ ᠨᠠᠷᠠᠨ  ᠳᠤ ᠤᠭᠤᠴᠠ ᠨᠢᠷᠤᠭᠤ  ᠪᠠᠨ ᠰᠢᠷᠠᠭᠤᠯᠤᠭᠰᠠᠭᠠᠷ ᠤᠨᠳᠠᠭᠠᠳ ᠦᠭᠭᠦᠨ᠎ᠡ᠃          ᠮᠠᠨ  ᠤ ᠪᠠᠭ᠎ᠠ ᠪᠠᠶᠢᠬᠤ  ᠳᠤ ᠮᠤᠲᠤᠨ ᠲᠡᠷᠭᠡ ᠨᠢᠭᠡᠨᠳᠠ  ᠠᠶᠢᠯ  ᠤᠨ ᠡᠭᠦᠳᠡᠨ  ᠳᠤ ᠦᠬᠢᠷᠡᠨ ᠬᠡᠪᠲᠡᠵᠦ᠂ ᠲᠡᠮᠦᠷ ᠬᠦᠷᠲᠦ ᠲᠠᠢ ᠦᠬᠡᠷ ᠲᠡᠷᠭᠡ ᠲᠦᠭᠡᠮᠵᠢᠯᠡᠴᠢᠬᠡᠭᠰᠡᠨ ᠴᠠᠭ᠃ ᠭᠡᠪᠡᠴᠦ ᠪᠤᠭᠤᠯᠠᠭ᠎ᠠ ᠪᠤᠭᠤᠷᠭᠢᠯᠵᠢ ᠬᠤᠶᠠᠷ  ᠢᠶᠠᠷ ᠲᠡᠷᠭᠡ ᠲᠠᠲᠠᠬᠤ ᠦᠬᠡᠷ  ᠤᠨ ᠲᠠᠪᠢᠯᠠᠩ ᠬᠤᠪᠢᠷᠠᠭ᠎ᠠ ᠦᠭᠡᠢ ᠪᠠᠶᠢᠵᠠᠢ᠃ ᠬᠦᠭᠡᠷᠦᠬᠦᠢ ᠦᠬᠡᠷ ᠮᠠᠨᠢ ᠠᠴᠢᠶᠠᠨ  ᠤ ᠬᠦᠨᠳᠦ  ᠶᠢ ᠲᠠᠲᠠᠵᠦ᠂ ᠠᠶᠠᠨ  ᠤ ᠬᠤᠯᠠ  ᠶᠢ ᠬᠤᠷᠤᠭᠠᠳᠠᠭ  ᠴᠦ ᠡᠮᠡᠭᠡᠯ ᠲᠤᠬᠤᠮ᠂  ᠬᠤᠳᠠᠷᠭ᠎ᠠ  ᠲᠤᠤᠱᠢᠩ ᠵᠡᠷᠭᠡ ᠡᠯᠵᠢᠭᠡ ᠮᠤᠷᠢᠨ  ᠤ ᠡᠳ᠋ᠯᠡᠳᠡᠭ ᠡᠪ ᠲᠠᠢ ᠵᠦᠭᠡᠯᠡᠨ ᠡᠳ᠋ᠯᠡᠯ  ᠢ ᠡᠳ᠋ᠯᠡᠬᠦ ᠲᠠᠪᠢᠯᠠᠩ ᠪᠠᠶᠢᠭ᠎ᠠ ᠦᠭᠡᠢ᠂ ᠬᠦᠴᠦᠲᠦ ᠬᠦᠵᠦᠬᠦᠨ  ᠳᠡᠭᠡᠨ ᠪᠤᠭᠤᠯᠠᠭ᠎ᠠ ᠲᠤᠬᠤᠳᠠᠭᠤᠯᠵᠦ᠂ ᠡᠪᠡᠷᠰᠢᠨ ᠡᠪᠡᠳᠬᠦ  ᠶᠢ ᠬᠠᠶᠢᠬᠤᠷᠤᠯ ᠦᠭᠡᠢ ᠵᠢᠳᠬᠦᠵᠦ  ᠶᠠᠪᠤᠳᠠᠭ  ᠂ ᠠᠮᠢᠳᠦ ᠯᠡ ᠮᠢᠬ᠎ᠠ ᠴᠢᠰᠤᠨ  ᠳᠤ ᠲᠦᠷᠦᠭᠰᠡᠨ ᠬᠤᠶᠢᠨ᠎ᠠ ᠡᠪᠡᠳᠴᠦ ᠵᠤᠪᠠᠳᠠᠭ ᠪᠡᠶᠢᠯᠭᠦᠢ ᠶᠠᠭᠠᠬᠢᠬᠤ ᠪᠤᠢ᠃ ᠭᠡᠪᠡᠴᠦ ᠮᠤᠩᠭᠤᠯᠴᠤᠳ ᠮᠠᠨᠢ ᠪᠤᠭᠤᠯᠠᠭ᠎ᠠ  ᠶᠢ ᠬᠠᠪᠤᠷ ᠵᠤᠨ  ᠤ ᠬᠠᠯᠠᠭᠤᠨ ᠴᠠᠭ  ᠲᠤ  ᠴᠠᠭᠠᠨ ᠬᠤᠰᠤ᠂ ᠰᠢᠷ᠎ᠠ ᠬᠠᠶᠢᠯᠠᠰᠦ᠂ ᠡᠪᠦᠯ ᠪᠤᠯ ᠲᠤᠮᠤ᠂ ᠤᠳᠠ ᠵᠡᠷᠭᠡ  ᠶᠢᠨ ᠨᠠᠷᠢᠨ ᠰᠢᠷᠬᠡᠭ ᠲᠠᠢ ᠦᠶ᠎ᠡ ᠭᠡᠰᠢᠬᠦᠦ ᠦᠭᠡᠢ ᠮᠤᠲᠤ  ᠶᠢ ᠰᠤᠩᠭᠤᠨ ᠬᠢᠳᠡᠭ ᠨᠢ ᠦᠬᠡᠷ  ᠤᠨ ᠬᠦᠵᠦᠭᠦᠨ  ᠳᠤ ᠬᠠᠯᠠ ᠦᠭᠡᠢ ᠬᠦᠩᠬᠡᠨ ᠪᠠᠶᠢᠳᠠᠭ  ᠢ ᠪᠤᠳᠤᠵᠦ ᠳ᠋ᠠ᠃ ᠪᠤᠭᠤᠷᠬᠢᠯᠵᠢ ᠪᠤᠯ ᠬᠠᠷᠢᠨ ᠦᠬᠡᠷ  ᠤᠨ ᠬᠦᠵᠦᠭᠦᠨ ᠲᠤᠤᠷ᠎ᠠ ᠲᠡᠭᠦᠵᠢᠯᠡᠭᠳᠡᠵᠦ᠂ ᠲᠡᠭᠡᠭᠡᠰᠢ ᠭᠡᠳᠡᠷᠬᠦᠳᠡᠪᠡᠯ ᠲᠡᠷᠭᠡ  ᠭᠤᠯᠠᠰᠬᠤ ᠠᠴᠠ ᠰᠡᠷᠬᠡᠶᠢᠯᠡᠵᠦ ᠪᠠᠶᠢᠳᠠᠭ ᠲᠤᠯᠠ ᠬᠠᠲᠠᠭᠤ ᠵᠦᠭᠡᠯᠡᠨ ᠮᠤᠲᠤ ᠭᠡᠵᠦ ᠢᠯᠭᠠᠳᠠᠭ ᠦᠭᠡᠢ᠃ ᠡᠪᠡᠰᠦ ᠲᠡᠭᠡᠭᠡᠬᠦ  ᠳᠡᠭᠡᠨ ᠴᠦ ᠠᠴᠢᠶ᠎ᠠ ᠲᠡᠭᠡᠭᠡᠰᠢ  ᠪᠠᠨ ᠲᠡᠩᠴᠡᠭᠦᠯᠵᠦ᠂  ᠶᠡᠭᠡ ᠴᠢᠬᠢᠭ  ᠵᠠᠭᠤᠭᠰᠠᠨ ᠡᠪᠡᠰᠦ  ᠶᠢ ᠪᠠᠭ᠎ᠠ ᠰᠢᠭ᠋᠂ ᠬᠠᠭᠤᠷᠠᠢ ᠰᠡᠪᠰᠡᠭᠡᠷ ᠡᠪᠡᠰᠦ  ᠶᠢ ᠢᠯᠡᠭᠦᠬᠡᠨ ᠲᠡᠭᠡᠭᠡᠵᠦ᠂ ᠵᠢᠭᠠᠬᠠᠨ ᠳᠠᠷᠤᠭᠤ ᠰᠢᠭ᠋  ᠲᠡᠭᠡᠭᠡᠳᠡᠭ ᠨᠢ ᠲᠡᠭᠡᠭᠡᠰᠢ ᠬᠡᠳᠦᠷᠡᠬᠦ ᠪᠤᠶᠤ  ᠬᠡᠲᠦ ᠭᠡᠳᠡᠷᠬᠦ ᠲᠡᠭᠡᠭᠡᠪᠡᠯ ᠠᠷᠠᠯ  ᠤᠨ ᠦᠬᠡᠷ  ᠲᠤ ᠵᠤᠪᠠᠯᠠᠩ ᠪᠤᠯᠬᠤ  ᠠᠴᠠ ᠬᠢᠴᠢᠶᠡᠭᠰᠡᠨ ᠰᠠᠨᠠᠭ᠎ᠠ ᠶᠤᠮ᠃ ᠠᠵᠢᠯ ᠠᠬᠤᠢ   ᠳᠤᠨᠢ ᠬᠦᠵᠦᠬᠦᠦ ᠰᠤᠩᠭᠠᠨ ᠵᠢᠳᠬᠦᠵᠦ  ᠂ ᠠᠮᠢᠳᠤᠷᠠᠯ  ᠢ ᠨᠢ ᠲᠡᠳᠬᠦᠵᠦ ᠶᠠᠪᠤᠭᠰᠠᠨ ᠦᠬᠡᠷ   ᠲᠡᠭᠡᠨ ᠮᠤᠩᠭᠤᠯᠴᠤᠳ ᠮᠠᠨᠢ ᠬᠢᠷᠢ ᠬᠠᠶᠢᠷᠠᠲᠠᠢ ᠪᠠᠶᠢᠭᠰᠠᠨ  ᠤ ᠬᠡᠷᠡᠴᠢ ᠲᠡᠷᠡ ᠪᠢᠵᠡ᠃                              ᠨᠠᠪᠴᠢᠰ  ᠢᠶᠠᠨ ᠰᠡᠭᠰᠦᠷᠡᠭᠰᠡᠨ ᠮᠤᠳᠤᠳ  ᠤᠨ ᠦᠨᠳᠦᠰᠦ ᠨᠢ ᠭᠠᠵᠠᠷ  ᠲᠤ                 ᠲᠡᠦᠬᠡ ᠤᠷᠤᠭᠰᠢᠯᠠᠳᠠᠭ᠂ ︽ᠰᠢᠨ᠎ᠡ ᠶᠠᠭᠤᠮ᠎ᠠ ᠤᠯᠠ ᠪᠤᠯᠵᠦ᠂ ᠬᠠᠭᠤᠴᠢᠨ ᠶᠠᠭᠤᠮ᠎ᠠ ᠵᠤᠯᠠ ᠪᠤᠯᠳᠠᠭ︾ ᠲᠡᠷᠡ ᠵᠢᠮ᠎ᠠ ᠬᠠᠤᠯᠢ ᠦᠬᠡᠷ ᠲᠡᠷᠭᠡ  ᠶᠢ ᠮᠠᠨᠢ ᠴᠦ ᠲᠤᠭᠤᠷᠢᠵᠦ ᠭᠠᠷᠤᠭ᠎ᠠ ᠦᠭᠡᠢ ᠲᠠᠭᠠᠷᠢᠵᠦ ᠭᠠᠷᠤᠭᠰᠠᠨ ᠶᠤᠮ᠃ ᠬᠡᠵᠢᠶ᠎ᠡ ᠠᠴᠠ ᠶᠤᠮ ᠪᠤᠤ ᠮᠡᠳᠡ᠂ ᠬᠦᠳᠡᠭᠡ ᠨᠤᠲᠤᠭ  ᠢᠶᠠᠷ ᠮᠠᠰᠢᠨ  ᠮᠤᠲ᠋ᠤᠷ ᠠᠷᠪᠢᠳᠤᠨ ᠦᠭᠡᠷ ᠲᠡᠷᠭᠡ ᠴᠦᠬᠡᠷᠡᠭᠰᠡᠭᠡᠷ  ᠦᠨᠦ ᠪᠤᠯᠬᠤ  ᠳᠤ ᠮᠦᠽᠸᠢ  ᠂ ᠵᠤᠭᠠᠴᠠᠯ  ᠤᠨ ᠭᠠᠵᠠᠷ  ᠤᠨ  ᠡᠭᠦᠳᠡᠨ  ᠳᠤ ᠲᠡᠦᠬᠡ  ᠶᠢᠨ ᠬᠡᠷᠡᠴᠢ ᠪᠣᠯᠵᠦ ᠲᠦᠮᠡᠨ  ᠤ ᠨᠢᠳᠦ  ᠶᠢ ᠬᠤᠵᠢᠷᠯᠠᠵᠦ ᠬᠡᠪᠲᠡᠬᠦ ᠪᠤᠯᠵᠠᠢ᠃ ᠠᠷᠭ᠎ᠠ ᠦᠭᠡᠢ ᠯᠡ ᠳ᠋ᠠ᠂ ᠡᠪᠡᠰᠦ ᠨᠤᠭᠤᠭ᠎ᠠ  ᠪᠠᠷ ᠬᠦᠴᠦ ᠵᠠᠯᠭᠠᠳᠠᠭ ᠦᠬᠡᠷ ᠮᠠᠨᠢ ᠬᠡᠴᠢᠨᠡᠬᠡᠨ  ᠲᠠᠩᠬᠡᠬᠡ ᠴᠢᠳᠠᠯ ᠲᠠᠢ ᠪᠤᠯᠤᠭᠰᠠᠨ ᠴᠦ ᠲᠤᠰᠤ ᠢᠳᠡᠵᠦ ᠲᠤᠭᠤᠰᠤ  ᠪᠠᠷ ᠪᠦᠭᠡᠯᠵᠢᠳᠡᠭ ᠲᠡᠮᠦᠷ ᠭᠤᠤᠯ ᠲᠠᠢ ᠮᠠᠰᠢᠨ  ᠢ ᠶᠠᠭᠠᠬᠢᠵᠦ ᠲᠡᠶᠢᠯᠬᠦ ᠪᠤᠢ᠃ ᠨᠡᠩ ᠴᠦ ᠬᠤᠷᠳᠤ ᠬᠦᠴᠦ᠂ ᠦᠷ᠎ᠡ ᠠᠰᠢᠭ  ᠢ  ᠬᠦᠭᠡᠭᠡᠴᠡᠯᠳᠦᠳᠡᠭ ᠨᠢ ᠨᠡᠶᠢᠭᠡᠮ  ᠤᠨ ᠬᠦᠭᠵᠢᠯ  ᠤᠨ ᠵᠢᠮ᠎ᠡ ᠬᠠᠤᠯᠢ ᠬᠤᠶᠢᠨ᠎ᠠ ᠪᠢᠳᠡ ᠦᠬᠡᠷ ᠲᠡᠷᠭᠡᠨ  ᠳᠡᠭᠡᠨ ᠬᠡᠴᠢᠨᠡᠬᠡᠨ ᠬᠤᠷᠭᠤᠳᠠᠯ᠎ᠠ ᠴᠦ ᠲᠡᠦᠬᠡ  ᠶᠢᠨ ᠬᠦᠷᠲᠦ  ᠶᠢ ᠬᠤᠷᠢᠭᠯᠠᠨ ᠵᠤᠭᠰᠤᠭᠠᠵᠦ ᠬᠡᠷᠬᠢᠨ ᠴᠢᠳᠠᠬᠤ ᠠᠵᠢ᠃ ᠰᠤᠶᠤᠯ ᠭᠡᠳᠡᠭ ᠤᠨᠴᠠᠭᠠᠢ ᠲᠡᠦᠬᠡᠨ ᠴᠠᠭ ᠦᠶ᠎ᠡ  ᠳᠤ᠂ ᠤᠨᠴᠠᠭᠠᠢ ᠦᠢᠯᠡᠳᠪᠦᠷᠢᠯᠡᠯ ᠠᠮᠢᠳᠤᠷᠠᠯ  ᠤᠨ ᠱᠠᠭᠠᠷᠳᠠᠯᠭ᠎ᠠ  ᠠᠴᠠ ᠪᠤᠢ ᠪᠤᠯᠵᠦ᠂ ᠲᠠᠷᠠ ᠴᠠᠭ ᠨᠢ ᠦᠩᠭᠡᠷᠡᠬᠦ  ᠪᠠᠷ ᠠᠶᠠᠨᠳᠠᠭᠠᠨ ᠤᠷᠬᠢᠭᠳᠠᠨ ᠬᠡᠭᠡᠭᠳᠡᠬᠦ ᠨᠢ ᠦᠨᠡᠨ ᠴᠦ ᠶᠤᠮ ᠦᠦ᠂ ᠮᠤᠷᠢ ᠲᠠᠢ ᠮᠤᠩᠭᠤᠯ  ᠳᠤ ᠳᠡᠪᠡᠯ ᠭᠤᠳᠤᠯ᠂  ᠡᠮᠡᠭᠡᠯ ᠬᠠᠵᠠᠭᠠᠷ ᠵᠤᠬᠢᠷᠠᠳᠠᠭ ᠪᠤᠯ ᠮᠠᠰᠢᠨ ᠲᠠᠢ ᠮᠣᠩᠭᠤᠯ  ᠳᠤ ᠬᠡᠷᠬᠢᠨ ᠵᠤᠬᠢᠬᠤ ᠪᠤᠢ ᠳ᠋ᠠ᠂ ᠵᠣᠬᠢᠷᠠᠭᠠᠶ᠎ᠠ ᠭᠡᠪᠡᠯ ᠭᠠᠭᠴᠠ ᠠᠷᠭ᠎ᠠ ᠪᠤᠢ᠃ ᠲᠡᠷᠡ ᠨᠢ ᠰᠢᠨ᠎ᠡ  ᠶᠢ ᠡᠭᠦᠳᠬᠦ᠃ ᠤᠷᠳᠤ ᠬᠤᠷᠮᠤᠢ ᠲᠠᠢ ᠪᠤᠯ ᠮᠣᠩᠭᠤᠯ ᠲᠡᠪᠡᠯ ᠪᠤᠯᠤᠭᠠᠳ᠂ ᠤᠬᠤᠷ ᠬᠤᠷᠮᠤᠢ ᠲᠠᠢ ᠪᠤᠯᠪᠠᠯ ᠡᠸᠦ᠋ᠷᠦᠫᠡ ᠲᠡᠪᠡᠯ ᠪᠤᠯᠴᠢᠬᠠᠳᠠᠭ ᠭᠡᠵᠦ ᠦᠦ︖ ᠰᠤᠶᠤᠯ  ᠤᠨ ᠮᠤᠵᠢᠭᠤᠳᠠ ᠪᠠᠷᠢᠮᠳᠠᠯᠠᠯ ᠪᠤᠯ ᠦᠨᠡᠨ  ᠳᠡᠭᠡᠨ ᠨᠢᠭᠡ ᠵᠦᠢᠯ  ᠤᠨ ᠪᠤᠴᠠᠨ ᠬᠠᠷᠠᠯᠲᠠ ᠪᠤᠶᠤ ᠬᠠᠷᠠᠭᠤᠰᠠᠯ ᠶᠤᠮ᠃ ᠮᠠᠨ  ᠤᠨ ᠦᠨᠦᠳᠦᠷ  ᠤᠨ ᠡᠳ᠋ᠯᠡᠵᠦ ᠬᠡᠷᠡᠭᠯᠡᠵᠦ ᠪᠤᠢ ᠰᠤᠶᠤᠯ  ᠤᠨ ᠪᠦᠲᠦᠭᠡᠭᠳᠡᠭᠦᠨ ᠴᠦ  ᠮᠠᠰᠢ ᠤᠷᠲᠤ ᠬᠤᠭᠤᠴᠠᠭᠠᠨ  ᠤ ᠳᠠᠬᠢᠨ ᠳᠠᠪᠲᠠᠨ ᠰᠢᠨᠡᠴᠢᠯᠡᠭᠳᠡᠬᠦ  ᠶᠢ ᠲᠠᠮᠵᠢᠭᠰᠠᠨ ᠶᠤᠮ᠃ ᠡᠭᠦᠰᠦᠭᠰᠡᠨ ᠲᠡᠷᠡ ᠯᠡ ᠴᠠᠭ  ᠠᠴᠠ  ᠪᠠᠨ ᠬᠤᠪᠢᠷᠠᠭ᠎ᠠ ᠦᠭᠡᠢ ᠵᠦᠢᠯ ᠠᠯᠠᠭ᠎ᠠ ᠪᠦᠭᠡᠳ ᠬᠤᠪᠢᠷᠠᠨ ᠰᠢᠨᠡᠴᠢᠯᠡᠭᠳᠡᠭᠰᠡᠨ  ᠠᠴᠠ ᠪᠤᠯᠵᠦ ᠬᠠᠷᠢ  ᠶᠢᠨ ᠪᠤᠯᠴᠢᠬᠠᠯ᠎ᠠ ᠭᠡᠰᠡᠨ ᠵᠦᠢᠯ ᠴᠦ ᠠᠯᠠᠭ᠎ᠠ ᠪᠠᠶᠢᠨ᠎ᠠ᠃ ᠰᠢᠨ᠎ᠡ  ᠶᠢ ᠡᠭᠦᠳᠬᠦ ᠪᠤᠯ ᠰᠠᠶ᠋ᠢ ᠰᠤᠶᠤᠯ  ᠤᠨ ᠴᠦᠮ᠎ᠡ ᠪᠠᠶᠢᠵᠦ ᠳᠠᠭᠠᠷᠠᠨ᠎ᠠ᠃ ᠵᠢᠩᠬᠢᠨᠢ ᠤᠯᠠᠮᠵᠢᠯᠠᠨ ᠵᠠᠯᠭᠠᠮᠵᠢᠯᠠᠭᠤᠰᠢᠲᠠᠢ ᠨᠢ ᠰᠤᠶᠤᠯ  ᠤᠨ ᠡᠨᠡ ᠵᠤᠷᠢᠭ ᠰᠠᠨᠠᠭ᠎ᠠ ᠶᠤᠮ᠃                            ᠮᠠᠭᠢᠰᠲ᠋ᠧᠷ ᠤᠩᠰᠢᠵᠦ ᠪᠠᠶᠢᠬᠤ  ᠳᠠᠭᠠᠨ ᠨᠤᠲᠤᠭ  ᠲᠠᠭᠠᠨ ᠪᠤᠴᠠᠵᠦ ᠬᠠᠳᠤᠯᠠᠩ  ᠳᠤ ᠭᠠᠷᠴᠦ ᠲᠤᠰᠠ ᠲᠠᠮ ᠪᠤᠯᠤᠯ᠎ᠠ᠃ ᠲᠡᠷᠡ ᠯᠡ ᠬᠦᠬᠡ ᠠᠭᠤᠯᠠᠰ᠂ ᠲᠡᠷᠡ ᠯᠡ ᠵᠡᠯᠡᠯᠡᠭᠰᠡᠨ ᠭᠠᠯᠠᠭᠠᠳ  ᠤᠨ ᠴᠤᠪᠤᠭ᠎ᠠ᠂ ᠰᠡᠳᠬᠢᠯ  ᠭᠡᠭᠢᠯᠵᠡᠭᠦᠯᠦᠭᠰᠡᠨ  ᠨᠤᠲᠤᠭ  ᠤᠨ ᠤᠶᠠᠬᠠᠨ ᠰᠠᠯᠬᠢ ᠁ ᠭᠡᠳ ᠯᠡ ᠠᠩᠬᠢᠷᠬᠠᠨ ᠪᠠᠭ᠎ᠠ ᠨᠠᠰᠤᠨ  ᠤ ᠲᠤᠷᠠᠳᠬᠠᠯ  ᠢ ᠨᠡᠬᠡᠭᠦᠯᠦᠭᠰᠡᠨ ᠵᠦᠢᠯ  ᠤᠳ ᠬᠡᠪ  ᠢᠶᠠᠷ  ᠢᠶᠠᠨ ᠪᠤᠯᠪᠠᠴᠦ ᠰᠡᠳᠬᠢᠯ  ᠳᠤ ᠶᠠᠭᠤ ᠨᠢᠭᠡ  ᠲᠤᠲᠠᠭᠠᠳ᠂ ᠦᠭᠡᠶᠢᠯᠡᠭᠳᠡᠨ ᠰᠠᠨᠠᠭᠳᠠᠭᠠᠳ ᠪᠠᠶᠢᠬᠤᠯᠠᠷ  ᠤᠯᠠᠨ ᠵᠢᠯ  ᠤᠨ ᠡᠮᠦᠨᠡᠬᠢ ᠰᠡᠳᠬᠢᠯ  ᠳᠤ ᠮᠦᠩᠬᠡᠷᠡᠭᠰᠡᠨ ᠲᠡᠷᠡ ᠯᠡ ᠵᠦᠢᠯ  ᠤᠳ  ᠢ ᠡᠷᠬᠢᠨ ᠰᠠᠨᠠᠯ᠎ᠠ᠃ ᠲᠡᠶᠢᠮᠦ ᠡ᠂ ᠬᠤᠪᠢᠷᠠᠭᠰᠠᠨ ᠭᠡᠪᠡᠯ ᠦᠰᠦᠨ ᠲᠤᠨᠢ ᠮᠦᠩᠭᠦᠨ ᠬᠢᠷᠠᠭᠤ ᠤᠨᠠᠭᠰᠠᠨ ᠡᠪᠦᠭᠡᠨ ᠪᠤᠭᠤᠷᠤᠯ ᠡᠴᠢᠭᠡ ᠮᠢᠨᠢ᠂ ᠦᠬᠡᠷ ᠲᠡᠷᠭᠡ  ᠶᠢ ᠤᠷᠤᠯᠠᠭᠰᠠᠨ ᠮᠠᠰᠢᠨ ᠮᠤᠲ᠋ᠤᠷ ᠬᠤᠶᠠᠷ ᠯᠡ ᠶᠤᠮ ᠪᠠᠶᠢᠨ᠎ᠠ᠃ ᠤᠨ ᠴᠠᠭ  ᠤᠨ ᠲᠤᠭᠤᠰᠤ ᠤᠯᠠᠨ ᠤᠯᠠᠨ ᠲᠤᠷᠠᠳᠬᠠᠯ  ᠢ ᠮᠢᠨᠢ ᠪᠦᠳᠡᠭᠢᠷᠡᠭᠦᠯᠵᠦ ᠠᠭᠰᠠᠨ ᠴᠦ ᠦᠰᠬᠦ ᠲᠦᠯᠵᠢᠬᠦ ᠨᠠᠰᠤᠨ ᠳᠤ ᠮᠢᠨᠢ  ᠦᠮᠦᠭ ᠲᠦᠰᠢᠭ ᠪᠤᠯᠤᠭᠰᠠᠨ ᠲᠡᠷᠡ ᠯᠡ ᠵᠦᠢᠯ  ᠤᠳ ᠬᠡᠵᠢᠶ᠎ᠡ ᠴᠦ ᠰᠡᠳᠬᠢᠯ  ᠳᠤ ᠮᠦᠩᠬᠡᠷᠡᠭᠡᠳ᠂  ᠦᠶ᠎ᠡ ᠦᠶᠡᠬᠡᠨ ᠴᠤᠬᠤᠯᠵᠠᠵᠦ ᠪᠠᠶᠢᠳᠠᠭ ᠠᠵᠢ᠃  ᠬᠤᠳᠠ ᠰᠠᠭᠤᠷᠢᠨ  ᠳᠤ ᠰᠠᠭᠤᠷᠢᠰᠢᠨ ᠠᠵᠢᠯ ᠠᠯᠪᠠᠨ  ᠳᠤ ᠶᠠᠭᠠᠷᠠᠭᠰᠠᠨ ᠴᠦ ᠬᠠᠶᠠ ᠨᠠᠮᠤᠷ  ᠤᠨ ᠬᠦᠨ ᠴᠡᠩᠬᠡᠷ ᠲᠡᠭᠷᠢ᠂ ᠰᠢᠷᠭᠠᠯ ᠨᠠᠪᠴᠢᠰ  ᠢ ᠬᠠᠷᠠᠵᠦ ᠰᠡᠳᠬᠢᠯ ᠦᠯᠦ ᠮᠡᠳᠡᠭ ᠡᠪᠡᠳᠬᠦ  ᠶᠢᠨ ᠰᠢᠯᠲᠠᠭᠠᠨ  ᠢ ᠲᠡᠭᠡᠵᠦ ᠮᠡᠳᠡᠷᠡᠯ᠎ᠡ᠃ ᠠᠪᠤ ᠮᠢᠨᠢ ᠦᠬᠡᠷ ᠲᠡᠷᠭᠡ  ᠪᠠᠨ ᠪᠠᠰᠠ ᠯᠡ ᠲᠤᠷᠠᠰᠤᠨ ᠶᠠᠷᠢᠵᠦ ᠪᠠᠶᠢᠨ᠎ᠠ᠄ ︽ᠬᠦᠷᠡᠩ ᠦᠬᠡᠷ ᠮᠠᠨᠢ ᠬᠦᠮᠦᠨ  ᠤ ᠤᠬᠠᠭᠠᠨ ᠲᠠᠢ ᠠᠳᠤᠭᠤᠰᠤ ᠪᠠᠶᠢᠭᠰᠠᠨ ᠶᠤᠮ ᠳ᠋ᠠ᠂ ᠬᠦᠭᠡᠷᠦᠬᠦᠢ᠂ ᠬᠠᠳᠠᠮᠴᠢᠯᠠᠭᠠᠳ ᠬᠠᠶᠠ ᠬᠠᠯᠠᠮᠴᠠᠭᠤᠬᠠᠨ ᠪᠤᠴᠠᠬᠤ  ᠳᠠᠭᠠᠨ ᠲᠡᠷᠭᠡᠨ  ᠳᠡᠭᠡᠨ ᠭᠠᠷᠤᠭᠠᠳ ᠤᠨᠲᠠᠴᠢᠬᠠᠪᠠᠯ ᠮᠠᠭᠤ ᠬᠦᠷᠡᠩ ᠮᠢᠨᠢ ᠰᠢᠭᠤᠳ ᠯᠡ ᠨᠠᠭᠠᠴᠦ  ᠶᠢᠨ ᠡᠭᠦᠳᠡᠨ  ᠳᠤ ᠬᠦᠷᠭᠡᠴᠢᠬᠡᠭᠡᠳ ᠮᠦᠭᠡᠷᠡᠴᠢᠬᠡᠭᠰᠡᠨ ᠵᠤᠭᠰᠤᠳᠠᠭ ᠶᠤᠮ᠃ ᠬᠡᠳᠦᠢ ᠴᠦ ᠵᠢᠯ  ᠬᠡᠰᠢᠭ ᠢᠶᠠᠨ ᠦᠭᠭᠦᠯ᠎ᠡ ᠳ᠋ᠡ᠂ ᠶᠠᠭᠠᠬᠢᠶ᠎ᠠ ᠭᠡᠬᠦ ᠪᠤᠢ᠃ ᠮᠠᠭᠤ ᠬᠦᠷᠡᠩ  ᠢᠶᠠᠨ ᠦᠭᠡᠶᠢᠯᠡᠭᠡᠳ ᠪᠠᠶᠢᠬᠤ ᠶᠤᠮ᠂ ᠠᠢ᠂ ᠦᠳᠡᠯᠵᠦ ᠳ᠋ᠠ  ︾  ᠭᠡᠵᠦ ᠨᠠᠮᠬᠠᠨ ᠰᠡᠭᠦᠷᠡᠰᠦᠯᠡᠪᠡ  ᠃ ᠬᠦᠮᠦᠨ ᠠᠮᠢᠲᠠᠨ  ᠤ ᠬᠤᠭᠤᠷᠤᠨᠳᠦ ᠤᠶᠤᠨ ᠰᠦᠨᠡᠰᠦᠨ  ᠤ ᠬᠠᠶᠢᠷ᠎ᠠ ᠪᠠ ᠤᠶᠢᠯᠠᠭᠠᠯᠴᠠᠭ᠎ᠠ ᠭᠡᠵᠦ ᠪᠠᠶᠢᠳᠠᠭ  ᠲᠤ ᠬᠦᠷᠪᠡᠯ ᠲᠡᠷᠡ ᠬᠠᠶᠢᠷ᠎ᠠ ᠤᠶᠢᠯᠠᠭᠠᠯᠴᠠᠭ᠎ᠠ  ᠶᠢ ᠨᠡᠭᠦᠳᠡᠯᠴᠢᠨ ᠮᠣᠩᠭᠤᠯᠴᠤᠳ ᠪᠦᠷ ᠢᠯᠡᠭᠦᠦ ᠮᠡᠳᠡᠷᠡᠵᠦ ᠴᠢᠳᠠᠳᠠᠭ ᠪᠠᠶᠢᠬᠤ ᠳ᠋ᠡ᠃  ᠠᠷᠭᠤᠮᠠᠭ ᠬᠦᠯᠦᠭ ᠰᠢᠭ ᠳᠠᠭᠤᠨ  ᠳᠤ ᠮᠦᠩᠬᠡᠷᠡᠭᠡ ᠦᠭᠡᠢ ᠴᠦ ᠠᠰᠠᠬ᠎ᠠ ᠬᠠᠳᠠᠨ  ᠤ   ᠪᠠᠨ ᠰᠦᠭ ᠵᠢᠷᠤᠭ᠂ ᠠᠷᠠᠳ ᠲᠦᠮᠡᠨ  ᠤ  ᠪᠠᠨ ᠲᠤᠷᠠᠰᠤᠮᠵᠢ  ᠳᠤ ᠮᠦᠩᠬᠡᠷᠡᠭᠰᠡᠨ ᠬᠦᠭᠡᠷᠦᠬᠦᠢ ᠮᠠᠭᠤ ᠦᠬᠡᠷ ᠲᠡᠷᠭᠡ  ᠳᠡᠭᠡᠨ ᠬᠤᠷᠭᠤᠳᠠᠬᠤ  ᠶᠢᠨ ᠰᠡᠭᠦᠯᠴᠢ  ᠶᠢᠨ ᠰᠢᠯᠲᠠᠭᠠᠨ ᠡᠨᠡ ᠪᠦᠭᠡᠳ ᠦᠪᠯᠡᠵᠦ ᠦᠯᠡᠳᠡᠭᠡᠬᠦ ᠨᠢ ︽ᠦᠨᠡᠨ︾  ᠢ ᠬᠦᠬᠡᠬᠡᠵᠦ ︽ᠲᠠᠤᠯᠠᠢ︾ ᠬᠦᠢᠴᠡᠬᠦ  ᠶᠢᠨ ᠵᠤᠷᠢᠭ ᠰᠠᠨᠠᠭ᠎ᠠ ᠯᠡ ᠪᠠᠶᠢᠵᠦ ᠲᠠᠭᠠᠷᠠᠨ᠎ᠠ︕                                             ᠦᠭᠡᠯᠡᠳ ᠪᠠᠭᠠᠲᠤᠷ               ᠦᠪᠦᠷ ᠮᠤᠩᠭᠤᠯ  ᠤᠨ ᠦᠪᠡᠷᠲᠡᠭᠡᠨ ᠵᠠᠰᠠᠬᠤ ᠤᠷᠤᠨ  ᠤ ᠤᠳᠬ᠎ᠠ ᠤᠷᠠᠯᠢᠭ  ᠤᠨ ᠬᠢᠨ  ᠤ ᠬᠤᠯᠪᠤᠭ᠎ᠠ  ᠶᠢᠨ      ︽ᠦᠨᠢᠷ ᠴᠡᠴᠡᠭ︾ ᠰᠡᠳᠬᠦᠯ  ᠤᠨ ᠬᠤᠷᠢᠶ᠎ᠠ                
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号