ᠮᠢᠨᠦ ᠲᠦᠴᠢᠨ ᠵᠢᠯ
ᠨᠡᠶᠢᠲᠡᠯᠡᠭᠰᠡᠨ ᠴᠠᠭ᠄
2020/12/11
ᠦᠬᠡᠷᠡᠴᠢᠯᠡᠯᠳᠡ ᠨᠡᠬᠡᠬᠡᠯᠳᠡ ᠶᠢᠨ ᠲᠦᠴᠢᠨ ᠵᠢᠯ ᠳᠤ ᠦᠪᠡᠳᠡᠭᠰᠢ ᠰᠢᠨᠡᠷᠬᠦᠤ ᠬᠤᠪᠢᠷᠠᠯᠳᠠ ᠭᠠᠷᠪᠠ ᠦᠩᠬᠡᠷᠡᠭᠰᠡᠨ ᠬᠤᠨᠤᠭ ᠢᠶᠠᠨ ᠳᠤᠭᠠᠯᠠᠨ ᠡᠷᠬᠢᠴᠡᠬᠦᠯᠬᠦ ᠳᠤ ᠦᠪᠡᠷ ᠤᠨ ᠡᠷᠬᠡ ᠦᠬᠡᠢ ᠵᠠᠶᠠᠭ᠎ᠠ ᠪᠠᠨ ᠰᠢᠪᠰᠢᠪᠡ ᠨᠦᠬᠦᠬᠡᠰᠤᠨ ᠳᠡᠬᠡᠷ᠎ᠡ ᠨᠦᠬᠦᠬᠡᠰᠦᠳᠡᠢ ᠡᠮᠦᠰᠦᠭᠰᠡᠨ ᠤᠷᠠᠩᠬᠠᠢ ᠬᠠᠭᠵᠠᠷᠬᠠᠢ ᠬᠤᠪᠴᠠᠰᠤ ᠲᠠᠢ ᠪᠠᠶᠢᠪᠠ ᠬᠡᠷ ᠤᠨ ᠳᠡᠬᠡᠷ᠎ᠡ ᠬᠡᠷ ᠲᠠᠢ ᠵᠢᠷᠭᠠᠭᠰᠠᠨ ᠬᠡᠬᠡᠨ ᠰᠠᠷᠠᠭᠤᠯᠬᠠᠨ ᠦᠷᠬᠦᠬᠡ ᠲᠠᠢ ᠪᠤᠯᠪᠠ ᠰᠢᠰᠢ ᠶᠢᠨ ᠮᠠᠨᠳᠠᠤ ᠰᠢᠩᠬᠡᠨ ᠪᠤᠳᠠᠭ᠎ᠠ ᠪᠠᠷ ᠬᠡᠳᠡᠰᠤ ᠲᠦᠬᠦᠷᠬᠦ ᠦᠬᠡᠢ ᠦᠯᠦᠰᠴᠤ ᠪᠠᠶᠢᠪᠠ ᠰᠢᠷ᠎ᠠ ᠳᠤᠰᠤ ᠬᠤᠨᠢᠨ ᠮᠢᠬ᠎ᠠ ᠪᠠᠷ ᠬᠤᠳᠤᠭᠤᠳᠤ ᠴᠠᠳᠬᠤᠯᠠᠩ ᠶᠠᠪᠤᠬᠤ ᠪᠤᠯᠪᠠ ᠳᠠᠩ ᠴᠠᠮᠴᠠ ᠬᠤᠩᠬᠢᠯᠳᠠᠭ ᠱᠠᠬᠠᠢ ᠪᠠᠷ ᠳᠠᠭᠠᠷᠠᠵᠤ ᠴᠡᠴᠡᠷᠡᠨ ᠬᠦᠶᠦᠵᠤ ᠪᠠᠶᠢᠪᠠ ᠳᠠᠪᠬᠤᠷ ᠡᠮᠦᠰᠴᠤ ᠳᠠᠬᠤ ᠬᠡᠳᠦᠷᠤᠨ ᠳᠠᠷᠭᠤᠨ ᠯᠠᠭᠱᠠᠨ ᠦᠶᠡᠷᠬᠡᠬᠦ ᠪᠤᠯᠪᠠ ᠠᠷᠪᠠᠨ ᠬᠤᠪᠢ ᠶᠢᠨ ᠠᠰᠢᠭ ᠬᠦᠷᠳᠡᠬᠡᠳ ᠠᠮᠢ ᠭᠤᠤᠯ ᠢᠶᠠᠨ ᠠᠷᠭᠠᠴᠠᠭᠠᠵᠤ ᠪᠠᠶᠢᠪᠠ ᠠᠷᠪᠠᠨ ᠲᠦᠮᠡ ᠶᠢᠨ ᠤᠷᠤᠯᠭ᠎ᠠ ᠲᠠᠢ ᠪᠤᠯᠤᠭᠠᠳ ᠠᠰᠤᠷᠤ ᠪᠠᠶᠠᠨ ᠠᠮᠢᠳᠤᠷᠠᠬᠤ ᠪᠤᠯᠪᠠ ᠬᠤᠪᠢ ᠦᠮᠴᠢ ᠶᠢᠨ ᠮᠠᠯ ᠦᠬᠡᠢ ᠬᠠᠮᠳᠤ ᠶᠢᠨ ᠴᠢᠷᠠᠢ ᠶᠢ ᠬᠠᠷᠠᠵᠤ ᠪᠠᠶᠢᠪᠠ ᠬᠤᠭᠤᠯᠠᠢ ᠳᠠᠯ᠎ᠠ ᠪᠠᠷ ᠲᠦᠬᠦᠷᠡᠩ ᠳᠠᠷᠬᠠᠰᠢᠭᠰᠠᠨ ᠬᠠᠯᠠᠭᠤᠨ ᠬᠦᠢᠳᠡᠨ ᠬᠤᠰᠢᠭᠤᠳᠤ ᠲᠠᠢ ᠪᠤᠯᠪᠠ ᠳᠤᠭᠤᠢ ᠤᠨᠤᠭᠰᠠᠨ ᠬᠦᠮᠦᠨ ᠲᠠᠢ ᠬᠠᠷᠭᠤᠪᠠᠯ ᠳᠤᠷᠠᠯᠠᠬᠤ ᠳᠤ ᠪᠠᠨ ᠳᠠᠭᠠᠭᠠᠳ ᠳᠡᠷᠪᠡᠵᠤ ᠪᠠᠶᠢᠪᠠ ᠳᠡᠬᠡᠬᠦᠷ ᠨᠢᠰᠬᠡᠯ ᠢᠶᠠᠷ ᠠᠶᠠᠨ ᠬᠦᠬᠡᠬᠡᠭᠰᠡᠨ ᠴᠤ ᠳᠡᠩᠳᠡᠬᠦᠤ ᠤᠳᠠᠭᠠᠨ ᠰᠠᠨᠠᠭᠳᠠᠬᠤ ᠪᠤᠯᠪᠠ ᠬᠡᠵᠢᠬᠡ ᠦᠰᠦ ᠪᠠᠨ ᠰᠠᠮᠨᠠᠵᠤ ᠳᠠᠶᠢᠯᠬᠦ ᠦᠬᠡᠢ ᠬᠢᠭᠤᠷᠰᠤ ᠪᠦᠬᠡᠰᠦᠨ ᠳᠤ ᠡᠬᠦᠷᠳᠦᠵᠤ ᠪᠠᠶᠢᠪᠠ ᠬᠤᠯᠪᠤᠭ᠎ᠠ ᠰᠦᠯᠵᠢᠶᠡᠨ ᠤ ᠨᠠᠶᠢᠵᠠ ᠨᠠᠷ ᠲᠠᠢ ᠪᠠᠨ ᠬᠤᠩᠬᠢᠨᠠᠵᠤ ᠨᠠᠷᠬᠢᠯᠳᠤᠨ ᠶᠠᠭᠠᠷᠠᠯᠳᠤᠬᠤ ᠪᠤᠯᠪᠠ ᠴᠠᠭ ᠲᠤ ᠪᠠᠨ ᠢᠷᠡᠳᠡᠭ ᠦᠬᠡᠢ ᠵᠠᠬᠢᠳᠠᠯ ᠢᠶᠠᠨ ᠰᠠᠷᠠᠪᠴᠢᠯᠠᠨ ᠪᠠᠷᠠᠯᠠᠭᠠᠳ ᠬᠦᠯᠢᠶᠡᠵᠤ ᠪᠠᠶᠢᠪᠠ ᠴᠠᠭ ᠤᠨ ᠰᠠᠶᠢᠬᠠᠨ ᠴᠢᠮᠡᠭᠡ ᠵᠠᠩᠬᠢ ᠶᠢ ᠰᠠᠨᠠᠭᠠᠨ ᠠᠴᠠ ᠲᠦᠷᠬᠡᠨ ᠳᠤᠰᠬᠤ ᠪᠤᠯᠪᠠ ᠲᠦᠴᠢᠨ ᠵᠢᠯ ᠤᠨ ᠡᠮᠦᠨᠡᠬᠢ ᠳᠤᠷᠠᠳᠬᠠᠯ ᠢᠶᠠᠨ ᠴᠡᠪᠡᠷ ᠪᠠᠶᠢᠭᠠᠯᠢᠯᠢᠭ ᠢᠶᠠᠷ ᠳᠡᠯᠬᠡᠨ ᠵᠢᠷᠤᠭᠯᠠᠪᠠ ᠲᠦᠴᠢᠨ ᠵᠢᠯ ᠤᠨ ᠳᠠᠷᠠᠭᠠᠬᠢ ᠦᠨᠦᠳᠦᠷ ᠢᠶᠠᠨ ᠴᠡᠬᠡᠨ ᠬᠦᠰᠢᠬᠡᠨ ᠳᠤ ᠪᠠᠷᠳᠠᠮ ᠳᠤᠰᠬᠠᠪᠠ       ᠵᠤᠬᠢᠶᠠᠭᠴᠢ᠄  ᠳᠤᠭᠴᠢ ᠯᠤᠪᠰᠠᠩ ︵鲁布森  ᠂  ᠭᠠᠷ ᠤᠳᠠᠰᠤ᠄  136 1487 6979᠂       ᠬᠠᠶ᠋ᠢᠭ᠄  ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ  ︵乌审旗蒙古族实验小学︶᠂ ᠰᠢᠤᠳᠠᠨ ᠨᠤᠮᠧᠷ᠄ 017300  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号