| | 13 ᠳ᠋ᠤᠭᠠᠷ ᠵᠠᠭᠤᠨ ᠤ ᠠᠽᠢᠶ᠎ᠠ ᠡᠸᠦ᠋ᠷᠤᠫᠠ ᠬᠤᠶᠠᠷ ᠲᠢᠪ ᠮᠤᠩᠭᠤᠯ ᠤᠨ ᠤᠳᠤᠷᠢᠳᠤᠯᠭ᠎ᠠ ᠪᠠᠷ ᠡᠩᠭᠡ ᠲᠦᠪᠰᠢᠨ | ᠪᠤᠯᠵᠤ᠂ ᠮᠦᠩᠭᠡ ᠬᠠᠭᠠᠨ ᠬᠠᠯᠢᠭᠰᠠᠨ ᠤ ᠰᠡᠬᠦᠯᠡᠷ ᠶᠡᠭᠡ ᠨᠢᠭᠡᠳᠭᠡᠭᠰᠡᠨ ᠮᠤᠩᠭᠤᠯ ᠬᠠᠭᠠᠨᠳᠤ ᠤᠯᠤᠰ ᠬᠠᠭᠠᠴᠠᠨ | ᠬᠤᠪᠢᠷᠠᠵᠤ᠂ ᠵᠡᠬᠦᠨ ᠡᠸ᠋ᠷᠦ᠋ᠷᠤᠫᠠ ᠳᠤ ᠠᠯᠳᠠᠨ ᠤᠷᠳᠤ ᠳᠤ ᠤᠯᠤᠰ᠂ ᠭᠡᠪᠴᠠᠭ ᠭᠠᠷᠴᠤ᠂ ᠲᠤᠮᠳᠠᠳᠤ ᠠᠽᠢᠶ᠎ᠠ ᠳᠤ | ᠦᠭᠡᠳᠠᠢ ᠬᠠᠭᠠᠨᠳᠤ ᠤᠯᠤᠰ᠂ ᠴᠠᠭᠠᠳᠠᠢ ᠬᠠᠭᠠᠨᠳᠤ ᠤᠯᠤᠰ᠂ ᠪᠦᠰᠧ ᠤᠷᠤᠨ ᠳᠤ ᠢᠯᠢ ᠬᠠᠭᠠᠨᠳᠤ ᠤᠯᠤᠰ ᠭᠠᠷᠴᠤ | ᠂ ᠡᠨᠡ ᠲᠦᠷᠪᠡᠨ ᠬᠠᠭᠠᠨᠳᠤ ᠤᠯᠤᠰ ᠤᠨ ᠤᠭᠰᠠᠭ᠎ᠠ ᠸᠠᠩ ᠪᠦᠷ ᠮᠤᠩᠭᠤᠯ ᠤᠨ ᠤᠭ ᠨᠤᠳᠤᠭ ᠪᠡ ᠶᠤᠸᠠᠨ ᠤᠯᠤᠰ | ᠲᠤ ᠬᠠᠷᠢᠶᠠᠯᠠᠭᠳᠠᠨ᠎ᠠ᠃ ᠭᠡᠳᠤᠢ ᠪᠠᠷ ᠪᠠᠶᠢᠨ ᠪᠠᠶᠢᠨ ᠬᠠᠭᠠᠨ ᠢ ᠤᠷᠤ ᠶᠢ ᠪᠤᠯᠢᠶᠠᠯᠴᠠᠬᠤ ᠤᠯᠤᠰ ᠲᠦᠷᠤ ᠶᠢᠨ | ᠬᠠᠭᠠᠷᠠᠯ ᠭᠠᠷᠬᠤ ᠪᠤᠯᠪᠠᠴᠤ ᠡᠳ᠋ ᠪᠠᠷᠠᠭᠠᠨ ᠤ ᠲᠠᠯ᠎ᠠ ᠶᠢᠨ ᠬᠠᠩᠭᠠᠯᠳᠠ ᠲᠤᠳᠠᠭᠳᠠᠭᠰᠠᠨ ᠦᠭᠡᠢ᠃ ᠮᠤᠩᠭᠤᠯ ᠤᠨ | ᠡᠷᠳᠡᠨ ᠤ ᠲᠦᠷᠢᠮ ᠲᠤᠭᠳᠠᠭᠠᠯ ᠢᠶᠠᠷ ᠠᠯᠢᠪᠠ ᠡᠳ᠋ ᠪᠠᠷᠠᠭ᠎ᠠ ᠪᠤᠯ ᠨᠡᠶᠢᠳᠡ ᠶᠢᠨ ᠬᠦᠷᠤᠩᠭᠡ ᠪᠤᠯᠤᠨ᠎ᠠ᠂ ᠠᠯᠢᠪᠠ | ᠠᠯᠳᠠᠨ ᠭᠡᠷ ᠤᠭᠰᠠᠭᠠᠨ ᠤ ᠪᠦᠷᠢᠯᠳᠤᠬᠦᠨ ᠪᠦᠷ ᠬᠠᠭᠠᠨᠳᠤ ᠤᠯᠤᠰ ᠤᠨ ᠬᠦᠷᠤᠩᠭᠡ ᠶᠢ ᠨᠢᠭᠡ ᠬᠤᠪᠢ ᠬᠦᠷᠳᠡᠬᠦ | ᠡᠷᠭᠡᠳᠠᠢ᠃ ᠢᠯᠢ ᠬᠠᠭᠠᠨᠳᠤ ᠤᠯᠤᠰ ᠤᠨ ᠶᠡᠷᠤᠩᠭᠡᠶᠢᠯᠡᠭᠴᠢ ᠬᠤᠯᠠᠭᠤ ᠳᠤ ᠠᠬ᠎ᠠ ᠮᠦᠩᠭᠡ ᠬᠤᠪᠢᠯᠠᠢ ᠶᠢᠨ | ᠡᠵᠡᠮᠰᠢᠭᠰᠡᠨ 2.5 ᠲᠦᠮᠡᠨ ᠡᠷᠤᠭᠡ᠂ ᠲᠤᠮᠳᠠᠳᠤ ᠤᠯᠤᠰ ᠤᠨ ᠲᠤᠷᠭᠠᠨ ᠨᠡᠭᠡᠮᠡᠯ ᠤᠨ ᠮᠡᠷᠭᠡᠵᠢᠯᠳᠡᠨ ᠢ ᠡᠷᠬᠢᠯᠡᠵᠤ | ᠪᠠᠶᠢᠵᠠᠢ᠃ ᠲᠡᠷᠡ ᠪᠠᠰᠠ ᠲᠦᠪᠡᠳ ᠤᠨ ᠠᠭᠤᠯᠠ ᠳᠠᠬᠢ ᠤᠷᠤᠨ ᠢ ᠡᠷᠬᠢᠯᠡᠵᠤ ᠪᠠᠶᠢᠪᠠ᠃ ᠬᠤᠪᠢᠯᠠᠢ ᠠᠨᠤ ᠪᠦᠰᠧ | ᠪᠡ ᠢᠷᠠᠺ ᠤᠨ ᠲᠠᠷᠢᠶᠠᠯᠠᠩ ᠤᠨ ᠲᠠᠯᠠᠪᠠᠢ ᠶᠢ ᠡᠷᠬᠢᠯᠡᠵᠤ ᠪᠤᠢ᠂ ᠶᠤᠸᠠᠨ ᠤᠯᠤᠰ ᠠᠴᠠ ᠪᠦᠰᠧ ᠵᠦᠭ ᠱᠠᠵᠠᠩ ᠪᠡ | ᠡᠮ ᠢ ᠬᠦᠷᠭᠡᠬᠦ ᠳᠤ ᠪᠦᠰᠧ ᠳᠤ ᠰᠠᠭᠤᠭ᠎ᠠ ᠮᠤᠩᠭᠤᠯ ᠬᠦᠮᠤᠨ ᠲᠤᠮᠳᠠᠳᠤ ᠤᠯᠤᠰ ᠲᠤ ᠰᠠᠭᠤᠭ᠎ᠠ ᠲᠦᠷᠤᠯ ᠰᠠᠳᠤᠨ | ᠳᠠᠭᠠᠨ ᠦᠨᠤᠷᠳᠤ ᠪᠠᠷᠠᠭ᠎ᠠ᠂ ᠪᠤᠯᠤᠳ ᠲᠡᠮᠦᠷ᠂ ᠪᠤᠯᠤᠷ ᠴᠢᠯᠠᠭᠤ᠂ ᠰᠤᠪᠤᠳ᠂ ᠨᠡᠭᠡᠮᠡᠯ ᠤᠨ ᠪᠠᠷᠠᠭ᠎ᠠ ᠶᠢ ᠪᠡᠯᠡᠭ | ᠪᠤᠯᠭᠠᠨ ᠬᠦᠷᠭᠡᠨ᠎ᠡ᠃ ᠡᠨᠡ ᠠᠨᠤ ᠲᠤᠷᠭ᠎ᠠ ᠶᠢᠨ ᠵᠠᠮ ᠳᠤ ᠪᠠᠶᠢᠭ᠎ᠠ ᠡᠯ᠎ᠡ ᠤᠯᠠᠭ᠎ᠠ ᠶᠢᠨ ᠬᠦᠴᠤᠨ ᠪᠤᠯᠬᠤ ᠪᠦᠭᠡᠳ | ᠠᠷᠠᠯᠵᠢᠶ᠎ᠠ ᠮᠠᠶᠢᠮᠠᠢ ᠵᠦᠢ ᠵᠤᠬᠢᠰᠳᠠᠢ ᠲᠤᠮᠳᠠ ᠠᠽᠢᠶ᠎ᠠ ᠪᠠᠷ ᠦᠩᠭᠡᠷᠡᠨ ᠮᠤᠩᠭᠤᠯ ᠤᠨ ᠤᠳᠤᠷᠢᠳᠤᠯᠭ᠎ᠠ ᠪᠠᠷ | ᠬᠦᠭᠵᠢᠨ ᠪᠠᠳᠠᠷᠠᠨ᠎ᠠ᠃ | 3. ᠬᠦᠭᠵᠢᠨ ᠪᠠᠳᠠᠷᠠᠭᠰᠠᠨ ᠲᠤᠷᠭ᠎ᠠ ᠶᠢᠨ ᠵᠠᠮ ᠤᠨ ᠨᠡᠷᠡᠳᠠᠢ ᠬᠤᠳᠠ | ᠮᠤᠩᠭᠤᠯ ᠬᠠᠭᠠᠨᠳᠤ ᠤᠯᠤᠰ ᠤᠨ ᠪᠠᠶᠢᠭᠤᠯᠤᠭᠰᠠᠨ ᠵᠡᠬᠦᠨ ᠪᠠᠷᠠᠭᠤᠨ ᠲᠢᠪ ᠤᠨ ᠬᠤᠭᠤᠷᠤᠨᠳᠤ ᠶᠢᠨ ᠬᠠᠷᠰᠢᠯᠠᠭ᠎ᠠ ᠶᠢ | ᠠᠷᠢᠯᠭᠠᠵᠤ᠂ ᠠᠷᠠᠪ ᠬᠠᠭᠠᠨᠳᠤ ᠤᠯᠤᠰ ᠲᠤᠮᠳᠠᠳᠤ ᠤᠯᠤᠰ ᠲᠠᠩ ᠬᠠᠭᠠᠨᠳᠤ ᠲᠦᠷᠤ ᠭᠡᠳᠤᠨ ᠵᠠᠭᠤᠨ ᠤᠨ ᠤ ᠪᠠᠶᠢᠨ | ᠪᠠᠶᠢᠨ ᠲᠠᠰᠤᠷᠠᠭ᠎ᠠ ᠵᠡᠬᠦᠨ ᠪᠠᠷᠠᠭᠤᠨ ᠤᠷᠤᠨ ᠤ ᠵᠠᠮ ᠨᠡᠪᠳᠡᠷᠡᠯᠭᠡ ᠶᠢ ᠬᠠᠷᠰᠢ ᠦᠭᠡᠢ ᠰᠢᠭᠤᠳ ᠨᠡᠪᠳᠡᠷᠡᠬᠦᠯᠪᠡ᠃ ︽ | ᠲᠤᠷᠭ᠎ᠠ ᠲᠤᠷᠳᠤᠩ ᠤᠨ ᠵᠠᠮ︾ ᠬᠤᠶᠢᠨ᠎ᠠ ᠡᠮᠤᠨ᠎ᠡ ᠤᠷᠤᠰ ᠲᠤ ᠬᠦᠷᠴᠤ᠂ ᠡᠮᠤᠨᠡᠰᠢ ᠪᠦᠰᠧ ᠳᠤ ᠬᠦᠷᠴᠤ᠂ | ᠡᠬᠦᠨ ᠤ ᠲᠤᠳᠤᠷ᠎ᠠ ᠨᠢᠭᠡ ᠲᠤᠮᠳᠠ ᠠᠽᠢᠶ᠎ᠠ ᠶᠢ ᠲᠠᠭᠠᠨ ᠲᠡᠭᠷᠢ ᠠᠭᠤᠯᠠ ᠶᠢᠨ ᠬᠤᠶᠢᠳᠤ ᠬᠤᠷᠮᠤᠢ ᠠᠴᠠ ᠬᠠᠷ᠎ᠠ | ᠬᠤᠷᠤᠮ ᠬᠦᠷᠴᠤ᠂ ᠲᠠᠬᠢᠨ ᠶᠡᠭᠡ ᠨᠡᠶᠢᠰᠯᠡᠯ ︵ᠡᠳᠤᠭᠡ ᠶᠢᠨ ᠪᠡᠭᠡᠵᠢᠩ ᠬᠤᠳᠠ︶ ᠬᠦᠷᠳᠡᠯ᠎ᠡ ᠨᠡᠪᠳᠡᠷᠡᠵᠤ᠂ | ᠨᠦᠬᠦᠭᠡ ᠨᠢᠭᠡ ᠵᠠᠮ ᠨᠢ ᠰᠢᠪᠧᠷᠢᠶ᠎ᠠ ᠶᠢᠨ ᠡᠮᠤᠨ᠎ᠡ ᠪᠦᠯᠦᠭ ᠠᠴᠠ ᠰᠢᠷᠢᠶ᠎ᠠ ᠦᠨᠳᠦᠷᠯᠢᠭ ᠤᠨ ᠬᠤᠶᠢᠳᠤ ᠬᠦᠳᠤᠯ | ᠢᠶᠠᠷ ᠰᠢᠭᠤᠳ ᠬᠠᠷ᠎ᠠ ᠬᠤᠷᠤᠮ ᠪᠡᠭᠡᠵᠢᠩ ᠳᠤ ᠨᠡᠪᠳᠡᠷᠡᠵᠤ᠂ ᠡᠬᠦᠨ ᠤ ᠲᠤᠳᠤᠷ᠎ᠠ ᠪᠠᠨ ᠵᠦᠡᠭ ᠶᠤᠸᠠᠨ ᠢ | ᠦᠩᠭᠡᠷᠡᠭᠡᠵᠤ ᠬᠠᠳᠤᠨ ᠭᠤᠤᠯ ᠤᠨ ᠪᠠᠷᠠᠭᠤᠨ ᠬᠠᠪᠴᠢᠯ ᠢᠶᠠᠷ ᠰᠢᠭᠤᠳ ᠲᠤᠮᠳᠠ ᠠᠽᠢᠶ᠎ᠠ ᠶᠢᠨ ᠤᠯᠠᠮᠵᠢᠯᠠᠯᠳᠤ | ᠠᠷᠠᠯᠵᠢᠶ᠎ᠠ ᠵᠠᠮ ᠪᠠᠰᠠ ᠨᠡᠪᠳᠡᠷᠡᠪᠡ᠃ ᠠᠷᠠᠯᠵᠢᠶᠠᠨ ᠤ ᠳ᠋ᠤᠶᠢᠽᠢ ᠵᠠᠮᠨᠠᠬᠤ ᠳᠤ ᠭᠡᠷᠡᠭᠯᠡᠬᠦ ᠴᠠᠭ ᠬᠤᠭᠤᠴᠠᠭ᠎ᠠ ᠳᠤ | ᠤᠶᠢᠷᠠᠬᠠᠨ ᠪᠤᠯᠤᠭᠰᠠᠨ ᠪᠤᠯᠬᠤᠷ ᠦᠭᠡᠷ ᠲᠡᠷᠭᠡ᠂ ᠮᠤᠷᠢᠨ ᠲᠡᠷᠭᠡ ᠢᠶᠠᠷ ᠪᠠᠯᠢᠮᠢᠶᠠ ᠬᠤᠶᠢᠭ ᠠᠴᠠ ᠪᠡᠭᠡᠵᠢᠩ | ᠬᠦᠷᠳᠡᠯ᠎ᠡ 5—6 ᠰᠠᠷ᠎ᠠ ᠶᠢᠨ ᠵᠠᠮᠨᠠᠬᠤ ᠪᠤᠯᠤᠨ᠎ᠠ᠃ ᠲᠤᠮᠳᠠᠳᠤ ᠤᠯᠤᠰ ᠪᠠᠷᠠᠭᠤᠨ ᠤᠷᠤᠨ ᠤ ᠠᠷᠠᠯᠵᠢᠶᠠᠨ ᠤ | ᠳ᠋ᠤᠶᠢᠽᠢ ᠭᠤᠤᠯᠳᠠᠭᠤ ᠵᠤᠶᠢᠯ ᠠᠨᠤ ᠲᠤᠮᠳᠠᠳᠤ ᠤᠯᠤᠰ ᠬᠤᠳᠠᠯᠳᠤᠬᠤ ᠪᠠᠷᠠᠭ᠎ᠠ ᠪᠤᠯ ᠲᠤᠷᠭ᠎ᠠ ᠲᠤᠷᠳᠤᠩ᠂ ᠱᠠᠵᠠᠩ | ᠤᠨ ᠵᠤᠶᠢᠯ᠂ ᠴᠠᠢ᠂ ᠵᠠᠮᠽᠠ᠂ ᠠᠭᠠᠷ᠂ ᠠᠮᠤ ᠪᠤᠳᠠᠭ᠎ᠠ ᠵᠡᠷᠭᠡ ᠪᠤᠯᠤᠨ᠎ᠠ᠃ ︽ᠮᠠᠷᠺᠤ ᠫᠤᠯᠤ ᠶᠢᠨ ᠠᠶᠠᠯᠠᠯ ᠤᠨ | ᠲᠡᠮᠳᠡᠭᠯᠡᠯ︾ ᠳᠤ ︽ᠲᠤᠮᠳᠠᠳᠤ ᠤᠯᠤᠰ ᠤᠨ ᠰᠤ᠋ ᠵᠸᠤ ᠭᠠᠵᠠᠷ ᠤᠨ ᠵᠠᠮᠽᠠᠨ ᠤ ᠴᠢᠨᠠᠷ ᠤᠨᠴᠠᠭᠠᠢ ᠰᠠᠶᠢᠨ᠂ | ᠭᠠᠳᠠᠭᠠᠳᠤ ᠤᠯᠤᠰ ᠤᠨ ᠠᠷᠠᠯᠵᠢᠶᠠᠴᠢᠨ ᠪᠤᠯᠢᠶᠠᠯᠴᠠᠨ ᠬᠤᠳᠠᠯᠳᠤᠨ ᠠᠪᠴᠤ᠂ ᠲᠡᠯᠡᠭᠡᠢ ᠶᠢᠨ ᠡᠯ᠎ᠡ ᠤᠷᠤᠨ ᠳᠤ | ᠬᠤᠳᠠᠯᠳᠤᠨ᠎ᠠ᠂ ᠤᠷᠤᠵᠤ ᠢᠷᠡᠬᠦ ᠡᠳ᠋ ᠪᠠᠷᠠᠭ᠎ᠠ ᠴᠢᠬᠤᠯᠠ ᠨᠢ ᠠᠯᠳᠠ ᠮᠦᠩᠬᠦ᠂ ᠰᠤᠪᠤᠳ ᠬᠠᠰ᠂ ᠵᠠᠭᠠᠨ᠎ᠠ ᠶᠢᠨ | ᠰᠤᠶᠤᠭ᠎ᠠ᠂ ᠠᠩᠬᠢᠯᠤᠮ᠎ᠠ ᠦᠨᠦᠷᠳᠤ ᠡᠳ᠋ ᠢᠶᠠᠷ ᠭᠤᠤᠯᠳᠠᠨ᠎ᠠ ᠭᠡᠵᠤ ᠲᠡᠮᠳᠡᠭᠯᠡᠵᠡᠢ᠃︾ | ᠵᠡᠬᠦᠨ ᠠᠽᠢᠶ᠎ᠠ ᠶᠢᠨ ᠡᠭᠡ ᠭᠠᠵᠠᠷ ᠤᠨ ᠵᠠᠰᠠᠭ ᠲᠦᠷᠤ ᠶᠢᠨ ᠲᠦᠪ ᠬᠦᠢᠰᠤ ᠡᠷᠳᠡᠨ ᠤ ᠬᠠᠨ ᠲᠠᠩ ᠤᠯᠤᠰ ᠤᠨ | ᠭᠤᠸᠠᠨ ᠵᠦᠡᠭ ᠤᠷᠤᠨ ᠠᠴᠠ ᠹᠠ ᠪᠧᠢ ᠵᠢᠴᠢ ᠮᠤᠩᠭᠤᠯ ᠤᠨ ᠦᠨᠳᠦᠷᠯᠢᠭ ᠲᠤ ᠰᠢᠯᠵᠢᠭᠰᠡᠨ ᠨᠢ ᠲᠤᠷᠭᠠᠨ ᠵᠠᠮ ᠤᠨ | ᠡᠴᠤᠰ ᠤᠨ ᠭᠠᠵᠠᠷ ᠪᠠᠰᠠ ᠴᠠᠩ ᠠᠨ ᠠᠴᠠ ᠳ᠋ᠠᠳᠤ ︵ᠪᠡᠭᠡᠵᠢᠩ︶ ᠬᠤᠳᠠ ᠳᠤ ᠰᠢᠯᠵᠢᠨ ᠢᠷᠡᠵᠤ᠂ ᠡᠨᠡ ᠮᠠᠷᠺᠤ | ᠫᠤᠯᠤ ᠶᠢᠨ ᠲᠡᠮᠳᠡᠭᠯᠡᠭᠰᠡᠨ ︽ᠬᠠᠨ ᠪᠠᠷᠢ︾ ᠭᠡᠰᠡᠨ ᠬᠤᠳᠠᠨ ︵ᠪᠡᠭᠡᠵᠢᠩ︶ ᠶᠤᠸᠠᠨ ᠤᠯᠤᠰ ᠨᠡᠶᠢᠰᠯᠡᠯ ᠠᠴᠠ | ᠭᠠᠳᠠᠨ᠎ᠠ ᠨᠡᠩ ᠴᠢᠬᠤᠯᠠ ᠠᠷᠠᠯᠵᠢᠶᠠᠨ ᠤ ᠶᠡᠭᠡ ᠬᠤᠳᠠ ᠪᠤᠯᠤᠨ᠎ᠠ᠃ ᠮᠠᠷᠺᠤ ᠫᠤᠯᠤ ᠶᠤᠸᠠᠨ ᠤᠯᠤᠰ ᠤᠨ ᠵᠠᠰᠠᠭ | ᠲᠦᠷᠤ ᠶᠢ ᠪᠠᠷᠠᠭᠤᠨ ᠵᠦᠭ ᠤᠨ ᠠᠷᠠᠯᠵᠢᠶ᠎ᠠ ᠶᠢᠨ ᠳ᠋ᠤᠶᠢᠽᠢ ᠲᠠᠢ ᠠᠷᠠᠯᠵᠢᠶ᠎ᠠ ᠮᠠᠶᠢᠮᠠᠢ ᠬᠢᠬᠦ ᠦᠩᠭᠡᠷᠡᠯᠳᠡ ᠶᠢ ︽ | ᠲᠤᠮᠤ ᠶᠡᠭᠡ ᠲᠡᠮᠡᠭᠡᠨ ᠤ ᠪᠦᠯᠬᠦᠮ ᠤᠨ ᠠᠷᠠᠯᠵᠢᠶᠠᠨ ᠤ ᠳ᠋ᠤᠶᠢᠽᠢ ᠡᠯᠳᠡᠪ ᠡᠳ᠋ ᠪᠠᠷᠠᠭ᠎ᠠ ᠶᠢ ᠠᠴᠢᠵᠤ ᠲᠡᠭᠡᠭᠡᠪᠤᠷᠢᠯᠡᠨ | ︵ᠤᠯᠠᠩᠬᠢ ᠨᠢ ᠰᠤᠪᠤᠳ᠂ ᠪᠤᠯᠤᠷ ᠴᠢᠯᠠᠭᠤ᠂ ᠠᠯᠳᠠ ᠮᠦᠩᠬᠦ᠂ ᠲᠤᠷᠭ᠎ᠠ ᠶᠢᠨ ᠨᠡᠭᠡᠮᠡᠯ︶ ᠬᠠᠨ ᠪᠠᠷᠢ ᠳᠤ ᠬᠦᠷᠴᠤ | ᠢᠷᠡᠨ ᠮᠤᠩᠭᠤᠯ ᠤᠨ ᠶᠡᠭᠡ ᠬᠠᠭᠠᠨ ᠳᠤ ᠬᠦᠷᠭᠡᠨ᠎ᠡ︾ ᠭᠡᠵᠤ ᠲᠡᠮᠳᠡᠭᠯᠡᠵᠡᠢ᠃ ᠠᠪᠴᠢᠷᠠᠭᠰᠠᠨ ᠡᠳ᠋ ᠪᠠᠷᠠᠭᠠᠨ ᠤ | ᠦᠨ᠎ᠡ ᠬᠠᠩᠰᠢ ᠶᠢ ᠲᠤᠭᠳᠠᠭᠠᠵᠤ᠂ ᠬᠠᠭᠠᠨ ᠠᠴᠠ ᠡᠷᠭᠡ ᠲᠡᠭᠰᠢ ᠪᠠᠷ ᠵᠤᠭᠤᠭ ᠭᠠᠷᠭᠠᠨ ᠦᠭᠴᠤ᠂ ᠪᠠᠰᠠ ᠨᠡᠯᠢᠶᠡᠳ | ᠲᠤᠭᠠᠨ ᠤ ᠬᠦᠤ ᠮᠦᠩᠬᠦ ᠦᠭᠬᠦᠨ᠎ᠡ᠃ | ᠲᠤᠮᠳᠠᠳᠤ ᠠᠽᠢᠶ᠎ᠠ ᠶᠢᠨ ᠭᠠᠵᠠᠷ ᠤᠷᠤᠨ ᠤ ᠲᠤᠷᠭ᠎ᠠ ᠶᠢᠨ ᠵᠠᠮ ᠬᠦᠨᠳᠤ ᠬᠤᠳᠠ ᠳ᠋ᠠᠳᠤ ᠮᠤᠩᠭᠤᠯ ᠴᠡᠷᠢᠭ ᠭᠡᠳᠤᠢ | ᠪᠠᠷ ᠪᠠᠷᠠᠭᠤᠨᠰᠢ ᠲᠠᠶᠢᠴᠢᠯᠠᠬᠤ ᠳᠤ ᠴᠡᠷᠢᠭ ᠲᠠᠶᠢᠨ ᠤ ᠬᠤᠬᠢᠷᠠᠯ ᠭᠠᠷᠤᠭᠰᠠᠨ ᠪᠤᠯᠪᠠᠴᠤ ᠲᠡᠳᠡᠨ ᠤ ᠤᠯᠠᠩᠬᠢ ᠲᠤᠭᠠᠨ | ᠤ ᠵᠡᠬᠦᠨ ᠪᠠᠷᠠᠭᠤᠨ ᠤᠷᠤᠨ ᠤ ᠠᠵᠤ ᠠᠬᠤᠢ ᠶᠡᠭᠡ ᠭᠡᠪᠴᠢᠶ᠎ᠡ ᠪᠠᠷ ᠬᠦᠭᠵᠢᠨ ᠪᠠᠳᠠᠷᠠᠵᠠᠢ᠃ 1259—1260 | ᠤᠨ ᠳᠤ ᠴᠢᠩᠬᠢᠰ ᠬᠠᠭᠠᠨ ᠪᠠᠷᠠᠭᠤᠨᠰᠢ ᠲᠠᠶᠢᠴᠢᠯᠠᠭᠰᠠᠨ 40 ᠵᠢᠯ ᠤᠨ ᠰᠡᠬᠦᠯᠡᠷ ᠲᠤᠷᠭᠠᠨ ᠵᠠᠮ ᠲᠠᠭᠠᠤ ᠵᠸᠤ | ᠰᠢᠶᠠᠨ ᠤᠭ ᠤᠨ ᠬᠦᠭᠵᠢᠩᠬᠦᠢ ᠪᠠᠳᠠᠷᠠᠩᠭᠤᠢ ᠪᠠᠶᠢᠳᠠᠯ ᠳᠠᠭᠠᠨ ᠡᠷᠬᠢᠨ ᠬᠦᠷᠴᠠᠢ᠃ ᠵᠢᠱᠢᠶᠡᠯᠡᠪᠡᠯ ᠲᠤᠮᠳᠠ ᠠᠽᠢᠶ᠎ᠠ | ᠶᠢᠨ ᠬᠠᠮᠤᠭ ᠨᠠᠷᠠᠳᠠᠢ ᠠᠷᠠᠯᠵᠢᠶᠠᠨ ᠤ ᠬᠦᠨᠳᠤ ᠬᠤᠳᠠ ᠢᠤᠯᠤᠩ ᠵᠢᠶᠠᠤᠤᠢ 1221 ᠤᠨ ᠳᠤ ᠬᠤᠳᠠ ᠡᠪᠳᠡᠭᠳᠡᠵᠤ | ᠂ ᠮᠤᠩᠭᠤᠯ ᠴᠡᠷᠢᠭ 10 ᠲᠦᠮᠡᠨ ᠡᠯ᠎ᠡ ᠮᠡᠷᠭᠡᠵᠢᠯᠳᠡᠨ ᠢ ᠵᠡᠬᠦᠨᠰᠢ ᠬᠦᠷᠭᠡᠵᠤ᠂ 5 ᠲᠦᠮᠡᠨ ᠢᠳᠡᠷᠭᠡᠭ ᠵᠠᠯᠠᠭᠤ ᠶᠢ | ᠴᠡᠷᠢᠭ ᠲᠤ ᠡᠯᠰᠡᠴᠤ ᠲᠠᠶᠢᠨ ᠤ ᠫᠤᠤ ᠶᠢᠨ ᠪᠦᠭᠯᠡᠭᠡ ᠪᠤᠯᠭᠠᠵᠤ᠂ ᠬᠡᠤᠬᠡᠳ ᠡᠮᠡᠭᠳᠠᠶᠢᠴᠤᠳ ᠪᠦᠷ ᠪᠤᠭᠤᠯ ᠪᠤᠯᠵᠤ᠂ | ᠢᠯᠡᠬᠦᠤ ᠰᠠᠭᠤᠭᠠᠯᠢ ᠬᠦᠮᠤᠰ ᠢ ᠪᠦᠷ ᠠᠯᠠᠪᠠ᠃ ᠮᠤᠩᠭᠤᠯ ᠴᠡᠷᠢᠭ ᠪᠠᠰᠠ ᠠᠮᠤ ᠭᠤᠤᠯ ᠤᠨ ᠤᠰᠤ ᠤᠷᠤᠭᠤᠯᠵᠤ | ᠡᠨᠡ ᠬᠤᠳᠠ ᠶᠢ ᠦᠭᠡᠶᠢᠰᠭᠡᠪᠡ᠃ ᠰᠡᠬᠦᠯᠡᠷ ︽ᠵᠠᠮ ᠨᠡᠪᠳᠡᠷᠡᠯᠭᠡ ᠶᠢᠨ ᠵᠦᠭᠯᠡᠬᠦᠷ︾ ᠨᠤᠮ ᠳᠤ ᠡᠨᠡ ᠬᠤᠳᠠ ᠲᠠᠬᠢᠨ | ᠰᠡᠷᠬᠦᠵᠤ᠂ ᠠᠷᠠᠯᠵᠢᠶ᠎ᠠ ᠮᠠᠶᠢᠮᠠᠢ ᠬᠦᠭᠵᠢᠨ ᠪᠠᠳᠠᠷᠠᠵᠤ᠂ ᠡᠳ᠋ ᠪᠠᠷᠠᠭ᠎ᠠ ᠬᠦᠷᠪᠡᠰᠤ ᠲᠠᠷᠤᠢ ᠬᠤᠳᠠᠯᠳᠤᠨ ᠭᠠᠷᠭᠠᠵᠤ | ᠴᠢᠳᠠᠨ᠎ᠠ ᠭᠡᠵᠤ ᠲᠡᠮᠳᠡᠭᠯᠡᠪᠡ᠃ ᠢᠤᠯᠤᠩ ᠵᠢᠶᠠᠤᠤᠢ ᠠᠨᠤ ᠬᠠᠮᠤᠭ ᠦᠷᠭᠡᠨ ᠰᠦᠷᠯᠢᠭ ᠭᠤᠶᠤ ᠶᠡᠭᠡ ᠬᠤᠳᠠ ᠪᠤᠯᠵᠤ | ᠂ ᠵᠠᠬ᠎ᠠ ᠲᠡᠯᠭᠡᠬᠦᠷ ᠲᠡᠯᠭᠡᠷᠡᠨ᠂ ᠵᠡᠭᠡᠯᠢ ᠭᠤᠳᠤᠮᠵᠢ ᠦᠷᠭᠡᠨ ᠠᠭᠤᠳᠠᠮ᠂ ᠭᠡᠷ ᠪᠠᠶᠢᠰᠢᠩ ᠦᠷᠬᠦᠯᠵᠢᠯᠡᠵᠤ᠂ ᠬᠦᠮᠤᠰ | ᠲᠤ ᠦᠨᠡᠭᠡᠷ ᠰᠠᠶᠢᠬᠠᠨ ᠬᠠᠷᠠᠭᠳᠠᠨ᠎ᠠ᠃ | ᠪᠠᠷᠠᠭᠤᠨ ᠠᠽᠢᠶ᠎ᠠ᠂ 1258 ᠤᠨ ᠬᠤᠯᠠᠭᠤ ᠪᠠᠭᠳᠠᠳ᠋ ᠬᠤᠳᠠ ᠶᠢ ᠡᠵᠡᠯᠡᠨ ᠠᠪᠤᠭᠰᠠᠨ ᠤ ᠲᠠᠷᠠᠭ᠎ᠠ ᠢᠯᠢ | ᠬᠠᠭᠠᠨᠳᠤ ᠤᠯᠤᠰ ᠨᠢᠭᠡᠨ ᠬᠢᠯᠢ ᠶᠢᠨ ᠬᠤᠳᠠ ᠪᠤᠯᠵᠤ᠂ ᠡᠨᠡᠬᠦ ︽ᠲᠡᠭᠷᠢ ᠦᠷᠤᠰᠢᠶᠡᠭᠴᠢ ᠴᠡᠴᠡᠷᠯᠢᠭ ᠬᠤᠳᠠ︾ | ᠠᠩᠬᠠᠨ ᠤ ᠲᠤᠷᠭ᠎ᠠ ᠶᠢᠨ ᠵᠠᠮ ᠤᠨ ᠪᠠᠳᠠᠷᠠᠩᠭᠤᠢ ᠪᠠᠶᠢᠳᠠᠯ ᠢᠶᠠᠨ ᠠᠯᠳᠠᠨ᠂ ᠨᠡᠷᠡᠳᠤ ᠰᠢᠯᠦᠭᠴᠢ᠂ ᠬᠤᠪᠢᠯᠭᠠᠨ | ᠨᠡᠷᠡᠴᠢ᠂ ᠪᠠᠶᠢᠭᠤᠯᠤᠭᠴᠢ ᠮᠡᠷᠭᠡᠵᠢᠯᠳᠡᠨ᠂ ᠠᠯᠳᠠᠷᠳᠤ ᠡᠮᠴᠢ᠂ ᠪᠤᠳᠤᠯᠭᠠᠳᠠᠨ ᠰᠦᠷᠦᠭ ᠰᠦᠷᠦᠭ ᠢᠶᠠᠷ ᠶᠧᠵᠢᠫᠲ | ᠤᠨ ᠺᠠᠶᠢᠷᠤ᠋ ᠬᠤᠳᠠᠨ ᠳᠤ ᠲᠤᠳᠠᠭᠠᠨ ᠤᠴᠢᠪᠠ᠃ ᠰᠡᠬᠦᠯᠡᠷ ᠡᠨᠡ ᠺᠠᠶᠢᠷᠤ᠋ ᠬᠤᠳᠠ ᠢᠰᠯᠠᠮ ᠤᠨ ᠱᠠᠰᠢᠨ ᠤ ᠲᠦᠪ ᠪᠡ | ᠤᠳᠬ᠎ᠠ ᠰᠤᠶᠤᠯ ᠤᠨ ᠭᠤᠤᠯ ᠬᠤᠳᠠ ᠪᠤᠯᠪᠠ᠃ ᠪᠠᠭᠳ᠋ᠳ᠋ ᠬᠤᠳᠠᠨ ᠤ ᠤᠷᠤ ᠶᠢ ᠠᠽᠧᠷᠪᠠᠶᠢᠴᠠᠨ ᠶᠢᠨ ᠳ᠋ᠠᠪᠦ᠋ᠯᠢ | ᠢᠶᠠᠷ ᠪᠤᠯᠤᠨ ᠲᠡᠭᠵᠢᠷᠡᠪᠡ᠃ ᠡᠨᠡᠬᠦ ᠬᠢᠯᠢ ᠬᠠᠭᠠᠨᠳᠤ ᠤᠯᠤᠰ ᠤᠨ ᠨᠡᠶᠢᠰᠯᠡᠯ ᠪᠠᠷᠠᠭᠤᠨᠰᠢ ᠪᠠᠭ᠎ᠠ ᠠᠽᠢᠶ᠎ᠠ ᠬᠦᠷᠴᠤ᠂ | ᠬᠤᠶᠢᠳᠤ ᠠᠴᠠ ᠡᠮᠤᠨ᠎ᠡ ᠤᠷᠤᠰ ᠤᠨ ᠵᠠᠮ ᠬᠠᠷᠢᠴᠠᠭᠠᠨ ᠤ ᠵᠠᠮ ᠲᠡᠭᠡᠷ᠎ᠡ ᠤᠷᠤᠰᠢᠵᠤ᠂ ᠤᠯᠠᠨ ᠤᠯᠤᠰ ᠤᠨ ᠶᠡᠭᠡ | ᠴᠢᠭᠤᠯᠭᠠᠨ ᠤ ᠬᠤᠪᠢ ᠪᠠᠷ ᠨᠢᠭᠡᠮᠤᠰᠤᠨ ᠬᠦᠭᠵᠢᠵᠤ ᠢᠲ᠋ᠠᠯᠢ ᠶᠢᠨ ᠠᠷᠠᠯᠵᠢᠶᠠᠨ ᠤ ᠬᠦᠮᠤᠨ ᠬᠢᠯᠪᠠᠷᠬᠠᠨ ᠢᠶᠠᠷ ᠢᠷᠡᠨ | ᠤᠯᠤᠰ ᠪᠡ ᠲᠤᠮᠳᠠᠳᠤ ᠤᠯᠤᠰ ᠤᠨ ᠨᠡᠭᠡᠮᠡᠯ ᠤᠨ ᠡᠳ᠋ ᠪᠠᠷᠠᠭ᠎ᠠ᠂ ᠵᠡᠬᠦᠨ ᠡᠨᠡᠳᠭᠡᠭ ᠤᠨ ᠠᠩᠬᠢᠯᠤᠮ᠎ᠠ ᠦᠨᠦᠷᠳᠤ | ᠡᠪᠡᠰᠤ ᠤᠯᠵᠤ ᠠᠪᠤᠨ᠎ᠠ᠃ | ᠮᠤᠩᠭᠤᠯ ᠬᠠᠭᠠᠨᠳᠤ ᠦᠶ᠎ᠡ ᠶᠢᠨ ᠲᠤᠷᠭ᠎ᠠ ᠶᠢᠨ ᠵᠠᠮ ᠨᠢᠭᠡ ᠰᠢᠨ᠎ᠡ ᠠᠷᠠᠯᠵᠢᠶ᠎ᠠ ᠶᠢᠨ ᠵᠠᠮ ᠭᠠᠷᠴᠤ᠂ ᠡᠨᠡ ᠨᠢ ᠬᠠᠷ᠎ᠠ | ᠲᠠᠯᠠᠢ ᠶᠢᠨ ᠬᠦᠪᠡᠭᠡ ᠠᠴᠠ ᠪᠠᠷᠢᠮᠳᠠ ᠬᠤᠶᠢᠭ ᠤᠨ ᠤᠷᠴᠢᠮ ᠶᠠᠰᠤ ᠠᠴᠠ ᠡᠬᠢᠯᠡᠨ ᠵᠡᠬᠦᠨᠰᠢ ᠤᠯᠢᠷ ᠭᠤᠤᠯ ᠢ | ᠭᠡᠳᠤᠯᠵᠤ ᠴᠢᠨᠴᠠ ᠡᠪᠡᠰᠤ ᠪᠡᠯᠴᠢᠭᠡᠷ ᠪᠤᠶᠤ ᠵᠡᠬᠦᠨ ᠡᠮᠤᠨᠡᠰᠢ ᠮᠦᠷᠤᠶᠢᠵᠤ ᠲᠤᠮᠳᠠ ᠠᠽᠢᠶ᠎ᠠ ᠬᠦᠷᠤᠨ᠎ᠡ ︽ᠠᠯᠳᠠᠨ | ᠤᠷᠳᠤᠳᠤ ᠬᠠᠭᠠᠨᠳᠤ ᠤᠯᠤᠰ ᠪᠠᠶᠢᠬᠤ ᠦᠶ᠎ᠡ ᠳᠤ ᠠᠽᠢᠶ᠎ᠠ ᠲᠢᠪ ᠪᠤᠯ ᠪᠠᠶᠧᠹ ︵ᠡᠳᠤᠭᠡ ᠶᠢᠨ ᠦᠺᠷᠠᠶᠢᠨ ᠤᠯᠤᠰ︶ | ᠬᠤᠳᠠ ᠡᠮᠤᠨ᠎ᠡ ᠠᠴᠠ ᠡᠬᠢᠯᠡᠭᠰᠡᠨ︾ ᠪᠤᠯᠤᠨ᠎ᠠ᠃ ᠡᠨᠡᠬᠦ ᠠᠽᠢᠶ᠎ᠠ ᠡᠸᠦ᠋ᠷᠤᠫᠠ ᠬᠤᠶᠠᠷ ᠲᠢᠪ ᠶᠢ ᠵᠠᠯᠭᠠᠭᠰᠠᠨ | ᠠᠷᠠᠯᠵᠢᠶ᠎ᠠ ᠶᠢᠨ ᠵᠠᠮ ᠴᠡᠴᠡᠨ ᠬᠠᠭᠠᠨᠳᠤ ᠤᠯᠤᠰ ᠤᠨ ᠬᠢᠯᠢ ᠲᠤᠳᠤᠷ᠎ᠠ ᠠᠴᠠ ᠬᠠᠷ᠎ᠠ ᠲᠠᠯᠠᠢ ᠶᠢᠨ ᠭᠠᠷᠠᠮ ᠬᠦᠷᠳᠡᠯ᠎ᠡ | ᠮᠤᠩᠭᠤᠯ ᠤᠨ ᠨᠤᠶᠠᠷᠬᠠᠯᠠᠯ ᠤᠨ ᠲᠤᠤᠷ᠎ᠠ ᠵᠡᠬᠦᠨ ᠠᠽᠢᠶ᠎ᠠ ᠶᠢᠨ ᠵᠠᠬ᠎ᠠ ᠲᠡᠯᠭᠡᠬᠦᠷ ᠲᠠᠢ ᠵᠠᠯᠭᠠᠯᠳᠤᠵᠤ ᠲᠠᠯ᠎ᠠ ᠨᠤᠳᠤᠭ | ᠪᠤᠶᠤ ᠤᠢ ᠰᠢᠭᠤᠢ ᠤᠷᠤᠨ ᠤ ᠭᠠᠷᠤᠯᠳᠠ ᠠᠮᠤ ᠪᠤᠳᠠᠭ᠎ᠠ᠂ ᠦᠭᠡᠷ᠂ ᠮᠤᠷᠢ᠂ ᠪᠤᠭᠤᠯ ᠰᠢᠪᠡᠭᠴᠢᠨ᠂ ᠤᠩᠭᠤᠰᠤ | ᠠᠷᠠᠰᠤ᠂ ᠮᠤᠳᠤ ᠪᠡ ᠵᠢᠭᠠᠰᠤ ᠬᠠᠮ ᠬᠤᠷᠤᠬᠠᠢ ᠵᠢᠴᠢ ᠲᠤᠮᠳᠠᠳᠤ ᠤᠯᠤᠰ ᠪᠤᠶᠤ ᠲᠤᠮᠳᠠ ᠠᠽᠢᠶ᠎ᠠ ᠶᠢᠨ | ᠦᠢᠯᠡᠳᠦᠭᠰᠡᠨ ᠪᠦᠷᠢᠯᠭᠡᠮᠡᠳᠡᠭᠡᠢ ᠪᠠᠷᠠᠭ᠎ᠠ ᠶᠢ ᠪᠦᠷ ᠤᠩᠭᠤᠴᠠ ᠪᠤᠶᠤ ᠠᠷᠠᠯᠵᠢᠶᠠᠨ ᠤ ᠳ᠋ᠤᠶᠢᠽᠢ ᠪᠠᠷ ᠪᠠᠶᠢᠵᠠᠨᠲ᠋ᠢᠩ᠂ | ᠶᠧᠵᠢᠫᠲ᠂ ᠢᠲ᠋ᠠᠯᠢ᠂ ᠰᠢᠷᠢᠶ᠎ᠠ ᠵᠡᠷᠭᠡ ᠭᠠᠵᠠᠷ ᠲᠤ ᠲᠡᠭᠡᠭᠡᠪᠤᠷᠢᠯᠡᠵᠤ ᠰᠤᠯᠢᠯᠴᠠᠵᠤ᠂ ᠡᠳ᠋ ᠡᠷᠳᠡᠨᠢ᠂ ᠠᠯᠳᠠ ᠮᠦᠩᠬᠦ | ᠂ ᠠᠩᠬᠢᠯᠤᠮ᠎ᠠ ᠦᠨᠡᠳᠤ ᠤᠰᠤ᠂ ᠵᠢᠮᠢᠰ ᠵᠢᠴᠢ ᠠᠹᠷᠢᠺᠠ ᠲᠢᠪ ᠤᠨ ᠮᠠᠯ ᠠᠳᠤᠭᠤᠰᠤᠨ ᠤ ᠭᠠᠷᠤᠯᠳᠠ ᠶᠢ ᠲᠠᠰᠤᠷᠠ | ᠦᠭᠡᠢ ᠲᠤᠮᠳᠠ ᠠᠴᠢᠶ᠎ᠠ ᠪᠡ ᠲᠤᠮᠳᠠᠳᠤ ᠤᠯᠤᠰ ᠲᠤ ᠲᠡᠭᠡᠭᠡᠪᠤᠷᠢᠯᠡᠨ ᠠᠪᠴᠢᠷᠠᠨ᠎ᠠ᠃ | ᠳ᠋ᠠᠪᠦ᠋ᠯᠢ ᠢᠶᠠᠷ ᠠᠳᠠᠯᠢ ᠤᠨᠴᠠᠭᠠᠢ ᠬᠦᠭᠵᠢᠭᠰᠡᠨ ᠤᠯᠠᠨ ᠤᠯᠤᠰ ᠤᠨ ᠬᠤᠭᠤᠷᠤᠨᠳᠤ ᠶᠢᠨ ᠠᠷᠠᠯᠵᠢᠶ᠎ᠠ ᠮᠠᠶᠢᠮᠠᠢ ᠬᠠᠮᠤᠭ | ᠲᠤᠰᠠ ᠭᠠᠷᠤᠭᠰᠠᠨ ᠪᠤᠯ ᠴᠡᠴᠡᠨ ᠬᠠᠭᠠᠨᠳᠤ ᠤᠯᠤᠰ ᠤᠨ ᠨᠡᠶᠢᠰᠯᠡᠯ ᠰᠡᠯᠡᠷ ᠬᠤᠳᠠ ᠪᠤᠯᠤᠨ᠎ᠠ᠃ ᠡᠬᠦᠨ ᠢ ᠢᠸᠠᠨ | ᠪᠠᠶᠢᠳᠤᠳᠠᠢ ︽ᠰᠡᠯᠡᠷ ᠬᠤᠳᠠ ᠭᠤᠶᠤ ᠰᠠᠶᠢᠬᠠᠨ᠂ ᠲᠡᠪᠰᠡᠨ ᠲᠠᠯ᠎ᠠ ᠲᠡᠭᠡᠷ᠎ᠡ ᠪᠠᠶᠢᠭᠤᠯᠤᠭᠰᠠᠨ ᠭᠡᠪᠴᠢᠶ᠎ᠡ ᠲᠤᠩ ᠶᠡᠭᠡ | ᠦᠷᠭᠡᠨ᠂ ᠬᠦᠮᠤᠨ ᠠᠮᠠ ᠠᠷᠪᠢᠨ᠂ ᠵᠠᠬ᠎ᠠ ᠲᠡᠯᠭᠡᠬᠦᠷ ᠦᠷᠭᠡᠨ᠂ ᠵᠡᠭᠡᠯᠢ ᠠᠭᠤᠳᠠᠮ᠂ ᠬᠤᠳᠠ ᠳᠤ ᠤᠯᠠᠨ ᠢᠰᠯᠠᠮ | ᠤᠨ ᠰᠦᠮ᠎ᠡ ᠰᠦᠨᠳᠡᠷᠯᠡᠵᠤ᠂ ᠲᠤᠷᠭ᠎ᠠ ᠲᠤᠷᠳᠤᠩ ᠤᠨ ᠭᠠᠷᠤᠯᠳᠠ ᠪᠦᠷ ᠲᠤᠮᠳᠠᠳᠤ ᠤᠯᠤᠰ ᠠᠴᠠ ᠲᠡᠭᠡᠭᠡᠪᠤᠷᠢᠯᠡᠨ | ᠠᠪᠴᠢᠷᠠᠵᠤ᠂ ᠤᠷᠤᠰ᠂ ᠢᠲ᠋ᠠᠯᠢ᠂ ᠬᠠᠩᠭᠠᠷᠢ ᠵᠡᠷᠭᠡ ᠤᠯᠤᠰ ᠤᠨ ᠠᠷᠠᠯᠵᠢᠶᠠᠴᠢᠨ ᠲᠤᠮᠳᠠᠳᠤ ᠤᠯᠤᠰ ᠲᠤ ᠤᠴᠢᠬᠤ | ᠦᠭᠡᠢ ᠪᠤᠯᠪᠠᠴᠤ ᠲᠤᠮᠳᠠᠳᠤ ᠤᠯᠤᠰ ᠤᠨ ᠲᠤᠷᠭ᠎ᠠ ᠲᠤᠷᠳᠤᠩ ᠶᠢᠨ ᠬᠤᠳᠠ ᠠᠴᠠ ᠬᠤᠳᠠᠯᠳᠤᠨ ᠤᠯᠤᠨ᠎ᠠ︾ ᠭᠡᠵᠤ | ᠨᠢᠬᠳᠠ ᠪᠢᠴᠢᠵᠤ ᠲᠡᠮᠳᠡᠭᠯᠡᠪᠡ᠃ | 4. ᠬᠢᠵᠠᠭᠠᠷᠯᠠᠰᠢ ᠦᠭᠡᠢ ᠰᠤᠯᠢᠯᠴᠠᠭ᠎ᠠ | ᠮᠤᠩᠭᠤᠯ ᠤᠨ ᠨᠤᠶᠠᠷᠬᠠᠯ ᠤᠨ ᠲᠤᠤᠷ᠎ᠠ ᠶᠢᠨ ᠨᠠᠶᠢᠷᠠᠮᠳᠠᠯ ᠠᠭᠤᠤ ᠶᠡᠭᠡ ᠲᠠᠪᠠᠨᠢᠯ ᠪᠤᠢ ᠪᠤᠯᠵᠤ᠂ ᠬᠦᠮᠤᠰ ᠤᠨ | ᠬᠠᠷᠠᠯᠳᠠ ᠭᠠᠵᠠᠷ ᠤᠨ ᠲᠤᠮᠳᠠ ᠲᠠᠩᠬᠢᠰ ᠠᠽᠢᠶ᠎ᠠ ᠡᠸᠦ᠋ᠷᠤᠫᠠ ᠲᠢᠪ ᠵᠦᠭ ᠴᠢᠭᠯᠡᠵᠤ᠂ ᠭᠠᠭᠴᠠ ᠪᠦᠯᠢ ᠭᠡᠷ ᠲᠤ | ᠴᠤᠭᠯᠠᠷᠠᠭᠰᠠᠨ ᠡᠯ᠎ᠡ ᠵᠤᠶᠢᠯ ᠤᠨ ᠱᠠᠰᠢᠨ ᠰᠤᠷᠳᠠᠬᠤᠨ᠂ ᠡᠯ᠎ᠡ ᠵᠤᠶᠢᠯ ᠤᠨ ᠬᠦᠨ ᠤᠬᠠᠭᠠᠨᠳᠠᠨ᠂ ᠲᠡᠭᠷᠢ ᠵᠦᠢ ᠶᠢ | ᠰᠤᠳᠤᠯᠤᠭᠴᠢ᠂ ᠲᠡᠤᠭᠡᠴᠢᠨ᠂ ᠰᠤᠷᠭᠠᠯᠳᠠᠨ ᠨᠠᠷ ᠪᠦᠷ ᠲᠤᠮᠳᠠᠳᠤ ᠤᠯᠤᠰ ᠤᠨ ᠡᠮᠤᠨ᠎ᠡ ᠭᠠᠵᠠᠷ᠂ ᠡᠨᠡᠳᠭᠡᠭ᠂ | ᠺᠠᠰᠢᠮᠢᠷ ᠵᠢᠴᠢ ᠲᠦᠷᠺ᠂ ᠪᠠᠰᠠ ᠠᠷᠠᠪ ᠬᠦᠮᠤᠨ᠂ ᠹᠷᠠᠨᠽᠢ ᠬᠦᠮᠤᠰ ᠲᠤᠷᠭᠠᠨ ᠵᠠᠮ ᠤᠨ ᠵᠡᠬᠦᠨ ᠪᠠᠷᠠᠭᠤᠨ ᠤᠷᠤᠨ ᠤ | ᠬᠤᠭᠤᠷᠤᠨᠳᠤᠬᠢ ᠰᠤᠯᠢᠯᠴᠠᠭ᠎ᠠ ᠶᠢ ᠠᠬᠢᠭᠤᠯᠵᠤ ᠲᠡᠤᠭᠡᠨ ᠳᠤ ᠦᠭᠡᠢ ᠶᠡᠭᠡ ᠭᠡᠮᠵᠢᠶᠡᠨ ᠳᠤ ᠬᠦᠷᠭᠡᠪᠡ᠃ ᠲᠤᠮᠳᠠᠳᠤ | ᠤᠯᠤᠰ ᠤᠨ ᠡᠬᠦᠳᠤᠨ ᠵᠤᠬᠢᠶᠠᠭᠰᠠᠨ ᠲᠠᠷᠢ ᠶᠠᠭ ᠮᠤᠩᠭᠤᠯ ᠪᠠᠷᠠᠭᠤᠨᠰᠢ ᠲᠠᠶᠢᠯᠠᠬᠤ ᠳᠠᠭᠠᠨ ᠢᠰᠯᠠᠮ ᠤᠨ ᠤᠷᠤᠨ ᠳᠤ | ᠲᠠᠷᠬᠠᠨ ᠲᠡᠯᠭᠡᠷᠡᠬᠦᠯᠵᠤ ᠲᠠᠬᠢᠨ ᠡᠸᠦ᠋ᠷᠤᠫᠠ ᠲᠢᠪ ᠲᠤ ᠲᠠᠷᠬᠠᠵᠠᠢ᠃ ᠤᠳᠬ᠎ᠠ ᠤᠷᠠᠯᠢᠭ ᠤᠨ ᠰᠡᠷᠬᠦᠯᠳᠡ ᠦᠶ᠎ᠡ | ᠶᠢᠨ ᠠᠩᠭ᠍ᠯᠢ ᠶᠢᠨ ᠡᠷᠳᠡᠮᠳᠡᠨ ᠹᠠᠯᠠᠩᠰᠢᠰᠧ᠂ ᠫᠠᠶᠢᠺᠠᠨ ᠤ ᠬᠡᠯᠡᠭᠰᠡᠨ ᠢᠶᠠᠷ ︽ᠶᠠᠮᠪᠠᠷ ᠨᠢᠭᠡᠨ ᠬᠠᠭᠠᠨᠳᠤ ᠤᠯᠤᠰ ᠪᠤᠶᠤ | ᠨᠠᠷᠠᠳᠤ ᠬᠦᠮᠤᠨ ᠤ ᠬᠦᠴᠤᠨ ᠪᠦᠷ ᠡᠨᠡᠬᠦ ᠵᠤᠬᠢᠶᠠᠨ ᠡᠬᠦᠳᠦᠭᠰᠡᠨ ᠮᠡᠷᠭᠡᠵᠢᠯ ᠲᠠᠢ ᠠᠳᠠᠯᠢᠳᠬᠠᠬᠤ ᠶᠢᠨ ᠠᠷᠭ᠎ᠠ | ᠦᠭᠡᠢ ᠪᠦᠭᠡᠳ ᠬᠦᠮᠤᠨ ᠲᠦᠷᠤᠯᠬᠢᠳᠡᠨ ᠤ ᠠᠮᠢᠳᠤᠷᠠᠯ ᠢ ᠨᠦᠯᠤᠭᠡᠯᠡᠭᠰᠡᠨ ᠳᠤ ᠬᠦᠷᠬᠦ ᠦᠭᠡᠢ︾ ᠭᠡᠪᠡ᠃ ᠨᠦᠬᠦᠭᠡ | ᠲᠠᠯ᠎ᠠ ᠪᠠᠷ ᠶᠤᠸᠠᠨ ᠤᠯᠤᠰ ᠪᠠᠰᠠᠨ ᠢᠯᠢ ᠬᠠᠭᠠᠨᠳᠤ ᠤᠯᠤᠰ ᠠᠴᠠ ᠢᠰᠮᠢᠶᠠᠨ ᠪᠡ ᠠᠯᠤᠸᠠᠷᠲ᠋ᠢᠩ ᠤᠨ ᠡᠬᠦᠳᠦᠭᠰᠡᠨ | ᠲᠤᠮᠤ ᠶᠡᠭᠡ ᠴᠢᠯᠠᠭᠤ ᠬᠠᠷᠪᠤᠬᠤ ᠫᠤᠤ ︵ᠬᠤᠳᠤᠩ ᠫᠤᠤ︶ ᠶᠢ ᠲᠤᠮᠳᠠᠳᠤ ᠤᠯᠤᠰ ᠲᠤ ᠠᠪᠴᠢᠷᠠᠵᠤ ᠲᠠᠶᠢᠨ ᠳᠤ | ᠭᠡᠷᠡᠭᠯᠡᠵᠤ᠂ ᠰᠦᠡᠭ ᠤᠯᠤᠰ ᠤᠨ ᠬᠠᠳᠠᠭᠤ ᠪᠠᠬᠢᠯᠡᠯᠳᠡ ᠬᠤᠳᠠ ᠰᠢᠶᠠᠩ ᠶᠠᠩ ᠪᠡ ᠬᠤᠸᠠᠨ ᠴᠸᠡᠭ ᠢ ᠲᠡᠯᠪᠡᠴᠡᠨ | ᠡᠪᠳᠡᠵᠤ ᠬᠢᠯᠪᠠᠷᠬᠠᠨ ᠢᠶᠠᠷ ᠡᠵᠡᠯᠡᠪᠡ᠃ ᠰᠠᠶᠢᠨ ᠲᠠᠢ ᠲᠠᠯ᠎ᠠ ᠪᠠᠷ ᠬᠡᠯᠡᠬᠦ ᠳᠤ ︽ᠲᠤᠷᠭᠠᠨ ᠵᠠᠮ ᠢ ᠨᠡᠭᠡᠭᠡᠭᠰᠡᠨ︾ | ᠰᠤᠯᠢᠯᠴᠠᠭ᠎ᠠ ᠬᠦᠴᠤᠨ ᠶᠡᠭᠡᠳᠠᠢ ᠬᠦᠮᠤᠨ ᠢ ᠠᠯᠠᠬᠤ ᠵᠡᠪᠰᠡᠭ ᠦᠯᠡᠳᠡᠭᠰᠡᠨ ᠤᠴᠢᠷ ᠪᠤᠰᠤ ᠬᠠᠷᠢᠨ ᠠᠵᠤ ᠠᠬᠤᠢ ᠶᠢ | ᠬᠦᠭᠵᠢᠭᠡᠭᠰᠡᠨ ᠤᠴᠢᠷ ᠪᠤᠯᠤᠨ᠎ᠠ᠃ ᠡᠨᠡ ᠲᠤᠷᠭᠠᠨ ᠵᠠᠮ ᠤᠨ ᠰᠤᠯᠢᠯᠴᠠᠭ᠎ᠠ ᠪᠠᠷ ᠪᠤᠯᠵᠤ ᠠᠯᠢᠪᠠ ᠭᠡᠷᠡᠭ ᠶᠠᠪᠤᠳᠠᠯ | ᠲᠦᠬᠦᠮ ᠪᠤᠯᠵᠤ᠂ ᠵᠢᠱᠢᠶᠡᠯᠡᠪᠡᠯ ᠬᠤᠯᠠᠭᠤ ᠪᠠᠷᠠᠭᠤᠨᠰᠢ ᠲᠠᠶᠢᠯᠠᠬᠤ ᠶᠢᠨ ᠶᠠᠪᠤᠴᠠ ᠳᠤ ᠲᠤᠮᠳᠠᠳᠤ ᠤᠯᠤᠰ ᠡᠮᠴᠢ ᠶᠢ | ᠲᠠᠭᠠᠭᠤᠯᠤᠨ᠂ ᠢᠯᠢ ᠬᠠᠭᠠᠨᠳᠤ ᠤᠯᠤᠰ ᠤᠨ ᠬᠢᠽᠠᠨ ᠬᠠᠨ ᠨᠢᠳᠤ ᠶᠢ ᠬᠤᠯᠠᠭᠤ ᠶᠢ ᠲᠠᠭᠠᠵᠤ ᠢᠷᠡᠭᠰᠡᠨ ᠲᠤᠮᠳᠠᠳᠤ | ᠤᠯᠤᠰ ᠤᠨ ᠡᠮᠴᠢ ᠲᠦᠨᠡᠭᠡᠬᠦ ᠠᠷᠭ᠎ᠠ ᠪᠠᠷ ᠰᠠᠶᠢᠨ ᠪᠤᠯᠭᠠᠪᠠ᠃ ᠲᠠᠩ ᠤᠯᠤᠰ ᠤᠨ ᠦᠶ᠎ᠡ ᠶᠢᠨ ᠰᠦᠨ ᠰᠧ ᠮᠢᠶᠤᠤ | ᠶᠢᠨ ︽ᠮᠢᠩᠭᠠᠨ ᠠᠯᠳᠠᠨ ᠵᠤᠷ ᠠᠷᠭ᠎ᠠ︾ ᠢ ᠶᠤᠸᠠᠨ ᠤ ᠦᠶ᠎ᠡ ᠳᠤ ᠪᠦᠰᠧ ᠦᠰᠦᠭ ᠢᠶᠠᠷ ᠤᠷᠴᠢᠭᠤᠯᠤᠨ ᠲᠠᠷᠬᠠᠵᠤ | ᠂ ᠡᠬᠦᠨ ᠤ ᠵᠡᠷᠭᠡ ᠪᠠᠷ ᠠᠷᠠᠪ ᠤᠨ ᠡᠮᠨᠡᠯᠭᠡ ᠶᠢᠨ ᠮᠡᠷᠭᠡᠵᠢᠯ ᠪᠠᠰᠠ ᠲᠤᠮᠳᠠᠳᠤ ᠤᠯᠤᠰ ᠲᠤ ᠲᠠᠷᠬᠠᠨ ᠭᠡᠷᠡᠭᠯᠡᠵᠡᠢ᠃ | ᠰᠡᠬᠦᠯᠴᠢ ᠶᠢᠨ ᠦᠶ᠎ᠡ ᠶᠢᠨ ᠯᠢ ᠱᠢ ᠵᠧᠨ ᠤ ︽ᠡᠪᠡᠰᠤᠨ ᠡᠮ ᠤᠨ ᠲᠤᠪᠴᠢ︾ ᠳᠤ ᠶᠤᠸᠠᠨ ᠤᠯᠤᠰ ᠦᠶ᠎ᠡ ᠳᠤ | ᠤᠷᠤᠭᠤᠯᠤᠨ ᠭᠡᠷᠡᠭᠯᠡᠭᠰᠡᠨ ᠬᠤᠳᠤᠩ ᠡᠮ ᠤᠨ ᠵᠤᠷ ᠢ ᠪᠢᠴᠢᠨ ᠤᠷᠤᠭᠤᠯᠤᠭᠰᠠᠨ ᠨᠡᠯᠢᠶᠡᠳ ᠭᠡᠰᠡᠭ ᠪᠤᠢ᠃ | ᠲᠤᠷᠭᠠᠨ ᠵᠠᠮ ᠢᠶᠠᠷ ᠲᠠᠮᠵᠢᠭᠤᠯᠤᠨ ᠢᠷᠡᠭᠰᠡᠨ ᠲᠤᠷᠤᠨ᠎ᠠ ᠲᠠᠬᠢᠨ ᠤ ᠨᠦᠯᠤᠭᠡ ᠢᠯᠢ ᠬᠠᠭᠠᠨᠳᠤ ᠤᠯᠤᠰ ᠢ | ᠨᠦᠯᠤᠭᠡᠯᠡᠵᠤ᠂ ᠪᠦᠰᠧ ᠠᠷᠠᠪ ᠤᠯᠤᠰ ᠲᠤᠮᠳᠠᠳᠤ ᠤᠯᠤᠰ ᠤᠨ ᠤᠳᠬ᠎ᠠ ᠤᠷᠠᠯᠢᠭ ᠲᠤ ᠲᠤᠷᠠᠯᠠᠵᠤ ᠲᠤᠮᠳᠠᠳᠤ | ᠤᠯᠤᠰ ᠤᠨ ᠱᠠᠵᠠᠩ ᠢ ᠲᠠᠭᠤᠷᠢᠶᠠᠨ ᠰᠢᠳᠠᠭᠠᠨ ᠭᠡᠷᠡᠭᠯᠡᠵᠤ᠂ ᠲᠤᠮᠳᠠᠳᠤ ᠤᠯᠤᠰ ᠤᠨ ᠦᠰᠤᠨ ᠪᠢᠷ ᠢᠶᠠᠷ ᠵᠢᠷᠤᠭ | ᠵᠢᠷᠤᠵᠤ᠂ ᠲᠤᠮᠳᠠᠳᠤ ᠤᠯᠤᠰ ᠤᠨ ᠮᠠᠯᠠᠭᠠᠢ ᠶᠢ ᠵᠡᠬᠦᠵᠤ᠂ ᠲᠤᠮᠳᠠᠳᠤ ᠤᠯᠤᠰ ᠤᠨ ᠬᠤᠪᠴᠠᠰᠤ ᠶᠢ ᠡᠮᠤᠰᠴᠤ | ᠴᠡᠩᠭᠡᠨ᠎ᠡ᠃ ᠶᠡᠷᠤᠩᠭᠡᠶᠢᠯᠡᠨ ᠬᠡᠯᠡᠪᠡᠰᠤ ᠲᠤᠮᠳᠠᠳᠤ ᠤᠯᠤᠰ ᠤᠨ ᠭᠡᠪ ᠰᠤᠷᠳᠠᠯ ᠮᠤᠩᠭᠤᠯ ᠬᠦᠮᠤᠨ ᠤ ᠨᠤᠶᠠᠷᠬᠠᠯ | ᠦᠶ᠎ᠡ ᠳᠤ ᠢᠯᠢ ᠤᠯᠤᠰ ᠤᠨ ᠲᠤᠮᠳᠠ ᠨᠢᠭᠡᠨᠳᠡ ᠲᠡᠯᠭᠡᠷᠡᠵᠤ ᠬᠠᠮᠤᠭ ᠪᠠᠭ᠋ᠠᠷᠬᠠᠭᠤᠯᠬᠤ ᠴᠢᠳᠠᠯ ᠲᠠᠢ ᠪᠤᠯᠪᠠ᠃ | ᠬᠠᠶᠢᠳᠤ ᠬᠠᠭᠠᠨ ᠤ ᠦᠶ᠎ᠡ ᠳᠤ ︵1291—1295 ᠤᠨ︶ ᠡᠳ᠋ ᠤᠨ ᠰᠠᠩ ᠤᠨ ᠬᠦᠴᠢᠷ ᠢ ᠰᠢᠢᠳᠪᠤᠷᠢᠯᠡᠬᠦ | ᠶᠢᠨ ᠲᠦᠯᠤᠭᠡ ᠢᠯᠢ ᠬᠠᠭᠠᠨᠳᠤ ᠤᠯᠤᠰ ᠶᠤᠸᠠᠨ ᠢ ᠲᠠᠭᠤᠷᠢᠶᠠᠨ ᠴᠠᠭᠠᠰᠤᠨ ᠵᠤᠭᠤᠰ ︵ᠬᠠᠭᠠᠨ ᠤ ᠲᠠᠮᠠᠭ᠎ᠠ | ᠲᠠᠷᠤᠭᠰᠠᠨ ᠴᠠᠭᠠᠰᠤᠨ ᠵᠤᠭᠤᠰ︶ ᠭᠡᠷᠡᠭᠯᠡᠵᠤ᠂ ᠬᠠᠶᠢᠳᠤ ᠬᠠᠭᠠᠨ 1294 ᠤᠨ ᠳᠤ ᠵᠠᠷᠯᠢᠭ ᠪᠠᠭᠤᠯᠭᠠᠵᠤ ᠡᠨᠡ | ᠴᠠᠭᠠᠰᠤᠨ ᠵᠤᠭᠤᠰ ᠢ ᠪᠦᠬᠦ ᠤᠯᠤᠰ ᠲᠤ ᠭᠡᠷᠡᠭᠯᠡᠵᠡᠢ᠃ ᠵᠤᠭᠤᠰ ᠤᠨ ᠲᠡᠭᠡᠷ᠎ᠡ ᠨᠢ ᠪᠦᠰᠧ ᠦᠰᠦᠭ ᠠᠴᠠ ᠭᠠᠳᠠᠨ᠎ᠠ | ᠪᠠᠰᠠ ᠬᠢᠳᠠᠳ ᠦᠰᠦᠭ ︽钞︾ ᠦᠰᠦᠭ ᠲᠠᠷᠤᠵᠠᠢ᠃ ᠡᠨᠡᠬᠦ ︽钞︾ ᠦᠰᠦᠭ ᠡᠳᠤᠭᠡ ᠪᠤᠯᠳᠠᠯ᠎ᠠ ᠪᠦᠰᠧ ︵ | ᠡᠳᠤᠭᠡ ᠶᠢᠨ ᠢᠷᠡᠨ ᠤᠯᠤᠰ︶ ᠪᠠ ᠠᠷᠠᠪ ᠤᠯᠤᠰ ᠤᠨ ᠵᠤᠭᠤᠰ ᠲᠤ ᠭᠡᠷᠡᠭᠯᠡᠵᠤ ᠪᠠᠶᠢᠨ᠎ᠠ᠃ | ᠮᠤᠩᠭᠤᠯ ᠬᠠᠭᠠᠨᠳᠤ ᠤᠯᠤᠰ ᠤᠨ ᠦᠶ᠎ᠡ ᠳᠤ ᠲᠤᠷᠭᠠᠨ ᠵᠠᠮ ᠲᠡᠭᠡᠷ᠎ᠡ ᠬᠠᠮᠤᠭ ᠶᠡᠭᠡ ᠬᠤᠪᠢᠷᠠᠯᠳᠠ ᠪᠤᠯ ᠡᠾᠷᠢᠰᠲ᠋ᠤᠰ | ᠱᠠᠰᠢᠨ ᠡᠸᠦ᠋ᠷᠤᠫᠠ ᠪᠡ ᠲᠤᠷᠤᠨ᠎ᠠ ᠲᠠᠬᠢᠨ ᠤ ᠬᠤᠭᠤᠷᠤᠨᠳᠤ ᠲᠡᠷᠢᠬᠦᠨ ᠤᠳᠠᠭ᠎ᠠ ᠢᠰᠯᠠᠮ ᠤᠨ ᠲᠡᠯᠡᠭᠡᠢ ᠠᠴᠠ | ᠲᠠᠪᠠᠵᠤ ᠰᠢᠭᠤᠳ ᠶᠠᠪᠤᠯᠴᠠᠬᠤ ᠪᠤᠯᠵᠠᠢ᠃ ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾ ᠳᠤ ︽ᠲᠡᠯᠡᠭᠡᠢ | ᠲᠡᠭᠡᠷ᠎ᠡ ᠬᠠᠨᠭ᠌ ᠵᠸᠤ ᠬᠤᠳᠠ ᠬᠠᠮᠤᠭ ᠭᠤᠶᠤ ᠰᠠᠶᠢᠬᠠᠨ ᠲᠡᠭᠷᠯᠢᠭ ᠬᠤᠳᠠ︾ ᠭᠡᠵᠤ ᠲᠦᠷᠰᠤᠯᠡᠵᠤ ︽ᠬᠠᠨᠭ᠌ ᠵᠸᠤ | ᠪᠠᠷ ᠬᠤᠳᠠ ᠪᠤᠯᠪᠠᠯ ᠲᠡᠯᠡᠭᠡᠢ ᠳᠤ ᠬᠤᠪᠤᠷᠬᠠᠨ ᠶᠡᠭᠡ ᠬᠤᠳᠠ ᠪᠤᠯᠵᠤ ᠬᠦᠮᠤᠰ ᠡᠨᠡ ᠬᠤᠳᠠ ᠳᠤ ᠡᠳᠤᠷ ᠲᠡᠭᠡᠨ | ᠪᠠᠶᠠᠷᠯᠠᠨ ᠴᠡᠩᠭᠡᠵᠤ ᠲᠡᠭᠷᠢ ᠶᠢᠨ ᠲᠠᠩᠬᠢᠮ ᠳᠤ ᠬᠦᠷᠦᠭᠰᠡᠨ ᠮᠡᠳᠤ︾ ᠭᠡᠵᠤ ᠪᠢᠴᠢᠵᠠᠢ᠃ ᠲᠡᠷᠡ ᠦᠶ᠎ᠡ ᠠᠴᠠ | ᠡᠬᠢᠯᠡᠨ ᠬᠦᠭᠡ ᠮᠦᠷᠡᠨ ᠤ ᠡᠮᠤᠨ᠎ᠡ ᠶᠢᠨ ᠬᠦᠮᠤᠰ ︽ᠲᠡᠭᠡᠷ᠎ᠡ ᠠᠨᠤ ᠲᠡᠭᠷᠢ ᠶᠢᠨ ᠲᠠᠩᠬᠢᠮ᠂ ᠲᠤᠤᠷ᠎ᠠ ᠠᠨᠤ ᠰᠤ᠋ | ᠬᠠᠨᠭ᠌︾ ᠭᠡᠰᠡᠨ ᠠᠷᠠᠳ ᠤᠨ ᠠᠮᠠᠨ ᠶᠠᠷᠢᠶ᠎ᠠ ᠡᠳᠤᠭᠡ ᠪᠤᠯᠳᠠᠯ᠎ᠠ ᠦᠷᠬᠦᠯᠵᠢᠯᠡᠵᠤ ᠪᠤᠢ᠃ ᠮᠤᠩᠭᠤᠯ ᠤᠨ ᠬᠠᠭᠠᠨᠳᠤ | ᠤᠯᠤᠰ ᠤᠨ ᠦᠶ᠎ᠡ ᠡᠸᠦ᠋ᠷᠤᠫᠠ ᠶᠢᠨ ᠮᠠᠷᠺᠤ ᠫᠤᠯᠤ ᠠᠴᠠ ᠭᠠᠳᠠᠨ᠎ᠠ ᠪᠠᠰᠠ ᠤᠯᠠᠨ ᠬᠦᠮᠤᠨ ᠲᠤᠮᠳᠠᠳᠤ ᠤᠯᠤᠰ ᠲᠤ | ᠢᠷᠡᠵᠤ ᠠᠶᠢᠯᠴᠢᠯᠠᠪᠠ᠃ ᠵᠢᠱᠢᠶᠡᠯᠡᠪᠡᠯ 1245 ᠤᠨ ᠳᠤ ᠱᠠᠰᠢᠨ ᠬᠠᠭᠠᠨ ᠢᠩᠨᠤᠰᠸᠠ 65 ᠨᠠᠰᠤᠳᠠᠢ ᠨᠤᠮᠴᠢ | ᠫᠯᠠᠨ᠂ ᠺᠠᠷᠫᠠᠨ ᠢ ᠮᠤᠩᠭᠤᠯ ᠬᠠᠭᠠᠨᠳᠤ ᠤᠯᠤᠰ ᠲᠤ ᠲᠤᠮᠢᠯᠠᠵᠤ᠂ ᠲᠡᠷᠡ ᠲᠤᠷᠭᠠᠨ ᠵᠠᠮ ᠢᠶᠠᠷ ᠡᠩᠭᠡ ᠲᠠᠪᠰᠢᠨ ᠢᠶᠠᠷ | ᠬᠠᠷ᠎ᠠ ᠬᠤᠷᠤᠮ ᠳᠤ ᠬᠦᠷᠴᠤ᠂ ᠲᠠᠷᠠᠭ᠎ᠠ ᠵᠢᠯ ᠤᠨ 7 ᠰᠠᠷ᠎ᠠ ᠳᠤ ᠫᠠᠯᠠ᠂ ᠺᠠᠷᠫᠠᠨ ᠪᠠᠰᠠ ᠬᠦᠶᠦᠭ ᠬᠠᠭᠠᠨ ᠤ | ᠰᠠᠭᠤᠷᠢ ᠵᠠᠯᠭᠠᠮᠵᠢᠯᠠᠬᠤ ᠬᠤᠷᠠᠯ ᠳᠤ ᠤᠷᠤᠯᠴᠠᠭᠰᠠᠨ ᠵᠤᠴᠢᠨ ᠨᠠᠷ ᠤᠨ ᠬᠦᠷᠭᠡᠭᠰᠡᠨ ᠪᠡᠯᠡᠭ ᠠᠭᠤᠯᠠ ᠮᠡᠳᠤ | ᠤᠪᠤᠭᠠᠯᠠᠵᠤ᠂ ᠭᠠᠭᠴᠠ ᠡᠨᠡ ᠱᠠᠰᠢᠨ ᠬᠠᠭᠠᠨ ᠤ ᠡᠯᠴᠢ ᠭᠠᠷ ᠬᠤᠭᠤᠰᠤᠨ ᠤᠷᠤᠯᠴᠠᠵᠠᠢ᠃ 1247 ᠤᠨ ᠫᠠᠯᠠ᠂ | ᠺᠠᠷᠠᠫᠠᠨ ᠤᠯᠤᠰ ᠲᠠᠭᠠᠨ ᠡᠷᠬᠢᠵᠤ ᠱᠠᠰᠢᠨ ᠬᠠᠭᠠᠨ ᠳᠠᠭᠠᠨ ᠮᠤᠩᠭᠤᠯ ᠤᠨ ᠪᠠᠶᠢᠳᠠᠯ ᠢ ᠨᠢᠬᠳᠠ ᠮᠡᠳᠡᠬᠦᠯᠪᠡ᠃ ᠡᠨᠡ | ᠤᠳᠠᠭ᠎ᠠ ᠫᠠᠯᠠ᠂ ᠺᠠᠷᠫᠠᠨ 4 ᠲᠦᠮᠡᠨ ᠭᠠᠵᠠᠷ ᠠᠶᠠᠯᠠᠵᠤ ᠱᠠᠰᠢᠨ ᠬᠠᠭᠠᠨ ᠤ ᠵᠠᠬᠢᠶ᠎ᠠ ᠪᠠᠷ ᠮᠤᠩᠭᠤᠯ ᠬᠠᠭᠠᠨ ᠢ | ᠡᠾᠷᠢᠰᠲ᠋ᠤᠰ ᠤᠨ ᠱᠠᠰᠢᠨ ᠤ ᠱᠠᠰᠢᠨᠳᠠᠨ ᠪᠤᠯᠭᠠᠬᠤ ᠭᠡᠵᠤ ᠰᠤᠷᠭᠠᠭᠰᠠᠨ ᠳᠤ ᠬᠦᠶᠦᠭ ᠬᠠᠭᠠᠨ ᠡᠷᠢᠶᠡᠯᠡᠯ ᠦᠭᠡᠢ ︽ | ᠱᠠᠰᠢᠨ ᠬᠠᠭᠠᠨ ᠴᠢ ᠡᠷᠭᠡᠪᠰᠢ ᠠᠯᠢᠪᠠ ᠶᠢᠨ ᠡᠵᠡᠨ ᠮᠤᠩᠭᠤᠯ ᠬᠠᠭᠠᠨ ᠳᠤ ᠤᠷᠤᠵᠤ ᠦᠭᠬᠦᠨ ᠦᠢᠯᠡᠴᠢᠯᠡᠬᠦ | ᠭᠡᠷᠡᠭᠳᠠᠢ᠂ ᠲᠡᠷᠡ ᠦᠶ᠎ᠡ ᠳᠤ ᠪᠢᠳᠡ ᠲᠠᠨ ᠨᠢ ᠤᠷᠤᠵᠤ ᠦᠭᠪᠡ ᠭᠡᠵᠤ ᠬᠦᠯᠢᠶᠡᠨ ᠵᠦᠪᠰᠢᠶᠡᠷᠡᠨ᠎ᠡ︾ ᠭᠡᠵᠤ | ᠬᠠᠳᠠᠭᠤ ᠬᠠᠷᠢᠭᠤᠯᠪᠠ᠃ | ︽ᠢᠷᠡᠭᠰᠡᠳ ᠲᠤ ᠶᠠᠪᠤᠯᠴᠠᠬᠤ ᠦᠭᠡᠢ ᠪᠤᠯ ᠶᠤᠰᠤᠯᠠᠯ ᠦᠭᠡᠢ︾᠃ 1275 ᠤᠨ ᠳᠤ ᠨᠢᠷᠠᠰᠲ᠋ᠤᠷ ᠤᠨ ᠪᠦᠯᠬᠦᠮ | ᠤᠨ ᠡᠾᠷᠢᠰᠲ᠋ᠤᠰ ᠤᠨ ᠱᠠᠰᠢᠨᠳᠠᠨ ᠡᠳᠤᠭᠡ ᠶᠢᠨ ᠪᠡᠭᠡᠵᠢᠩ ᠬᠤᠳᠠ ᠶᠢᠨ ᠬᠠᠢ ᠳ᠋ᠢᠶᠠᠨ ᠨᠤᠳᠤᠭ ᠤᠨ ᠸᠧᠢ ᠬᠦᠡᠭ | ᠲᠤᠰᠬᠤᠨ ᠳᠤ ᠲᠦᠷᠦᠭᠰᠡᠨ ᠤᠶᠢᠭᠤᠷ ᠬᠦᠮᠤᠨ ᠯᠠᠪᠠᠨ ᠰᠦᠮ᠎ᠡ ᠶᠤᠸᠠᠨ ᠱᠢ ᠽᠤ᠋ ᠬᠤᠪᠢᠯᠠᠢ ᠶᠢᠨ ᠨᠢᠭᠤᠴᠠ | ᠲᠠᠩᠨᠠᠭᠤᠯ ᠶᠢᠨ ᠬᠤᠪᠢ ᠪᠠᠷ ᠡᠸᠦ᠋ᠷᠤᠫᠠ ᠶᠢᠨ ᠤᠯᠠᠨ ᠤᠯᠤᠰ ᠤᠨ ᠪᠠᠶᠢᠳᠠᠯ ᠢ ᠲᠤᠷᠰᠢᠬᠤ ᠶᠢᠨ ᠲᠦᠯᠤᠭᠡ ᠪᠤᠭᠳᠠ | ᠬᠤᠳᠠ ᠶᠧᠷᠤᠰᠢᠯᠧᠮ ᠳᠤ ᠮᠦᠷᠬᠦᠯ ᠬᠢᠬᠦ ᠨᠡᠷ᠎ᠡ ᠪᠠᠷ ᠡᠸᠦ᠋ᠷᠤᠫᠠ ᠳᠤ ᠨᠢᠭᠤᠴᠠ ᠲᠤᠷᠰᠢᠯᠳᠠ ᠬᠢᠬᠦ ᠭᠡᠵᠤ ᠲᠤᠷᠭᠠᠨ | ᠵᠠᠮ ᠢᠶᠠᠷ ᠦᠩᠭᠡᠷᠡᠬᠦ ᠳᠡᠭᠡᠨ ᠢᠯᠢ ᠬᠠᠭᠠᠨᠳᠤ ᠤᠯᠤᠰ ᠲᠤ ᠤᠯᠠᠨ ᠵᠢᠯ ᠰᠠᠭᠤᠵᠤ᠂ 1287 ᠤᠨ ᠤ 3 ᠰᠠᠷ᠎ᠠ ᠳᠤ | ᠪᠠᠭᠳ᠋ᠳ᠋ ᠠᠴᠠ ᠭᠠᠷᠴᠤ ᠠᠷᠠᠯᠵᠢᠶᠠᠨ ᠤ ᠵᠠᠮ ᠢᠶᠠᠷ ᠬᠤᠶᠢᠰᠢ ᠬᠠᠷ᠎ᠠ ᠲᠠᠩᠬᠢᠰ ᠢᠶᠠᠷ ᠦᠩᠭᠡᠷᠡᠵᠤ ᠤᠩᠭᠤᠴᠠ ᠪᠠᠷ | ᠬᠢᠶᠦ᠋ᠨᠰᠢᠲ᠋ᠠᠨᠳᠠᠩᠪᠤ ᠠᠴᠠ ᠡᠸᠦ᠋ᠷᠤᠫᠠ ᠲᠢᠪ ᠲᠤ ᠬᠦᠷᠴᠤ᠂ ᠬᠠᠮᠤᠭ ᠰᠡᠬᠦᠯᠡᠷ ᠮᠦᠨ ᠤᠨ ᠤ ᠡᠪᠤᠯ ᠹᠷᠠᠨᠼᠢ ᠶᠢᠨ | ᠡᠮᠤᠨ᠎ᠡ ᠭᠡᠰᠡᠭ ᠵᠢᠶᠠᠰᠺᠠᠨᠢ ᠳᠤ ᠬᠦᠷᠴᠤ ᠠᠩᠭ᠍ᠯᠢ ᠶᠢᠨ ᠦᠨᠳᠦᠷ ᠬᠦᠯᠳᠤ ᠸᠠᠩ ᠠᠶᠢᠳᠠᠬᠤᠸᠠ ᠨᠢᠭᠡᠳᠤᠭᠡᠷ ᠲᠠᠢ | ᠠᠭᠤᠯᠵᠠᠵᠤ᠂ ᠡᠮᠤᠨ᠎ᠡ 1054 ᠤᠨ ᠡᠾᠠᠷᠢᠰᠲ᠋ᠤᠰ ᠤᠨ ᠱᠠᠰᠢᠨ ᠷᠤᠮᠠ ᠡᠾᠷᠢᠰᠲ᠋ᠤᠰ ᠪᠡ ᠳ᠋ᠦᠡᠭ ᠵᠸᠡᠭ | ᠰᠤᠷᠳᠠᠬᠤᠨ ᠬᠤᠶᠠᠷ ᠪᠤᠯᠤᠨ ᠬᠠᠭᠠᠷᠠᠯ ᠭᠠᠷᠴᠤ᠂ ᠨᠢᠰᠰᠤᠷᠢ ᠶᠢᠨ ᠰᠤᠷᠳᠠᠬᠤᠨ ᠢ ᠲᠠᠷᠤᠯᠠᠭᠰᠠᠨ ᠪᠤᠯᠪᠠᠴᠤ ᠡᠨᠡ | ᠤᠳᠠᠭᠠᠨ ᠤ ᠮᠤᠩᠭᠤᠯ ᠤᠨ ᠯᠠᠪᠠᠨ ᠤ ᠰᠦᠮ᠎ᠡ ᠶᠢᠨ ᠪᠦᠯᠬᠦᠮ ᠢ ᠬᠦᠨᠳᠤᠳᠡ ᠲᠠᠶᠢᠯᠠᠵᠤ᠂ ᠷᠤᠮᠠ ᠪᠠᠷ ᠦᠩᠭᠡᠷᠡᠬᠦ | ᠳᠤ ᠬᠠᠭᠠᠨ ᠱᠠᠰᠢᠨ ᠨᠢᠺᠤᠯᠠ ᠲᠦᠷᠪᠡᠳᠤᠭᠡᠷ ᠲᠡᠭᠳᠡᠷ ᠲᠡᠭᠡᠷ᠎ᠡ ᠠᠴᠠ ᠪᠠᠨ ᠪᠠᠭᠤᠵᠤ ᠦᠪᠡᠷ ᠢᠶᠠᠷ ᠪᠤᠳᠠᠭᠠᠨ ᠰᠢᠷᠡᠭᠡ | ᠵᠠᠰᠠᠵᠤ ᠬᠦᠨᠳᠤᠳᠭᠡᠨ ᠵᠤᠴᠢᠯᠠᠪᠠ᠃ ᠤᠴᠢᠷ ᠨᠢ ᠡᠨᠡ ᠯᠠᠪᠠᠨ ᠰᠦᠮ᠎ᠡ ᠶᠢᠨ ᠪᠦᠯᠬᠦᠮ ᠤᠨ ᠬᠤᠶᠢᠳᠠᠢ ᠲᠠᠯ᠎ᠠ ᠳᠤ | ᠶᠡᠭᠡ ᠮᠤᠩᠭᠤᠯ ᠬᠠᠭᠠᠨᠳᠤ ᠤᠯᠤᠰ ᠪᠠᠶᠢᠵᠤ᠂ ᠲᠡᠷᠡ ᠪᠠᠰᠠ ᠵᠡᠬᠦᠨ ᠠᠽᠢᠶ᠎ᠠ ᠠᠴᠠ ᠡᠸᠦ᠋ᠷᠤᠫᠠ ᠲᠢᠪ ᠲᠤ | ᠲᠤᠮᠢᠯᠠᠭᠰᠠᠨ ᠲᠡᠷᠢᠬᠦᠨ ᠡᠯᠴᠢ ᠪᠤᠯᠬᠤᠷ ᠡᠯ᠎ᠡ ᠤᠯᠤᠰ ᠡᠪᠳᠡᠷᠡᠯᠴᠡᠬᠦ ᠠᠴᠠ ᠠᠶᠤᠨ᠎ᠠ᠃ | 5. ᠲᠤᠷᠭᠠᠨ ᠵᠠᠮ ᠤᠨ ᠲᠠᠯᠠᠪᠤᠷ ᠲᠤᠶᠠᠭ᠎ᠠ | ᠬᠦᠭᠡᠷᠤᠬᠦᠢ᠂ ᠮᠤᠩᠭᠤᠯ ᠤᠨ ᠡᠩᠭᠡ ᠲᠠᠶᠢᠪᠤᠡᠭ ᠲᠡᠮᠡᠢ ᠤᠳᠠᠭᠰᠠᠨ ᠦᠭᠡᠢ᠂ 1262 ᠤᠨ ᠳᠤ ᠲᠤᠷᠭᠠᠨ ᠵᠠᠮ | ᠶᠡᠭᠡ ᠲᠠᠭᠠᠷᠢᠭᠳᠠᠪᠠ᠂ ᠡᠨᠡ ᠵᠢᠯ ᠳᠤ ᠢᠯᠢ ᠤᠯᠤᠰ ᠤᠨ ᠬᠠᠭᠠᠨ ᠬᠤᠯᠠᠭᠤ ᠶᠢᠨ ᠦᠶᠡᠯᠡᠳ ᠠᠬ᠎ᠠ ᠴᠡᠴᠡᠨ ᠤᠯᠤᠰ | ᠤᠨ ᠬᠠᠭᠠᠨ ᠪᠢᠷᠭᠡᠢ ᠲᠠᠢ ᠠᠽᠧᠷᠪᠠᠶᠢᠵᠠᠨ ᠤ ᠤᠷᠤᠨ ᠢ ᠪᠤᠯᠢᠶᠠᠯᠳᠤᠨ ᠴᠡᠷᠢᠭ ᠬᠦᠳᠡᠯᠭᠡᠪᠡ᠃ ᠴᠢᠩᠬᠢᠰ ᠬᠠᠭᠠᠨ ᠤ | ᠬᠤᠶᠢᠴᠢᠰ ᠬᠠᠷᠢᠯᠴᠠᠨ ᠠᠯᠠᠯᠳᠤᠵᠤ᠂ ᠠᠷᠠᠯᠵᠢᠶᠠᠨ ᠤ ᠦᠢᠯᠡᠰ ᠡᠪᠳᠡᠭᠳᠡᠵᠤ᠂ ᠲᠠᠶᠢᠨ ᠤ ᠰᠡᠬᠦᠯᠡᠷ ᠬᠤᠯᠠᠭᠤ ᠠᠴᠠ | ᠪᠢᠷᠺᠠᠢ ᠶᠢᠨ ᠤᠭᠰᠠᠭ᠎ᠠ ᠶᠢ ᠪᠦᠷ ᠠᠯᠠᠵᠤ᠂ ᠲᠡᠳᠡᠨ ᠤ ᠡᠳ᠋ ᠬᠦᠷᠤᠩᠭᠡ ᠶᠢ ᠤᠯᠤᠰ ᠤᠨ ᠰᠠᠩ ᠳᠤ ᠬᠦᠷᠭᠡᠨ | ᠤᠷᠤᠭᠤᠯᠵᠤ᠂ ᠪᠠᠷᠺᠠᠢ ᠦᠰᠢᠶ᠎ᠡ ᠠᠪᠬᠤ ᠶᠢᠨ ᠲᠦᠯᠤᠭᠡ ᠬᠤᠯᠠᠭᠤ ᠶᠢᠨ ᠠᠷᠠᠯᠵᠢᠶᠠᠴᠢᠨ ᠢ ᠪᠦᠷ ᠠᠯᠠᠪᠠ᠃ ᠡᠨᠡᠬᠦ | ᠨᠢᠬᠦᠯᠳᠤ ᠢᠷᠸ᠎ᠠ ᠠᠴᠠ ᠪᠤᠯᠵᠤ ᠡᠩᠭᠡ ᠲᠠᠶᠢᠪᠤᠡᠭ ᠦᠷᠬᠦᠯᠵᠢᠯᠡᠭᠰᠡᠨ ᠲᠤᠷᠭᠠᠨ ᠵᠠᠮ ᠪᠠᠭᠤᠷᠠᠵᠤ᠂ ᠮᠤᠩᠭᠤᠯ ᠤᠨ | ᠨᠤᠶᠠᠷᠬᠠᠯ ᠲᠤᠤᠷ᠎ᠠ ᠶᠡᠭᠡ ᠲᠤᠷᠤᠶᠢᠳᠠᠬᠤ ᠵᠦᠭ ᠲᠤ ᠬᠠᠨᠳᠤᠪᠠ᠃ | 13 ᠳ᠋ᠤᠭᠠᠷ ᠵᠠᠭᠤᠨ ᠤ ᠰᠡᠬᠦᠯᠴᠢ ᠦᠶ᠎ᠡ ᠳᠤ ᠬᠤᠪᠢᠯᠠᠢ ᠶᠢᠨ ᠦᠶᠡᠯᠡᠳ ᠲᠡᠬᠦᠤ ᠬᠠᠶᠢᠳᠤ ᠪᠠᠷ ᠲᠤᠯᠤᠭᠠᠶᠢᠯᠠᠭᠰᠠᠨ | ᠦᠭᠡᠳᠠᠢ ᠴᠠᠭᠠᠳᠠᠢ ᠬᠠᠭᠠᠨᠳᠤ ᠤᠯᠤᠰ ᠤᠨ ᠡᠯ᠎ᠡ ᠸᠠᠩ ᠴᠡᠷᠢᠭ ᠭᠠᠷᠭᠠᠨ ᠶᠤᠸᠠᠨ ᠤᠯᠤᠰ ᠢ ᠡᠰᠡᠷᠬᠦᠴᠡᠵᠤ᠂ | ᠵᠢᠩᠬᠢᠨᠢ ᠮᠠᠯᠴᠢᠨ ᠤ ᠲᠠᠯ᠎ᠠ ᠨᠤᠳᠤᠭᠳᠤ ᠤᠯᠤᠰ ᠪᠤᠯᠭᠠᠬᠤ ᠬᠢᠵᠤ ᠤᠷᠤᠯᠳᠤᠪᠠ᠃ ᠡᠨᠡ ᠤᠷᠪᠠᠯᠭᠠᠨ ᠠᠴᠠ ᠪᠤᠯᠵᠤ | ᠲᠤᠷᠭᠠᠨ ᠵᠠᠮ ᠢ ᠲᠠᠭᠠᠤ ᠡᠯ᠎ᠡ ᠬᠤᠳᠠ ᠪᠠᠯᠭᠠᠰᠤ ᠲᠠᠶᠢᠨ ᠤ ᠭᠠᠰᠢᠭᠤᠨ ᠳᠤ ᠡᠪᠳᠡᠭᠳᠡᠵᠤ᠂ ᠡᠸᠦ᠋ᠷᠤᠫᠠ᠂ | ᠪᠠᠷᠠᠭᠤᠨ ᠠᠽᠢᠶ᠎ᠠ᠂ ᠵᠡᠬᠦᠨ ᠠᠽᠢᠶ᠎ᠠ ᠶᠢᠨ ᠬᠤᠭᠤᠷᠤᠨᠳᠤᠬᠢ ᠠᠷᠠᠯᠵᠢᠶ᠎ᠠ ᠨᠢᠭᠡᠨ ᠦᠶ᠎ᠡ ᠪᠠᠶᠢᠨ ᠪᠠᠶᠢᠨ ᠲᠠᠰᠤᠷᠠᠵᠤ | ᠪᠠᠶᠢᠨ ᠪᠠᠶᠢᠨ ᠦᠷᠬᠦᠯᠵᠢᠯᠡᠵᠤ᠂ ᠮᠠᠷᠺᠤ ᠫᠤᠯᠤ ᠦᠭᠡᠴᠡᠨ ᠶᠢ ᠢᠯᠢ ᠤᠯᠤᠰ ᠲᠤ ᠬᠦᠷᠭᠡᠬᠦ ᠳᠤ ᠠᠷᠭ᠎ᠠ ᠦᠭᠡᠢ | ᠦᠭᠡᠷ᠎ᠡ ᠲᠠᠯᠠᠢ ᠶᠢᠨ ᠵᠠᠮ ᠢᠶᠠᠷ ᠬᠦᠷᠭᠡᠪᠡ᠃ 1305 ᠤᠨ ᠳᠤ ᠪᠠᠷᠠᠭᠤᠨ ᠡᠸᠦ᠋ᠷᠤᠫᠠ ᠶᠢᠨ ᠲᠠᠭᠤᠯᠠᠬᠤ ᠨᠤᠮᠴᠢ | ᠸᠧᠬᠠᠨ᠂ ᠺᠠᠷᠸᠧᠠᠨᠤ ᠪᠡᠭᠡᠵᠢᠩ ᠬᠤᠳᠠ ᠠᠴᠠ ᠵᠠᠬᠢᠳᠠᠯ ᠪᠢᠴᠢᠵᠤ ᠵᠡᠬᠦᠨ ᠪᠠᠷᠠᠭᠤᠨ ᠲᠠᠯᠠᠢ ᠶᠢᠨ ᠵᠠᠮ ᠬᠠᠭᠤᠷᠠᠢ ᠵᠠᠮ | ᠪᠦᠷ ᠲᠠᠶᠢᠨ ᠤ ᠰᠢᠯᠳᠠᠭᠠᠨ ᠢᠶᠠᠷ ᠬᠦᠴᠢᠷᠳᠡᠵᠤ ᠶᠠᠭ ᠠᠮᠤᠷ ᠲᠠᠪᠰᠢᠨ ᠦᠭᠡᠢ᠂ ᠪᠠᠷᠠᠭᠤᠨ ᠡᠳᠡᠭᠡᠳ ᠤᠨ ᠴᠢᠮᠡᠭᠡ | 12 ᠵᠢᠯ ᠲᠠᠰᠤᠷᠠᠪᠠ ᠭᠡᠵᠡᠢ᠃ | ᠬᠠᠶᠢᠳᠤ ᠬᠠᠯᠢᠭᠰᠠᠨ ᠤ ᠰᠡᠬᠦᠯᠡᠷ ᠬᠠᠷᠢᠯᠴᠠᠨ ᠠᠯᠠᠯᠠᠳᠤᠬᠤ ᠶᠢ ᠵᠢᠭ᠍ᠰᠢᠵᠤ ᠪᠦᠬᠦᠳᠡᠭᠡᠷ ᠶᠤᠸᠠᠨ ᠤᠯᠤᠰ ᠤᠨ ᠬᠠᠭᠠᠨ ᠢ | ᠪᠦᠬᠦ ᠮᠤᠩᠭᠤᠯ ᠬᠠᠭᠠᠨᠳᠤ ᠤᠯᠤᠰ ᠤᠨ ᠡᠵᠡᠨ ᠬᠢᠵᠤ ᠨᠠᠶᠢᠷᠠᠮᠳᠠᠯ ᠤᠨ ᠭᠡᠷ᠎ᠡ ᠲᠤᠭᠳᠠᠭᠠᠪᠠ᠃ 1305 ᠤᠨ ᠳᠤ | ᠢᠯᠢ ᠬᠠᠭᠠᠨᠳᠤ ᠤᠯᠤᠰ ᠤᠨ ᠡᠵᠡᠨ ᠸᠠᠨᠵᠠᠳᠤ ᠹᠷᠠᠨᠽᠢ ᠤᠨ ᠸᠠᠩ ᠰᠤᠶᠢᠯᠢ ᠲᠦᠷᠪᠡᠳᠤᠭᠡᠷ ᠲᠤ ᠵᠠᠬᠢᠳᠠᠯ ᠪᠢᠴᠢᠨ ︽ | ᠴᠢᠩᠬᠢᠰ ᠬᠠᠭᠠᠨ ᠤ ᠬᠤᠶᠢᠴᠢᠰ ᠨᠢᠭᠡᠨᠳᠡ ᠲᠠᠶᠢᠨ ᠢ ᠵᠤᠭᠰᠤᠭᠠᠪᠠ᠂ ᠬᠠᠭᠠᠨᠳᠤ ᠤᠯᠤᠰ ᠦᠩᠭᠡᠷᠡᠭᠰᠡᠨ ᠲᠠᠢ ᠠᠳᠠᠯᠢ | ᠪᠤᠯᠵᠤ᠂ ᠲᠤᠮᠳᠠᠳᠤ ᠯᠤᠤᠰ ᠠᠴᠠ ᠲᠤᠳᠤᠷ᠎ᠠ ᠲᠠᠩᠬᠢᠰ ᠬᠦᠷᠳᠡᠯ᠎ᠡ ᠪᠦᠷ ᠨᠢᠭᠡᠳᠪᠡ︾ ᠭᠡᠵᠡᠢ᠃ ᠭᠡᠳᠡᠯ᠎ᠡ ᠡᠨᠡ ᠠᠨᠤ | ᠡᠴᠤᠰ ᠤᠨ ᠭᠡᠭᠡ ᠠᠴᠠ ᠲᠠᠳᠠᠬᠤ ᠲᠡᠳᠤᠢ ᠪᠤᠯᠠᠢ᠃ 14 ᠳ᠋ᠤᠭᠠᠷ ᠵᠠᠭᠤᠨ ᠤ ᠲᠤᠮᠳᠠ ᠬᠤᠶᠢᠨ᠎ᠠ ᠶᠡᠭᠡ ᠮᠤᠩᠭᠤᠯ | ᠬᠠᠭᠠᠨᠳᠤ ᠤᠯᠤᠰ ᠨᠤᠷᠠᠨ ᠰᠤᠶᠢᠷᠠᠵᠤ᠂ ᠲᠤᠷᠭᠠᠨ ᠵᠠᠮ ᠤᠨ ᠤᠯᠤᠰ ᠲᠦᠷᠤ ᠶᠢᠨ ᠭᠠᠵᠠᠷ ᠵᠢᠷᠤᠭ ᠲᠠᠬᠢᠨ ᠤᠷᠠᠩ | ᠰᠡᠷᠡᠩ ᠪᠤᠯᠵᠤ᠂ 1346 ᠤᠨ ᠲᠠᠶᠢᠨ ᠲᠠᠵᠢᠨ ᠲᠠᠰᠤᠷᠠᠭ᠎ᠠ ᠦᠭᠡᠢ᠂ ᠴᠠᠭᠠᠳᠠᠢ ᠬᠠᠭᠠᠨᠳᠤ ᠤᠯᠤᠰ ᠵᠡᠬᠦᠨ | ᠪᠠᠷᠠᠭᠤᠨ ᠬᠤᠶᠠᠷ ᠭᠡᠰᠡᠭ ᠪᠤᠯᠤᠨ ᠬᠠᠭᠠᠷᠠᠪᠠ︔ 1353 ᠤᠨ ᠬᠠᠮᠤᠭ ᠰᠡᠬᠦᠯ ᠤᠨ ᠢᠯᠢ ᠬᠠᠭᠠᠨ ᠲᠤᠩᠬᠤᠮᠤᠷ | ᠠᠯᠠᠭᠳᠠᠵᠤ᠂ ᠢᠯᠢ ᠬᠠᠭᠠᠨᠳᠤ ᠤᠯᠤᠰ ᠮᠦᠬᠦᠪᠡ︔ 1368 ᠤᠨ ᠳᠤ ᠮᠢᠩ ᠤᠯᠤᠰ ᠤᠨ ᠴᠡᠷᠢᠭ ᠪᠡᠭᠡᠵᠢᠩ ᠢ | ᠡᠵᠡᠯᠡᠵᠤ ᠲᠤᠭᠤᠭᠠᠨ ᠲᠡᠮᠦᠷ ᠬᠠᠭᠠᠨ ᠬᠤᠶᠢᠰᠢ ᠰᠢᠯᠵᠢᠨ ᠶᠠᠪᠤᠵᠤ︔ 1380 ᠤᠨ ᠴᠡᠨᠴᠡ ᠤᠯᠤᠰ ᠤᠨ ᠴᠡᠷᠢᠭ | ᠺᠦᠺᠢᠺᠠᠸᠠ ᠳᠤ ᠢᠯᠠᠭᠳᠠᠵᠤ ᠮᠤᠰᠺᠧᠨ ᠬᠦᠡᠭ ᠤᠯᠤᠰ ᠮᠤᠩᠭᠤᠯ ᠤᠨ ᠨᠤᠶᠠᠷᠬᠠᠯ ᠠᠴᠠ ᠠᠩᠵᠢᠷᠠᠵᠤ ᠴᠢᠯᠤᠭᠡᠳᠠᠢ | ᠪᠤᠯᠪᠠ᠃ ᠲᠠᠯ᠎ᠠ ᠨᠤᠳᠤᠭ ᠠᠴᠠ ᠶᠠᠪᠤᠵᠤ ᠭᠠᠷᠤᠭᠰᠠᠨ ᠮᠤᠩᠭᠤᠯ ᠬᠦᠮᠤᠨ ᠭᠡᠳᠤᠨ ᠠᠷᠪᠠᠨ ᠵᠢᠯ ᠤᠨ ᠬᠤᠭᠤᠷᠤᠨᠳᠤ | ᠲᠡᠯᠡᠭᠡᠢ ᠶᠢᠨ ᠬᠠᠭᠠᠰ ᠤᠷᠤᠨ ᠢ ᠡᠵᠡᠯᠡᠭᠰᠡᠨ ᠪᠤᠯᠪᠠᠴᠤ ᠲᠦᠷᠭᠡᠨ ᠢᠶᠠᠷ ᠬᠠᠭᠠᠴᠠᠨ ᠰᠠᠷᠨᠢᠵᠤ᠂ ᠡᠮᠤᠨ᠎ᠡ ᠰᠦᠡᠭ | ᠤᠯᠤᠰ ᠢ ᠤᠰᠠᠳᠬᠠᠭᠠᠳ 100 ᠵᠢᠯ ᠤᠨ ᠠᠷᠠᠢ ᠬᠦᠷᠤᠭᠡᠳᠤᠢ ᠴᠡᠨᠴᠡ ᠤᠯᠤᠰ ᠠᠴᠠ ᠭᠠᠳᠠᠨ᠎ᠠ ᠮᠤᠩᠭᠤᠯ ᠤᠨ | ᠨᠤᠶᠠᠷᠬᠠᠬᠤ ᠬᠦᠴᠤᠨ ᠲᠠᠬᠢᠨ ᠮᠤᠩᠭᠤᠯ ᠤᠨ ᠲᠠᠯ᠎ᠠ ᠨᠤᠳᠤᠭ ᠲᠠᠭᠠᠨ ᠡᠷᠬᠢᠵᠤ ᠢᠷᠡᠪᠡ᠃ | ᠶᠤᠸᠠᠨ ᠤᠯᠤᠰ ᠢ ᠲᠦᠯᠬᠢᠨ ᠤᠨᠠᠭᠠᠭᠰᠠᠨ ᠮᠢᠩ ᠤᠯᠤᠰ ᠬᠠᠨ ᠲᠠᠩ ᠦᠶ᠎ᠡ ᠶᠢᠨ ᠬᠢᠵᠠᠭᠠᠷ ᠢ ᠰᠡᠷᠬᠦᠭᠡᠵᠤ | ᠴᠢᠳᠠᠭᠰᠠᠨ ᠦᠭᠡᠢ᠂ ᠳ᠋ᠦᠨ ᠬᠤᠸᠠᠩ ᠬᠠᠶᠠᠭᠳᠠᠮᠠᠯ ᠤᠷᠤᠨ ᠪᠤᠯᠵᠤ᠂ ᠵᠦᠡᠭ ᠶᠤᠸᠠᠨ ᠤᠷᠤᠨ ᠡᠳᠤᠷ ᠡᠳᠤᠷ ᠠᠴᠠ | ᠪᠠᠭᠠᠰᠴᠤ᠂ ᠡᠴᠤᠰ ᠲᠡᠭᠡᠨ ᠴᠠᠭᠠᠨ ᠭᠡᠷᠡᠮ ᠤᠨ ᠲᠤᠳᠤᠷ᠎ᠠ᠂ ᠵᠢᠶᠠ ᠢᠤᠢ ᠭᠤᠸᠠᠨ ᠠᠴᠠ ᠵᠡᠬᠦᠨᠰᠢ ᠪᠤᠯᠤᠨ | ᠬᠤᠷᠤᠭᠳᠠᠵᠤ᠂ ᠶᠤᠸᠠᠨ ᠤᠯᠤᠰ ᠤᠨ ᠦᠯᠡᠳᠡᠭᠳᠡᠯ ᠬᠦᠴᠤᠨ ᠴᠠᠭᠠᠨ ᠭᠡᠷᠡᠮ ᠬᠦᠷᠴᠤ᠂ ᠲᠡᠭᠷᠢ ᠠᠭᠤᠯᠠ ᠶᠢᠨ | ᠡᠮᠤᠨ᠎ᠡ ᠤᠮᠠᠷ᠎ᠠ ᠵᠡᠬᠦᠨ ᠴᠠᠭᠠᠳᠠᠢ ᠤᠯᠤᠰ ᠤᠨ ᠨᠤᠳᠤᠭ ᠲᠡᠪᠢᠰᠭᠡᠷ ᠪᠤᠯᠵᠤ ᠮᠤᠩᠭᠤᠯ ᠤᠨ ᠡᠳᠡᠭᠡᠷ ᠬᠦᠴᠤᠨ ᠪᠦᠷ | ᠮᠢᠩ ᠤᠯᠤᠰ ᠤᠨ ᠬᠦᠴᠦᠷᠭᠡᠭ ᠲᠠᠶᠢᠰᠤᠨ ᠪᠤᠯᠵᠤ᠂ ᠲᠤᠮᠳᠠᠳᠤ ᠤᠯᠤᠰ ᠪᠠᠷᠠᠭᠤᠨ ᠤᠷᠤᠨ ᠤ ᠤᠯᠠᠨ ᠤᠯᠤᠰ ᠤᠨ | ᠬᠠᠭᠤᠷᠠᠢ ᠵᠠᠮ ᠪᠦᠭᠯᠡᠭᠳᠡᠵᠤ᠂ ᠠᠷᠠᠯᠵᠢᠶᠠᠨ ᠤ ᠬᠦᠮᠤᠨ ᠡᠳᠤᠷ ᠠᠴᠠ ᠡᠳᠤᠷ ᠴᠦᠭᠡᠭᠡᠷᠡᠵᠤ᠂ ᠲᠤᠷᠭᠠᠨ ᠵᠠᠮ ᠤᠨ | ᠠᠯᠳᠠᠨ ᠦᠶ᠎ᠡ ᠨᠢᠭᠡᠨᠳᠡ ᠦᠭᠡᠢ ᠪᠤᠯᠪᠠ᠃ | 14 ᠳ᠋ᠤᠭᠡᠷ ᠤ ᠰᠡᠬᠦᠯᠡᠷ ᠭᠡᠨᠡᠳᠳᠡ ᠬᠦᠴᠦᠷᠭᠡᠭᠵᠢᠭᠰᠡᠨ ᠲᠡᠮᠦᠷ ᠬᠠᠭᠠᠨᠳᠤ ᠤᠯᠤᠰ ᠲᠤᠷᠭᠠᠨ ᠵᠠᠮ ᠢ ᠰᠡᠷᠬᠦᠨ | ᠬᠦᠭᠵᠢᠬᠦᠯᠬᠦ ᠨᠦᠬᠦᠴᠡᠯ ᠲᠠᠢ ᠪᠤᠯᠵᠤ᠂ ᠤᠬᠤᠷᠬᠠᠨ ᠴᠠᠭ ᠲᠤ ᠲᠡᠮᠦᠷ ᠬᠠᠭᠠᠨᠳᠤ ᠤᠯᠤᠰ ᠪᠠᠷᠤᠭ ᠲᠦᠯᠤᠪ | ᠦᠩᠭᠡᠷᠡᠭᠰᠡᠨ ᠤ ᠴᠠᠭᠠᠳᠠᠢ ᠤᠯᠤᠰ ᠢᠯᠢ ᠤᠯᠤᠰ ᠢ ᠡᠵᠡᠯᠡᠨ ᠰᠡᠷᠬᠦᠭᠡᠪᠡ᠃ ᠲᠡᠮᠦᠷ ᠬᠠᠭᠠᠨ ᠦᠪᠡᠷ ᠤᠨ ᠤᠯᠤᠰ | ᠲᠠᠭᠠᠨ ᠲᠠᠬᠢᠨ ᠤᠯᠠᠭ᠎ᠠ ᠪᠤᠰᠬᠠᠵᠤ᠂ ᠤᠯᠠᠭ᠎ᠠ ᠤᠯᠠᠭ᠎ᠠ ᠶᠢᠨ ᠬᠤᠭᠤᠷᠤᠨᠳᠤ ᠨᠢᠭᠡ ᠡᠳᠤᠷ ᠤᠨ ᠵᠠᠮᠨᠠᠬᠤ ᠵᠠᠶᠢᠳᠠᠢ᠂ | ᠶᠡᠭᠡ ᠤᠯᠠᠭ᠎ᠠ ᠳᠤ 100 ᠢᠯᠡᠬᠦᠤ ᠤᠨᠤᠬᠤ ᠮᠤᠷᠢ ᠲᠠᠢ᠃ ᠢᠩᠬᠢᠭᠡᠳ ᠲᠤᠷᠭᠠᠨ ᠵᠠᠮ ᠤᠨ ᠪᠠᠷᠠᠭᠤᠨᠰᠢ ᠵᠠᠮ | ᠠᠷᠠᠯᠵᠢᠶ᠎ᠠ ᠮᠠᠶᠢᠮᠠᠢ ᠨᠦᠬᠦᠴᠡᠯ ᠲᠠᠢ ᠪᠤᠯᠵᠤ᠂ ᠺᠠᠰᠲ᠋ᠢᠶᠠᠯᠢ ᠶᠢᠨ ᠡᠯᠴᠢ ᠺᠠᠯᠠᠸᠧᠠᠶ᠋ᠸᠧ 1404 ᠤᠨ ᠤ 9 ᠰᠠᠷ᠎ᠠ | ᠳᠤ ᠡᠨᠡ ᠲᠤᠷᠭᠠᠨ ᠵᠠᠮ ᠢᠶᠠᠷ ᠰᠡᠮᠡᠷᠺᠠᠨᠳᠠ ᠬᠦᠷᠴᠤ ᠲᠡᠮᠦᠷ ᠬᠠᠭᠠᠨ ᠢ ᠪᠠᠷᠠᠭᠠᠳᠠᠪᠠ᠃ ᠲᠡᠷᠡ ᠦᠶ᠎ᠡ ᠳᠤ ᠡᠨᠡ | ᠲᠤᠷᠭᠠᠨ ᠵᠠᠮ ᠭᠡᠳᠤᠨ ᠶᠡᠭᠡ ᠵᠠᠮ ᠲᠠᠢ᠂ ᠭᠤᠤᠯᠳᠠᠭᠤ ᠪᠦᠰᠧ᠂ ᠬᠤᠶᠠᠷ ᠭᠤᠤᠯ ᠤᠨ ᠤᠷᠤᠰᠬᠠᠯ᠂ ᠠᠹᠭᠠᠨᠢᠰᠲ᠋ᠠᠨ᠂ | ᠡᠨᠡᠳᠭᠡᠭ᠂ ᠲᠡᠭᠷᠢ ᠠᠭᠤᠯᠠ ᠵᠡᠷᠭᠡ ᠤᠷᠤᠨ ᠪᠡ ᠴᠡᠨᠴᠡ ᠡᠪᠡᠰᠤ ᠪᠡᠯᠴᠢᠭᠡᠷ ᠵᠡᠷᠭᠡ ᠵᠦᠭ ᠤᠴᠢᠵᠤ ᠠᠷᠠᠯᠵᠢᠶ᠎ᠠ | ᠬᠢᠨ᠎ᠡ᠃ ᠺᠠᠯᠠᠸᠧᠨᠶ᠋ᠸᠧ ︽ᠰᠡᠮᠡᠷᠺᠠᠨᠳᠠ ᠨᠢᠭᠡᠨᠳᠡ ᠤᠯᠠᠨ ᠤᠯᠤᠰ ᠤᠨ ᠠᠷᠠᠯᠵᠢᠶ᠎ᠠ ᠮᠠᠶᠢᠮᠠᠢ ᠶᠢᠨ ᠲᠦᠪ ᠤᠷᠤᠨ | ᠪᠤᠯᠵᠤ᠂ ᠬᠤᠪᠤᠷ ᠡᠳ᠋ ᠡᠷᠳᠡᠨᠢ ᠡᠨᠡ ᠬᠤᠳᠠ ᠳᠤ ᠲᠦᠪᠯᠡᠷᠡᠵᠤ᠂ ᠭᠠᠵᠠᠷ ᠤᠨ ᠲᠤᠮᠳᠠᠳᠤ ᠲᠠᠩᠬᠢᠰ ᠲᠤ ᠦᠵᠡᠭᠳᠡᠬᠦ | ᠦᠭᠡᠢ︾ ᠭᠡᠵᠡᠢ᠃ | ᠰᠠᠮᠠᠷᠺᠠᠨᠳᠠ ᠬᠤᠳᠠ ᠶᠢᠨ ᠬᠦᠭᠵᠢᠯ ᠠᠨᠤ ᠴᠦᠭᠡᠭᠡᠨ ᠭᠡᠳᠤᠨ ᠬᠤᠳᠠᠨ ᠤ ᠨᠢᠭᠡ ᠪᠤᠯᠤᠨ᠎ᠠ᠃ ᠲᠤᠷᠭᠠᠨ ᠵᠠᠮ ᠤᠨ | ᠤᠨᠳᠤᠤ ᠭᠠᠵᠠᠷ ᠢ ᠲᠡᠮᠦᠷ ᠬᠠᠭᠠᠨ ᠲᠠᠶᠢᠴᠢᠯᠠᠬᠤ ᠶᠢᠨ ᠶᠠᠪᠤᠴᠠ ᠳᠤ ᠤᠯᠠᠩᠬᠢ ᠨᠢ ᠲᠠᠶᠢᠨ ᠳᠤ ᠡᠪᠳᠡᠭᠳᠡᠵᠤ ᠶᠠᠭᠤ | ᠴᠤ ᠦᠭᠡᠢ ᠪᠤᠯᠵᠠᠢ᠃ ᠶᠠᠭ ᠮᠤᠩᠭᠤᠯ ᠴᠡᠷᠢᠭ ᠪᠦᠰᠧ᠂ ᠲᠤᠮᠳᠠ ᠠᠽᠢᠶ᠎ᠠ ᠶᠢᠨ ᠤᠯᠠᠨ ᠤᠷᠤᠨ ᠢ ᠲᠠᠶᠢᠯᠠᠨ | ᠡᠪᠳᠡᠭᠰᠡᠨ ᠠᠳᠠᠯᠢ ᠪᠦᠷ ᠡᠪᠳᠡᠭᠳᠡᠵᠡᠢ᠃ ᠭᠠᠯ ᠤᠰᠤᠨ ᠤ ᠭᠠᠰᠢᠭᠤᠨ ᠵᠤᠪᠠᠯᠠᠩ ᠲᠠᠢ ᠢᠤᠯᠦᠶᠢᠩᠵᠠᠶᠢᠤᠤᠤ ᠬᠤᠳᠠ | 1379 ᠤᠨ ᠳᠤ ᠲᠡᠮᠦᠷ ᠬᠠᠭᠠᠨ ᠤ ᠴᠡᠷᠢᠭ ᠲᠤ ᠡᠪᠳᠡᠭᠳᠡᠨ ᠭᠠᠭᠴᠠ ᠡᠪᠳᠡᠷᠭᠡᠢ ᠰᠠᠭᠤᠷᠢ ᠦᠯᠡᠳᠡᠪᠡ᠃ ᠨᠡᠩ | ᠵᠤᠯ ᠪᠤᠰᠤ ᠨᠢ ᠰᠢᠰᠲ᠋ᠠᠨ ᠬᠤᠳᠠ ᠪᠤᠯᠤᠨ᠎ᠠ᠂ 1384 ᠤᠨ ᠳᠤ ᠡᠨᠡᠬᠦ ᠭᠡᠳᠤᠨ ᠮᠢᠩᠭᠠᠨ ᠤᠨ ᠪᠠᠳᠠᠷᠠᠨ | ᠬᠦᠭᠵᠢᠭᠰᠡᠨ ᠬᠤᠳᠠ ᠲᠡᠮᠦᠷ ᠬᠠᠭᠠᠨ ᠢ ᠡᠰᠡᠷᠬᠦᠴᠡᠭᠰᠡᠨ ᠰᠢᠯᠳᠠᠭᠠᠨ ᠢᠶᠠᠷ ᠦᠬᠦᠯ ᠤᠨ ᠠᠶᠤᠯ ᠳᠤ ᠤᠴᠠᠷᠠᠵᠤ᠂ | ᠪᠦᠬᠦ ᠬᠤᠳᠠᠨ ᠦᠨᠡᠰᠤᠨ ᠲᠤᠪᠷᠠᠭ ᠪᠤᠯᠭᠠᠵᠤ᠂ ᠬᠦᠮᠤᠨ ᠢ ᠨᠢ ᠠᠯᠠᠨ ᠠᠯᠠᠨ ᠲᠤᠨᠢᠯᠭᠠᠵᠤ᠂ ᠬᠤᠳᠳᠤᠭ ᠲᠤ ᠨᠢ | ᠬᠤᠤᠷ ᠬᠢᠵᠤ ᠪᠦᠭᠯᠡᠪᠡ᠃ 1395 ᠤᠨ ᠳᠤ ᠲᠡᠮᠦᠷ ᠬᠠᠭᠠᠨ ᠤ ᠴᠡᠷᠢᠭ ᠴᠡᠨᠴᠡ ᠤᠯᠤᠰ ᠤᠨ ᠨᠡᠶᠢᠰᠯᠡᠯ ᠬᠤᠳᠠ | ᠰᠠᠯᠠᠢ ᠶᠢ ᠡᠪᠳᠡᠵᠤ᠂ ᠬᠤᠳᠠ ᠶᠢᠨ ᠬᠦᠮᠤᠨ ᠦᠯᠡᠳᠡᠭᠡᠯ ᠦᠭᠡᠢ ᠠᠯᠠᠵᠠᠢ᠃ ᠭᠡᠳᠤᠨ ᠵᠠᠭᠤᠨ ᠤᠨ ᠤ ᠰᠡᠬᠦᠯᠡᠷ | ᠡᠷᠳᠡᠨ ᠢ ᠰᠤᠳᠤᠯᠬᠤ ᠡᠷᠳᠡᠮᠳᠡᠨ ᠲᠤᠷᠰᠢᠨ ᠠᠭᠤᠳᠠᠯᠠᠪᠠᠰᠤ ᠲᠤᠯᠤᠭᠠᠢ ᠦᠭᠡᠢ᠂ ᠭᠠᠷ ᠲᠤᠳᠠᠭᠤ᠂ ᠬᠦᠯ ᠦᠭᠡᠢ | ᠬᠤᠪᠬᠠᠢ ᠶᠠᠰᠤ ᠲᠤᠩ ᠠᠷᠪᠢᠨ ᠦᠵᠡᠭᠳᠡᠵᠡᠢ᠃ ᠬᠤᠳᠠ ᠶᠢ ᠭᠠᠯᠳᠠᠬᠤ ᠶᠢᠨ ᠵᠡᠷᠭᠡ ᠪᠠᠷ ᠰᠠᠯᠠᠢ ᠬᠤᠳᠠ ᠶᠢᠨ | ᠬᠦᠮᠤᠨ ᠡᠪᠤᠯ ᠶᠢᠨ ᠬᠦᠢᠳᠡᠨ ᠳᠤ ᠬᠤᠨᠢ ᠶᠢᠨ ᠰᠦᠷᠦᠭ ᠮᠡᠳᠤ ᠴᠡᠷᠢᠭ ᠤᠨ ᠡᠮᠤᠨ᠎ᠡ ᠬᠦᠭᠡᠭᠡᠵᠤ ᠶᠠᠪᠤᠨ᠎ᠠ᠃ | ᠤᠳᠤᠮᠪᠠᠷᠠ ᠴᠡᠴᠡᠭ ᠲᠡᠯᠭᠡᠷᠡᠮᠡᠭᠴᠡ ᠵᠤᠯᠭᠠᠷᠠᠭᠰᠠᠨ ᠲᠡᠮᠦᠷ ᠬᠠᠭᠠᠨᠳᠤ ᠤᠯᠤᠰ ᠡᠸᠦ᠋ᠷᠤᠫᠠ ᠪᠡ ᠲᠤᠮᠳᠠ ᠠᠽᠢᠶ᠎ᠠ | ᠶᠢᠨ ᠬᠤᠭᠤᠷᠤᠨᠳᠤ ᠶᠢᠨ ᠠᠷᠠᠯᠵᠢᠶ᠎ᠠ ᠮᠠᠶᠢᠮᠠᠢ ᠶᠢ ᠡᠪᠳᠡᠨ ᠬᠦᠨᠳᠤ ᠰᠢᠷᠬ᠎ᠠ ᠲᠠᠢ ᠪᠤᠯᠭᠠᠵᠤ᠂ ᠮᠠᠷᠬᠦ ᠫᠤᠯᠤ ᠶᠢᠨ | ᠲᠡᠮᠳᠡᠭᠯᠡᠭᠰᠡᠨ ᠠᠽᠢᠶ᠎ᠠ ᠡᠸᠦ᠋ᠷᠤᠫᠠ ᠶᠢᠨ ᠬᠤᠭᠤᠷᠤᠨᠳᠤᠬᠢ ᠠᠷᠠᠯᠵᠢᠶᠠᠨ ᠤ ᠵᠠᠮ ᠢ ᠲᠠᠰᠤᠯᠵᠤ᠂ ᠪᠠᠰᠠ ᠴᠢᠩᠬᠢᠰ | ᠬᠠᠭᠠᠨ ᠤ ᠦᠶ᠎ᠡ ᠶᠢᠨ ᠦᠯᠡᠳᠡᠭᠡᠭᠰᠡᠨ ᠪᠤᠯᠪᠠᠰᠤᠨ ᠨᠡᠶᠢᠭᠡᠮ ᠢ ᠦᠭᠡᠶᠢᠰᠭᠡᠪᠡ᠃ 1453 ᠤᠨ ᠤᠰᠮᠠᠨ ᠬᠠᠭᠠᠨᠳᠤ | ᠤᠯᠤᠰ ᠮᠢᠩᠭᠠᠨ ᠵᠢᠯ ᠤᠨ ᠲᠤᠷᠭᠠᠨ ᠵᠠᠮ ᠤᠨ ᠨᠡᠶᠢᠰᠯᠡᠯ ᠵᠢᠨᠰᠲ᠋ᠠᠨᠳᠠᠨᠪᠤ ᠶᠢ ᠲᠠᠬᠢᠨᠳᠠ ᠡᠪᠳᠡᠵᠤ ᠬᠦᠨᠤᠭᠡᠪᠡ᠃ | ᠲᠤᠷᠤᠨ᠎ᠠ ᠵᠦᠭ ᠤᠨ ᠠᠷᠠᠯᠵᠢᠶᠠᠨ ᠤ ᠡᠳ᠋ ᠪᠠᠷᠠᠭ᠎ᠠ ᠶᠢ ᠡᠳᠤᠷ ᠠᠴᠠ ᠡᠳᠤᠷ ᠭᠡᠷᠡᠭᠴᠡᠭᠡ ᠱᠠᠭᠠᠷᠳᠠᠯᠭ᠎ᠠ ᠶᠢᠨ | ᠪᠠᠷᠠᠭᠤᠨ ᠡᠸᠦ᠋ᠷᠤᠫᠠ ᠶᠢᠨ ᠠᠷᠠᠳ ᠢᠷᠭᠡᠨ ᠠᠷᠭ᠎ᠠ ᠪᠤᠰᠤ ᠪᠠᠷᠠᠭᠤᠨ ᠡᠸᠦ᠋ᠷᠤᠫᠠ ᠠᠴᠠ ᠵᠡᠬᠦᠨ ᠠᠽᠢᠶ᠎ᠠ ᠪᠡ | ᠡᠮᠤᠨ᠎ᠡ ᠠᠽᠢᠶ᠎ᠠ ᠬᠦᠷᠬᠦ ᠳᠤ ᠲᠠᠯᠠᠢ ᠶᠢᠨ ᠤᠩᠭᠤᠴᠠ ᠪᠠᠷ ᠵᠠᠮᠨᠠᠵᠤ᠂ ᠡᠨᠡ ᠪᠤᠯ ᠲᠤᠷᠭᠠᠨ ᠵᠠᠮ ᠪᠠᠭᠤᠷᠠᠨ | ᠲᠤᠷᠤᠶᠢᠳᠠᠬᠤ ᠶᠢᠨ ᠲᠡᠮᠳᠡᠭ ᠪᠤᠯᠪᠠ᠃ | ᠡᠷᠳᠡᠨ ᠤ ᠲᠤᠷᠭᠠᠨ ᠵᠠᠮ ᠬᠠᠮᠤᠭ ᠡᠴᠤᠰ ᠲᠡᠭᠡᠨ ᠶᠡᠭᠡ ᠬᠠᠭᠠᠨᠳᠤ ᠲᠦᠷᠤ ᠪᠠᠷᠠᠭᠤᠨ ᠬᠢᠵᠠᠭᠠᠷ ᠢᠶᠠᠷ ᠬᠠᠭᠤᠷᠠᠢ ᠵᠠᠮ | ᠢᠶᠠᠷ ᠠᠷᠠᠯᠵᠢᠶᠠᠯᠠᠵᠤ᠂ ᠴᠢᠩ ᠤᠯᠤᠰ ᠺᠠᠽᠠᠭᠰᠲ᠋ᠠᠨ ᠬᠠᠭᠠᠨᠳᠤ ᠤᠯᠤᠰ ᠲᠠᠢ ᠲᠤᠷᠭ᠎ᠠ ᠮᠤᠷᠢ ᠶᠢᠨ ᠠᠷᠠᠯᠵᠢᠶ᠎ᠠ ᠬᠢᠵᠤ᠂ | ᠴᠢᠩ ᠤᠯᠤᠰ ᠲᠤᠮᠳᠠ ᠠᠽᠢᠶ᠎ᠠ ᠬᠤᠬᠠᠨ ᠬᠠᠭᠠᠨᠳᠤ ᠤᠯᠤᠰ ᠲᠠᠢ᠂ ᠪᠤᠬᠠᠷᠠ ᠬᠠᠭᠠᠨᠳᠤ ᠤᠯᠤᠰ ᠲᠠᠢ᠂ ᠰᠢᠷᠸᠠ | ᠬᠠᠭᠠᠨᠳᠤ ᠤᠯᠤᠰ ᠲᠠᠢ ᠡᠳ᠋ ᠪᠠᠷᠠᠭᠠᠨ ᠤ ᠠᠷᠠᠯᠵᠢᠶ᠎ᠠ ᠮᠠᠶᠢᠮᠠᠢ ᠬᠢᠵᠤ᠂ ᠨᠢᠭᠡᠨ ᠦᠶ᠎ᠡ ᠡᠸᠦ᠋ᠷᠤᠫᠠ ᠠᠽᠢᠶ᠎ᠠ ᠶᠢᠨ | ᠪᠤᠯᠪᠠᠰᠤᠨ ᠰᠤᠯᠢᠯᠴᠠᠭᠠᠨ ᠤ ᠶᠡᠭᠡ ᠰᠤᠳᠠᠯ — ᠲᠤᠷᠭᠠᠨ ᠵᠠᠮ ᠤᠨ ᠯᠤᠭᠰᠢᠯᠳᠠ ᠪᠤᠯᠵᠤ᠂ ᠲᠠᠯᠠᠢ ᠶᠢᠨ | ᠤᠩᠭᠤᠴᠠ ᠪᠠᠷ ᠶᠠᠪᠤᠯᠴᠠᠬᠤ ᠤᠯᠠᠨ ᠤᠯᠤᠰ ᠤᠨ ᠪᠠᠶᠢᠳᠠᠯ ᠦᠩᠭᠡᠷᠡᠵᠤ᠂ 2000 ᠤᠨ ᠤ ᠬᠦᠪᠤᠯᠵᠡᠭᠰᠡᠨ | ᠲᠤᠷᠭᠠᠨ ᠵᠠᠮ ᠤᠨ ᠲᠡᠮᠡᠭᠡᠨ ᠬᠤᠩᠬᠤ ᠶᠢᠨ ᠢᠷᠠᠭᠤ ᠰᠠᠶᠢᠬᠠᠨ ᠲᠠᠭᠤᠨ ᠲᠡᠤᠭᠡ ᠶᠢᠨ ᠦᠯᠡᠳᠡᠭᠳᠡᠯ ᠪᠤᠯᠤᠨ ᠬᠤᠪᠢᠷᠠᠨ | ᠴᠤᠤᠷᠢᠶᠠᠳᠤᠨ ᠲᠤᠤᠭᠠᠷᠤᠨᠠ᠃ | ᠪᠠᠭᠤᠯᠭᠠᠨ ᠠᠪᠤᠭᠰᠠᠨ ᠪᠡ ᠯᠠᠪᠯᠠᠬᠤ ᠮᠠᠲ᠋ᠧᠷᠢᠶᠠᠯ᠄ | ᠤᠯᠤᠰ ᠤᠨ ᠬᠦᠮᠤᠨ ᠰᠤᠶᠤᠯ ᠲᠡᠤᠭᠡ᠂ 2016 ᠤᠨ ᠤ ᠨᠢᠭᠡᠳᠤᠭᠡᠷ ᠬᠤᠭᠤᠴᠠᠭ᠎ᠠ᠂ ᠠᠷᠠᠳ ᠤᠨ ᠡᠳᠤᠷ ᠤᠨ | ᠰᠤᠨᠢᠨ ᠤ ᠭᠡᠪᠯᠡᠯ ᠤᠨ ᠬᠤᠷᠢᠶ᠎ᠠ᠂ 70—77 ᠳ᠋ᠤᠭᠠᠷ ᠨᠢᠭᠤᠷ᠃ | ᠮᠠᠷᠺᠤ ᠫᠤᠯᠤ ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾᠂ ᠬᠢᠷᠢᠨ ᠤ ᠠᠷᠠᠳ ᠤᠨ ᠭᠡᠪᠯᠡᠯ ᠤᠨ ᠬᠤᠷᠢᠶ᠎ᠠ | 1977 ᠤᠨ ᠤ 12 ᠰᠠᠷ᠎ᠠ ᠶᠢᠨ ᠭᠡᠪᠯᠡᠯ᠃ | ᠶᠤᠸᠠᠨ ᠤ ᠲᠡᠤᠭᠡ᠂ ᠲᠠᠪᠢᠨ ᠨᠠᠢᠮᠠᠨ ᠡᠪᠬᠢᠮᠡᠯ ᠲᠡᠮᠳᠡᠭᠯᠡᠯ ᠠᠷᠪᠠ᠂ ᠭᠠᠵᠠᠷ ᠵᠦᠢ 1—6᠂ | 1345—1591 ᠳ᠋ᠤᠭᠡᠷ ᠨᠢᠭᠤᠷ᠂ ᠵᠦᠡᠭ ᠬᠤᠸᠠ ᠪᠢᠴᠢᠭ ᠤᠨ ᠲᠤᠪᠴᠢᠶ᠎ᠠ᠃ | | | |