ᠰᠡᠳᠭᠢᠯ ᠤᠨ ᠦᠴᠢᠯ
ᠨᠡᠶᠢᠲᠡᠯᠡᠭᠰᠡᠨ ᠴᠠᠭ᠄
2020/12/11
  ᠰᠠᠴᠤᠷᠠᠯ ᠵᠤᠬᠢᠶᠠᠪᠠ ᠲᠤᠯᠢᠨ ᠤ ᠨᠢᠭᠤᠷ ᠲᠤ ᠵᠢᠰᠦ ᠪᠠᠨ ᠦᠵᠡᠬᠦ ᠳᠤ ᠵᠢᠰᠦ ᠯᠡ ᠦᠵᠡᠭᠳᠡᠨ᠎ᠡ ᠲᠤᠭᠤᠷᠢᠮ ᠤᠨ ᠤᠰᠤᠨ ᠳᠤ ᠪᠡᠶ᠎ᠡ ᠪᠠᠨ ᠲᠤᠯᠢᠳᠠᠬᠤ ᠳᠤ ᠵᠢᠷᠦᠬᠡ ᠬᠠᠷᠠᠭᠳᠠᠨ᠎ᠠ ᠰᠠᠷᠠᠨ ᠲᠠᠢ ᠰᠦᠨᠢ ᠰᠠᠷᠬᠤᠳ ᠰᠢᠮᠡᠬᠦ ᠳᠤ ᠰᠡᠳᠭᠢᠯ ᠤᠶᠢᠮᠤᠷᠤᠨ᠎ᠠ ᠨᠠᠷᠠᠨ ᠲᠠᠢ  ᠡᠲᠦᠷ ᠨᠠᠩᠵᠢᠳ ᠲᠠᠳᠠᠬᠤ ᠳᠤ ᠰᠠᠨᠠᠭ᠎ᠠ ᠬᠦᠯᠴᠦᠷᠡᠨ᠎ᠡ ᠴᠠᠰᠤᠨ ᠲᠡᠭᠡᠷ᠎ᠡ ᠮᠦᠷ ᠢᠶᠠᠨ ᠪᠢᠴᠢᠬᠦ ᠳᠤ ᠮᠤᠷᠤᠢ ᠰᠠᠷᠤᠢ ᠬᠡᠪᠯᠡᠭᠳᠡᠨ᠎ᠡ ᠴᠠᠭᠠᠰᠤᠨ ᠲᠡᠭᠡᠷ᠎ᠡ ᠨᠡᠷ᠎ᠡ ᠪᠠᠨ ᠪᠢᠴᠢᠬᠦ ᠳᠤ ᠮᠤᠷᠢᠨ ᠲᠤᠭᠤᠷᠠᠢ ᠲᠠᠮᠠᠭᠠᠯᠠᠭᠳᠠᠨ᠎ᠠ ᠨᠣᠭᠤᠭᠠᠨ ᠦᠩᠭᠡ ᠲᠠᠢ ᠵᠠᠭᠦᠳᠦ ᠠᠮᠢᠳᠦ ᠶᠢᠨ ᠵᠠᠶᠠᠭ᠎ᠠ ᠪᠠᠷ ᠰᠦᠨᠡᠰᠦᠨ ᠳᠤ ᠨᠡᠪᠴᠢᠨ᠎ᠡ ᠨᠣᠳᠤᠭ ᠤᠨ ᠦᠨᠦᠷ ᠲᠠᠢ ᠰᠠᠯᠬᠢ ᠠᠮᠢᠰᠬᠤᠯ ᠤᠨ ᠲᠣᠭᠠᠯᠠᠩ ᠢᠶᠠᠷ ᠴᠢᠰᠤᠨ ᠳᠤ ᠨᠡᠪᠲᠡᠷᠡᠨ᠎ᠡ……             ᠲᠡᠷᠡ ᠰᠠᠶᠢᠬᠠᠨ ᠨᠢᠳᠦ                              ᠰᠠᠴᠤᠷᠠᠯ ᠵᠤᠬᠢᠶᠠᠪᠠ ᠮᠤᠷᠤᠶᠢᠰ ᠭᠢᠭᠰᠡᠨ ᠬᠦᠮᠦᠰᠭᠡ ᠨᠢ ᠮᠦᠴᠢᠷ ᠰᠢᠭ ᠮᠢᠷᠠᠯᠵᠠᠵᠦ ᠰᠠᠷᠠ ᠲᠠᠢ ᠰᠦᠨᠢ ᠶᠢᠨ ᠰᠠᠯᠬᠢ ᠪᠣᠯᠵᠦ ᠰᠠᠨᠠᠨ ᠰᠠᠨᠠᠨ ᠢᠯᠪᠢᠮᠡᠷ ᠭᠤᠩᠬᠠᠰ ᠭᠢᠭᠰᠡᠨ ᠰᠤᠤᠷᠮᠤᠰᠤ ᠨᠢ ᠭᠤᠤᠯ ᠤᠨ ᠪᠣᠷᠭᠠᠰᠦ ᠰᠢᠭ᠋ ᠨᠠᠶᠢᠭᠤᠵᠦ ᠭᠤᠷᠢ ᠬᠦᠰᠡᠯ ᠵᠢᠭᠦᠷᠯᠡᠭᠡᠳ ᠲᠡᠭᠡᠷ᠎ᠡ ᠨᠢ ᠰᠠᠭᠤᠵᠦ ᠵᠢᠷᠭᠢᠮᠡᠷ ᠲᠦᠷᠯᠡᠰ ᠭᠢᠭᠰᠡᠨ ᠨᠢᠳᠦ ᠨᠢ ᠲᠤᠩᠭᠠᠯᠠᠭ ᠨᠠᠭᠤᠷ ᠰᠢᠭ᠋ ᠲᠤᠨᠤᠷᠠᠵᠦ ᠲᠡᠪᠡᠯ ᠢᠶᠠᠨ ᠲᠠᠶᠢᠴᠢᠭᠠᠳ ᠲᠤᠳᠤᠷ᠎ᠠ ᠨᠢ ᠲᠤᠯᠠᠨ ᠵᠢᠭᠠᠰᠦ ᠰᠢᠭ᠋ ᠤᠮᠪᠠᠮᠠᠷ ᠲᠤᠨᠤᠰ ᠭᠢᠭᠰᠡᠨ ᠬᠠᠷᠠᠴᠠ ᠨᠢ ᠲᠤᠳᠤᠷ᠎ᠠ ᠴᠤᠯᠤ ᠶᠢ ᠰᠠᠪᠠᠴᠢᠭᠤᠯᠤᠨ ᠨᠠᠷᠭᠢᠮ᠎ᠠ ᠴᠠᠭ ᠢᠶᠠᠨ ᠲᠤᠷᠠᠰᠴᠦ ᠨᠠᠰᠤ ᠪᠠᠨ ᠮᠠᠷᠳᠠᠨ ᠭᠢᠩᠰᠢᠮᠡᠷ……              ᠬᠠᠶ᠋ᠢᠭ᠄ ᠲᠤᠩᠯᠢᠶᠤᠤ ᠬᠤᠲᠠ ᠶᠢᠨ ᠬᠤᠷᠴᠢᠨ ᠵᠡᠭᠦᠨ ᠭᠠᠷᠤᠨ ᠲᠤᠮᠳᠠᠳᠦ ᠬᠤᠰᠢᠭᠤ ᠱᠧᠪᠡᠷᠳᠦ ᠭᠤᠤᠯ ᠰᠤᠷᠭᠠᠭᠤᠯᠢ              ᠨᠡᠷ᠎ᠡ᠄ ᠰᠠᠴᠤᠷᠠᠯ᠃  ᠪᠣᠳᠠᠳᠤ ᠨᠡᠷ᠎ᠡ(包锁柱)              ᠤᠳᠠᠰᠤ᠄  15947447898
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号