︽ᠭᠠᠯ ᠠᠶᠠᠨ ᠤ ᠬᠢᠨ︾ ᠭᠡᠮᠡᠬᠦᠢ ᠮᠦᠴᠢᠯᠭᠡ
ᠨᠡᠶᠢᠲᠡᠯᠡᠭᠰᠡᠨ ᠴᠠᠭ᠄
2020/12/11
ᠤ · ᠷᠢᠨᠴᠢᠨᠸᠠᠩᠵᠢᠯ            ︽ᠭᠠᠯ ᠠᠶᠠᠨ ᠤ ᠬᠢᠨ︾ ᠭᠡᠮᠡᠬᠦᠢ ᠮᠦᠴᠢᠯᠭᠡ— ᠪᠠᠭᠠᠷᠢᠨ ᠪᠠᠷᠠᠭᠤᠨ ᠬᠤᠰᠢᠭᠤᠨ ᠤ ᠪᠠᠶᠠᠨᠳᠠᠯ᠎ᠠ ᠰᠤᠮᠤ ᠶᠢᠨ ᠲᠤᠮᠳᠠᠳᠤ ᠰᠤᠷᠭᠠᠭᠤᠯᠢ ᠠᠴᠠ 1978 ᠤᠨ ᠳᠤ ᠠᠩᠬ᠎ᠠ ᠲᠤᠮᠳᠠᠳᠤ ᠪᠠᠨ ᠲᠡᠬᠦᠰᠦᠭᠰᠠᠨ ᠰᠤᠷᠤᠭᠴᠢᠳ ᠤᠨ 40 ᠵᠢᠯ ᠤᠨ ᠤᠢ ᠪᠠᠨ ᠲᠠᠮᠳᠡᠭᠯᠡᠬᠦ ᠴᠤᠭᠯᠠᠭᠠᠨ ᠳᠤ  ᠲᠠᠳᠠᠯᠠᠭᠰᠠᠨ ᠤᠶᠡᠩᠭ᠎ᠠ              ᠭᠠᠯ ᠠᠶᠠᠨ ᠤ ᠬᠢᠨ                         — ᠬᠠᠶᠢᠷᠠᠳᠤ ᠰᠤᠷᠤᠯᠭ᠎ᠠ ᠶᠢᠨ ᠬᠠᠨᠢᠳᠡᠳ ᠲᠠᠭᠠᠨ ᠵᠤᠷᠢᠭᠤᠯᠪᠠ ᠭᠠᠴᠢᠭ ᠵᠢᠯ ᠤᠨ ᠲᠤᠭᠤᠰᠤ ᠶᠢ ᠬᠦᠳᠡᠯᠭᠡᠵᠤ ᠭᠠᠯ ᠠᠶᠠᠨ ᠤ ᠬᠦᠰᠭᠡ ᠬᠦᠳᠡᠯᠪᠡ ᠭᠠᠨᠵᠤᠭ᠎ᠠ ᠰᠢᠬᠦᠷᠠᠨ ᠲᠦᠷᠦᠭᠡ ᠵᠢᠬᠢᠵᠤ ᠭᠠᠯᠳᠠᠢ ᠰᠤᠷᠤᠯᠭ᠎ᠠ ᠶᠢᠨ ᠠᠶᠠᠨ ᠳᠤ ᠮᠤᠷᠳᠠᠪᠠ᠃ ᠬᠤᠯᠠ ᠶᠢᠨ ᠵᠠᠮ ᠤᠨ ᠡᠬᠢᠨ ᠤ ᠦᠷᠳᠡᠭᠡᠨ ᠳᠤ ᠬᠠᠴᠡᠷ ᠲᠠᠭᠠᠨ ᠨᠢᠰᠤ ᠲᠠᠢ ᠪᠠᠭᠠᠳᠤᠳ ᠪᠠᠶᠢᠭᠰᠠᠨ ᠶᠤᠮ ᠬᠤᠷᠭᠤᠯ ᠤᠨ ᠤᠳᠤᠭ᠎ᠠ ᠲᠠᠢ ᠭᠡᠷ ᠠᠴᠠ ᠪᠠᠨ ᠵᠠᠶᠢᠳᠠᠵᠤ ᠬᠤᠪᠢ ᠬᠤᠪᠢᠨ ᠳᠠᠭᠠᠨ ᠡᠷ᠎ᠡ ᠪᠤᠯᠤᠭᠰᠠᠨ ᠶᠤᠮ᠃ ᠢᠰᠡᠬᠡᠢ ᠨᠢ ᠪᠤᠯᠳᠠᠶᠢᠭ᠍ᠰᠠᠨ ᠮᠠᠬᠠᠢ ᠭᠤᠳᠤᠯ ᠲᠠᠢ ᠢᠯᠴᠢ ᠨᠢ ᠪᠠᠭᠤᠷᠠᠭᠰᠠᠨ ᠬᠦᠳᠦᠰᠤᠨ ᠲᠠᠪᠠᠯ ᠲᠠᠢ ︽ᠴᠢᠨᠠᠭᠰᠠᠨ︾ ᠤᠰᠤᠨ ᠳᠠᠭᠠᠨ ᠰᠢᠰᠢᠨ ᠪᠤᠤᠪᠤ ᠲᠠᠢ ᠴᠠᠳᠴᠤ ᠪᠤᠯᠬᠤ ᠦᠭᠡᠢ ᠲᠤᠨᠳᠠᠭᠤᠷ ᠭᠡᠭᠡᠯ ᠲᠠᠢ ···· ᠭᠡᠷᠡᠭ ᠤᠨ ᠭᠡᠷᠡᠭ ᠤᠨ ᠪᠠᠭᠰᠢᠨᠠᠷ ᠮᠢᠨᠢ ᠬᠢᠴᠢᠶᠠᠯ ᠰᠤᠷᠤᠯᠭ᠎ᠠ ᠢ ᠠᠮᠵᠢᠭᠤᠯᠳᠠᠭ ᠪᠠᠶᠢᠭᠰᠠᠨ ᠶᠤᠮ ︽ᠭᠡᠷᠡᠭ ᠲᠠᠳᠠᠭᠰᠠᠨ︾ ᠲᠤᠮᠤᠴᠤᠤᠯ ᠢ ᠪᠠᠰᠠ ᠬᠦᠮᠦᠰ ᠢ ᠲᠠᠭᠤᠷᠢᠶᠠᠵᠤ ᠵᠢᠮᠡᠯᠡᠳᠡᠭ ①ᠪᠠᠶᠢᠭᠰᠠᠨ ᠶᠤᠮ᠃ ᠰᠤᠷᠬᠤ ᠶᠢᠨ ᠲᠠᠭᠠᠤ ᠬᠦᠳᠡᠯᠮᠤᠷᠢᠯᠠᠨ᠎ᠠ ᠭᠡᠳᠡᠭ ︽ᠱᠤᠭᠤᠮ︾②᠂ ︽ᠬᠦᠳᠦᠯᠪᠤᠷᠢ︾③   ᠤᠨ ᠶᠤᠰᠤ ᠪᠠᠶᠢᠯ᠎ᠠ᠃ ᠬᠦᠳᠡᠯᠮᠤᠷᠢᠯᠠᠬᠦ ᠶᠢᠨ ᠲᠠᠭᠠᠤ ᠰᠤᠷᠴᠤ ᠶᠠᠪᠤᠭᠰᠠᠨ ᠨᠢ ᠭᠡᠤᠭᠡᠳ ᠪᠢᠳᠠᠨ ᠤ ᠠᠵᠠ ᠪᠠᠶᠢᠯ᠎ᠠ᠃ ᠢᠨᠢᠶᠠᠵᠤ ᠤᠬᠢᠯᠠᠵᠤ ᠲᠠᠭᠤᠯᠠᠵᠤ ᠶᠠᠪᠤᠭᠰᠠᠨ ᠢ ᠠᠩᠬᠢ ᠶᠢᠨ ᠭᠡᠷ ᠮᠢᠨᠢ ᠴᠤᠤᠷᠢᠶᠠᠨ ᠳᠠᠭᠠᠨ ᠰᠢᠩᠭᠡᠭᠰᠠᠨ ᠶᠤᠮ᠂ ᠢᠳᠡᠭᠡᠵᠤ ᠵᠢᠳᠬᠦᠵᠤ ᠨᠦᠬᠦᠷᠯᠠᠵᠤ ᠢᠷᠡᠭᠰᠠᠨ ᠢ ᠢᠷᠡᠭᠡᠳᠤᠢ ᠬᠤᠵᠢᠮ ᠮᠠᠨᠢ ᠬᠠᠭᠤᠳᠠᠰᠤᠨ ᠳᠠᠭᠠᠨ ᠪᠢᠴᠢᠬᠦ ᠶᠤᠮ᠃ ᠭᠤᠯᠤᠮᠳᠠ ᠲᠤᠯᠭ᠎ᠠ ᠴᠤᠭ ᠲᠠᠭᠠᠨ ᠪᠠᠳᠠᠷᠠᠭᠠᠵᠤ ᠭᠠᠨᠭ᠌ ᠲᠦᠷᠦᠭᠡ ᠬᠠᠷᠰᠢᠭᠤᠯᠵᠤ ᠶᠠᠪᠤᠭᠰᠠᠨ ᠭᠤᠷᠪᠠᠨ ᠵᠢᠯ ᠢ ᠬᠠᠮᠳᠤ ᠳᠠᠭᠠᠨ ᠲᠤᠭᠤᠯᠵᠤ ᠭᠤᠳᠤᠯ ᠤᠨ ᠤᠯᠠ ᠪᠠᠨ ᠡᠯᠡᠭᠡᠵᠤ ᠢᠷᠡᠭᠰᠠᠨ ᠰᠤᠷᠤᠯᠭ᠎ᠠ ᠶᠢᠨ ᠠᠶᠠᠨ ᠢᠶᠠᠨ ᠡᠷᠬᠢᠵᠤ ᠬᠠᠷᠠᠬᠤ ᠳᠤ ᠰᠤᠪᠤᠷᠠᠭᠰᠠᠨ ᠲᠤᠭᠤᠰᠤ ᠨᠢ ᠵᠢᠷᠦᠭᠡᠨ ᠳᠤ ᠲᠤᠨᠤᠬᠤ ᠶᠤᠮ ᠰᠤᠷᠤᠯᠭᠠᠳᠠᠨ ᠬᠠᠨᠢᠳᠡᠳ ᠢᠶᠠᠨ ᠨᠠᠷᠠᠯᠠᠨ ᠲᠠᠭᠤᠳᠠᠬᠤ ᠳᠤ ᠰᠠᠳᠤᠨ ᠲᠦᠷᠦᠯ ᠠᠴᠠ ᠲᠤᠳᠤᠨᠤ ᠰᠠᠨᠠᠭᠳᠠᠬᠤ ᠶᠤᠮ᠃ ᠮᠠᠨ ᠤ ᠭᠠᠯ ᠤᠨ ᠬᠢᠨ ᠤ ᠠᠶᠠᠨ ᠲᠠᠭᠤᠰᠤᠭ᠎ᠠ ᠦᠭᠡᠢ ᠮᠠᠰᠢ ᠬᠤᠯᠠ ᠶᠢ ᠴᠢᠭᠯᠡᠭᠰᠠᠨ ᠪᠠᠶᠢᠭ᠎ᠠ ᠶᠤᠮ ᠮᠠᠨᠳᠤᠬᠤ ᠨᠠᠷᠠᠨ ᠢᠶᠠᠨ ᠤᠭᠳᠤᠭᠰᠠᠨ ᠪᠠᠶᠢᠭ᠎ᠠ ᠶᠤᠮ ᠮᠠᠩᠨᠤᠭ ᠠᠮᠢᠳᠤᠷᠠᠯ ᠢᠶᠠᠨ ᠲᠠᠭᠤᠯᠠᠭᠰᠠᠨ ᠪᠠᠶᠢᠭ᠎ᠠ ᠶᠤᠮ᠃ ᠲᠠᠶᠢᠯᠪᠤᠷᠢ᠄① ᠯᠢᠨ ᠪᠢᠶᠤᠤ᠂ ᠺᠦᠡᠭᠽᠢ ᠢ ᠪᠤᠷᠤᠭᠤᠰᠢᠶᠠᠬᠤ ᠶᠡᠭᠡ ᠦᠰᠦᠭᠳᠤ ᠰᠤᠨᠢᠨ ᠪᠢᠴᠢᠳᠡᠭ ᠢ ᠵᠢᠭᠠᠪᠠ᠃②③ ᠲᠤᠬᠠᠢ ᠶᠢᠨ ᠦᠶ᠎ᠠ ᠶᠢᠨ ᠤᠯᠤᠰ ᠲᠦᠷᠦ ᠶᠢᠨ ᠨᠠᠷ᠎ᠠ ᠲᠤᠮᠢᠶ᠎ᠠ               ᠡᠭᠡ ᠰᠤᠷᠭᠠᠭᠤᠯᠢ ᠶᠢᠨ ᠢᠶᠠᠨ ᠪᠠᠭᠤᠷᠢ ᠲᠡᠭᠡᠷ᠎ᠠ ᠠᠴᠠ ᠲᠡᠬᠦᠭᠰᠠᠨ ᠰᠢᠯᠦᠭ                     — ᠪᠠᠶᠠᠨᠳᠠᠯ᠎ᠠ   ᠲᠤᠮᠳᠠᠳᠤ   ᠰᠤᠷᠭᠠᠭᠤᠯᠢ    ᠮᠢᠨᠢ   ᠴᠠᠭ   ᠤᠨ                         ᠤᠷᠤᠰᠬᠠᠯ ᠳᠤ ᠠᠯᠠᠭ᠎ᠠ ᠪᠤᠯᠵᠤ ᠤᠷᠤᠨ ᠭᠡᠷ ᠨᠢ ᠪᠠᠭᠤᠷᠢ ᠪᠤᠯᠵᠠᠢ ᠪᠠᠶᠠᠨ ᠰᠤᠶᠤᠯ ᠤᠨ ᠦᠯᠦᠬᠡᠢ ᠮᠢᠨᠢ ᠪᠢᠯᠢᠭ ᠤᠨ ᠠᠶᠠᠨ ᠤ ᠤᠯᠠᠭ᠎ᠠ ᠮᠢᠨᠢ ᠪᠤᠭᠤᠷᠤᠯ ᠲᠡᠤᠭᠡ ᠶᠢᠨ ᠨᠦᠬᠦᠭᠡᠰᠤ ᠮᠢᠨᠢ ᠪᠤᠳᠤᠯ ᠤᠨ ᠦᠨᠳᠤᠷ ᠰᠠᠬᠢᠭᠤᠰᠤ ᠮᠢᠨᠢ — ᠲᠠᠨ ᠢ ᠬᠠᠮᠢᠭ᠎ᠠ ᠪᠤᠢ︖ ᠭᠡᠵᠤ ᠰᠤᠷᠠᠬᠤ ᠳᠤ ᠲᠠᠷᠢᠭᠰᠠᠨ ᠤᠯᠢᠶᠠᠰᠤ ᠮᠢᠨᠢ ᠮᠦᠷ ᠢᠶᠠᠨ ᠠᠯᠳᠠᠵᠤ ᠠᠪᠠᠷ ᠲᠠᠪᠡᠷ ᠲᠠᠨ ᠢ ᠬᠠᠮᠢᠭ᠎ᠠ ᠪᠤᠢ︖ ᠭᠡᠵᠤ ᠡᠷᠢᠬᠦ ᠳᠤ ᠲᠠᠮᠢᠷ ᠤᠨ ᠲᠠᠯᠠᠪᠠᠢ ᠮᠢᠨᠢ ᠡᠪᠡᠰᠤᠨ ᠲᠤᠮᠳᠠ ᠡᠯᠤᠢ ᠬᠤᠯᠤᠢ ···· ᠲᠦᠴᠢᠨ ᠵᠢᠯ ᠤᠨ ᠲᠠᠷᠠᠭ᠎ᠠ ᠲᠠᠨ ᠢ ᠪᠠᠨ ᠠᠯᠠᠭ᠎ᠠ ᠪᠤᠯᠤᠨ᠎ᠠ ᠭᠡᠵᠤ ᠪᠤᠳᠤᠭ᠎ᠠ ᠦᠭᠡᠢ ᠲᠦᠷᠦᠭᠡᠨ ᠲᠡᠭᠡᠷ᠎ᠠ ᠴᠢᠨᠢ ᠦᠨᠳᠡᠶᠢᠭᠰᠠᠨ ᠭᠡᠤᠭᠡᠳ ᠤᠳ ᠦᠨᠦᠴᠢᠷᠠᠨ᠎ᠠ ᠭᠡᠵᠤ ᠰᠡᠳᠬᠢᠭᠡ ᠦᠭᠡᠢ ᠲᠦᠷᠢᠮᠡᠬᠡᠢ ᠬᠦᠯᠦᠭ ᠵᠢᠯᠦᠭᠤ ᠪᠠᠨ ᠲᠠᠳᠠᠵᠤ ᠨᠤᠮᠤᠬᠠᠷᠠᠭᠰᠠᠨ ᠪᠤᠯᠪᠡ ᠤᠤ⁈ ᠲᠦᠷᠠᠯᠵᠠᠭᠰᠠᠨ ᠭᠠᠯ ᠨᠦᠯᠦ ᠪᠠᠨ ᠮᠠᠨᠠᠵᠤ ᠴᠤᠭᠰᠢᠭᠰᠠᠨ ᠪᠠᠶᠢᠪᠠ ᠤᠤ⁈ ᠡᠯᠤᠢ ᠬᠤᠯᠤᠢ ᠶᠢᠨ ᠲᠤᠮᠳᠠ ᠡᠭᠡ ᠰᠤᠷᠭᠠᠭᠤᠯᠢ ᠢ ᠪᠠᠨ ᠲᠠᠭᠤᠳᠠᠶ᠎ᠠ ᠡᠯᠴᠢᠯ ᠦᠭᠡᠢ ᠤᠷᠴᠢᠯᠠᠩ ᠳᠤ ᠲᠠᠨ ᠤ ᠪᠠᠨ ᠠᠯᠳᠠᠷ ᠢ ᠮᠦᠡᠭᠭᠡᠯᠡᠶ᠎ᠡ︕ ᠡᠯᠳᠡᠩ ᠨᠤᠭᠤᠭᠠᠨ ᠲᠠᠯ᠎ᠠ ᠢ ︽ᠲᠦᠢᠮᠠᠷ ᠬᠤᠶᠢᠬᠠᠯᠠᠨ ᠲᠠᠭᠤᠰᠬᠤ ᠦᠭᠡᠢ︾ ᠡᠰᠡᠷᠡᠬᠦᠨ ᠴᠠᠭ ᠢᠷᠡᠬᠦᠢ ᠳᠤ ᠮᠢᠨᠤ ᠰᠤᠷᠭᠠᠭᠤᠯᠢ ᠮᠠᠨᠳᠤᠨ᠎ᠠ︕          ᠠᠩᠬᠢ ᠶᠢᠨ ᠡᠷᠬᠢᠯᠡᠭᠴᠢ ᠳᠡᠭᠡᠨ ᠡᠷᠬᠦᠬᠦ ᠤᠶᠠᠩᠭ᠎ᠠ                    — ᠠᠩᠬᠢ ᠶᠢᠨ ᠡᠷᠬᠢᠯᠡᠭᠴᠢ ᠬᠦᠨᠳᠤᠳᠤ ᠶᠤᠰᠤᠳᠤ ᠪᠠᠭᠰᠢ ᠶᠢᠨ                      ᠲᠠᠯᠠᠨ ᠭᠤᠷᠪᠠᠨ ᠨᠠᠰᠤᠨ ᠤ ᠵᠢᠯ ᠤᠨ ᠪᠠᠶᠠᠷ ᠲᠤ ᠨᠠᠶᠢᠯᠠᠬᠦᠯᠪᠠᠢ ᠲᠦᠴᠢᠨ ᠵᠢᠯ ᠤᠨ ᠲᠡᠷᠳᠡᠭᠡ ᠳᠤ ᠬᠠᠷᠠᠬᠠᠨ ᠵᠠᠯᠠᠭᠤ ᠪᠠᠭᠰᠢ ᠲᠦᠷᠦᠭᠡᠨ ᠲᠡᠭᠡᠷ᠎ᠠ ᠪᠠᠨ ᠦᠨᠳᠡᠶᠢᠭᠰᠠᠨ ᠬᠠᠷᠢᠭᠤᠴᠠᠯᠭ᠎ᠠ ᠦᠨᠳᠤᠷ ᠰᠡᠳᠬᠢᠯ ᠲᠦᠷᠠᠯᠵᠢᠮ᠎ᠠ ᠬᠠᠶᠢᠷ᠎ᠠ ᠪᠠᠷ ᠵᠢᠡᠨ‌ᠠᠰᠠᠭᠰᠠᠨ ᠰᠤᠶᠤᠯ ᠤᠨ ᠭᠠᠯ ᠪᠠᠮᠪᠠᠷ ᠲᠦᠴᠢᠨ ᠶᠢᠰᠦᠬᠦᠯᠠ① ᠢ ᠨᠤᠮᠯᠠᠭᠰᠠᠨ ︽ᠨᠢᠭᠤᠴᠠ ᠲᠤᠪᠴᠢᠶᠠᠨ︾ ᠰᠤᠳᠤᠷ ᠦᠭᠰᠤᠵᠤ ᠢᠷᠡᠭᠰᠠᠨ ᠡᠷᠡᠨ ᠤ ᠦᠨᠳᠤᠷ ᠲᠤ ᠵᠤᠭᠰᠤᠬᠤᠢ ᠦᠳᠡᠬᠦᠰ ᠦᠯᠮᠠᠢ ᠲᠤᠭᠤᠤᠷ ᠨᠢ ᠱᠤᠤᠬᠢᠬᠤᠢ ᠤᠷᠤᠰᠬᠠᠯ ᠢ ᠦᠳᠡᠭᠡᠷᠢᠯᠡᠵᠤ ᠱᠠᠯᠠᠭᠰᠠᠨ ᠲᠤᠤᠯᠢᠰ ᠦᠯᠠᠮᠵᠢ ᠤᠯᠠᠨ ᠱᠠᠪᠢ ᠪᠠᠨ ᠰᠡᠳᠬᠢᠯ ᠳᠡᠭᠡᠨ ᠲᠠᠩᠴᠠᠬᠦᠯᠦᠭᠰᠠᠨ ᠲᠠᠩᠰᠠ ︵Tengs︶ ᠦᠯ ᠪᠤᠭᠤᠷᠤᠯ ᠲᠠᠷᠢᠬᠦᠨ ᠳᠡᠭᠡᠨ ᠪᠤᠶᠠᠨ ᠬᠤᠷᠭᠠᠭᠰᠠᠨ ᠠᠭᠤᠯᠠᠰᠲᠠᠶᠢᠯᠪᠤᠷᠢ᠄① ᠠᠩᠬ᠎ᠠ ᠡᠬᠢᠯᠠᠨ ᠨᠠᠷ᠎ᠠ ᠪᠦᠷᠢᠳᠬᠦᠯᠦᠨ ᠰᠤᠷᠤᠯᠴᠠᠬᠤ ᠳᠤ ᠮᠠᠨ ᠤ ᠠᠩᠬᠢ ᠶᠢᠨ ᠬᠢᠨ ᠲᠦᠴᠢᠨ ᠶᠢᠰᠦᠨ ᠰᠤᠷᠤᠭᠴᠢ ᠪᠠᠶᠢᠭᠰᠠᠨ ᠪᠦᠯᠦᠭᠡ᠃ ᠰᠠᠬᠦᠯᠠᠷ ᠨᠢ ᠨᠡᠮᠡᠭᠳᠡᠵᠤ ᠲᠠᠪᠢ ᠭᠠᠷᠴᠤᠬᠤᠢ᠃            ᠭᠡᠯᠠ ᠪᠢᠴᠢᠭ ᠤᠨ ᠪᠠᠭᠰᠢ                            — ᠬᠦᠨᠳᠤᠳᠤ ᠬᠦᠤᠳᠠᠭᠠᠭᠤᠯ ᠪᠠᠭᠰᠢ ᠳᠠᠭᠠᠨ ᠵᠤᠷᠢᠭᠤᠯᠪᠠ ᠬᠡᠯᠠ ᠪᠢᠴᠢᠭ ᠴᠢᠨᠢ ᠰᠢᠨᠡᠭᠡᠨ ᠬᠡᠪ ᠢᠶᠠᠷ ᠢᠶᠠᠨ ᠬᠡᠨ ᠳᠤ ᠴᠤ ᠲᠠ ᠨᠢᠭᠡᠯᠠ ᠵᠠᠩ ᠢᠶᠠᠷ ᠢᠶᠠᠨ ᠬᠡᠵᠢᠶᠠᠳᠠ ᠪᠠᠭᠰᠢ ᠮᠢᠨᠢ ᠰᠡᠳᠬᠢᠯ ᠳᠤ ᠪᠠᠶᠢᠷᠢ ᠲᠠᠢ ᠬᠢᠴᠢᠶᠠᠯ ᠰᠤᠷᠭᠠᠯ ᠴᠢᠨᠢ ᠵᠢᠷᠦᠭᠡᠨ ᠳᠤ ᠰᠠᠶᠢᠯᠦᠭᠡᠰᠤ ᠲᠠᠢ ···· ᠴᠤᠭᠯᠠᠭᠠᠨ ᠪᠤᠯᠭᠠᠨ ᠳᠤ ᠲᠠᠨ ᠢ ᠪᠠᠨ ᠤᠷᠢᠬᠤ ᠰᠠᠨ ᠴᠠᠢ ᠶᠢᠨ ᠲᠡᠭᠡᠵᠢ ᠪᠠᠨ ᠶᠤᠰᠤᠯᠠᠨ ᠪᠠᠷᠢᠬᠤ ᠰᠠᠨ ᠬᠦᠤᠳᠠᠭᠠᠭᠤᠯ ᠪᠠᠭᠰᠢ ᠮᠢᠨᠢ ᠭᠡᠳᠡᠭ ᠲᠡᠬᠦᠦ ᠨᠠᠷ ᠢᠶᠠᠨ ᠲᠤᠳᠤᠮᠳᠠᠭᠰᠠᠨ ᠡᠭᠡᠴᠢᠮᠡᠳ ᠪᠠᠶᠢᠳᠠᠭ ᠰᠠᠨ ····              ᠨᠠᠰᠤᠨᠳᠡᠯᠭᠡᠷ ᠤᠨ ᠨᠤᠳᠤᠭ                       — ᠰᠢᠪᠠᠷᠳᠠᠢ ᠨᠤᠳᠤᠭ   ᠢᠶᠠᠷ  ᠵᠤᠭᠠᠯᠠᠵᠤ  ᠵᠠᠮ   ᠤᠨ  ᠭᠤᠳᠤᠰ                            ᠬᠠᠮᠳᠤ ᠰᠤᠷᠤᠯᠭᠠᠳᠠᠨ ᠨᠠᠰᠤᠨᠳᠡᠯᠭᠡᠷ ᠤᠨ ᠳᠡᠭᠡᠨ ᠦᠳᠡᠯᠡᠪᠡᠢ ᠤᠢ ᠶᠢᠨ ᠨᠠᠪᠴᠢᠰ ᠢᠶᠠᠷ ᠢᠶᠠᠨ ᠬᠦᠤᠷᠨᠢᠯᠳᠦᠭᠰᠠᠨ ᠠᠰᠬᠠᠨ᠂ ᠲᠠᠷᠬᠠᠨ ᠠᠭᠤᠯᠠᠰ ᠤᠬᠠᠭᠠᠨ ᠳᠤ ᠨᠢᠭᠡ ᠶᠢ ᠦᠬᠦᠯᠡᠭᠰᠠᠨ ᠸᠠᠩ ᠤᠨ ᠰᠢᠪᠠᠷᠳᠠᠢ ᠨᠤᠳᠤᠭ ᠭᠡᠮ᠂ ᠭᠬᠢᠷ ᠢ ᠠᠷᠢᠭᠤᠯᠤᠭᠰᠠᠨ ᠭᠡᠰᠡᠷ① ᠬᠦᠡᠭᠵᠤ② ᠶᠢᠨ ᠰᠢᠳᠦᠭᠡᠨ ᠬᠡᠨᠡᠨ ᠦᠨᠠᠨ ᠢ ᠮᠦᠷᠳᠡᠬᠦᠯᠦᠭᠰᠠᠨ ᠭᠡᠷᠡᠯᠳᠤ ᠪᠠᠭᠠᠷᠢᠨ ᠤ ᠮᠢᠨᠢ ᠴᠠᠳᠢᠭ ᠨᠠᠮᠤᠷ ᠤᠨ ᠲᠠᠯ᠎ᠠ ᠳᠠᠭᠠᠨ ᠵᠡᠷᠭᠡᠯᠡᠳᠦᠬᠦ ᠨᠠᠰᠤᠨᠳᠡᠯᠭᠡᠷ ᠤᠨ ᠠᠶᠢᠯ ᠨᠠᠰᠤᠨ ᠪᠠᠭ᠎ᠠ ᠳᠠᠭᠠᠨ ᠤᠴᠠᠷᠠᠭᠰᠠᠨ ᠨᠠᠶᠢᠵᠠ ᠨᠦᠬᠦᠳ ᠤᠨ ᠬᠠᠶᠢᠷ᠎ᠠ ᠤᠴᠤᠭ ᠲᠡᠭᠡᠷ᠎ᠠ ᠪᠠᠨ ᠲᠡᠷᠬᠢᠯᠦᠡᠡᠰᠠᠨ ᠦᠷᠦᠮ᠎ᠠ ᠤᠨ ᠠᠭᠠᠭ ᠲᠠᠢ ᠴᠠᠢ ᠡᠷᠬᠢᠭᠡᠳ ᠢᠷᠠᠶᠤ ᠰᠠᠨᠠᠭᠳᠠᠬᠤ ᠡᠯᠢᠭᠡᠨ ᠲᠤᠳᠤᠨᠤ ᠪᠠᠷᠢᠯᠳᠤᠯᠭ᠎ᠠ︕ ·         ᠲᠠᠶᠢᠯᠪᠤᠷᠢ᠄ ①② ᠭᠡᠰᠡᠷ ᠪᠤᠭᠳᠠ ᠶᠢᠨ ᠰᠦᠮ᠎ᠠ ᠪᠤᠯᠤᠨ ᠬᠦᠡᠭᠵᠤ ᠶᠢᠨ ᠭᠡᠭᠡᠨ ᠤ ᠲᠠᠬᠢᠯᠭ᠎ᠠ ᠶᠢᠨ ᠰᠦᠮ᠎ᠠ ᠢ ᠵᠢᠭᠠᠪᠠ                                           2018. 10. 19 — 10.22  ‍ᠨ᠎ᠠ ᠲᠦᠬᠦᠷᠭᠡᠨ ᠨᠤᠤᠷᠠᠭᠯᠠᠪᠠᠢ᠃                     ᠬᠠᠶ᠋ᠢᠭ᠄  ᠪᠠᠭᠠᠷᠢᠨ ᠪᠠᠷᠠᠭᠤᠨ ᠬᠤᠰᠢᠭᠤᠨ ᠤ  ᠪᠠᠶᠠᠨᠳᠠᠯ᠎ᠠ ᠰᠤᠮᠤ                     ᠤᠳᠠᠰᠤ᠄ 136  8477  1743
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号