ᠬᠥᠬᠡ ᠭᠠᠯ ᠤᠨ ᠮᠢᠨᠢ ᠳᠥᠷᠡᠯᠵᠢᠯ | ᠬᠥᠬᠡᠮᠳᠥᠭ ᠠᠭᠤᠯᠠᠰ ᠤᠨ ᠮᠢᠨᠢ ᠣᠷᠭᠢᠯ | ᠥᠷᠯᠥᠭ ᠮᠣᠩᠭᠤᠯ ᠤᠨ ᠮᠢᠨᠢ ᠳᠠᠰᠣᠷᠬᠠᠢ | ᠥᠪᠥᠷ ᠶᠡᠭᠡ ᠪᠠᠭᠳᠠᠭᠠᠮᠵᠢᠳᠣ ᠳᠠᠭᠤᠯᠠᠩᠬᠠᠢ | ᠠᠭᠳᠠ ᠶᠢᠨ ᠳᠥᠪᠥᠷᠭᠡᠨ ᠴᠢᠩᠨᠠᠵᠣ ᠬᠤᠨᠣᠳᠠᠭ ᠵᠡᠭᠦᠳᠣ ᠲᠠᠢ | ᠠᠷᠠᠳ ᠳᠥᠮᠡᠨ ᠨᠢ ᠵᠢᠷᠥᠬᠡᠨ ᠳᠤ ᠪᠠᠨ ᠣᠬᠠᠭᠠᠨ ᠰᠠᠭᠤᠭᠰᠠᠨ | ᠨᠠᠶᠢᠷᠠᠭ ᠢᠶᠠᠷ ᠢᠶᠠᠨ ᠰᠥᠨᠢ ᠥᠯᠳᠡᠳᠡᠭ | ᠨᠠᠶᠢᠮᠠᠨ ᠵᠠᠭᠤᠨ ᠤ ᠳᠡᠷᠳᠡᠭᠡ ᠠᠴᠠ ᠢᠷᠡᠭᠰᠡᠨ ᠠᠨᠢᠷ | ᠳᠡᠣᠭᠡ ᠶᠢᠨ ᠭᠠᠯ ᠳᠤ ᠳᠥᠯᠡᠭᠡ ᠨᠡᠮᠡᠭᠰᠡᠨ ᠳᠥᠷᠢᠯᠭᠡ ᠲᠠᠢ | ᠵᠢᠷᠥᠬᠡᠨ ᠳᠤ ᠣᠶᠢᠷᠠᠬᠠᠨ ᠳᠡᠭᠡᠳᠥ ᠮᠣᠩᠭᠤᠯ ᠮᠢᠨᠢ᠃ | ᠠᠪᠣᠷᠭᠤ ᠠᠭᠤᠯᠠᠰ ᠨᠢ ᠴᠠᠰᠣ ᠪᠠᠨ ᠬᠠᠶᠢᠷᠠᠯᠠᠭᠰᠠᠨ ᠰᠠᠷᠢᠳᠠᠭ ᠲᠠᠢ | ᠠᠵᠠ ᠵᠢᠷᠭᠠᠯ ᠨᠢ ᠲᠠᠮᠢᠷ ᠢᠶᠠᠨ ᠪᠠᠷᠠᠳᠠᠭ ᠦᠭᠡᠢ ᠣᠬᠠᠭᠠᠮᠵᠢ ᠲᠠᠢ | ᠳᠡᠭᠡᠷ᠎ᠡ ᠥᠶ᠎ᠡ ᠠᠴᠠ ᠣᠯᠠᠮᠵᠢᠯᠠᠵᠣ ᠥᠭᠭᠦᠭᠰᠡᠨ ᠰᠣᠷᠭᠠᠮᠵᠢ ᠲᠠᠢ | ᠳᠡᠩᠳᠡᠭᠦᠥ ᠬᠠᠶᠢᠷ᠎ᠠ ᠶᠢᠨ ᠪᠠᠳᠣ ᠴᠢᠯᠠᠭᠤᠨ ᠲᠠᠮᠠᠭ᠎ᠠ ᠲᠠᠢ | ᠮᠠᠯᠴᠢᠨ ᠬᠥᠮᠥᠨ ᠤ ᠵᠢᠷᠥᠬᠡ ᠳᠣᠯᠠᠭᠠᠯᠠᠳᠠᠭ ᠭᠠᠯ ᠲᠠᠢ | ᠡᠴᠢᠭᠡ ᠶᠢᠨ ᠥᠶ᠎ᠡ ᠡᠷᠭᠢᠵᠥ ᠥᠵᠡᠮᠡᠷ ᠰᠠᠨᠠᠭᠳᠠᠭᠰᠠᠨ | ᠡᠷᠬᠡ ᠮᠣᠩᠭᠤᠯ ᠤᠨ ᠰᠡᠳᠭᠢᠯ ᠳᠤ ᠬᠥᠷᠳᠡᠭ ᠭᠠᠵᠠᠷ | ᠠᠶᠢᠷᠠᠭ ᠤᠨ ᠥᠨᠥᠷ ᠨᠢ ᠠᠷᠠᠳ ᠳᠥᠮᠡᠨ ᠳᠤ ᠪᠠᠨ ᠣᠴᠢᠳᠠᠭ | ᠳᠠᠭᠤᠯᠠᠬᠤ ᠳᠠᠭᠤᠣ ᠨᠢ ᠳᠡᠯᠡᠬᠡᠢ ᠣᠶᠠᠷᠠᠭᠠᠮᠠ ᠬᠥᠭ ᠲᠠᠢ | ᠵᠢᠷᠥᠬᠡᠨ ᠳᠤ ᠣᠶᠢᠷᠠᠬᠠᠨ ᠳᠡᠭᠡᠳᠥ ᠮᠣᠩᠭᠤᠯ ᠮᠢᠨᠢ᠃ | ᠳᠡᠭᠷᠢ ᠶᠢᠨ ᠰᠠᠯᠬᠢ ᠨᠢ ᠠᠭᠤᠯᠠᠰ ᠢ ᠪᠠᠨ ᠢᠯᠪᠢᠨ ᠥᠩᠭᠡᠷᠡᠳᠡᠭ | ᠭᠠᠵᠠᠷ ᠤᠨ ᠠᠮᠢᠰᠬᠤᠭ᠎ᠠ ᠨᠢ ᠬᠥᠬᠡᠨᠠᠭᠤᠷ ᠢᠶᠠᠷ ᠢᠶᠠᠨ ᠳᠣᠯᠠᠭᠠᠷᠠᠭᠰᠠᠨ | ᠮᠥᠩᠬᠡ ᠭᠠᠯ ᠢ ᠪᠠᠨ ᠠᠭᠤᠯᠠ ᠳᠥᠰᠢᠭᠦᠯᠥᠨ ᠠᠰᠠᠭᠠᠵᠣ | ᠠᠭᠤᠣ ᠪᠣᠳᠣᠯ ᠳᠤ ᠪᠠᠨ ᠠᠭᠠᠷ ᠤᠨ ᠨᠠᠷᠠᠪᠠᠨ ᠬᠤᠷᠭᠤᠳᠠᠭᠠᠳᠠᠭ | ᠳᠣᠪᠰᠢᠭᠤᠷ ᠤᠨ ᠳᠠᠭᠤᠨ ᠣᠨ ᠤ ᠬᠥᠷᠳᠥ ᠶᠢ ᠴᠢᠪᠬᠠᠳᠠᠭᠰᠠᠨ | ᠵᠠᠭᠤᠨ ᠵᠠᠭᠤᠨ ᠢ ᠬᠠᠳᠠᠭᠤᠵᠢᠵᠣ ᠳᠣᠭᠤᠯᠠᠭᠰᠠᠨ ᠨᠢ ᠬᠠᠷᠠᠭᠳᠠᠮᠠᠷ | ᠣᠰᠣᠨ ᠤ ᠴᠢᠨᠢ ᠭᠥᠨ ᠢ ᠴᠢᠩᠨᠠᠵᠣ ᠬᠤᠨᠣᠮᠠᠷ | ᠬᠡᠳᠡ ᠴᠠᠬᠢᠭᠤᠷ ᠰᠢᠭ ᠭᠠᠯ ᠢ ᠪᠠᠨ ᠪᠠᠳᠠᠷᠠᠭᠠᠳᠠᠭ | ᠵᠢᠷᠥᠬᠡᠨ ᠳᠤ ᠣᠶᠢᠷᠠᠬᠠᠨ ᠳᠡᠭᠡᠳᠥ ᠮᠣᠩᠭᠤᠯ ᠮᠢᠨᠢ᠃ | ᠵᠣᠯᠠᠢ ᠵᠣᠯᠠᠢ ᠪᠠᠨ ᠬᠢᠰᠬᠢᠵᠣ ᠳᠥᠷᠥᠭᠰᠡᠨ ᠮᠣᠩᠭᠤᠯ | ᠵᠠᠭᠤᠨ ᠵᠠᠭᠤᠨ ᠢ ᠪᠠᠨ ᠡᠯᠡᠭᠡᠵᠥ ᠢᠷᠡᠭᠰᠡᠨ ᠣᠭᠰᠠᠭ᠎ᠠ | ᠳᠡᠭᠡᠳᠥ ᠶᠢᠨ ᠥᠨᠥᠷ ᠲᠠᠢ ᠳᠡᠪᠡᠯ ᠢ ᠴᠢᠨᠢ ᠬᠠᠷᠠᠬᠤ ᠠᠴᠠ | ᠳᠡᠰᠭᠡᠯ ᠦᠭᠡᠢ ᠵᠢᠷᠥᠬᠡᠨ ᠳᠤ ᠬᠠᠶᠢᠷ᠎ᠠ ᠱᠢᠪᠡᠷᠡᠳᠡᠭ ᠪᠠᠶᠢᠭᠰᠠᠨ | ᠠᠭᠤᠣ ᠪᠣᠳᠣᠯ ᠳᠤ ᠴᠢᠨᠢ ᠥᠪᠡᠷ ᠢ ᠪᠠᠨ ᠣᠶᠠᠷᠠᠭᠠᠵᠣ ᠶᠠᠪᠣᠭᠰᠠᠨ | ᠠᠭᠤᠳᠠᠮ ᠪᠣᠳᠣᠯ ᠴᠢᠨᠢ ᠲᠡᠯᠡᠬᠡᠢ ᠪᠠᠨ ᠪᠥᠷᠬᠦᠭᠰᠡᠨ ᠨᠣᠳᠤᠭ ᠲᠠᠢ | ᠠᠨᠢᠷ ᠬᠤᠯᠠᠬᠠᠨ ᠴᠣ᠋ ᠠᠮᠢᠳᠣᠷᠠᠯ ᠳᠤ ᠣᠶᠢᠷᠠᠬᠠᠨ ᠪᠠᠶᠢᠯᠴᠠᠳᠠᠭ | ᠨᠡᠭᠦᠬᠦ ᠭᠠᠯᠠᠭᠤᠣᠳ ᠨᠢ ᠡᠭᠦᠷ ᠢᠶᠠᠨ ᠡᠷᠭᠢᠭᠡᠳ ᠨᠢᠰᠳᠡᠭ | ᠮᠥᠩᠬᠡ ᠭᠠᠯ ᠢᠶᠠᠷ ᠠᠮᠢᠳᠣᠷᠠᠯ ᠡᠷᠭᠦᠵᠥ ᠠᠰᠠᠭᠠᠳᠠᠭ | ᠵᠢᠷᠥᠬᠡᠨ ᠳᠤ ᠣᠶᠢᠷᠠᠬᠠᠨ ᠳᠡᠭᠡᠳᠥ ᠮᠣᠩᠭᠤᠯ ᠮᠢᠨᠢ᠃ | | ᠬᠠᠶ᠋ᠢᠭ ᠄ ᠣᠯᠠᠭᠠᠨᠬᠠᠳᠠ ᠬᠤᠳᠠ ᠶᠢᠨ ᠪᠠᠭᠠᠷᠢᠨ ᠵᠡᠬᠦᠨ ᠬᠤᠰᠢᠭᠤᠨ ᠤ ᠴᠠᠭᠠᠨᠬᠠᠳᠠ ᠰᠣᠮᠣᠨ ᠤ ᠬᠥᠪᠢᠨ ᠭᠤᠣ | ᠭᠠᠴᠠᠭ᠎ᠠ | ᠨᠡᠷ᠎ᠡ᠄ ᠪᠣᠶᠠᠨᠳᠠᠯᠠᠢ | ᠣᠳᠠᠰᠣ᠄13298003138 | |