ᠦᠨᠳᠦᠷᠯᠢᠭ ᠤᠨ ᠰᠠᠯᠬᠢ ᠶᠢᠷᠲᠢᠨᠴᠦ ᠤᠷᠢᠶᠠᠨ᠎ᠠ
ᠨᠡᠶᠢᠲᠡᠯᠡᠭᠰᠡᠨ ᠴᠠᠭ᠄
2020/12/11
                            ︵ᠪᠠᠷᠢᠮᠲᠠᠲᠣ ᠪᠢᠴᠢᠯᠭᠡ︶             ᠪ᠊᠂ ᠰ᠊᠂ ᠪᠢᠯᠢᠭᠡᠷᠬᠢᠮ  ︵毕力吉恒)       ᠪᠠᠶᠢᠭᠠᠯᠢ ᠪᠦᠮᠪᠦᠷᠴᠡᠭ ᠬᠤᠶᠠᠷ ᠤᠨ ᠠᠮᠢᠯᠠᠯ ᠨᠢᠭᠡᠳᠦᠯ ᠤᠨ ᠠᠭᠤᠯᠵᠠᠷ ᠲᠡᠭᠡᠷ᠎ᠡ ᠰᠠᠯᠬᠢ ᠭᠡᠬᠦ‍ ᠨᠢᠭᠡ ᠪᠤᠲᠠᠭᠠᠯᠢ ᠤᠷᠣᠰᠢᠬᠤᠢ ᠪᠡᠶᠡᠰ ᠦᠪᠡᠷ ᠤᠨ ᠭᠡᠰᠡᠨ ᠢᠯᠡᠳᠲᠡ ᠤᠷᠣᠨ ᠪᠠᠶᠢᠷᠢ ᠲᠠᠢ ᠪᠤᠢ ᠪᠣᠯᠵᠠᠢ᠃ ᠲᠡᠷᠡ ᠨᠢ ᠪᠦᠳᠦᠨ ᠪᠦᠮᠪᠦᠷᠴᠡᠭ ᠤᠨ ᠠᠬᠤᠢ ᠬᠦᠳᠡᠯᠭᠡᠭᠡᠨ ᠳᠤ ᠲᠦᠷᠦᠭᠳᠡᠨ ᠭᠠᠷᠴᠤ ᠡᠬᠡ ᠪᠠᠶᠢᠭᠠᠯᠢ ᠤᠨ ᠤᠶᠠᠨ ᠬᠠᠳᠠᠨ ᠢ ᠠᠮᠢᠳᠣ ᠪᠤᠯᠭᠠᠭᠰᠠᠨ ᠤ ᠤᠴᠢᠷ ᠲᠡᠭᠦᠨ ᠢᠶᠠᠷ ᠲᠤᠲᠠᠭᠳᠠᠵᠤ ᠪᠣᠯᠳᠠᠭ ᠦᠭᠡᠢ ᠶᠤᠮ᠃ ᠤᠴᠢᠷ ᠡᠶᠢᠮᠦ ᠠᠴᠠ ᠰᠠᠯᠬᠢ ᠦᠨᠳᠦᠷ ᠲᠡᠭᠡᠨ ᠡᠷᠴᠢ ᠨᠢ ᠢᠷᠮᠡᠭᠦᠨ ᠪᠠᠶᠢᠳᠠᠭ ᠨᠢ ᠢᠯᠡ ᠶᠤᠰᠤ ᠪᠣᠯᠵᠤ ᠬᠦᠮᠦᠨ ᠲᠦᠷᠦᠯᠬᠢᠲᠡᠨ ᠤ ᠤᠢ ᠤᠬᠠᠭᠠᠨ  ᠳᠤ ᠨᠢᠭᠡ ᠵᠦᠢᠯ ᠤᠨ ᠢᠵᠢᠯᠢᠰᠢᠯ ᠵᠤᠬᠢᠴᠠᠯ ᠢᠶᠠᠷ ᠤᠷᠤᠰᠢᠨ ᠦᠷᠭᠦᠯᠵᠢᠯᠡᠭᠰᠡᠭᠡᠷ᠂᠂᠂᠂    ︿︿ᠴᠡᠴᠡᠭᠳᠦ ᠴᠠᠶᠢᠳᠠᠮ﹀﹀ ᠰᠡᠳᠭᠦᠯ ᠭᠡᠵᠦ ᠬᠡᠯᠡᠬᠦ ᠠᠴᠠ ᠮᠢᠨᠦ ᠪᠤᠳᠣᠯ ᠰᠡᠳᠬᠢᠯ ᠤᠨ ᠭᠦᠨ ᠳᠤ ᠡᠲᠡᠭᠡᠳ ᠬᠠᠯᠠᠭᠤᠨ ᠲᠣᠯᠠᠭᠠᠨ ᠰᠠᠨᠠᠭᠳᠠᠨ᠎ᠠ᠃ ᠶᠠᠭ ᠯᠡ ᠲᠦᠷᠪᠡᠨ ᠴᠠᠭ ᠤᠨ ᠦᠶᠦᠭ ᠲᠦᠭᠦᠷᠡᠩ ᠰᠠᠯᠬᠢ ᠰᠢᠭ᠋ ᠯᠡ ᠰᠡᠷᠮᠡᠭᠦᠨ ᠦᠯᠢᠶᠡᠵᠦ ᠢᠷᠡᠳᠡᠭ ᠪᠦᠭᠡᠳ ᠤᠯᠠᠷᠢᠯ ᠳᠠᠭᠠᠨ ᠡᠭᠡᠨᠡᠭᠰᠢᠵᠦ ᠰᠡᠪᠢᠯᠵᠡᠭᠰᠡᠨᠬᠠᠪᠤᠷ ᠨᠠᠮᠤᠷ ᠤᠨ ᠬᠢᠨ ᠤ ᠤᠷᠢᠬᠠᠨ ᠬᠤᠩᠭᠤᠷ ᠴᠠᠭ ᠬᠤᠭᠤᠴᠠᠭ᠎ᠠ ᠨᠢ ᠳᠠᠩᠳᠠ ᠢᠯᠡᠭᠦᠦ ᠪᠦᠭᠡᠳ ᠤᠷᠳᠤᠬᠠᠨ ᠪᠠᠶᠢᠭᠠᠳ ᠯᠡ ᠪᠠᠶᠢᠳᠠᠭ᠃ ᠴᠡᠭᠡᠵᠢᠯᠡᠵᠦ ᠪᠠᠶᠢᠬᠤ ᠪᠠᠷ ᠪᠢ ᠲᠡᠭᠡᠷ᠎ᠡ ᠵᠠᠭᠤᠨ ᠤ ᠶᠢᠷᠢᠭᠡᠳ ᠣᠨ ᠤ ᠡᠬᠢᠨ ᠢᠶᠠᠷ ᠲᠤᠰ ᠰᠡᠳᠭᠦᠯ ᠲᠠᠢ ᠠᠵᠠ ᠲᠠᠭᠠᠷᠠᠵᠤ ᠲᠠᠨᠢᠯᠴᠠᠭᠰᠠᠨ ᠪᠠ ᠦᠷᠭᠦᠯᠵᠢ ᠬᠠᠷᠠᠭ᠎ᠠ ᠤᠷᠬᠢᠨ ᠬᠠᠶᠢᠵᠤ ᠡᠷᠢᠵᠦ ᠤᠩᠰᠢᠳᠠᠭ ᠪᠠᠶᠢᠵᠠᠢ᠃ ᠶᠠᠭᠤ ᠭᠡᠪᠡᠯ ᠰᠤᠨᠢᠨ ᠰᠡᠳᠭᠦᠯ᠂ ᠨᠣᠮ ᠵᠤᠬᠢᠶᠠᠯ ᠤᠯᠵᠠᠷᠬᠠᠨ ᠤᠩᠰᠢᠳᠠᠭ ᠨᠢ ᠲᠤᠬᠠᠢ ᠶᠢᠨ ᠨᠢᠭᠡ ᠴᠠᠭ ᠦᠶ᠎ᠡ ᠶᠢᠨ ᠨᠡᠶᠢᠭᠡᠮ ᠠᠮᠢᠲᠤᠷᠠᠯ ᠤᠨ ᠬᠠᠮᠤᠭ ᠢᠯᠡ ᠤᠷᠤᠰᠬᠠᠯ ᠤᠨ ᠰᠢᠨᠵᠢ ᠲᠠᠢ ᠬᠠᠮᠤᠭ ᠪᠠᠶᠠᠰᠬᠤᠯᠠᠩ ᠰᠠᠶᠢᠬᠠᠨ ᠶᠠᠪᠤᠳᠠᠯ ᠪᠠᠶᠢᠵᠤ ᠶᠤᠮᠰᠠᠨ᠃    ᠪᠢ ᠠᠩᠬ᠎ᠠ ᠠᠵᠢᠯ ᠳᠤ ᠭᠠᠷᠬᠤ ᠳᠠᠭᠠᠨ ᠪᠠᠭᠰᠢ ᠶᠠᠪᠤᠵᠤ ᠪᠠᠶᠢᠭᠰᠠᠨ ᠪᠤᠯᠪᠠᠴᠤ ᠠᠷᠠᠢ ᠲᠦᠷᠪᠡᠨ ᠵᠢᠯ ᠪᠣᠯᠤᠭ᠎ᠠ ᠦᠭᠡᠢ ᠠᠶᠢᠮᠠᠭ ᠤᠨ ᠦᠨᠳᠦᠰᠦᠳᠡᠨ ᠱᠠᠰᠢᠨ ᠰᠣᠷᠲᠠᠬᠤᠨ ᠤ ᠬᠡᠷᠡᠭ ᠡᠷᠬᠢᠯᠡᠬᠦ ᠵᠦᠪᠯᠡᠯ ᠳᠤ ᠰᠢᠯᠵᠢᠪᠡ᠃ ᠮᠢᠨᠦ ᠠᠯᠪᠠᠨ ᠭᠡᠷ ᠲᠤ ᠶᠢᠰᠦᠨ ᠬᠦᠮᠦᠨ ᠬᠠᠮᠳᠤ ᠠᠵᠢᠯᠯᠠᠳᠠᠭ ᠤᠨ ᠲᠤᠲᠤᠷ᠎ᠠ ᠡᠮᠦᠨ᠎ᠡ ᠬᠤᠶᠢᠨ᠎ᠠ ᠶᠡᠭᠡ ᠲᠤᠮᠲᠠ ᠵᠡᠷᠭᠡ ᠶᠢᠨ ᠰᠣᠷᠭᠠᠭᠤᠯᠢ ᠲᠡᠭᠦᠰᠭᠡᠵᠦ ᠬᠤᠪᠢᠶᠠᠷᠯᠠᠭᠳᠠᠵᠣ ᠢᠷᠡᠭᠰᠡᠨ ᠲᠠᠪᠣᠨ ᠵᠠᠯᠠᠭᠤ ᠲᠠᠢ ᠪᠠᠶᠢᠵᠠᠢ᠃ ᠪᠢᠳᠡ ᠲᠠᠪᠤᠭᠤᠯᠠ ᠪᠠᠨ ᠴᠠᠭ ᠦᠶ᠎ᠡ ᠶᠢᠨ ᠥᠩᠭᠡ ᠠᠶᠠᠰ ᠢᠶᠠᠷ ᠱᠣᠣᠬᠢᠨ ᠬᠥᠭᠡᠷᠴᠦ ᠵᠠᠬᠢᠶᠠᠯᠠᠭᠰᠠᠨ ᠰᠣᠨᠢᠨ ᠰᠡᠳᠭᠦᠯ ᠤᠳ  ᠠᠴᠠ ᠪᠠᠨ ᠤᠷᠣᠯᠳᠣᠨ ᠣᠩᠰᠢᠬᠤ ᠶᠢᠨ ᠲᠠᠭᠤ ᠦᠪᠡᠷ ᠬᠤᠭᠤᠷᠤᠨᠳᠤ ᠪᠠᠨ ᠶᠠᠷᠢᠶ᠎ᠠ ᠬᠥᠭᠡᠷᠡᠦ ᠪᠤᠯᠵᠤ ᠦᠵᠡᠯ ᠪᠤᠳᠣᠯ ᠢᠶᠠᠨ ᠲᠡᠯᠭᠡᠵᠡᠭᠡᠳᠡᠭ ᠪᠠᠶᠢᠭᠰᠠᠨ ᠶᠤᠮ᠃     ᠦᠨᠳᠦᠰᠦᠳᠡᠨ ᠤ ᠠᠵᠢᠯ ᠶᠠᠪᠤᠳᠠᠯ ᠡᠷᠬᠢᠯᠡᠵᠦ ᠬᠢᠨ᠎ᠡ ᠭᠡᠳᠡᠭ ᠦᠨᠳᠦᠰᠦᠳᠡᠨ ᠤ ᠺᠠᠳ᠋ᠷ ᠠᠯᠪᠠᠳᠠᠨ ᠪᠣᠯᠣᠭᠰᠠᠳ ᠤᠨ ᠬᠤᠪᠢᠨ ᠳᠤ ᠬᠦᠰᠡᠯ ᠰᠡᠳᠬᠢᠯ ᠠᠭᠤᠵᠢᠭᠤ ᠲᠠᠯᠪᠢᠭᠤᠨ᠂ ᠬᠤᠪᠢ ᠵᠠᠶᠠᠭ᠎ᠠ ᠥᠩ ᠥᠭᠡᠳᠡ ᠲᠠᠢ ᠠᠵᠢᠯ ᠪᠠᠶᠢᠯ᠎ᠠ᠃ ᠬᠡᠯᠡᠪᠡᠯ ᠠᠵᠢᠯ ᠶᠠᠪᠤᠳᠠᠯ ᠤᠨ ᠰᠢᠯᠲᠠᠭᠠᠨ ᠢᠶᠠᠷ ᠤᠯᠤᠰ ᠤᠨ ᠲᠤᠲᠤᠭᠠᠳᠣ ᠳᠠᠬᠢ ᠤᠯᠠᠨ ᠤᠯᠠᠨ ᠦᠨᠳᠦᠰᠦᠳᠡᠨ ᠤ ᠭᠠᠵᠠᠷ ᠤᠷᠣᠨ ᠨᠤᠭᠤᠳ ᠤᠨ ᠬᠤᠭᠤᠷᠤᠨᠳᠦ ᠪᠠᠨ ᠠᠶᠠᠨᠳᠠᠭᠠᠨ ᠤ ᠬᠠᠷᠢᠯᠴᠠᠭ᠎ᠠ ᠶᠠᠪᠤᠯᠴᠠᠭ᠎ᠠ ᠪᠤᠢ ᠪᠣᠯᠵᠤ ᠬᠡᠨ ᠨᠢᠭᠡᠨ ᠵᠦᠭ ᠢᠶᠠᠨ ᠬᠠᠯᠠᠭᠤᠮᠰᠤᠭ ᠵᠦᠭᠡᠯᠡᠨ ᠬᠠᠨᠳᠣᠳᠠᠭ ᠨᠢ ᠦᠨᠡᠨ ᠤᠴᠢᠷ᠃ ᠲᠡᠭᠡᠵᠦ ᠮᠠᠨ ᠤ ᠬᠢᠨ ᠠᠯᠪᠠᠨ ᠭᠡᠷ ᠲᠤ ᠬᠤᠪᠢ ᠨᠡᠶᠢᠲᠡ ᠶᠢᠨ ᠵᠠᠬᠢᠶᠠᠯᠠᠭ᠎ᠠ ᠠᠴᠠ ᠭᠠᠳᠠᠨ᠎ᠠ ᠪᠠᠰᠠ ᠨᠢᠭᠡ ᠬᠤᠪᠢ ᠤᠷᠠᠨ ᠵᠤᠬᠢᠶᠠᠯ ᠤᠨ ᠰᠡᠳᠭᠦᠯ ᠴᠠᠭ ᠴᠠᠭ ᠲᠠᠭᠠᠨ ᠬᠦᠷᠦᠭᠡᠳ ᠢᠷᠡᠳᠡᠭ᠃ ᠲᠡᠷᠡ ᠨᠢ ᠳᠠᠷᠤᠢ ︿︿ᠴᠡᠴᠡᠭᠳᠦ ᠴᠠᠶᠢᠳᠠᠮ﹀﹀ ᠪᠠᠶᠢᠯ᠎ᠠ᠃    ᠪᠢ ᠤᠷᠠᠨ ᠵᠤᠬᠢᠶᠠᠯ ᠳᠤ ᠭᠦᠨᠵᠡᠭᠡᠢ ᠤᠷᠮᠠᠰ ᠲᠦᠷᠦᠭᠦᠯᠡᠬᠦ ᠪᠣᠯᠤᠭᠰᠠᠨ ᠨᠢ ᠶᠢᠷᠢᠭᠡᠳ ᠣᠨ ᠤ ᠦᠶ᠎ᠡ ᠪᠠᠶᠢᠪᠠ᠃ ᠲᠤᠬᠠᠢ ᠶᠢᠨ ᠴᠠᠭ ᠨᠡᠶᠢᠭᠡᠮ ᠤᠨ ᠴᠢᠯᠦᠭᠡᠵᠢᠯᠲᠡ ᠲᠡᠯᠡᠷᠡᠵᠦ ᠬᠦᠮᠦᠰ ᠤᠨ ᠴᠤᠭ ᠵᠢᠪᠬᠤᠭ᠎ᠠ᠂ ᠦᠵᠡᠯ ᠰᠠᠨᠠᠭ᠎ᠠ᠂ ᠠᠵᠢᠯ ᠦᠢᠯᠡᠰ᠂ ᠡᠷᠢᠯ ᠬᠦᠭᠡᠭᠡᠴᠡᠯᠳᠦᠯ ᠭᠡᠳ ᠪᠦᠷ ᠲᠣᠷᠪᠢ ᠭᠦᠢᠴᠡᠳ ᠤᠷᠤᠭᠰᠢ ᠠᠬᠢᠵᠤ ᠪᠠᠶᠢᠭᠰᠠᠨ ᠲᠡᠳᠦᠢ ᠦᠭᠡᠢ ᠤᠳᠬ᠎ᠠ ᠤᠷᠠᠯᠢᠭ ᠤᠨ ᠴᠠᠷ᠎ᠠ ᠬᠦᠷᠢᠶᠡᠨ ᠳᠤ ᠰᠢᠨ᠎ᠡ ᠲᠤᠯᠭᠢᠰᠦᠯᠲᠠ ᠪᠤᠢ ᠪᠣᠯᠵᠤ ᠦᠵᠡᠲᠡᠯ᠎ᠡ ᠤᠷᠠᠨ ᠵᠤᠬᠢᠶᠠᠯ ᠤᠨ ᠵᠠᠯᠠᠭᠤᠴᠤᠳ ᠤᠷᠣᠨ ᠵᠠᠢ ᠡᠵᠡᠯᠡᠵᠦ ᠡᠬᠢᠯᠡᠪᠡ᠃ ᠤᠨᠴᠠᠭᠠᠶᠢᠯᠠᠨ ᠮᠣᠩᠭᠤᠯ ᠤᠷᠠᠨ ᠵᠤᠬᠢᠶᠠᠯ ᠤᠨ ᠰᠤᠳᠣᠨ ᠰᠢᠯᠢᠳᠡᠭ ᠵᠠᠯᠠᠭᠠᠤᠴᠤᠳ ᠬᠤᠷ᠎ᠠ ᠶᠢᠨ ᠳᠠᠷᠠᠭᠠᠬᠢ ᠬᠤᠯᠤᠰᠣᠨ ᠰᠤᠶᠤᠭ᠎ᠠ ᠮᠡᠲᠦ ᠡᠷᠡᠮᠡᠬᠡᠶᠢᠯᠡᠨ ᠴᠣᠯᠭᠤᠷᠠᠵᠤ ᠦᠷᠦᠭᠡᠯ ᠠᠯᠢ ᠨᠢᠭᠡᠨ ᠠᠴᠠ ᠪᠠᠨ ᠦᠴᠦᠬᠡᠨ ᠴᠤ ᠬᠤᠵᠢᠭᠳᠠᠯ ᠦᠭᠡᠢ ᠰᠢᠭᠤᠷᠬᠠᠢ ᠮᠠᠬᠠᠷᠠᠭᠰᠠᠭᠠᠷ ᠰᠢᠨ᠎ᠡ ᠡᠷᠡᠨ ᠤ ᠰᠢᠨ᠎ᠡ ᠤᠷᠤᠰᠬᠠᠯ ᠤᠨ ᠪᠡᠯᠭᠡ ᠲᠡᠮᠳᠡᠭ ᠢ ᠴᠤᠭᠴᠠᠯᠠᠵᠣ ᠠᠪᠬᠤ ᠶᠢᠨ ᠲᠠᠭᠤ ᠳᠤ ᠤᠷᠠᠨ ᠵᠤᠬᠢᠶᠠᠯ ᠤᠨ ᠰᠤᠨᠢᠨ ᠰᠡᠳᠭᠦᠯ ᠨᠣᠮ ᠬᠡᠪᠯᠡᠯ ᠨᠦᠭᠦᠳ ᠴᠤ ᠦᠪᠡᠷ ᠤᠨ ᠤᠷᠤᠨ ᠵᠠᠢ ᠤᠨᠴᠠᠯᠢᠭ ᠰᠢᠨᠵᠢ ᠲᠠᠢ ᠡᠯᠪᠡᠭ ᠪᠠᠶᠠᠯᠢᠭ ᠪᠣᠯᠵᠤ ᠪᠠᠶᠢᠯ᠎ᠠ᠃     ᠤᠷᠠᠨ ᠪᠦᠳᠦᠭᠡᠯ ᠤᠷᠤᠯᠳᠣᠨ᠎ᠠ ᠭᠡᠬᠦ ᠤᠷᠠᠨ ᠪᠦᠳᠦᠭᠡᠯ ᠤᠨ ᠲᠠᠪᠴᠠᠩ ᠪᠠᠶᠢᠬᠤ ᠬᠡᠷᠡᠭᠳᠡᠢ᠃ ᠲᠡᠶᠢᠮᠦ ᠠᠴᠠ ᠤᠷᠠᠨ ᠵᠤᠬᠢᠶᠠᠯ ᠤᠨ ᠰᠡᠳᠭᠦᠯ ᠪᠠᠶᠢᠬᠤ ᠬᠡᠷᠡᠭᠳᠡᠢ ᠪᠦᠭᠡᠳ ᠤᠯᠠᠨ ᠤᠯᠠᠨ ᠪᠠᠶᠢᠬᠤ ᠯᠡ ᠬᠡᠷᠡᠭᠳᠡᠢ᠃ ᠬᠡᠷᠪᠡ ᠶᠠᠮᠠᠷ ᠨᠢᠭᠡᠨ ᠲᠠᠨᠢᠯᠲᠠ ᠠᠴᠠ ᠤᠷᠠᠨ ᠵᠣᠬᠢᠶᠠᠯ ᠤᠨ ᠰᠡᠳᠭᠦᠯ ᠤᠨ ᠲᠤᠬᠠᠢ ᠠᠵᠢᠪᠠᠯ ᠲᠡᠷᠡ ᠨᠢ ᠲᠤᠰ ᠪᠡᠶ᠎ᠡ ᠪᠠᠷ ᠢᠶᠠᠨ ᠤᠷᠠᠨ ᠵᠤᠬᠢᠶᠠᠯ ᠮᠦᠨ᠃ ᠮᠦᠨ ᠴᠤ ᠤᠷᠠᠨ ᠵᠤᠬᠢᠶᠠᠯᠴᠢᠳ ᠢ ᠦᠰᠭᠡᠨ ᠬᠦᠮᠦᠵᠢᠭᠦᠯᠳᠡᠭ ᠠᠯᠲᠠᠨ ᠦᠯᠦᠭᠡᠢ ᠮᠦᠨ᠃ ᠴᠢᠨᠠᠭᠰᠢᠯᠠᠭᠠᠳ ᠪᠦᠬᠦᠶᠢᠯᠡ ᠤᠳᠬ᠎ᠠ ᠤᠷᠠᠯᠢᠭ ᠤᠨ ᠦᠢᠯᠡᠰ ᠢ ᠴᠠᠰᠢ ᠬᠦᠭᠵᠢᠭᠦᠯᠬᠦ ᠪᠠ ᠬᠦᠭᠵᠢᠯᠲᠡ ᠶᠢᠨ ᠬᠠᠨᠳᠣᠰᠢ ᠢ ᠤᠷᠤᠭᠰᠢ ᠳᠠᠭᠠᠭᠤᠯᠳᠠᠭ ᠲᠤᠷᠭᠠᠨ ᠵᠢᠯᠤᠭᠤ ᠮᠦᠨ ᠪᠠᠶᠢᠵᠠᠢ᠃ ᠬᠡᠨ ᠴᠤ ᠲᠡᠭᠦᠨ ᠤ ᠨᠡᠶᠢᠭᠡᠮ ᠠᠮᠢᠲᠤᠷᠠᠯ ᠳᠤ ᠦᠵᠡᠭᠦᠯᠬᠦ ᠦᠨ᠎ᠡ ᠥᠷᠲᠡᠭ ᠪᠠ ᠦᠵᠡᠯ ᠤᠬᠠᠮᠰᠠᠷ ᠤᠨ ᠲᠠᠯ᠎ᠠ ᠪᠠᠷ ᠬᠢ ᠦᠢᠯᠡᠳᠦᠯ ᠵᠢᠳᠭᠦᠯ ᠶᠢ ᠬᠡᠮᠵᠢᠶᠡᠯᠡᠬᠦ ᠶᠢᠨ ᠠᠷᠭ᠎ᠠ ᠦᠭᠡᠢ ᠶᠤᠮ᠃      ᠶᠠᠭᠤ ᠰᠠᠨᠠᠭᠰᠠᠨ ᠬᠦᠮᠦᠨ ᠲᠡᠷᠡ ᠰᠠᠨᠠᠭᠰᠠᠨ ᠵᠦᠭ ᠲᠡᠭᠡᠨ ᠲᠡᠮᠦᠯᠦᠳᠡᠭ ᠨᠢ ᠰᠠᠶᠢᠬᠠᠨ ᠯᠡ ᠠᠵᠠ ᠪᠤᠶᠠᠨ᠃ ᠨᠢᠭᠡ ᠮᠡᠳᠡᠬᠦ ᠳᠤ ᠰᠡᠳᠭᠦᠯ ᠤᠩᠰᠢᠳᠠᠭ ᠪᠠᠶᠢᠭᠰᠠᠨ ᠪᠢ ᠰᠡᠳᠭᠦᠯ ᠳᠤ ᠶᠠᠭᠤᠮ᠎ᠠ ᠪᠢᠴᠢᠳᠡᠭ ᠪᠣᠯᠵᠠᠢ᠃ ᠲᠡᠭᠡᠭᠡᠳ ᠪᠢᠴᠢᠭᠰᠡᠨ ᠡᠬᠡ ᠪᠢᠴᠢᠭ ᠤᠳ ᠢᠶᠠᠨ ᠰᠤᠨᠢᠨ ᠰᠡᠳᠭᠦᠯ ᠳᠤ ᠢᠯᠡᠭᠡᠳᠡᠭ ᠪᠣᠯᠪᠠ᠃ ᠬᠦᠮᠦᠰ ᠴᠢᠷᠮᠠᠶᠢᠯᠭ᠎ᠠ ᠬᠦᠮᠦᠨ ᠢ ᠭᠤᠮᠣᠳᠠᠭᠠᠳᠠᠭ ᠦᠭᠡᠢ ᠭᠡᠵᠦ ᠶᠠᠷᠢᠨ᠎ᠠ᠃ ᠤᠳᠠᠯ ᠦᠭᠡᠢ ᠪᠠᠶᠢᠨ ᠲᠠᠬᠢᠨ ᠢᠯᠡᠭᠡᠭᠰᠡᠨ ᠡᠬᠡ ᠪᠢᠴᠢᠭ ᠤᠨ ᠲᠤᠮᠳᠠ ᠠᠴᠠ ᠵᠠᠷᠢᠮ ᠴᠦᠬᠡᠭᠡᠪᠲᠦᠷ ᠬᠡᠳᠦ ᠨᠢ ᠠᠳᠡ ᠲᠡᠨᠳᠡ ᠨᠡᠶᠢᠲᠡᠯᠡᠭᠳᠡᠬᠦ ᠨᠢ ᠬᠠᠷᠠᠭᠳᠠᠵᠠᠢ᠃ ᠨᠡᠶᠢᠲᠡᠯᠡᠭᠳᠡᠭᠰᠡᠨ ᠪᠦᠳᠦᠭᠡᠯ ᠢᠶᠠᠨ ᠤᠯᠵᠣ ᠬᠠᠷᠠᠭᠠᠳ ᠪᠠᠰᠠ ᠨᠢᠭᠡ ᠬᠦᠦ ᠲᠠᠢ ᠪᠣᠯᠤᠭᠰᠠᠨ ᠶᠤᠮᠰᠢᠭ ᠬᠢᠵᠠᠭᠠᠯᠠᠰᠢ ᠦᠭᠡᠢ ᠪᠠᠶᠠᠷ ᠵᠢᠷᠭᠠᠯ ᠢᠶᠠᠷ ᠲᠦᠭᠦᠷᠴᠦ ᠭᠠᠷᠤᠨ᠎ᠠ᠃     ᠡᠷᠭᠢᠴᠡᠭᠦᠯᠪᠡᠯ ᠰᠢᠨ᠎ᠡ ᠵᠠᠭᠤᠨ ᠤ ᠡᠬᠢᠨ ᠠᠴᠠ ᠪᠢ ︿︿ᠴᠡᠴᠡᠭᠳᠦ ᠴᠠᠶᠢᠳᠠᠮ﹀﹀ ᠰᠡᠳᠬᠦᠯ ᠳᠤ ᠡᠬᠡ ᠪᠢᠴᠢᠭ ᠭᠤᠪᠢᠭᠤᠯᠳᠠᠭ ᠪᠣᠯᠪᠠ᠃ ︿︿ᠴᠡᠴᠡᠭᠳᠦ ᠴᠠᠶᠢᠳᠠᠮ﹀﹀ ᠰᠡᠳᠭᠦᠯ ᠶᠢᠨ ᠬᠢᠨ ᠴᠤ ᠨᠠᠳᠠ ᠳᠤ ᠰᠡᠳᠭᠦᠯ ᠠᠴᠠ ᠪᠠᠨ ᠬᠦᠷᠭᠡᠵᠦ ᠥᠭᠳᠡᠭ ᠪᠠᠶᠢᠪᠠ᠃ ᠲᠡᠭᠡᠵᠦ ᠶᠠᠪᠤᠨ ᠶᠠᠪᠤᠭᠰᠠᠭᠠᠷ ᠭᠤᠪᠢᠭᠤᠯᠤᠭᠰᠠᠨ ᠡᠬᠡ ᠪᠢᠴᠢᠭ ᠠᠴᠠ ᠬᠠᠶᠠ ᠵᠠᠷᠢᠮ  ᠨᠢ ᠨᠡᠶᠢᠲᠡᠯᠡᠭᠳᠡᠬᠦ  ᠪᠣᠯᠤᠭᠰᠠᠨ ᠪᠠ ᠴᠢᠨᠠᠭᠰᠢᠲᠠ ᠨᠠᠳᠠ ᠶᠢ ︿︿ᠴᠡᠴᠡᠭᠳᠦ ᠴᠠᠶᠢᠳᠠᠮ﹀﹀ ᠰᠡᠳᠭᠦᠯ ᠯᠦᠭᠡ ᠶᠡᠷᠦ ᠲᠠᠰᠤᠷᠠᠰᠢ ᠦᠭᠡᠢ ᠲᠡᠮᠦᠷ ᠭᠤᠭᠴᠤᠭ᠎ᠠ ᠪᠣᠯᠭᠠᠨ ᠬᠤᠯᠪᠤᠭᠰᠠᠨ ᠪᠢᠯᠡ᠃    ︿︿ᠴᠡᠴᠡᠭᠳᠦ ᠴᠠᠶᠢᠳᠠᠮ﹀﹀ ᠰᠡᠳᠭᠦᠯ ᠮᠠᠨᠢ ᠲᠡᠭᠡᠳᠦ ᠮᠣᠩᠭᠤᠯ ᠤᠨ ᠢᠵᠠᠭᠤᠷ ᠰᠤᠶᠣᠯ ᠤᠨ    ᠢᠷᠭᠤᠢ ᠬᠦᠷᠦᠰᠦᠨ ᠲᠡᠭᠡᠷ᠎ᠡ ᠬᠦᠢᠰᠦ ᠶᠠᠰᠤ ᠣᠷᠭᠤᠭᠤᠯᠵᠤ ᠤᠳᠤᠮ ᠤᠯᠠᠮᠵᠢᠯᠠᠯ ᠢᠶᠠᠨ ᠵᠠᠯᠭᠠᠭᠰᠠᠨ ᠲᠤᠮᠳᠠᠳᠣ ᠶᠢᠨ ᠦᠨᠳᠦᠰᠦᠳᠡᠨ ᠤ ᠤᠳᠬ᠎ᠠ ᠣᠷᠠᠯᠢᠭ ᠤᠨ ᠬᠦᠷᠢᠶᠡᠯᠡᠩ ᠳᠠᠬᠢ ᠦᠪᠡᠷ ᠢᠶᠠᠷ ᠢᠶᠠᠨ ᠲᠡᠯᠭᠡᠷᠡᠭᠰᠡᠨ ᠦᠨᠢᠷ ᠦᠵᠡᠰᠭᠦᠯᠡᠩ ᠴᠡᠴᠡᠭᠡᠰ᠂ ᠲᠡᠯᠡᠬᠡᠢ ᠮᠣᠩᠭᠤᠯᠴᠤᠳ ᠤᠨ ᠲᠡᠯᠭᠡᠷ ᠭᠤᠸ᠎ᠠ ᠶᠢ ᠲᠣᠲᠣᠷᠠᠭᠤᠯᠤᠭᠰᠠᠨ ᠦᠨᠳᠦᠷᠯᠢᠭ ᠨᠤᠲᠤᠭ ᠤᠨ ᠦᠭᠭᠢᠶᠡᠮᠦᠷ ᠪᠠᠶᠠᠯᠢᠭ ᠡᠷᠳᠡᠨᠢᠰ ᠪᠣᠯᠤᠨ᠎ᠠ᠃ ᠪᠢ ᠲᠡᠭᠦᠨ ᠠᠴᠠ ᠰᠤᠶᠤᠯ ᠡᠷᠳᠡᠨᠢ ᠶᠢᠨ ᠰᠤᠶᠤᠨ ᠡᠷᠳᠡᠮ ᠢ ᠰᠤᠷᠴᠤ᠂ ᠰᠤᠷᠢᠵᠤ ᠮᠡᠷᠡᠶᠢᠬᠦ ᠶᠢᠨ ᠰᠣᠣ ᠤᠬᠠᠭᠠᠨ ᠢ ᠮᠡᠳᠡᠷᠡᠵᠦ ᠶᠠᠪᠤᠭᠰᠠᠨ᠃ ᠲᠡᠷᠡ ᠮᠠᠨᠢ ᠨᠠᠳᠠ ᠳᠤ ᠴᠠᠰᠤᠲᠤ ᠶᠢᠨ ᠮᠣᠩᠭᠤᠯ ᠮᠠᠯᠴᠢᠳ ᠤᠨ ᠦᠵᠡᠯ ᠰᠡᠳᠬᠢᠯᠭᠡ ᠶᠢᠨ ᠡᠴᠢᠨ᠎ᠡ ᠳᠠᠯᠳᠠ ᠬᠦᠰᠡᠯ ᠲᠠᠭᠠᠰᠢᠶᠠᠯ ᠢ ᠲᠠᠮᠵᠢᠭᠤᠯᠣᠨ ᠲᠠᠨᠢᠭᠤᠯᠵᠤ᠂ ᠠᠷᠠᠳ ᠲᠦᠮᠡᠨ ᠤ ᠠᠮᠤᠷ ᠠᠮᠤᠭᠤᠯᠠᠩ ᠠᠮᠢᠲᠤᠷᠠᠯ ᠦᠢᠡᠯᠰ ᠶᠢᠨ ᠠᠮᠵᠢᠯᠲᠠ ᠢᠯᠠᠯᠲᠠ ᠶᠢ ᠭᠠᠶᠢᠬᠠᠭᠤᠯᠤᠨ ᠱᠠᠭᠰᠢᠭᠤᠯᠵᠠᠢ᠃    ᠢᠷᠠᠭᠤ ᠨᠠᠶᠢᠷᠠᠭ ᠪᠢᠴᠢᠳᠡᠭ ᠢᠶᠠᠷ ᠤᠷᠠᠨ ᠪᠦᠳᠦᠭᠡᠯ ᠤᠨ ᠵᠠᠮ ᠮᠦᠷ ᠲᠤ ᠠᠩᠬ᠎ᠠ ᠵᠣᠯᠭᠠᠳᠠᠭ ᠢ ᠪᠢ ᠨᠢᠭᠡ ᠵᠦᠢᠯ ᠤᠨ ᠲᠤᠭᠲᠠᠮᠠᠯ ᠵᠢᠷᠣᠮ ᠪᠠᠶᠢᠪᠠᠦ ᠭᠡᠵᠦ ᠪᠤᠳᠣᠳᠠᠭ᠃ ᠪᠢ ᠢᠷᠠᠭᠤ ᠨᠠᠶᠢᠷᠠᠭ ᠭᠡᠳᠡᠭ ᠶᠠᠭᠤ ᠪᠠᠶᠢᠭᠰᠠᠨ ᠲᠤᠬᠠᠢ ᠬᠠᠷᠠᠬᠠᠨ ᠭᠦᠢᠴᠡᠳ ᠤᠬᠠᠮᠰᠠᠷᠠᠵᠤ ᠲᠡᠶᠢᠯᠦᠭᠡ ᠦᠭᠡᠢ ᠪᠠᠷ ᠢᠷᠠᠭᠤ ᠨᠠᠶᠢᠷᠠᠭ ᠤᠨ ᠤᠷᠤᠰᠬᠠᠯ ᠳᠤ ᠦᠰᠦᠷᠦᠨ ᠤᠷᠤᠭᠰᠠᠨ ᠶᠤᠮ᠃ ᠶᠡᠭᠡ ᠰᠤᠷᠭᠠᠭᠤᠯᠢ ᠳᠤ ᠰᠣᠷᠣᠯᠴᠠᠳᠠᠭ ᠪᠠᠶᠢᠭᠰᠠᠨ ᠦᠶᠡᠰ ᠤᠳᠬ᠎ᠠ ᠵᠤᠬᠢᠶᠠᠯ ᠤᠨ ᠤᠨᠣᠯ ᠤᠨ ᠪᠠᠭᠰᠢ ᠮᠢᠨᠢ ︿︿ᠤᠷᠠᠨ ᠵᠤᠬᠢᠶᠠᠯ ᠪᠦᠳᠦᠭᠡᠬᠦ ᠳᠤ ᠬᠠᠮᠤᠭ ᠠᠮᠠᠷᠬᠠᠨ ᠨᠢ ᠢᠷᠠᠭᠤ ᠨᠠᠶᠢᠷᠠᠭ ᠪᠠᠶᠢᠳᠠᠭ᠂ ᠭᠡᠪᠡᠴᠦ ᠬᠠᠮᠤᠭ ᠲᠦᠪᠡᠭ ᠲᠠᠢ ᠨᠢ ᠮᠦᠨ ᠢᠷᠠᠭᠤ ᠨᠠᠶᠢᠷᠠᠭ ᠪᠠᠶᠢᠳᠠᠭ ᠶᠤᠮ﹀﹀ ᠭᠡᠵᠦ ᠵᠢᠭᠠᠵᠤ ᠥᠭᠭᠦᠭᠰᠡᠨ ᠪᠠ ᠲᠠᠶᠢᠯᠪᠣᠷᠢᠯᠠᠵᠤ ᠥᠭᠴᠡᠢ᠃ ᠭᠡᠪᠡᠴᠦ ᠤᠨᠣᠯ ᠠᠴᠠ ᠨᠢ ᠰᠤᠷᠤᠭᠰᠠᠨ ᠬᠠᠮᠤᠭ ᠤᠨ ᠲᠦᠪᠡᠭ ᠲᠠᠢ ᠭᠡᠬᠦ ᠲᠡᠷᠡ ᠶᠠᠭᠤᠮ᠎ᠠ ᠶᠢ ᠨᠢ ᠵᠤᠷᠢᠭᠳᠠᠢ ᠰᠣᠩᠭᠤᠵᠤ ᠤᠷᠠᠨ ᠪᠦᠳᠦᠭᠡᠯ ᠤᠨ ᠢᠶᠠᠨ ᠡᠬᠢᠯᠡᠯᠲᠡ ᠪᠣᠯᠭᠠᠵᠤ ᠠᠪᠤᠪᠠ᠃ ᠤᠳᠣ ᠪᠤᠳᠣᠪᠠᠯ ᠨᠢᠯᠬ᠎ᠠ ᠲᠣᠭᠤᠯ ᠪᠠᠷᠰ ᠤᠨ ᠠᠮᠠᠨ ᠠᠴᠠ ᠠᠶᠤᠳᠠᠭ ᠦᠭᠡᠢ ᠭᠡᠬᠦ ᠬᠠᠴᠢᠨ ᠨᠢᠭᠡ ᠶᠤᠰᠤ ᠶᠢ ᠦᠪᠡᠷ ᠤᠨ ᠪᠡᠶ᠎ᠡ ᠪᠠᠷ ᠢᠶᠠᠨ ᠲᠤᠷᠰᠢᠯᠲᠠ ᠪᠤᠯᠭᠠᠨ ᠶᠠᠪᠤᠭᠰᠠᠨ ᠮᠠᠨᠢ ᠶᠠᠭᠤᠨ ᠤ ᠠᠯᠪᠠ ᠪᠠᠶᠢᠪᠠ ᠳ᠋ᠠ︕       ᠵᠠᠮ ᠭᠡᠵᠦ ᠣᠣᠯ ᠠᠴᠠ ᠪᠠᠶᠢᠭᠰᠠᠨ ᠪᠢᠰᠢ᠂ ᠬᠦᠮᠦᠨ ᠶᠠᠪᠤᠭᠰᠠᠭᠠᠷ ᠪᠠᠶᠢᠵᠤ ᠭᠠᠷᠳᠠᠭ ᠭᠡᠵᠦ ᠶᠡᠭᠡ ᠤᠯᠠᠨ ᠮᠡᠷᠭᠡᠳ ᠰᠡᠴᠡᠷᠬᠡᠶᠢᠯᠡᠳᠡᠭ᠃ ᠵᠠᠯᠠᠭᠤ ᠽᠠᠨᠳᠠᠨ ᠨᠠᠰᠣᠨ ᠳᠤ ᠴᠢᠰᠦ ᠰᠢᠩᠭᠡᠨ ᠳᠡᠭᠡᠨ ᠡᠷᠭᠢᠯᠳᠦᠬᠦ ᠨᠢ ᠲᠦᠷᠭᠡᠨ ᠪᠠᠶᠢᠵᠤ ᠢᠯᠴᠢ ᠨᠢ ᠢᠯᠡᠷᠬᠡᠢ ᠲᠤᠭᠰᠢᠨ ᠶᠤᠮ ᠪᠠᠶᠢᠨ᠎ᠠ᠃ ᠪᠢ ᠪᠤᠳᠣᠭᠰᠠᠨ ᠢᠶᠠᠷ ᠢᠶᠠᠨ ᠢᠷᠠᠭᠤ ᠨᠠᠶᠢᠷᠠᠭ ᠢᠶᠠᠨ ᠪᠢᠴᠢᠭᠰᠡᠭᠡᠷ ᠶᠠᠪᠤᠵᠠᠢ᠃ ᠣᠳᠣ ᠪᠤᠯᠲᠠᠯ᠎ᠠ ᠶᠡᠷᠦ ᠬᠠᠶᠠᠭ᠎ᠠ ᠦᠭᠡᠢ ᠪᠢᠴᠢᠵᠦ ᠶᠠᠪᠤᠭᠰᠠᠭᠠᠷ᠃ ᠪᠢᠴᠢᠵᠦ ᠶᠠᠪᠤᠭᠰᠠᠭᠠᠷ ᠶᠠᠭᠤᠮ᠎ᠠ ᠳᠠᠭᠠᠨ ᠪᠠᠷᠢᠯᠳᠤᠯᠭ᠎ᠠ ᠲᠠᠢ ᠪᠣᠯᠤᠭᠰᠠᠨ ︿︿ᠴᠡᠴᠡᠭᠲᠦ ᠴᠠᠶᠢᠳᠠᠮ﹀﹀ ᠳᠠᠭᠠᠨ ᠢᠯᠡᠭᠡᠭᠡᠳ ᠯᠡ ᠥᠭᠭᠦᠨ᠎ᠡ᠃ ᠢᠯᠡᠭᠡᠵᠦ ᠶᠠᠪᠤᠭᠤᠯᠤᠭᠰᠠᠨ ᠶᠠᠭᠤᠮᠠᠨ ᠤ ᠪᠠᠨ ᠠᠷᠤ ᠠᠴᠠ ᠠᠯᠠᠭ ᠴᠠᠭᠠᠨ ᠭᠤᠷᠢ ᠣᠷᠭᠢᠨ ᠠᠨᠢᠷ ᠰᠤᠷᠠᠭ ᠠᠩᠵᠠᠷᠬᠠᠵᠤ ᠰᠠᠭᠤᠨ᠎ᠠ᠃ ᠲᠡᠭᠡᠬᠦ ᠳᠤ ᠲᠡᠳᠡᠭᠡᠷ ᠪᠤᠰᠤᠳ ᠤᠨ ᠨᠢᠳᠦᠨ ᠳᠤ ᠦᠯᠡᠳᠡᠵᠦ ᠦᠷᠲᠡᠮᠡᠷ ᠨᠢ ᠦᠭᠡᠢ ᠪᠤᠭᠤᠯ ᠴᠣᠯᠭᠤᠢ ᠪᠦᠳᠦᠭᠡᠯ ᠤᠳ ᠢ ᠮᠠᠨᠢ ᠪᠤᠰᠤᠳ ᠤᠨ ᠬᠠᠷᠠᠭ᠎ᠠ ᠰᠠᠨᠠᠭᠠᠨ ᠳᠤ ᠰᠠᠭᠤᠭᠲᠠᠲᠠᠯ᠎ᠠ ᠰᠠᠶᠢᠬᠠᠨ ᠶᠠᠭᠤᠮ᠎ᠠ ᠪᠣᠯᠭᠠᠴᠢᠬᠠᠭᠳ ᠰᠡᠳᠭᠦᠯ ᠳᠡᠭᠡᠨ ᠨᠡᠶᠢᠲᠡᠯᠡᠨ ᠥᠭᠳᠡᠭ ᠨᠢ ᠨᠢᠭᠡ ᠴᠠᠭ ᠤᠨ ᠵᠣᠯ ᠵᠢᠷᠭᠠᠯ ᠪᠤᠯᠵᠤ ᠮᠢᠨᠦ ᠬᠠᠶᠢᠷ᠎ᠠ ᠰᠡᠳᠭᠢᠯ ᠤᠨ ᠭᠦᠨ ᠳᠤ ᠲᠣᠯᠬᠢᠶᠠᠨ ᠲᠠᠪᠠᠯᠠᠭᠠᠨ ᠪᠤᠰᠬᠠᠵᠤ ᠭᠠᠷᠳᠠᠭ ᠪᠢᠯᠡ᠃         ᠤᠷᠠᠨ ᠵᠤᠬᠢᠶᠠᠯ ᠲᠤᠭᠤᠷᠪᠢᠨ ᠪᠢᠴᠢᠬᠦ ᠨᠢ ᠣᠷᠠᠨ ᠵᠤᠬᠢᠶᠠᠯ ᠵᠠᠰᠠᠵᠤ ᠨᠠᠶᠢᠷᠠᠭᠤᠯᠬᠤ ᠠᠴᠠ ᠪᠠᠨ ᠵᠢᠭᠠᠬᠠᠨ ᠠᠮᠠᠷ ᠰᠢᠭ᠋ ᠯᠡ ᠪᠠᠶᠢᠬᠤ ᠶᠤᠮ ᠦᠦ ᠭᠡᠵᠦ ᠰᠠᠨᠠᠳᠠᠭ᠃ ᠶᠠᠭᠤ ᠭᠡᠪᠡᠯ ᠤᠷᠠᠨ ᠵᠤᠬᠢᠶᠠᠯ ᠤᠨ ᠨᠠᠶᠢᠷᠠᠭᠤᠯᠤᠭᠴᠢᠳ ᠭᠡᠵᠦ ᠤᠷᠠᠨ ᠵᠤᠬᠢᠶᠠᠯ ᠳᠤ ᠬᠠᠨᠳᠣᠬᠤ ᠣᠪᠣᠷ ᠪᠠ ᠤᠷᠠᠨ ᠵᠤᠬᠢᠶᠠᠯᠴᠢᠳ ᠲᠠᠭᠠᠨ ᠥᠭᠬᠦ ᠬᠠᠷᠢᠭᠤᠴᠠᠯᠭ᠎ᠠ ᠨᠢ ᠡᠭᠡᠭᠡ ᠨᠢᠭᠡᠯᠬᠡᠨ ᠰᠢᠯᠤᠭᠤᠨ ᠱᠤᠭᠤᠮ ᠲᠡᠭᠡᠷ᠎ᠡ ᠵᠡᠷᠭᠡᠴᠡᠨ ᠤᠷᠣᠰᠢᠵᠤ ᠲᠤᠯᠬᠤ ᠴᠢᠭ ᠤᠨ ᠲᠥᠪ ᠢ ᠨᠢ ᠵᠦᠪ ᠤᠨᠤᠪᠴᠢᠳᠠᠢ ᠤᠯᠵᠣ ᠠᠪᠳᠠᠭ ᠨᠢ ᠵᠠᠩᠭᠢᠯᠠᠭ᠎ᠠ ᠶᠢᠨ ᠵᠠᠩᠭᠢᠯᠠᠭ᠎ᠠ ᠪᠠᠶᠢᠮᠠᠷ ᠶᠤᠮ᠃ ᠲᠡᠭᠡᠬᠦ  ᠪᠠᠷ ᠨᠠᠳᠠ ᠶᠢ ᠪᠠᠭᠲᠠᠭᠠᠭᠰᠠᠨ ᠦᠢ ᠤᠯᠠᠨ ᠤᠷᠠᠨ ᠪᠦᠳᠦᠭᠡᠯᠴᠢᠳ ᠤᠨ ᠬᠠᠯᠠᠭᠤᠨ ᠵᠣᠷᠢᠭ ᠢ ᠮᠣᠬᠤᠭᠠᠬᠤ ᠦᠭᠡᠢ ᠬᠡᠮᠡᠨ ᠬᠠᠯᠠ ᠵᠦᠳᠦᠭᠦᠷᠢ ᠲᠠᠢ ᠬᠠᠶᠢᠷ᠎ᠠ ᠵᠢᠳᠭᠦᠯ ᠢᠶᠠᠨ ᠬᠠᠷᠠᠮ ᠦᠭᠡᠢ ᠬᠤᠶᠢᠰᠢ ᠦᠭᠡᠢ ᠶᠡᠭᠦᠷᠡᠭᠦᠯᠳᠡᠭ ᠨᠢ ᠰᠡᠳᠭᠦᠯ ᠤᠨ ᠮᠠᠨᠢ ᠨᠠᠶᠢᠷᠠᠭᠤᠯᠤᠭᠴᠢᠳ ᠯᠡ ᠪᠠᠶᠢᠯ᠎ᠠ᠃ ᠢᠩᠭᠢᠵᠦ ᠪᠤᠳᠣᠬᠤ ᠪᠠᠷ ᠥᠨᠥᠳᠦᠷ ᠲᠡᠲᠡᠭᠡᠷ ᠰᠦᠨ ᠴᠠᠶᠢᠯᠭᠠᠨ ᠰᠡᠳᠭᠢᠯ ᠲᠠᠢ᠂ ᠰᠦᠵᠢᠭ ᠬᠠᠶᠢᠯᠭᠠᠨ ᠢᠪᠡᠭᠡᠯ ᠲᠠᠢ ᠦᠶ᠎ᠡ ᠪᠦᠷᠢ ᠶᠢᠨ ᠠᠴᠢᠲᠤ ᠤᠯᠠᠨ ᠨᠠᠶᠢᠷᠠᠭᠤᠯᠤᠭᠴᠢ ᠰᠡᠳᠭᠦᠯᠴᠢ ᠪᠠᠭᠰᠢ ᠨᠠᠷ ᠲᠠᠭᠠᠨ ᠬᠠᠮᠤᠭ ᠪᠦᠬᠦᠢ ᠬᠠᠮᠤᠭ ᠬᠦᠨᠳᠦᠳᠦ ᠢᠷᠦᠭᠡᠯ ᠲᠠᠯᠠᠷᠬᠠᠯ ᠢᠶᠠᠨ ᠲᠡᠪᠰᠢᠭᠦᠯᠬᠦ ᠨᠢ ᠢᠯᠠᠭᠤᠭᠰᠠᠨ ᠲᠡᠭᠡᠳᠦ ᠶᠤᠰᠣ ᠵᠢᠷᠤᠮ ᠪᠠᠶᠢᠵᠤ ᠰᠠᠨᠠᠭᠳᠠᠭᠤᠯᠤᠨ᠎ᠠ᠃      ᠶᠢᠷᠳᠢᠨᠴᠦ ᠶᠢᠨ ᠬᠦᠮᠦᠨ ᠳᠤ ᠠᠮᠢ ᠨᠠᠰᠤ ᠡᠷᠭᠢᠮ ᠨᠠᠨᠳᠢᠨ ᠪᠠᠶᠢᠳᠠᠭ ᠲᠠᠢ ᠠᠳᠠᠯᠢ ᠦᠵᠡᠯ ᠰᠠᠨᠠᠭ᠎ᠠ ᠴᠤᠭ ᠪᠢᠯᠢᠭ ᠬᠡᠵᠢᠶᠡᠳᠡ ᠬᠦᠭᠵᠢᠨ ᠪᠠᠳᠠᠷᠠᠩᠭᠤᠢ ᠪᠠᠶᠢᠬᠤ ᠬᠡᠷᠡᠭᠳᠡᠢ᠃ ᠬᠦᠮᠦᠨ ᠭᠡᠭᠴᠢ ᠤᠶᠤᠨ ᠰᠠᠨᠠᠭ᠎ᠠ ᠤᠷ᠎ᠠ ᠤᠬᠠᠭᠠᠨ ᠢᠶᠠᠨ ᠲᠦᠰᠢᠵᠦ ᠤᠷᠣᠰᠢᠵᠤ ᠦᠷᠭᠦᠯᠵᠢᠯᠡᠨ᠎ᠡ᠃ ᠡᠨᠡᠬᠦ ᠶᠠᠪᠤᠴᠠ ᠳᠤ ᠬᠦᠮᠦᠨ ᠤ ᠤᠶᠤᠨ ᠰᠦᠨᠡᠰᠦ ᠶᠢ ᠤᠷᠢᠶᠠᠯᠠᠨ ᠳᠠᠭᠤᠳᠠᠬᠤ ᠤᠳᠬ᠎ᠠ ᠤᠷᠠᠯᠢᠭ ᠤᠨ ᠠᠤᠭ᠎ᠠ ᠶᠡᠭᠡ ᠷᠢᠳᠢ ᠰᠢᠳᠢ ᠭᠡᠵᠦ ᠶᠠᠭᠠᠬᠢᠭᠰᠠᠨ ᠴᠤ ᠲᠤᠲᠠᠭᠳᠠᠵᠤ ᠪᠣᠯᠣᠰᠢ ᠦᠭᠡᠢ᠃ ᠡᠨᠡ ᠤᠳᠬ᠎ᠠ ᠠᠴᠠ ᠬᠡᠯᠡᠪᠡᠯ ︿︿ ᠴᠡᠴᠡᠭᠲᠦ ᠴᠠᠶᠢᠳᠠᠮ﹀﹀ ᠪᠣᠯ ᠵᠦᠪᠬᠡᠨ ᠨᠢᠭᠡ ᠤᠷᠠᠨ ᠵᠤᠬᠢᠶᠠᠯ ᠤᠨ ᠰᠡᠳᠭᠦᠯ ᠲᠡᠳᠦᠢ ᠯᠡ ᠪᠢᠰᠢ᠂ ᠲᠡᠭᠦᠨ ᠤ ᠨᠡᠩ ᠠᠯᠤᠰ ᠬᠡᠳᠦ ᠶᠢᠨ ᠤᠳᠬ᠎ᠠ ᠠᠭᠤᠯᠭ᠎ᠠ ᠨᠢ ᠬᠦᠮᠦᠨ ᠲᠦᠷᠦᠯᠬᠢᠳᠡᠨ ᠤ ᠤᠶᠤᠨ ᠰᠦᠨᠡᠰᠦᠨ ᠳᠤ ᠬᠤᠯᠪᠤᠭ᠎ᠠ ᠲᠠᠢ᠃ ᠬᠦᠯᠭᠡᠨ ᠶᠢᠷᠳᠢᠨᠴᠦ ᠶᠢᠨ ᠮᠤᠩᠭᠤᠯᠴᠤᠳ ᠲᠦᠮᠡᠨ ᠤ ᠮᠠᠨᠢ ᠦᠨᠢ ᠮᠦᠩᠬᠡ ᠶᠢᠨ ᠤᠶᠤᠨ ᠰᠦᠨᠡᠰᠦᠨ ᠳᠤ ᠰᠢᠭᠤᠳ ᠬᠤᠯᠪᠤᠭ᠎ᠠ ᠲᠠᠢ ᠨᠢ ᠭᠠᠶᠢᠬᠠᠯᠳᠠᠢ ᠶᠢᠨ ᠭᠠᠶᠢᠬᠠᠯᠲᠠᠢ ᠯᠡ ᠶᠤᠮ᠃       ᠠᠭᠤᠯᠠ ᠨᠢᠭᠡ ᠪᠠᠨ ᠲᠦᠰᠢᠵᠦ ᠤᠰᠤ ᠨᠢᠭᠡ ᠪᠠᠨ ᠡᠷᠢᠨ᠎ᠡ ᠭᠡᠳᠡᠭ᠃ ᠪᠢ ︿︿ᠴᠡᠴᠡᠭᠲᠦ ᠴᠠᠶᠢᠳᠠᠮ﹀﹀ ᠰᠡᠳᠭᠦᠯ ᠲᠠᠢ ᠲᠠᠨᠢᠯᠴᠠᠭᠠᠳ ᠬᠤᠷᠢ ᠭᠠᠷᠤᠢ ᠵᠢᠯ ᠪᠣᠯᠤᠯ᠎ᠠ᠃ ᠡᠨᠡᠬᠦ ᠤᠷᠳᠤ ᠬᠤᠭᠤᠴᠠᠭᠠᠨ ᠳᠤ ᠰᠢᠯᠦᠭ᠂ ᠨᠠᠶᠢᠷᠠᠭᠤᠯᠤᠯ᠂ ᠦᠭᠦᠯᠡᠯᠭᠡ ᠲᠤᠭᠤᠵᠢᠰ ᠤᠨ ᠪᠦᠳᠦᠭᠡᠯ ᠢᠶᠠᠷ ᠢᠶᠠᠨ ᠬᠠᠷᠢᠯᠴᠢᠨ ᠬᠤᠯᠪᠣᠯᠳᠣᠵᠤ ᠶᠠᠪᠤᠭᠰᠠᠨ᠃ ᠮᠦᠨ ᠢᠷᠠᠭᠤ ᠠᠯᠳᠠᠷ ᠤᠨ ᠪᠠᠶᠠᠷ ᠪᠠᠭ᠋ᠠᠳᠣᠯ ᠠᠴᠠ ᠴᠤ ᠲᠤᠰᠴᠦ ᠶᠠᠪᠤᠯ᠎ᠠ᠃ ᠰᠡᠳᠭᠦᠯ ᠬᠢᠨ᠎ᠡ ᠭᠡᠬᠦ ᠬᠦᠮᠦᠨ ᠢ ᠬᠦᠮᠦᠨ ᠪᠤᠯᠭᠠᠵᠤ ᠬᠦᠮᠦᠵᠢᠭᠦᠯᠬᠦ ᠭᠡᠰᠡᠨ ᠦᠭᠡ᠃ ᠡᠨᠡ ᠦᠭᠡᠨ ᠳᠤ ᠬᠠᠮᠤᠭ ᠤᠨ ᠠᠵᠠ ᠪᠤᠶᠠᠨᠰᠠᠭ ᠪᠦᠭᠡᠳ ᠬᠠᠮᠤᠭ ᠤᠨ ᠲᠡᠰᠪᠦᠷᠢ ᠲᠡᠪᠴᠢᠶᠡᠷᠢ ᠪᠠᠭᠲᠠᠭᠳᠠᠬᠤ ᠶᠤᠮ᠃ ᠰᠡᠳᠭᠦᠯ ᠢᠶᠠᠨ ᠨᠢᠭᠡᠨ ᠦᠪᠡᠷᠮᠢᠴᠡ ᠭᠠᠷᠮᠠᠭᠠᠢ᠂ ᠲᠦᠷᠬᠦ ᠲᠣᠪᠤᠶᠢᠮ᠎ᠠ ᠂  ᠬᠡᠯᠪᠡᠷᠢ ᠠᠮᠢᠳᠣᠯᠢᠭ᠂ ᠲᠤᠰᠬᠠᠯ ᠦᠷᠭᠡᠨ᠂ ᠴᠢᠨᠠᠭᠰᠢᠯᠠᠨ ᠤᠷᠣᠨ ᠨᠤᠲᠤᠭ ᠭᠠᠵᠠᠷ ᠤᠷᠣᠨ ᠤ ᠨᠡᠶᠢᠲᠡᠯᠢᠭ ᠰᠢᠨᠵᠢ ᠶᠢ ᠨᠡᠶᠢᠳᠭᠡᠨ ᠬᠠᠷᠠᠭᠤᠯᠵᠤ᠂ ᠬᠦᠮᠦᠨ ᠠᠷᠠᠳ ᠤᠨ ᠠᠮᠢᠲᠤᠷᠠᠯ ᠬᠠᠶᠢᠷ᠎ᠠ ᠳᠤ ᠲᠣᠯᠲᠠᠯ᠎ᠠ ᠡᠷᠭᠢᠮᠰᠦᠭ ᠡᠷᠴᠢᠮᠯᠢᠭ ᠡᠷᠭᠢᠯᠡᠵᠦ ᠶᠠᠪᠤᠨ᠎ᠠ ᠭᠡᠭᠴᠢ ᠶᠠᠭᠠᠬᠢᠭᠰᠠᠨ ᠦᠭᠭᠢᠶᠡᠮᠦᠷ ᠳᠠᠷᠬᠠᠨ ᠠᠵᠢᠯ ᠦᠢᠯᠡ ᠶᠤᠮ ᠪᠢᠯᠡ᠃      ᠲᠦᠴᠢᠨ ᠵᠢᠯ ᠪᠤᠯᠣᠯ᠎ᠠ᠃ ︿︿ᠴᠡᠴᠡᠭᠲᠦ ᠴᠠᠶᠢᠳᠠᠮ﹀﹀ ᠮᠢᠨᠢ ᠲᠦᠴᠢᠨ ᠵᠢᠯ ᠤᠨ ᠤᠷᠳᠣ ᠠᠶᠠᠨ ᠳᠤ ᠪᠠᠨ ᠲᠦᠷᠦᠭᠡ ᠪᠤᠰᠤᠭ᠎ᠠ᠂ ᠬᠡᠶᠢᠮᠦᠷᠢ ᠪᠤᠰᠤᠭ᠎ᠠ᠂ ᠬᠡᠰᠢᠭ ᠪᠤᠰᠤᠭ᠎ᠠ᠂ ᠰᠦᠨᠡᠰᠦ ᠪᠤᠰᠤᠭ᠎ᠠ᠂ ᠦᠢᠯᠡᠰ ᠪᠤᠰᠤᠭ᠎ᠠ ᠶᠠᠪᠤᠵᠤ ᠢᠷᠡᠯ᠎ᠡ᠃ ᠡᠨᠡᠬᠦ ᠮᠦᠴᠠ ᠳᠤ ᠰᠡᠳᠭᠦᠯ ᠤᠨ ᠬᠢᠨ ᠠᠩᠬ᠎ᠠ ᠵᠤᠷᠢᠯᠲᠠ ᠪᠠᠨ ᠠᠯᠳᠠᠯ ᠦᠭᠡᠢ ᠪᠠᠷᠢᠮᠳᠠᠯᠠᠨ ᠠᠷᠠᠳ ᠲᠦᠮᠡᠨ ᠳᠡᠭᠡᠨ ᠦᠢᠯᠡᠴᠢᠯᠡᠬᠦ ᠦᠨᠳᠦᠰᠦᠨ ᠪᠤᠳᠣᠯᠭ᠎ᠠ ᠪᠠᠨ ᠤᠯᠠᠮ ᠪᠠᠳᠣᠳᠬᠠᠵᠤ ᠪᠦᠮᠪᠦᠷᠴᠡᠭ ᠤᠨ ᠲᠤᠭᠠᠨ ᠳᠤ ᠲᠡᠭᠷᠢ ᠶᠢᠨ ᠪᠢᠴᠢᠭ ᠲᠠᠢ ᠰᠡᠳᠭᠦᠯ ᠪᠠᠷ ᠢᠶᠠᠨ᠂ ᠪᠦᠭᠦᠳᠡᠭᠡᠷ ᠮᠣᠩᠭᠤᠯᠴᠤᠳ ᠤᠨ ᠢᠶᠠᠨ ᠲᠡᠯᠡᠬᠡᠢ ᠳᠤ ᠳᠠᠭᠤᠷᠢᠰᠬᠠᠯ  ᠲᠠᠢ ᠥᠪ ᠰᠤᠶᠤᠯ ᠢ ᠮᠦᠩᠬᠡᠷᠡᠭᠦᠯᠦᠨ ᠠᠪᠴᠤ ᠶᠠᠪᠤᠬᠤ ᠶᠢ ᠵᠦᠩᠨᠠᠨ ᠵᠦᠩᠨᠠᠨ ᠪᠡᠯᠭᠡᠯᠡᠵᠦ ᠪᠠᠶᠢᠨᠠᠮ᠃                                
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号