ᠪᠠᠶ᠋ᠬᠠᠦ᠋ᠨᠳᠦᠷ ᠮᠢᠨᠢ
ᠨᠡᠶᠢᠲᠡᠯᠡᠭᠰᠡᠨ ᠴᠠᠭ᠄
2020/12/11
      ᠤᠶᠢᠮᠡᠳ ᠪᠠᠶᠠᠨᠳᠤᠩᠭᠠᠯᠠᠭ ᠪᠠᠯᠴᠢᠷᠬᠠᠨ ᠨᠠᠰᠤᠨ ᠤ ᠬᠦᠯ ᠤᠨ ᠤᠷᠤᠮ ᠲᠤᠷᠠᠶᠢᠵᠦ ᠦᠯᠡᠳᠡᠭᠰᠡᠨ ᠪᠠᠷ᠎ᠠ ᠨᠢ ᠰᠢᠷᠭᠠᠯᠳᠠᠬᠤ ᠴᠠᠭᠠᠨ ᠮᠠᠩᠬᠠᠨ ᠤᠷᠤᠢ ᠨᠤᠭᠤᠳ ᠪᠤᠭᠴᠦ ᠪᠠᠨ ᠮᠦᠷᠦᠯᠡᠭᠡᠳ ᠰᠤᠶᠤᠯ ᠤᠨ ᠮᠦᠷ ᠦᠭᠡᠳᠡ ᠵᠠᠮᠨᠠᠭᠰᠠᠨ ᠪᠤᠷᠭᠠᠰᠦ ᠬᠠᠷᠠᠭᠠᠨ᠎ᠠ᠂ ᠪᠤᠳᠠ ᠲᠠᠷᠠᠰᠦ ᠲᠠᠢ ᠵᠠᠮ ᠤᠳ ᠬᠤᠷᠠᠭ᠎ᠠ ᠲᠤᠭᠤᠯ ᠢᠶᠠᠨ ᠬᠠᠷᠢᠭᠤᠯᠤᠨ ᠶᠠᠪᠤᠬᠤ ᠳᠤ ᠪᠠᠨ ᠲᠤᠭᠯᠠᠭᠰᠠᠨ ᠬᠦᠨᠳᠡᠢ ᠵᠢᠯᠠᠭ᠎ᠠ᠂ ᠬᠤᠳᠤᠭᠤᠷ ᠴᠠᠶᠢᠳᠠᠮ ᠤᠨ ᠪᠢᠴᠢᠬᠠᠨ ᠱᠠᠩᠳᠠ ᠨᠠᠮᠤᠷ ᠨᠠᠮᠤᠷ ᠤᠨ ᠪᠤᠴᠠᠬᠤ ᠭᠠᠯᠠᠭᠤᠳ ᠤᠨ ᠪᠠᠷ᠎ᠠ ᠶᠢ ᠲᠤᠭᠠᠯᠠᠭᠰᠠᠨ ᠨᠠᠰᠤᠨ ᠪᠠᠭ᠎ᠠ ᠶᠢᠨ ᠬᠦᠷᠦᠭᠡ ᠦᠭᠡᠢ ᠬᠤᠯᠠ ᠶᠢᠨ ᠲᠠᠶᠢᠯᠤᠭ᠎ᠠ ᠦᠭᠡᠢ ᠵᠡᠬᠦᠳᠦ ᠲᠦᠷᠪᠡᠨ ᠴᠠᠭ ᠤᠨ ᠰᠡᠪᠰᠢᠶ᠎ᠠ ᠰᠠᠯᠬᠢᠨ ᠤ ᠬᠢᠨ ᠦᠵᠦᠬᠦᠷ ᠠᠴᠠ ᠲᠦᠷᠦᠭᠰᠡᠨ ᠨᠤᠳᠤᠭ ᠤᠨ ᠤᠰᠤᠨ ᠤ ᠦᠨᠦᠷ ᠬᠠᠩᠬᠤᠯᠤᠨ᠎ᠠ ᠤᠷᠳᠤᠬᠠᠨ ᠨᠠᠮᠤᠷ ᠤᠨ ᠰᠢᠷᠭᠠᠯ ᠨᠠᠪᠴᠢᠨ ᠤ ᠬᠢᠨ ᠲᠤᠭᠠᠯᠠᠩ ᠠᠴᠠ ᠤᠨᠠᠭᠠᠨ ᠨᠠᠰᠤᠨ ᠤ ᠤᠴᠠᠷᠠᠯ ᠤᠨ ᠰᠠᠶᠢᠬᠠᠨ ᠤᠳ ᠰᠠᠨᠠᠭᠳᠠᠨ᠎ᠠ ᠴᠠᠭ ᠤᠨ ᠡᠷᠬᠡᠨ ᠳᠤ ᠬᠠᠷᠢᠭᠠᠳ ᠯᠡ ᠤᠴᠢᠬᠤ ᠳᠤ ᠲᠤᠯᠠᠭᠠᠬᠠᠨ ᠴᠠᠭᠠᠨ ᠪᠤᠭᠤᠷᠤᠯ ᠡᠵᠢ ᠶᠢᠨ ᠮᠢᠨᠢ ᠵᠢᠭᠠᠬᠠᠨ ᠦᠷᠦᠭᠡ ᠰᠢᠭ ᠡᠯᠢᠭᠡ ᠵᠢᠷᠦᠬᠡᠨ ᠳᠤ ᠠᠮᠢᠨ ᠰᠢᠳᠦᠬᠡᠨ ᠰᠢᠭ ᠰᠦᠮᠡᠶᠢᠭᠰᠡᠨ ᠡᠨᠡᠬᠡᠨ ᠨᠠᠰᠤᠨ ᠤ ᠮᠢᠨᠢ ᠬᠠᠶᠢᠷ᠎ᠠ ᠶᠢᠨ ᠠᠷᠭᠠᠮᠵᠢᠶ᠎ᠠ ᠪᠠᠶ᠋ᠬᠠᠦ᠋ᠨᠳᠦᠷ ᠮᠢᠨᠢ︕     ᠤᠩᠨᠢᠭᠤᠳ ᠬᠤᠰᠢᠭᠤᠨ ᠤ ᠰᠢᠨᠡᠰᠦ᠋ᠮ᠎ᠡ ᠭᠤᠤᠯ ᠪᠠᠭ᠎ᠠ ᠰᠤᠷᠭᠠᠭᠤᠯᠢ     白音同拉嘎(13947633492)翁牛特旗新苏莫苏木中心小学
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号